| ᠲᠣᠯᠢ | | ᠨᠢᠭᠡ ᠨᠠᠶᠢᠵᠠ ᠮᠠᠨᠢ ᠶᠡᠭᠡ ᠬᠠᠯᠠᠭᠤᠨ ᠰᠡᠳᠬᠢᠯ ᠲᠠᠢ ᠮᠥᠷᠲᠡᠭᠡᠨ ᠨᠡᠶᠢᠭᠡᠮ ᠤᠨ ᠡᠭᠦᠷᠭᠡ | ᠬᠠᠷᠢᠭᠤᠴᠠᠯᠭᠠᠲᠤ ᠰᠡᠳᠬᠢᠯ ᠢᠶᠠᠷ ᠥᠨᠳᠥᠷ ᠬᠥᠮᠥᠨ᠂ ᠣᠯᠣᠭᠰᠠᠨ ᠴᠠᠯᠢᠩ ᠤᠨ ᠢᠶᠠᠨ ᠬᠡᠰᠡᠭ ᠢ ᠭᠠᠷᠭᠠᠵᠤ | ᠦᠷᠭᠦᠯᠵᠢ ᠠᠮᠢᠳᠤᠷᠠᠯ ᠨᠢ ᠬᠦᠴᠢᠷ ᠬᠡᠦᠬᠡᠳ ᠪᠠᠭᠠᠴᠤᠳ᠂ ᠨᠠᠰᠤᠲᠠᠶᠢᠴᠤᠤᠯ ᠢ ᠬᠠᠪᠰᠤᠷᠤᠠ ᠲᠡᠳᠬᠦᠵᠦ ᠯᠠ | ᠪᠠᠶᠢᠳᠠᠭ᠃ ᠭᠡᠬᠦ ᠳᠤ ᠣᠷᠴᠢᠮ ᠳᠠᠷᠠ ᠬᠠᠷᠢᠨ ︽ᠡᠶᠢᠮᠦᠷᠬᠦᠦ ᠬᠠᠨᠳᠢᠪ ᠡᠷᠭᠦᠬᠦ ᠠᠵᠢᠯᠯᠠᠭ᠎ᠠ ᠮᠠᠨᠢ ᠴᠣᠬᠤᠮ ᠵᠥᠪ | ᠤᠤ ᠪᠤᠷᠤᠭᠤ ᠪᠣᠯᠴᠢᠬᠠᠪᠠᠤ︾ ᠭᠡᠵᠦ ᠡᠷᠡᠭᠡᠯᠵᠡᠵᠦ ᠪᠠᠶᠢᠯ᠎ᠠ᠃ | ᠤᠴᠢᠷ ᠡᠶᠢᠮᠦ ᠪᠠᠶᠢᠵᠠᠢ᠃ ᠳᠠᠷᠠ ᠨᠢᠭᠡ ᠮᠠᠯᠴᠢᠨ ᠤ ᠬᠡᠦᠬᠡᠳ ᠲᠤ ᠬᠠᠨᠳᠢᠪ ᠡᠷᠭᠦᠭᠡᠳ ᠬᠤᠶᠠᠷ ᠵᠢᠯ | ᠪᠣᠯᠵᠠᠢ᠃ ᠡᠬᠢᠯᠡᠭᠡᠳ ᠳᠠᠷᠠ ᠬᠡᠦᠬᠡᠳ ᠲᠠᠯᠠᠷᠬᠠᠯ ᠤᠨ ᠰᠡᠳᠬᠢᠯ ᠢᠶᠠᠨ ᠢᠯᠡᠳᠬᠡᠨ ᠰᠤᠷᠤᠯᠭ᠎ᠠ ᠳᠠᠭᠠᠨ ᠰᠢᠮᠳᠠᠵᠤ᠂ | ᠰᠤᠷᠤᠯᠭ᠎ᠠ ᠬᠢᠴᠢᠶᠡᠯ ᠤᠨ ᠪᠠᠶᠢᠳᠠᠯ ᠢᠶᠠᠨ ᠴᠦ ᠦᠷᠭᠦᠯᠵᠢ ᠲᠡᠭᠦᠨ ᠳᠤ ᠮᠡᠳᠡᠭᠳᠡᠳᠡᠭ ᠪᠠᠶᠢᠵᠠᠢ᠃ ᠭᠡᠬᠦ ᠳᠤ | ᠠᠭᠠᠵᠢᠮ ᠢᠶᠠᠷ ᠪᠠᠶᠢᠳᠠᠯ ᠳᠤ ᠬᠤᠪᠢᠷᠠᠯᠲᠠ ᠭᠠᠷᠴᠤ᠂ ᠵᠠᠷᠢᠮ ᠦᠶ᠎ᠡ ᠳᠤ ︽ᠶᠠᠭᠠᠬᠢᠭᠠᠳ ᠴᠠᠭ ᠲᠠᠭᠠᠨ ᠵᠣᠭᠤᠰ | ᠶᠠᠪᠤᠭᠤᠯᠤᠭᠰᠠᠨ ᠦᠭᠡᠢ ᠪᠤᠢ︖︾ ᠭᠡᠵᠦ ᠰᠢᠭᠦᠮᠵᠢᠯᠡᠯ ᠤᠨ ᠠᠶᠠᠰ ᠲᠠᠢ ᠦᠭᠡ ᠴᠤᠬᠤᠶᠢᠯᠭᠠᠬᠤ ᠪᠣᠯᠤᠭᠰᠠᠨ | ᠪᠠᠶᠢᠪᠠ᠃ ︽ᠬᠡᠦᠬᠡᠳ ᠢ ᠬᠠᠪᠰᠤᠷᠤᠠ ᠲᠡᠳᠬᠦᠵᠦ ᠪᠠᠶᠢᠭ᠎ᠠ ᠨᠢ ᠰᠤᠷᠤᠯᠭ᠎ᠠ ᠰᠣᠶᠣᠯ ᠤᠨ ᠮᠥᠷ ᠬᠥᠭᠡᠭᠡᠬᠦ ᠴᠢᠬᠤᠯᠠ | ᠴᠠᠭ ᠦᠶ᠎ᠡ ᠳᠠᠬᠢ ᠰᠠᠭᠠᠳ ᠬᠦᠴᠢᠷ ᠢ ᠨᠢ ᠪᠠᠭ᠎ᠠ ᠴᠦ ᠭᠡᠰᠡᠨ ᠰᠢᠢᠳᠪᠦᠷᠢᠯᠡᠵᠦ ᠦᠭᠭᠦᠶ᠎ᠠ ᠭᠡᠰᠡᠨ ᠶᠤᠮ᠃ ᠬᠠᠷᠢᠨ | ᠪᠤᠰᠤᠳ ᠤᠨ ᠥᠭᠡᠳᠡ ᠠᠴᠠ ᠭᠠᠷ ᠰᠠᠷᠪᠠᠶᠢᠵᠤ ᠠᠪᠬᠤ ᠶᠢ ᠯᠠ ᠮᠡᠳᠡᠬᠦ ᠵᠠᠩᠰᠢᠯ ᠲᠠᠢ ᠪᠣᠯᠭᠠᠴᠢᠬᠠᠭᠰᠠᠨ ᠶᠤᠮ ᠤᠤ︾ | ᠭᠡᠵᠦ ᠳᠠᠷᠠ ᠭᠡᠮᠰᠢᠭᠰᠡᠨ ᠪᠠᠶᠢᠳᠠᠯ ᠲᠠᠢ ᠲᠣᠯᠣᠭᠠᠢ ᠰᠠᠵᠢᠵᠤ ᠪᠠᠶᠢᠯ᠎ᠠ᠃ | ᠡᠨᠡᠷᠢᠩᠭᠦᠢ ᠶᠢᠨ ᠦᠢᠯᠡᠰ ᠭᠡᠭᠴᠢ ᠨᠡᠶᠢᠭᠡᠮ ᠤᠨ ᠡᠶ᠎ᠡ ᠨᠠᠶᠢᠷᠠᠮᠳᠠᠭᠤ ᠶᠢ ᠠᠬᠢᠭᠤᠯᠬᠤ᠂ ᠵᠥᠪ ᠡᠨᠧᠷᠭᠢ ᠶᠢ | ᠳᠠᠮᠵᠢᠭᠤᠯᠬᠤ ᠦᠢᠯᠠ ᠠᠵᠢᠯᠯᠠᠭ᠎ᠠ ᠪᠠᠶᠢᠵᠤ᠂ ᠨᠡᠶᠢᠭᠡᠮ ᠤᠨ ᠬᠠᠯᠠᠭᠤᠨ ᠰᠡᠳᠬᠢᠯᠲᠦ ᠬᠥᠮᠥᠰ᠂ ᠠᠵᠤ | ᠠᠬᠤᠶᠢᠯᠠᠯᠲᠠᠳ᠂ ᠨᠠᠩ ᠴᠦ ᠭᠠᠵᠠᠷ ᠣᠷᠣᠨ ᠤ ᠨᠠᠮ ᠵᠠᠰᠠᠭ ᠤᠨ ᠬᠢᠨ ᠠᠴᠠ ᠢᠮᠠᠭᠲᠠ ᠥᠷᠨᠢᠭᠦᠯᠵᠦ᠂ ᠲᠡᠳᠬᠦᠮᠵᠢ | ᠱᠠᠭᠠᠷᠳᠠᠵᠤ ᠪᠠᠶᠢᠭ᠎ᠠ ᠠᠯᠢ ᠤᠯᠠᠠ ᠬᠥᠮᠥᠰ ᠤᠨ ᠬᠦᠴᠢᠷᠳᠡᠯ ᠢ ᠰᠢᠢᠳᠪᠦᠷᠢᠯᠡᠨ ᠠᠮᠢᠳᠤᠷᠠᠯ ᠳᠤᠨᠢ ᠢᠲᠡᠭᠡᠯ ᠤᠷᠮ᠎ᠠ | ᠬᠥᠪᠴᠢᠯᠡᠨ ᠥᠭᠴᠦ ᠪᠠᠶᠢᠳᠠᠭ᠃ ᠭᠡᠬᠦ ᠳᠤ ᠤᠯᠠᠠ ᠵᠦᠢᠯ ᠤᠨ ᠰᠢᠯᠲᠠᠭᠠᠨ ᠠᠴᠠ ᠪᠣᠯᠵᠤ᠂ ᠬᠡᠰᠡᠭ ᠲᠡᠳᠬᠦᠮᠵᠢ | ᠬᠦᠷᠲᠡᠭᠰᠡᠳ ᠬᠠᠨᠳᠢᠪ ᠲᠤᠰᠠ ᠦᠵᠡᠭᠦᠯᠭᠦ ᠳᠤ ᠬᠡᠲᠦᠷᠬᠡᠢ ᠲᠦᠰᠢᠭᠯᠡᠬᠦ ᠰᠡᠳᠬᠢᠯᠭᠡ ᠲᠠᠢ ᠪᠣᠯᠤᠭᠰᠠᠨ ᠪᠠᠶᠢᠳᠠᠯ | ᠪᠠᠶᠢᠩᠭᠤ ᠢᠯᠡᠷᠡᠬᠦ ᠪᠣᠯᠵᠠᠢ᠃ | ᠡᠭᠦᠨ ᠳᠤ᠂ ᠵᠦᠪᠭᠡᠠ ᠵᠣᠭᠤᠰ ᠥᠭᠬᠦ ᠠᠴᠠ ᠪᠣᠯᠵᠤ ᠵᠠᠷᠢᠮ ᠬᠥᠮᠥᠨ ︽ᠭᠠᠷ ᠰᠠᠷᠪᠠᠶᠢᠬᠤ︾ ᠳᠤ ᠯᠠ | ᠲᠦᠰᠢᠭᠯᠡᠬᠦ ᠬᠤᠶᠢᠷᠭᠤ ᠪᠤᠳᠤᠯ ᠲᠠᠢ ᠪᠣᠯᠤᠭᠰᠠᠨ ᠢᠶᠠᠷ ᠭᠦᠳᠠᠯᠮᠤᠷᠢ ᠵᠢᠳᠬᠦᠯ ᠢᠶᠠᠷ ᠢᠶᠠᠨ ᠠᠮᠢᠳᠤᠷᠠᠬᠤ ᠬᠥᠳᠡᠯᠭᠡᠬᠦ | ᠬᠦᠴᠦᠨ ᠨᠢ ᠰᠤᠯᠠᠷᠠᠬᠤ᠂ ᠨᠡᠶᠢᠭᠡᠮ ᠤᠨ ᠠᠪᠤᠷᠠᠨ ᠲᠤᠰᠠᠯᠠᠬᠤ ᠰᠢᠰᠲ᠋ᠧᠮ ᠪᠦᠷᠢᠨ ᠲᠡᠭᠦᠯᠳᠡᠷᠵᠢᠭᠡ ᠦᠭᠡᠢ᠂ ᠵᠠᠷᠢᠮ | ᠲᠤᠰᠠᠯᠠᠮᠵᠢ ᠬᠦᠷᠲᠡᠭᠰᠡᠳ ᠤᠨ ᠬᠡᠪ ᠪᠣᠯᠪᠠᠰᠤᠷᠠᠯ ᠳᠤᠷᠤᠢ᠂ ᠬᠠᠨᠳᠢᠪ ᠤᠨ ᠠᠵᠢᠯᠯᠠᠭ᠎ᠠ ᠶᠢ ᠨᠢᠭᠡ ᠵᠦᠢᠯ ᠤᠨ | ᠰᠣᠯᠢᠯᠴᠠᠭ᠎ᠠ ᠪᠤᠯᠭᠠᠬᠤ ᠵᠡᠷᠭᠡ ᠤᠯᠠᠠ ᠵᠦᠢᠯ ᠤᠨ ᠰᠢᠯᠲᠠᠭᠠᠨ ᠠᠴᠠ ᠪᠣᠯᠵᠤ᠂ ᠬᠠᠨᠳᠢᠪ ᠡᠷᠭᠦᠬᠦ ᠠᠵᠢᠯᠯᠠᠭ᠎ᠠ ᠶᠢᠨ | ᠤᠤᠯ ᠤᠨ ︽ᠦᠨᠦᠷ ᠠᠮᠲᠠ︾ ᠨᠢ ᠬᠤᠪᠢᠷᠠᠬᠤ ᠪᠣᠯᠪᠠ᠃ | ᠰᠦᠯᠵᠢᠶ᠎ᠡ ᠠᠴᠠ ᠡᠶᠢᠮᠦ ᠨᠢᠭᠡ ᠦᠯᠢᠭᠡᠷ ᠣᠯᠵᠤ ᠦᠵᠡᠭᠰᠡᠨ ᠶᠤᠮ᠄ ᠨᠢᠭᠡ ᠰᠦᠯᠵᠢᠶ᠎ᠡ ᠶᠢᠨ | ᠨᠡᠪᠲᠡᠷᠡᠭᠦᠯᠦᠭᠴᠢ ᠨᠡᠪᠲᠡᠷᠡᠭᠦᠯᠭᠡ ᠬᠢᠵᠦ ᠪᠠᠶᠢᠬᠤ ᠳᠠᠭᠠᠨ ᠨᠢᠭᠡ ᠣᠶᠤᠲᠠᠨ ᠠᠮᠢᠳᠤᠷᠠᠯ ᠨᠢ ᠬᠦᠴᠢᠷ ᠠᠴᠠ ᠪᠣᠯᠵᠤ | ᠰᠤᠷᠤᠯᠭ᠎ᠠ ᠪᠠᠨ ᠵᠣᠭᠰᠣᠭᠠᠮᠠᠷ ᠪᠣᠯᠤᠭᠰᠠᠨ ᠢ ᠣᠯᠵᠤ ᠮᠠᠳᠠᠪᠠ᠃ ᠳᠠᠷᠠ ᠲᠤᠶᠢᠯ ᠢᠶᠠᠷ ᠥᠷᠥ ᠡᠪᠡᠳᠦᠨ᠂ ᠪᠡᠯᠡᠨ | ᠳᠣᠣᠷ᠎ᠠ ᠨᠢ ᠣᠶᠤᠲᠠᠨ ᠲᠠᠢ ᠬᠠᠷᠢᠯᠴᠠᠨ ᠲᠤᠰᠠᠯᠠᠮᠵᠢ ᠦᠵᠡᠭᠦᠯᠭᠦ ᠰᠠᠨᠠᠭ᠎ᠠ ᠪᠠᠨ ᠢᠯᠡᠳᠬᠡᠨ᠂ ᠰᠤᠷᠤᠯᠭ᠎ᠠ ᠪᠠᠨ | ᠦᠷᠭᠦᠯᠵᠢᠯᠡᠭᠦᠯᠬᠦ ᠶᠢ ᠨᠢ ᠵᠣᠷᠢᠭᠵᠢᠭᠤᠯᠤᠭᠰᠠᠨ ᠪᠠᠶᠢᠨ᠎ᠠ᠃ ᠢᠩᠭᠢᠭᠡᠳ ᠣᠶᠤᠲᠠᠨ ᠲᠡᠭᠦᠨ ᠤ ᠬᠠᠪᠰᠤᠷᠤᠯᠭ᠎ᠠ | ᠳᠣᠣᠷ᠎ᠠ ᠶᠡᠭᠡ ᠰᠤᠷᠭᠠᠭᠤᠯᠢ ᠶᠢᠨ ᠠᠮᠢᠳᠤᠷᠠᠯ ᠢᠶᠠᠨ ᠦᠷᠭᠦᠯᠵᠢᠯᠡᠭᠦᠯᠵᠡᠢ᠃ ᠡᠬᠢᠯᠡᠭᠡᠳ ᠰᠠᠷ᠎ᠠ ᠶᠢᠨ ᠲᠠᠪᠤᠨ ᠵᠠᠭᠤ | ᠥᠭᠴᠦ ᠪᠠᠶᠢᠭᠰᠠᠨ ᠢᠶᠠᠨ ᠣᠶᠤᠲᠠᠨ ᠤ ᠡᠶᠢᠮᠦ ᠳᠠᠶᠢᠮᠤ ᠬᠦᠴᠢᠷᠳᠡᠯ᠂ ᠵᠠᠷᠤᠯᠭ᠎ᠠ ᠨᠡᠮᠡᠭᠳᠡᠭᠰᠡᠨ ᠵᠡᠷᠭᠡ ᠰᠢᠯᠲᠠᠭᠠᠨ ᠢᠶᠠᠷ | ᠰᠠᠷ᠎ᠠ ᠶᠢᠨ ᠨᠠᠢᠮᠠᠨ ᠵᠠᠭᠤᠨ ᠲᠥᠭᠦᠷᠢᠭ ᠥᠭᠬᠦ ᠪᠣᠯᠵᠠᠢ᠃ ᠨᠢᠭᠡ ᠤᠳᠠᠭ᠎ᠠ᠂ ᠨᠡᠪᠲᠡᠷᠡᠭᠦᠯᠦᠭᠴᠢ ᠨᠢᠳᠦᠨ ᠳᠡᠭᠡᠨ | ᠮᠡᠰᠡ ᠵᠠᠰᠠᠯ ᠬᠢᠯᠭᠡᠬᠦ ᠴᠢᠬᠤᠯᠠ ᠲᠠᠢ ᠪᠣᠯᠣᠭᠠᠳ ᠡᠮᠨᠡᠯᠭᠡ ᠳᠤ ᠨᠡᠯᠢᠶᠡᠳ ᠬᠤᠭᠤᠴᠠᠭ᠎ᠠ ᠰᠠᠭᠤᠪᠠ᠃ ᠡᠪᠡᠳᠴᠢᠨ ᠨᠢ | ᠢᠯᠡᠷᠢᠰᠢᠭᠡᠳ ᠭᠠᠷ ᠤᠲᠠᠰᠤ ᠪᠠᠨ ᠦᠵᠡᠬᠦ ᠳᠤ᠂ ᠣᠶᠤᠲᠠᠨ ᠲᠡᠭᠦᠨ ᠢ ᠳᠤᠩ ᠤᠯᠠᠠ ᠤᠳᠠᠭ᠎ᠠ ᠡᠷᠢᠭᠰᠡᠨ ᠪᠠᠶᠢᠪᠠ᠃ | ᠳᠠᠷᠠ ᠳᠠᠷᠤᠶᠢᠬᠠᠨ ᠣᠶᠤᠲᠠᠨ ᠲᠠᠢ ᠬᠠᠷᠢᠯᠴᠠᠵᠤ᠂ ᠪᠠᠶᠢᠳᠠᠯ ᠢᠶᠠᠨ ᠬᠡᠯᠡᠵᠦ᠂ ᠶᠠᠮᠠᠷ ᠤᠴᠢᠷ ᠲᠠᠢ ᠶᠢ ᠨᠢ ᠠᠰᠠᠭᠤᠵᠠᠢ | ᠃ | ᠭᠡᠬᠦ ᠳᠤ ᠣᠶᠤᠲᠠᠨ ᠲᠡᠭᠦᠨ ᠤ ᠡᠪᠡᠳᠴᠢᠨ ᠤ ᠪᠠᠶᠢᠳᠠᠯ ᠢ ᠨᠢ ᠨᠢᠭᠡ ᠦᠭᠡ ᠴᠤ ᠪᠣᠯᠭᠤᠭᠠᠨ ᠠᠰᠠᠭᠤᠯ | ᠦᠭᠡᠢ ᠪᠠᠷ᠂ ᠡᠶᠢᠮᠦ ᠤᠯᠠᠠ ᠡᠳᠦᠷ ᠶᠠᠭᠠᠬᠢᠭᠠᠳ ᠨᠠᠳᠠ ᠲᠠᠢ ᠬᠠᠷᠢᠯᠴᠠᠬᠤ ᠦᠭᠡᠢ ᠪᠤᠢ︖ ᠰᠤᠷᠤᠯᠭ᠎ᠠ ᠲᠡᠭᠦᠰᠬᠦ | ᠤᠴᠢᠷ ᠶᠠᠪᠤᠳᠠᠯ ᠠᠷᠪᠢᠨ᠂ ᠵᠠᠷᠤᠯᠭ᠎ᠠ ᠴᠦ ᠠᠷᠪᠢᠨ ᠪᠣᠯᠤᠭᠰᠠᠨ᠂ ᠶᠠᠭᠠᠬᠢᠭᠠᠳ ᠪᠡᠯᠡᠨ ᠳᠣᠣᠷ᠎ᠠ ᠨᠢ ᠨᠠᠳᠠ ᠳᠤ | ᠬᠠᠷᠢᠭᠤ ᠥᠭᠬᠦ ᠦᠭᠡᠢ ᠪᠤᠢ︖ ᠭᠡᠵᠦ ᠰᠢᠭᠦᠮᠵᠢᠯᠡᠯ᠂ ᠨᠡᠬᠡᠮᠵᠢᠯᠡᠯ ᠢ ᠠᠷᠤ ᠠᠷᠤ ᠠᠴᠠ ᠨᠢ ᠶᠠᠪᠤᠭᠤᠯᠵᠠᠢ᠃ | ᠨᠡᠪᠲᠡᠷᠡᠭᠦᠯᠦᠭᠴᠢ ᠡᠨᠡ ᠦᠶ᠎ᠡ ᠳᠤ ᠭᠡᠨᠡᠳᠲᠡ ᠤᠬᠠᠭᠠᠷᠠᠬᠤ ᠰᠢᠭ᠋ ᠪᠣᠯᠵᠤ᠂ ᠵᠣᠭᠤᠰ ᠢᠶᠠᠷ ᠢᠶᠠᠨ ᠨᠢᠭᠡ ᠰᠠᠶᠢᠨ | ᠰᠠᠨᠠᠭ᠎ᠠ ᠡᠨᠡᠷᠢᠯ ᠬᠠᠶᠢᠷ᠎ᠠ ᠶᠢ ᠮᠡᠳᠡᠳᠡᠭ ᠦᠭᠡᠢ ︽ᠴᠢᠨ᠋ᠸ᠎ᠠ︾ ᠶᠢ ᠲᠡᠵᠢᠭᠡᠵᠡᠢ ᠭᠡᠵᠦ ᠳᠠᠭᠤ ᠠᠯᠳᠠᠭᠰᠠᠨ ᠪᠠᠶᠢᠪᠠ᠃ | ᠬᠠᠶᠢᠷ᠎ᠠ ᠬᠠᠨᠳᠢᠪ ᠡᠷᠭᠦᠬᠦ ᠭᠡᠳᠡᠭ ᠨᠢ ᠵᠣᠭᠤᠰ ᠮᠥᠩᠭᠦ ᠪᠠᠷ ᠢᠶᠠᠨ ᠯᠠ ᠲᠤᠰᠠᠯᠠᠬᠤ ᠶᠠᠪᠤᠳᠠᠯ ᠪᠢᠰᠢ | ᠭᠡᠳᠡᠭ ᠢ ᠡᠳᠡᠭᠡᠷ ᠦᠯᠢᠭᠡᠷ ᠤᠴᠢᠷ ᠭᠡᠷᠡᠴᠢᠯᠡᠵᠦ ᠪᠤᠢ᠂ ᠤᠯᠠᠠ ᠨᠠᠶᠢᠳᠠ ᠶᠢᠨ ᠬᠠᠶᠢᠷ᠎ᠠ ᠲᠡᠳᠬᠦᠮᠵᠢ ᠨᠡᠶᠢᠭᠡᠮ | ᠨᠠᠶᠢᠳᠠ ᠳᠤ ᠡᠷᠴᠢ ᠬᠦᠴᠦ ᠨᠡᠮᠡᠵᠦ᠂ ᠬᠠᠶᠢᠷ᠎ᠠ ᠬᠠᠯᠠᠮᠵᠢ᠂ ᠡᠶ᠎ᠡ ᠨᠠᠶᠢᠷᠠᠮᠳᠠᠯ ᠤᠨ ᠠᠭᠤᠷ ᠠᠮᠢᠰᠬᠤᠯ ᠢ ᠨᠡᠮᠡᠷᠢᠯᠡᠬᠦ | ᠶᠣᠰᠣᠲᠠᠢ᠃ ᠳᠡᠭᠡᠷᠡᠬᠢ ᠦᠵᠡᠭᠳᠡᠯ ᠤᠳ ᠨᠢ ᠨᠡᠶᠢᠭᠡᠮ ᠤᠨ ᠢᠲᠡᠭᠡᠯ ᠬᠦᠨᠳᠦ ᠶᠢ ᠪᠠᠭᠤᠷᠠᠭᠤᠯᠬᠤ᠂ ᠬᠠᠨᠳᠢᠪ | ᠡᠷᠭᠦᠭᠰᠡᠳ ᠤᠨ ᠰᠡᠳᠬᠢᠯ ᠢ ᠬᠥᠷᠥᠭᠡᠬᠦ᠂ ᠨᠡᠶᠢᠭᠡᠮ ᠤᠨ ᠰᠤᠷᠲᠠᠯ ᠢ ᠮᠠᠭᠤᠳᠠᠭᠤᠯᠬᠤ ᠵᠡᠷᠭᠡ ᠤᠯᠠᠠ ᠨᠠᠵᠠᠭᠠᠢ | ᠪᠠᠶᠢᠳᠠᠯ ᠢ ᠪᠤᠢ ᠪᠤᠯᠭᠠᠵᠤ ᠪᠠᠶᠢᠭ᠎ᠠ ᠶᠤᠮ᠃ ᠡᠨᠡᠷᠢᠩᠭᠦᠢ ᠶᠢᠨ ᠦᠢᠯᠡᠰ ᠤᠨ ᠮᠥᠨ ᠴᠢᠨᠠᠷ ᠨᠢ ︽ᠲᠤᠰᠠᠯᠠᠬᠤ ᠪᠠᠷ | ᠳᠠᠮᠵᠢᠠ ᠲᠤᠰᠠ ᠲᠠᠢ ᠬᠥᠮᠥᠨ ᠪᠤᠯᠭᠠᠬᠤ︾ ᠶᠠᠪᠤᠳᠠᠯ ᠶᠤᠮ᠂ ᠬᠠᠷᠢᠨ ᠵᠦᠪᠭᠡᠠ ᠭᠠᠭᠴᠠ ᠲᠠᠯ᠎ᠠ ᠶᠢᠨ ︽ᠥᠭᠬᠦ︾ | ᠳᠤ ᠯᠠ ᠲᠦᠰᠢᠭᠯᠡᠬᠦ ᠶᠤᠮ ᠪᠣᠯ ᠳᠠᠷᠠ ᠨᠢ ᠵᠥᠪ ᠴᠢᠭᠯᠡᠯ ᠢᠶᠠᠷ ᠦᠷᠭᠦᠯᠵᠢᠯᠠᠵᠤ ᠴᠢᠳᠠᠬᠤ ᠦᠭᠡᠢ᠂ ᠨᠠᠩ ᠤᠯᠠᠠ | ᠡᠰᠡᠷᠭᠦ ᠴᠢᠭᠯᠡᠯ ᠤᠨ ᠤᠴᠢᠷ ᠶᠠᠪᠤᠳᠠᠯ ᠢ ᠡᠭᠦᠰᠬᠡᠬᠦ ᠪᠣᠯᠵᠣᠰᠢ ᠦᠭᠡᠢ᠃ ᠡᠶᠢᠮᠦ ᠠᠴᠠ᠂ ᠲᠤᠰᠠᠯᠠᠮᠵᠢ | ᠬᠦᠷᠲᠡᠭᠰᠡᠳ ᠤᠨ ᠰᠡᠳᠬᠢᠴᠡ ᠶᠢᠨ ᠡᠷᠡᠭᠦᠯ ᠮᠠᠨᠳᠤ ᠶᠢ ᠠᠩᠬᠠᠷᠬᠤ᠂ ᠢᠲᠡᠭᠡᠯ ᠵᠣᠷᠢᠭ ᠢ ᠨᠢ ᠬᠥᠪᠴᠢᠯᠡᠬᠦ᠂ | ᠠᠮᠢᠳᠤᠷᠠᠬᠤ ᠤᠷ᠎ᠠ ᠳᠠᠮ ᠮᠡᠷᠭᠡᠵᠢᠯ ᠴᠢᠳᠠᠪᠤᠷᠢ ᠶᠢ ᠨᠢ ᠪᠤᠯᠪᠠᠰᠤᠷᠠᠭᠤᠯᠬᠤ᠂ ᠨᠡᠶᠢᠭᠡᠮ ᠤᠨ ᠲᠣᠭᠲᠠᠴᠠ | ᠪᠠᠶᠢᠭᠤᠯᠤᠮᠵᠢ ᠶᠢ ᠲᠡᠭᠦᠯᠳᠡᠷᠵᠢᠭᠦᠯᠬᠦ ᠵᠡᠷᠭᠡ ᠤᠯᠠᠠ ᠲᠠᠯ᠎ᠠ ᠶᠢ ᠠᠩᠬᠠᠷᠬᠤ ᠬᠡᠷᠡᠭ ᠲᠠᠢ ᠪᠥᠭᠡᠳ ᠡᠨᠡ ᠨᠢ ᠬᠤᠪᠢ | ᠬᠥᠮᠥᠨ᠂ ᠨᠡᠶᠢᠭᠡᠮ ᠨᠠᠶᠢᠳᠠ᠂ ᠨᠠᠮ ᠵᠠᠰᠠᠭ ᠬᠠᠮᠲᠤ ᠪᠠᠷ ᠠᠩᠬᠠᠷᠤᠨ ᠪᠣᠯᠭᠤᠭᠠᠵᠤ᠂ ᠬᠦᠴᠦ ᠬᠠᠮᠲᠤᠷᠠᠨ | ᠰᠢᠢᠳᠪᠦᠷᠢᠯᠡᠬᠦ ᠴᠢᠬᠤᠯᠠ ᠲᠠᠢ ᠠᠰᠠᠭᠤᠳᠠᠯ ᠪᠠᠶᠢᠭ᠎ᠠ ᠶᠤᠮ᠃ |