﹇ᠲᠡᠮᠡᠭᠡ ᠮᠠᠯᠵᠢᠬᠤ ᠰᠣᠶᠣᠯ﹈ ᠲᠡᠮᠡᠭᠡᠨ ᠤ ᠨᠡᠷᠡᠶᠢᠳᠦᠯ ᠳᠠᠭᠤᠳᠠᠯᠭ᠎ᠠ - ᠥᠩᠭᠡ ᠵᠢᠰᠦ ᠪᠠᠷ ᠨᠢ ᠨᠡᠷᠡᠯᠡᠬᠦ
ᠨᠡᠶᠢᠲᠡᠯᠡᠭᠰᠡᠨ ᠴᠠᠭ᠄
2025/5/20
                                  ᠭᠤ · ᠳᠦᠭᠵᠢᠷᠵᠠᠪ   ᠮᠥᠩᠬᠡᠵᠢᠷᠭᠠᠯ                    ᠲᠡᠮᠡᠭᠡ ᠶᠢ ᠥᠩᠭᠡ ᠪᠠᠷ ᠨᠢ ᠲᠣᠳᠣᠳᠬᠠᠨ ᠨᠡᠷᠡᠯᠡᠬᠦ ᠪᠤᠶᠤ ᠥᠩᠭᠡ ᠶᠢ ᠨᠢ ᠳᠠᠭᠠᠭᠤᠯᠤᠨ ᠨᠡᠷᠡᠯᠡᠬᠦ ᠶᠢ ᠬᠡᠯᠡᠳᠡᠭ᠃ ᠲᠡᠮᠡᠭᠡᠨ ᠳᠤ ᠪᠠᠶᠢᠳᠠᠭ ᠪᠦᠭᠦ ᠥᠩᠭᠡ ᠪᠠᠷ ᠪᠤᠤᠷ᠎ᠠ᠂ ᠠᠳᠠ᠂ ᠢᠩᠭᠡ᠂ ᠲᠠᠶᠢᠯᠤᠭ᠂ ᠭᠤᠨᠵᠢ ᠵᠡᠷᠭᠡ ᠬᠦᠢᠰᠦ ᠢᠯᠭᠠᠯ ᠢᠶᠠᠷ ᠨᠢ ᠲᠣᠳᠣᠳᠬᠠᠬᠤ ᠪᠤᠶᠤ ᠪᠣᠲᠣᠭᠤ᠂ ᠲᠣᠷᠤᠮ᠂ ᠭᠤᠨ᠎ᠠ᠂ ᠭᠤᠨᠵᠢ᠂ ᠳᠥᠨ᠎ᠡ᠂ ᠳᠥᠨᠵᠢ ᠭᠡᠬᠦ ᠮᠡᠲᠦ ᠪᠠᠷ ᠨᠠᠰᠤ ᠰᠢᠳᠤ ᠶᠢ ᠨᠢ ᠲᠣᠳᠣᠳᠬᠠᠨ ᠴᠠᠭᠠᠨ ᠪᠣᠲᠣᠭᠤ᠂ ᠤᠯᠠᠭᠠᠨ ᠲᠣᠷᠤᠮ᠂ ᠬᠦᠷᠡᠪᠲᠦᠷ ᠬᠠᠷ᠎ᠠ ᠭᠤᠨ᠎ᠠ᠂ ᠪᠣᠷᠣᠪᠲᠤᠷ ᠬᠥᠬᠡ ᠳᠥᠨ᠎ᠡ᠂ ᠬᠠᠷ᠎ᠠ ᠪᠤᠤᠷ᠎ᠠ᠂ ᠬᠦᠷᠡᠩ ᠢᠩᠭᠡ᠂ ᠬᠤᠸᠠ ᠭᠤᠨᠵᠢ᠂ ᠤᠯᠠᠪᠢᠷ ᠰᠢᠷ᠎ᠠ ᠲᠠᠶᠢᠯᠤᠭ ᠭᠡᠬᠦ ᠮᠡᠲᠦ ᠪᠠᠷ ᠨᠡᠷᠡᠯᠡᠬᠦ ᠶᠢ ᠬᠡᠯᠡᠳᠡᠭ᠃ ᠪᠠᠰᠠ ᠲᠡᠮᠡᠭᠡᠨ ᠤ ᠭᠠᠳᠠᠷ ᠪᠠᠶᠢᠳᠠᠯ᠂ ᠤᠳᠤᠮ ᠤᠭᠰᠠᠭ᠎ᠠ᠂ ᠨᠤᠲᠤᠭ ᠤᠰᠤ᠂ ᠡᠵᠡᠨ ᠤ ᠬᠢᠨᠢ ᠨᠡᠷ᠎ᠡ᠂ ᠵᠠᠩ ᠠᠷᠠᠨᠰᠢᠨ᠂ ᠲᠠᠮᠠᠭ᠎ᠠ ᠲᠡᠮᠳᠡᠭ᠂ ᠶᠠᠪᠤᠳᠠᠯ ᠭᠢᠰᠬᠢᠳᠡᠯ᠂ ᠡᠳ᠋ᠯᠡᠭᠡ ᠬᠡᠷᠡᠭᠯᠡᠭᠡ ᠲᠣᠬᠢᠷᠠᠭᠰᠠᠨ᠂ ᠠᠰᠢᠭ ᠭᠠᠷᠤᠯᠲᠠ᠂ ᠴᠣᠯᠠ ᠬᠤᠴᠢ᠂ ᠡᠪᠡᠳᠴᠢᠨ ᠭᠡᠮ᠂ ᠵᠦᠢᠷᠯᠡᠯ ᠨᠡᠷᠡᠶᠢᠳᠦᠯ ᠵᠡᠷᠭᠡ ᠣᠨᠴᠠᠯᠢᠭ ᠰᠢᠨᠵᠢ ᠪᠦᠬᠦᠢ ᠨᠡᠷ᠎ᠡ ᠳᠤ ᠲᠤᠰ ᠲᠡᠮᠡᠭᠡᠨ ᠤ ᠥᠩᠭᠡ ᠶᠢ ᠨᠢ ᠳᠠᠭᠠᠭᠤᠯᠵᠤ ᠨᠡᠷᠡᠯᠡᠬᠦ ᠶᠢ ᠬᠡᠯᠡᠳᠡᠭ᠃ ᠭᠡᠬᠦ ᠳᠡᠭᠡᠨ ᠵᠦᠪᠭᠡᠨ ᠲᠠᠩ ᠵᠢᠰᠦᠮ ᠪᠤᠶᠤ ᠣᠨᠴᠠ ᠵᠢᠰᠦ ᠶᠢ ᠨᠢ ᠳᠠᠭᠠᠭᠤᠯᠬᠤ ᠠᠴᠠ ᠪᠢᠰᠢ ᠳᠠᠪᠬᠤᠷ ᠵᠢᠰᠦ ᠶᠢ ᠨᠢ ᠳᠠᠭᠠᠭᠤᠯᠤᠨ ᠨᠡᠷᠡᠯᠡᠳᠡᠭ ᠦᠭᠡᠢ᠃          ᠰᠡᠷᠡᠭᠡ ᠤᠯᠠᠭᠠᠨ᠄ ᠰᠢᠷᠡᠭᠡ ᠪᠦᠭᠦ ᠲᠠᠢ ᠤᠯᠠᠭᠠᠨ ᠲᠡᠮᠡᠭᠡ᠃          ᠠᠯᠠᠱᠠ ᠢᠩᠭᠡᠨ ᠤ ᠰᠢᠷ᠎ᠠ᠄ ᠠᠯᠠᠱᠠ ᠨᠤᠲᠤᠭ ᠤᠨ ᠢᠩᠭᠡᠨ ᠠᠴᠠ ᠭᠠᠷᠤᠭᠰᠠᠨ ᠰᠢᠷ᠎ᠠ ᠲᠡᠮᠡᠭᠡ᠃          ᠡᠵᠡᠨ᠎ᠡ ᠬᠥᠬᠡ᠄ ᠡᠵᠡᠨ᠎ᠡ ᠨᠤᠲᠤᠭ ᠲᠠᠢ ᠬᠥᠬᠡ ᠲᠡᠮᠡᠭᠡ᠃          ᠡᠯᠡᠰᠦᠨ ᠤ ᠰᠢᠷ᠎ᠠ᠄ ᠡᠯᠡᠰᠦᠨ ᠳᠤ ᠪᠠᠶᠢᠷᠢ ᠲᠠᠢ ᠰᠢᠷ᠎ᠠ ᠲᠡᠮᠡᠭᠡ᠃          ᠥᠨᠥᠴᠢᠨ ᠴᠠᠭᠠᠨ᠄ ᠪᠣᠲᠣᠭᠤᠨ ᠳᠤᠨᠢ ᠡᠬᠡ ᠨᠢ ᠦᠬᠦᠭᠰᠡᠨ ᠴᠠᠭᠠᠨ ᠲᠡᠮᠡᠭᠡ᠃          ᠨᠠᠮᠵᠢᠯ ᠤᠨ ᠬᠠᠷ᠎ᠠ᠄ ᠨᠠᠮᠵᠢᠯ ᠭᠡᠳᠡᠭ ᠬᠥᠮᠥᠨ ᠤ ᠬᠠᠷ᠎ᠠ ᠲᠡᠮᠡᠭᠡ᠃          ᠲᠤᠶᠢᠯᠠᠳᠠᠭ ᠪᠣᠷᠣ᠄ ᠲᠤᠶᠢᠯᠠᠳᠠᠭ ᠵᠠᠩ ᠲᠠᠢ ᠪᠣᠷᠣ ᠲᠡᠮᠡᠭᠡ᠃          ᠲᠠᠭᠦᠵᠢᠩᠳᠤ ᠬᠦᠷᠡᠩ᠄ ᠳᠡᠭᠦᠵᠢᠩ ᠵᠡᠭᠦᠭᠰᠡᠨ ᠬᠦᠷᠡᠩ ᠲᠡᠮᠡᠭᠡ᠃          ᠯᠡᠭᠰᠢᠳᠡᠭ ᠬᠠᠷ᠎ᠠ᠄ ᠯᠡᠭᠰᠢᠭᠦ ᠶᠠᠪᠤᠳᠠᠯ ᠲᠠᠢ ᠬᠠᠷ᠎ᠠ ᠲᠡᠮᠡᠭᠡ᠃          ᠠᠴᠢᠶᠠᠨ ᠤ ᠤᠯᠠᠭᠠᠨ᠄ ᠠᠴᠢᠶ᠎ᠠ ᠠᠴᠢᠬᠤ ᠳᠤ ᠲᠣᠬᠢᠷᠠᠮᠵᠢᠲᠠᠢ ᠪᠤᠶᠤ ᠦᠷᠭᠦᠯᠵᠢ ᠠᠴᠢᠶ᠎ᠠ ᠠᠴᠢᠳᠠᠭ ᠤᠯᠠᠭᠠᠨ ᠲᠡᠮᠡᠭᠡ᠃          ᠲᠠᠷᠭᠤᠨ ᠬᠦᠷᠡᠩ᠄ ᠲᠠᠷᠭᠤ ᠰᠠᠶᠢᠲᠠᠢ ᠬᠦᠷᠡᠩ ᠲᠡᠮᠡᠭᠡ᠃          ᠬᠠᠮᠠᠭᠤᠲᠤ ᠰᠢᠷ᠎ᠠ᠄ ᠬᠠᠮᠠᠭᠤ ᠲᠠᠢ ᠰᠢᠷ᠎ᠠ ᠲᠡᠮᠡᠭᠡ᠃          ᠽᠠᠨᠳᠠᠨ ᠬᠦᠷᠡᠩ᠄ ᠽᠠᠨᠳᠠᠨ ᠮᠣᠳᠣᠨ ᠤ ᠥᠩᠭᠡ ᠰᠢᠭ ᠬᠦᠷᠡᠩ ᠤᠯᠠᠭᠠᠨ ᠲᠡᠮᠡᠭᠡ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号