| | | | ᠭᠤ · ᠳᠦᠭᠵᠢᠷᠵᠠᠪ ᠮᠥᠩᠬᠡᠵᠢᠷᠭᠠᠯ | | ᠲᠡᠮᠡᠭᠡᠨ ᠤ ᠨᠡᠷᠡᠶᠢᠳᠦᠯ ᠳᠠᠭᠤᠳᠠᠯᠭ᠎ᠠ - ᠨᠠᠰᠤ ᠬᠦᠢᠰᠦ ᠪᠠᠷ ᠨᠢ ᠨᠡᠷᠡᠯᠡᠬᠦ | ᠲᠡᠮᠡᠭᠡ ᠶᠢᠨ ᠬᠦᠢᠰᠦᠨ ᠤ ᠢᠯᠭᠠᠯ ᠢ ᠨᠠᠰᠤ ᠰᠢᠳᠤᠨ ᠳᠤᠨᠢ ᠬᠠᠷᠠᠭᠠᠯᠵᠠᠭᠤᠯᠤᠨ ᠡᠷ᠎ᠡ ᠪᠣᠲᠣᠭᠤ᠂ ᠡᠮ᠎ᠡ | ᠪᠣᠲᠣᠭᠤ ︵ᠥᠬᠢᠨ ᠪᠣᠲᠣᠭᠤ︶᠂ ᠡᠷ᠎ᠡ ᠲᠣᠷᠤᠮ᠂ ᠡᠮ᠎ᠡ ᠲᠣᠷᠤᠮ ︵ᠥᠬᠢᠨ ᠲᠣᠷᠤᠮ︶᠂ ᠭᠤᠨ᠎ᠠ᠂ ᠭᠤᠨᠵᠢ᠂ | ᠳᠥᠨ᠎ᠡ᠂ ᠳᠥᠨᠵᠢ ᠭᠡᠬᠦ ᠵᠡᠷᠭᠡ ᠪᠠᠷ ᠨᠡᠷᠡᠯᠡᠬᠦ ᠠᠴᠠ ᠭᠠᠳᠠᠨ᠎ᠠ ᠲᠠᠶᠢᠯᠤᠭ᠂ ᠪᠤᠤᠷ᠎ᠠ᠂ ᠠᠳᠠ᠂ ᠢᠩᠭᠡ ᠭᠡᠵᠦ ᠴᠤ | ᠨᠡᠷᠡᠯᠡᠳᠡᠭ᠃ | ᠲᠠᠶᠢᠯᠤᠭ᠄ ᠭᠤᠷᠪᠠ ᠠᠴᠠ ᠲᠠᠪᠤᠨ ᠨᠠᠰᠤ ᠲᠠᠢ ᠠᠳᠠᠯᠠᠭᠠᠳᠤᠢ ᠡᠷ᠎ᠡ ᠬᠦᠢᠰᠦ ᠲᠠᠢ ᠲᠡᠮᠡᠭᠡ᠃ | ᠳᠥᠨᠡᠨ ᠲᠠᠶᠢᠯᠤᠭ᠄ ᠲᠦᠷᠪᠠᠨ ᠨᠠᠰᠤ ᠲᠠᠢ ᠲᠠᠶᠢᠯᠤᠭ᠃ | ᠳᠥᠨ᠎ᠡ ᠲᠠᠪᠤᠨ ᠨᠠᠰᠤ ᠲᠠᠢ ᠲᠠᠶᠢᠯᠤᠭ᠄ ᠪᠦᠬᠦᠯᠢ ᠲᠠᠪᠤᠨ ᠨᠠᠰᠤ ᠭᠦᠷᠤᠭᠡᠳᠤᠢ ᠲᠠᠶᠢᠯᠤᠭ᠃ | ᠪᠤᠤᠷᠠᠨ ᠲᠠᠶᠢᠯᠤᠭ᠄ ᠪᠦᠬᠦᠯᠢ ᠲᠠᠪᠤᠨ ᠨᠠᠰᠤ ᠬᠦᠷᠴᠦ᠂ ᠪᠤᠤᠷ᠎ᠠ ᠲᠠᠯᠪᠢᠬᠤ ᠪᠠᠷ ᠪᠡᠯᠡᠳᠬᠡᠵᠦ ᠪᠠᠶᠢᠭ᠎ᠠ | ᠲᠠᠶᠢᠯᠤᠭ᠃ | ᠪᠤᠤᠷ᠎ᠠ : ᠠᠳᠠᠯᠠᠭᠠᠳᠤᠢ ᠨᠠᠰᠤ ᠭᠦᠢᠴᠡᠭᠰᠡᠨ ᠡᠷ᠎ᠡ ᠬᠦᠢᠰᠦ ᠲᠠᠢ ᠲᠡᠮᠡᠭᠡ᠃ ᠪᠠᠰᠠ ᠦᠷ᠎ᠡ ᠶᠢᠨ ᠲᠡᠮᠡᠭᠡ | ᠭᠡᠵᠦ ᠬᠡᠯᠡᠳᠡᠭ᠃ | ᠠᠷᠳᠠᠭ ᠪᠤᠤᠷ᠎ᠠ᠄ ᠢᠳᠡᠷ ᠨᠠᠰᠤᠨ ᠤ ᠪᠤᠶᠤ ᠵᠠᠩ ᠮᠠᠭᠤᠲᠠᠢ ᠪᠤᠤᠷ᠎ᠠ᠃ | ᠬᠠᠩᠭᠠᠯ ᠪᠤᠤᠷ᠎ᠠ᠄ ᠤᠨᠤᠯᠭ᠎ᠠ ᠠᠴᠢᠯᠭ᠎ᠠ ᠳᠤ ᠡᠳ᠋ᠯᠡᠭᠡᠳᠦᠢ ᠬᠤᠷ ᠲᠠᠷᠭᠤ ᠲᠠᠢ ᠰᠤᠷ ᠪᠢᠲᠡᠭᠦᠦ ᠪᠤᠤᠷ᠎ᠠ᠃ | | ᠰᠣᠶᠤᠭ᠎ᠠ ᠭᠦᠢᠴᠡᠭᠰᠡᠨ ᠪᠤᠤᠷ᠎ᠠ᠄ ᠲᠤᠯᠤᠭ᠎ᠠ ᠨᠠᠢᠮᠠᠨ ᠨᠠᠰᠤ ᠲᠠᠢ ᠪᠤᠤᠷ᠎ᠠ᠃ | ᠰᠣᠶᠤᠭ᠎ᠠ ᠰᠤᠨᠤᠭᠰᠠᠨ ᠪᠤᠤᠷ᠎ᠠ᠄ ᠠᠷᠪᠠ ᠠᠴᠠ ᠠᠷᠪᠠᠨ ᠲᠠᠪᠤᠨ ᠨᠠᠰᠤᠨ ᠤ ᠪᠤᠤᠷ᠎ᠠ᠃ | ᠰᠣᠶᠤᠭ᠎ᠠ ᠬᠠᠷᠢᠭᠰᠠᠨ ᠪᠤᠤᠷ᠎ᠠ᠄ ᠠᠷᠪᠠᠨ ᠵᠢᠷᠭᠤᠭ᠎ᠠ ᠠᠴᠠ ᠳᠡᠭᠡᠭᠰᠢ ᠨᠠᠰᠤᠯᠠᠭᠰᠠᠨ ᠬᠥᠭᠰᠢᠨ ᠪᠤᠤᠷ᠎ᠠ᠃ | ᠠᠷᠭᠢᠯ ᠪᠤᠤᠷ᠎ᠠ᠄ ᠬᠦᠷᠬᠢᠷᠡᠬᠦ ᠲᠠᠭᠤ ᠪᠠᠷ ᠶᠡᠭᠡ ᠪᠤᠶᠤ ᠬᠥᠭᠰᠢᠷᠡᠭᠰᠡᠨ ᠪᠤᠤᠷ᠎ᠠ᠃ | ᠣᠷᠤᠭ᠎ᠠ ᠪᠤᠤᠷ᠎ᠠ᠄ ᠣᠷᠤᠭ᠎ᠠ ᠣᠷᠣᠭᠰᠠᠨ ᠪᠤᠤᠷ᠎ᠠ᠃ ᠪᠠᠰᠠ ᠬᠠᠪᠰᠢᠭᠰᠠᠨ ᠪᠤᠤᠷ᠎ᠠ ᠭᠡᠬᠦ ᠪᠤᠶᠤ | ᠬᠠᠭᠰᠠᠮᠠᠯ ᠪᠤᠤᠷ᠎ᠠ ᠭᠡᠳᠡᠭ᠃ | ᠲᠤᠬᠰᠢᠨ ᠪᠤᠤᠷ᠎ᠠ᠄ ᠣᠷᠤᠭ᠎ᠠ ᠶᠢᠨ ᠦᠶ᠎ᠡ ᠳᠡᠭᠡᠨ ᠬᠥᠮᠥᠨ ᠮᠠᠯ ᠬᠠᠵᠠᠬᠤ ᠵᠡᠷᠭᠡ ᠮᠠᠭᠤ ᠵᠠᠩ ᠲᠠᠢ | ᠪᠤᠤᠷ᠎ᠠ᠃ | ᠠᠳᠠ᠄ ᠲᠠᠪᠤ ᠠᠴᠠ ᠳᠡᠭᠡᠭᠰᠢ ᠨᠠᠰᠤᠨ ᠤ ᠠᠳᠠᠯᠠᠭᠰᠠᠨ ᠡᠷ᠎ᠡ ᠬᠦᠢᠰᠦ ᠲᠠᠢ ᠲᠡᠮᠡᠭᠡ᠃ | ᠰᠢᠨ᠎ᠡ ᠠᠳᠠ᠄ ᠰᠠᠶ᠋ᠢᠬᠠᠨ ᠠᠳᠠᠯᠠᠭᠰᠠᠨ ᠲᠡᠮᠡᠭᠡ᠃ | ᠢᠩᠭᠡ᠄ ᠲᠠᠪᠤ ᠠᠴᠠ ᠳᠡᠭᠡᠭᠰᠢ ᠨᠠᠰᠤᠨ ᠤ ᠡᠮ᠎ᠡ ᠬᠦᠢᠰᠦ ᠲᠠᠢ ᠲᠡᠮᠡᠭᠡ᠃ | ᠰᠤᠪᠠᠢ ᠢᠩᠭᠡ᠄ ᠭᠡᠭᠡᠯ ᠲᠣᠭᠲᠠᠭᠰᠠᠨ ᠦᠭᠡᠢ ᠢᠩᠭᠡ᠃ | ᠬᠤᠰᠠᠷᠠᠩ ᠢᠩᠭᠡ᠄ ᠰᠤᠪᠠᠶᠢᠷᠠᠭᠰᠠᠨ ᠪᠤᠯᠪᠠᠴᠤ ᠲᠣᠷᠤᠮ ᠢᠶᠠᠨ ᠬᠥᠬᠦᠭᠦᠯᠵᠦ ᠪᠠᠶᠢᠭ᠎ᠠ ᠪᠤᠶᠤ | ᠰᠤᠪᠠᠶᠢᠷᠠᠬᠤ ᠵᠠᠩ ᠲᠠᠢ ᠢᠩᠭᠡ᠃ | ᠬᠠᠶᠠᠮᠠᠯ ᠢᠩᠭᠡ᠄ ᠪᠤᠤᠷ᠎ᠠ ᠳᠤ ᠭᠠᠷᠴᠤ ᠰᠠᠶ᠋ᠢᠬᠠᠨ ᠭᠡᠭᠡᠯ ᠲᠣᠭᠲᠠᠭᠰᠠᠨ ᠢᠩᠭᠡ᠃ | ᠬᠠᠶᠢᠮᠠᠯ ᠢᠩᠭᠡ᠄ ᠪᠠᠲᠤᠯᠠᠭ᠎ᠠ ᠲᠠᠢ ᠭᠡᠭᠡᠯ ᠲᠣᠭᠲᠠᠭᠰᠠᠨ ᠢᠩᠭᠡ᠃ ᠵᠠᠷᠢᠮ ᠣᠷᠣᠨ ᠳᠤ ᠪᠠᠰᠠ ᠬᠠᠶᠢᠮᠠᠭ | ᠢᠩᠭᠡ ᠭᠡᠨ᠎ᠡ᠃ | ᠭᠡᠭᠡᠯ ᠲᠠᠢ ᠢᠩᠭᠡ᠄ ᠭᠡᠭᠡᠯ ᠲᠣᠭᠲᠠᠭᠰᠠᠨ ᠢᠩᠭᠡ᠃ | ᠳᠠᠩᠬᠤ ᠢᠩᠭᠡ᠄ ᠪᠤᠤᠷᠠᠨ ᠳᠤ ᠭᠠᠷᠴᠤ ᠭᠡᠭᠡᠯ ᠲᠣᠭᠲᠠᠭᠰᠠᠨ ᠴᠤ ᠮᠡᠳᠡᠭᠳᠡᠳᠡᠭ ᠦᠭᠡᠢ ᠢᠩᠭᠡ᠃ | ᠳᠦᠯᠡᠢ ᠢᠩᠭᠡ᠄ ᠪᠠᠷᠤᠭᠲᠠᠢ ᠳᠤ ᠭᠡᠭᠡᠯ ᠲᠣᠭᠲᠠᠳᠠᠭ ᠦᠭᠡᠢ ᠢᠩᠭᠡ᠃ | ᠡᠷᠡᠮᠡᠭ ᠢᠩᠭᠡ᠄ ᠶᠡᠷᠦ ᠭᠡᠭᠡᠯ ᠲᠣᠭᠲᠠᠳᠠᠭ ᠦᠭᠡᠢ ᠪᠤᠶᠤ ᠦᠷᠡᠵᠢᠯ ᠤᠨ ᠡᠷᠬᠡᠲᠡᠨ ᠲᠣᠳᠣ ᠦᠭᠡᠢ | ᠢᠩᠭᠡ᠃ | ᠲᠤᠩᠭᠤᠢ ᠢᠩᠭᠡ᠄ ᠠᠩᠬ᠎ᠠ ᠪᠣᠲᠣᠭᠤᠯᠠᠵᠤ ᠪᠠᠶᠢᠭ᠎ᠠ ᠢᠩᠭᠡ᠃ | ᠬᠠᠶᠢᠳᠠᠭ ᠢᠩᠭᠡ᠄ ᠪᠣᠲᠣᠭᠤ ᠨᠢ ᠦᠬᠦᠭᠰᠡᠨ ᠴᠤ ᠰᠠᠭᠠᠵᠤ ᠪᠤᠯᠬᠤ ᠢᠩᠭᠡ᠃ ᠬᠥᠮᠥᠨ ᠪᠤᠶᠤ ᠪᠤᠰᠤᠳ | ᠢᠩᠭᠡᠨ ᠤ ᠪᠣᠲᠣᠭᠤᠨ ᠳᠤ ᠢᠪᠢᠯᠬᠦ ᠪᠣᠯᠤᠭᠰᠠᠨ ᠢᠩᠭᠡ᠃ | ᠠᠰᠮᠠᠨ᠄ ᠪᠤᠤᠷ᠎ᠠ ᠲᠠᠯᠪᠢᠭᠠᠳ ᠪᠦᠳᠦᠭᠦᠷᠡᠭᠰᠡᠨ ᠬᠤᠶᠢᠨ᠎ᠠ ᠠᠳᠠᠯᠠᠭᠰᠠᠨ ᠪᠤᠶᠤ ᠠᠳᠠᠯᠠᠭᠰᠠᠨ ᠪᠤᠯᠪᠠᠴᠤ | ᠪᠦᠭᠡᠰᠦᠭ ᠨᠢ ᠤᠷᠭᠤᠵᠤ ᠳᠠᠭᠢᠨ ᠣᠷᠤᠭ᠎ᠠ ᠣᠷᠣᠵᠤ ᠪᠠᠶᠢᠭ᠎ᠠ ᠲᠡᠮᠡᠭᠡ᠃ | ᠪᠥᠭᠡᠷᠡᠳᠡᠩ᠄ ᠲᠠᠯᠳᠠ ᠪᠥᠭᠡᠷ᠎ᠡ ᠲᠠᠢ ᠲᠡᠮᠡᠭᠡ᠃ | ᠮᠠᠨᠢᠩ ᠲᠡᠮᠡᠭᠡ᠄ ᠰᠠᠭᠠᠷᠮᠠᠭ ᠪᠤᠶᠤ ᠪᠡᠯᠭᠡ ᠶᠢᠨ ᠡᠷᠬᠡᠲᠡᠨ ᠪᠦᠷᠢᠨ ᠪᠤᠰᠤ ᠲᠡᠮᠡᠭᠡ᠃ |