ᠳᠠᠪᠬᠤᠷᠪᠠᠶᠠᠷ | | ︵ᠭᠠᠳᠠᠨ᠎ᠠ ᠨᠢᠭᠡ︶ | | ᠳᠡᠭᠡᠳᠦᠰ ᠬᠤᠯᠤᠨᠴᠠ ᠶᠢᠨ ᠮᠢᠨᠢ ᠲᠡᠭᠷᠢ ᠳᠡᠭᠡᠨ ᠡᠷᠭᠦᠭᠰᠡᠨ ᠰᠠᠴᠤᠯᠢ ᠰᠦᠨ ᠳᠤ | ᠮᠢᠨᠤ ᠬᠠᠶᠢᠷ᠎ᠠ ᠪᠠᠶᠢᠳᠠᠭ | ᠳᠡᠷᠭᠡᠳᠡᠭᠦᠷ ᠤᠷᠤᠰᠤᠨ ᠤᠳᠬᠤ ᠰᠠᠯᠬᠢᠨ ᠤ ᠲᠣᠷᠭᠠᠨ ᠮᠢᠷᠠᠯᠵᠠᠭᠠᠨ ᠳᠤ | ᠮᠢᠨᠤ ᠬᠠᠶᠢᠷ᠎ᠠ ᠪᠠᠶᠢᠳᠠᠭ | ᠠᠯᠤᠰ ᠨᠤᠲᠤᠭ ᠠᠴᠠ ᠬᠥᠪᠴᠦ ᠢᠷᠡᠭᠰᠡᠨ ᠬᠤᠷ᠎ᠠ ᠶᠢᠨ ᠡᠭᠦᠯᠡᠨ ᠤ ᠤᠭᠠᠯᠵᠠᠨ ᠳᠤ | ᠮᠢᠨᠤ ᠬᠠᠶᠢᠷ᠎ᠠ ᠪᠠᠶᠢᠳᠠᠭ | ᠠᠯᠠᠭ ᠳᠡᠯᠡᠬᠡᠢ ᠪᠠᠨ ᠡᠰᠡᠨᠢᠭᠦᠯᠵᠦ ᠠᠮᠢᠯᠠᠭᠤᠯᠳᠠᠭ ᠪᠣᠷᠣᠭᠠᠨ ᠤ ᠢᠯᠳᠠᠮᠬᠠᠨ ᠲᠤᠰᠤᠯ ᠤᠳ ᠲᠤ | ᠮᠢᠨᠤ ᠬᠠᠶᠢᠷ᠎ᠠ ᠪᠠᠶᠢᠳᠠᠭ | ᠠᠮᠠᠷᠠᠭ ᠬᠤᠩᠭᠤᠷᠬᠠᠨ ᠴᠢᠨᠦ ᠮᠢᠨᠢ ᠤᠷᠤᠭᠤᠯ ᠠᠨᠢᠰᠬ᠎ᠠ ᠶᠢᠨ ᠬᠤᠭᠤᠷᠣᠨᠳᠤ | ᠮᠢᠨᠤ ᠬᠠᠶᠢᠷ᠎ᠠ ᠪᠠᠶᠢᠳᠠᠭ | ᠠᠮᠢᠲᠠᠨ ᠪᠦᠭᠦᠨ ᠢ ᠪᠠᠶᠠᠰᠬᠠᠵᠤ ᠵᠢᠷᠭᠠᠭᠤᠯᠬᠤ ᠤᠶᠠᠬᠠᠨ ᠠᠭᠠᠰᠢᠨ ᠳᠤ ᠴᠢᠨᠢ | ᠮᠢᠨᠤ ᠬᠠᠶᠢᠷ᠎ᠠ ᠪᠠᠶᠢᠳᠠᠭ | | ᠲᠠᠯ᠎ᠠ ᠶᠢᠨ ᠢᠶᠠᠨ ᠡᠯᠢᠭᠡᠨ ᠳᠤ ᠭᠤᠩᠬᠠᠨ ᠨᠠᠶᠢᠭᠤᠬᠤ ᠪᠤᠮᠠᠨ ᠴᠡᠴᠡᠭ ᠤᠨ ᠲᠡᠯᠪᠢᠭᠡᠨ ᠳᠠᠬᠢ | ᠰᠢᠭᠦᠳᠡᠷᠢ ᠶᠢᠨ ᠮᠡᠯᠲᠡᠭᠡᠨᠡᠭᠰᠡᠨ ᠮᠥᠬᠦᠯᠢᠭ ᠤᠳ ᠲᠤ ᠮᠢᠨᠤ ᠬᠠᠶᠢᠷ᠎ᠠ ᠪᠠᠶᠢᠳᠠᠭ | ᠲᠠᠯ᠎ᠠ ᠳᠠᠭᠠᠨ ᠬᠤᠷᠭᠤᠳᠠᠵᠤ ᠠᠭᠤᠯᠠ ᠪᠠᠨ ᠡᠷᠬᠡᠯᠡᠭᠦᠯᠦᠭᠰᠡᠨ | ᠰᠠᠷᠠᠨ ᠤ ᠮᠥᠩᠭᠦᠨ ᠲᠤᠶᠠᠭᠠᠨ ᠤ ᠲᠦᠮᠡᠨ ᠰᠠᠴᠤᠷᠠᠭ ᠲᠤ ᠮᠢᠨᠤ ᠬᠠᠶᠢᠷ᠎ᠠ ᠪᠠᠶᠢᠳᠠᠭ | ᠣᠩᠭᠤᠨ ᠲᠡᠭᠷᠢ ᠣᠷᠴᠢᠯᠠᠩ ᠳᠡᠯᠡᠬᠡᠢ ᠶᠢᠨ ᠰᠢᠲᠦᠭᠡᠨ ᠲᠠᠭᠢᠯᠭ᠎ᠠ | ᠣᠪᠣᠭᠠᠨ ᠤ ᠰᠢᠷᠬᠡᠭ ᠴᠢᠯᠠᠭᠤ ᠪᠣᠯᠭᠠᠨ ᠳᠤ ᠮᠢᠨᠤ ᠬᠠᠶᠢᠷ᠎ᠠ ᠪᠠᠶᠢᠳᠠᠭ | ᠰᠣᠯᠢᠷ ᠬᠠᠷᠪᠤᠨ ᠭᠢᠯᠠᠰᠭᠢᠬᠤ ᠲᠦᠨᠡᠷ ᠰᠥᠨᠢ ᠶᠢᠨ ᠣᠳᠣᠳ ᠤᠨ ᠳᠠᠯᠠᠢ | ᠲᠡᠭᠷᠢ ᠶᠢᠨ ᠣᠶᠣᠳᠠᠯ ᠤᠨ ᠮᠥᠩᠭᠦᠨ ᠭᠤᠣᠯ ᠳᠤ ᠮᠢᠨᠤ ᠬᠠᠶᠢᠷ᠎ᠠ ᠪᠠᠶᠢᠳᠠᠭ | ᠭᠦᠪᠡᠭᠡ ᠨᠢ ᠬᠠᠷᠠᠭᠳᠠᠬᠤ ᠦᠭᠡᠢ ᠡᠯᠡᠰᠦᠨ ᠮᠠᠩᠬ᠎ᠠ ᠲᠠᠢ | ᠵᠠᠭ ᠲᠠᠢ ᠰᠢᠷᠭᠠᠯ ᠭᠤᠪᠢ ᠶᠢᠨ ᠥᠷᠥᠴᠡᠨ ᠳᠤ ᠮᠢᠨᠤ ᠬᠠᠶᠢᠷ᠎ᠠ ᠪᠠᠶᠢᠳᠠᠭ | ᠬᠥᠬᠦᠭᠡ ᠰᠢᠪᠠᠭᠤ ᠳᠣᠩᠭᠤᠳᠤᠨ ᠳᠠᠭᠤᠯᠠᠳᠠᠭ | ᠬᠥᠪᠴᠢ ᠶᠢᠨ ᠣᠢ ᠶᠢᠨ ᠮᠣᠳᠣᠳ ᠤᠨ ᠬᠡᠶᠢᠷᠬᠡᠯ ᠳᠤ ᠮᠢᠨᠤ ᠬᠠᠶᠢᠷ᠎ᠠ ᠪᠠᠶᠢᠳᠠᠭ | ᠨᠠᠯᠠᠭᠠᠷ ᠲᠠᠯ᠎ᠠ ᠳᠠᠭᠠᠨ ᠰᠤᠮᠤᠳᠠᠵᠤ ᠳᠣᠪᠲᠤᠯᠤᠭᠰᠠᠨ ᠬᠤᠷᠳᠤᠨ ᠭᠦᠯᠦᠭ ᠤᠨ | ᠨᠠᠭᠠᠰᠢᠯᠠᠵᠤ ᠢᠷᠡᠬᠦ ᠲᠤᠭᠤᠷᠠᠢ ᠶᠢᠨ ᠲᠣᠭᠤᠰᠣᠨ ᠤ ᠮᠠᠨᠠᠷᠠᠭᠠᠨ ᠳᠤ ᠮᠢᠨᠤ ᠬᠠᠶᠢᠷ᠎ᠠ ᠪᠠᠶᠢᠳᠠᠭ | ᠨᠠᠭᠠᠳᠴᠤ ᠲᠣᠭᠯᠠᠨ ᠦᠶᠡᠷᠬᠡᠭᠰᠡᠨ ᠪᠠᠭ᠎ᠠ ᠶᠢᠨ ᠳᠤᠷᠠᠳᠬᠠᠯ ᠳᠤ ᠭᠡᠷᠡᠯᠳᠤᠭᠦ | ᠨᠠᠭᠠᠯᠢᠩᠬᠠᠢ ᠴᠢᠨᠦ ᠬᠠᠴᠠᠷ ᠲᠠᠭᠠᠨ ᠪᠠᠭᠤᠭᠰᠠᠨ ᠭᠡᠵᠢᠭᠡᠨ ᠤ ᠰᠢᠷᠬᠡᠭ ᠲᠤ ᠮᠢᠨᠤ ᠬᠠᠶᠢᠷ᠎ᠠ ᠪᠠᠶᠢᠳᠠᠭ | | ᠪᠢᠴᠢᠵᠦ ᠤᠳᠠᠭᠰᠠᠨ ᠵᠠᠬᠢᠳᠠᠯ ᠤᠨ ᠰᠢᠷᠠᠯᠠᠵᠤ ᠬᠠᠭᠤᠴᠢᠷᠠᠭᠰᠠᠨ ᠴᠠᠭᠠᠰᠤᠨ ᠤ | ᠪᠠᠯᠠᠷᠬᠠᠢ ᠬᠠᠷᠠᠭᠳᠠᠬᠤ ᠦᠰᠦᠭ ᠤᠨ ᠬᠢᠨᠢ ᠠᠴᠤᠭ ᠴᠠᠴᠤᠯᠭ᠎ᠠ ᠳᠤ ᠮᠢᠨᠤ ᠬᠠᠶᠢᠷ᠎ᠠ ᠪᠠᠶᠢᠳᠠᠭ | ᠦᠨᠦᠰᠴᠦ ᠶᠡᠷᠦᠳᠡᠭᠡᠨ ᠬᠠᠨᠤᠳᠠᠭ ᠦᠭᠡᠢ ᠬᠥᠭᠡᠷᠦᠬᠦᠨ ᠪᠣᠷᠣ ᠬᠠᠴᠠᠷ ᠤᠨ ᠴᠢᠨᠢ | ᠬᠤᠣᠰ ᠬᠤᠶᠠᠷ ᠬᠤᠨᠳᠠᠭᠠᠨ ᠳᠤ ᠮᠢᠨᠤ ᠬᠠᠶᠢᠷ᠎ᠠ ᠪᠠᠶᠢᠳᠠᠭ | ᠬᠤᠯᠠ ᠶᠢ ᠵᠣᠷᠢᠵᠤ ᠠᠯᠤᠰ ᠲᠤ ᠭᠠᠷᠬᠤ ᠳᠤ | ᠬᠤᠶᠢᠨ᠎ᠠ ᠠᠴᠠ ᠮᠢᠨᠢ ᠳᠠᠯᠠᠯᠵᠤ ᠬᠤᠴᠣᠷᠤᠭᠰᠠᠨ ᠠᠯᠴᠢᠭᠤᠷ ᠤᠨ ᠴᠢᠨᠢ ᠦᠵᠦᠭᠦᠷ ᠲᠤ ᠮᠢᠨᠤ ᠬᠠᠶᠢᠷ᠎ᠠ | ᠪᠠᠶᠢᠳᠠᠭ | ᠪᠢᠴᠢᠭᠰᠡᠨ ᠰᠢᠯᠦᠭ ᠢ ᠤᠩᠰᠢᠵᠤ ᠮᠡᠯᠮᠡᠢ ᠳᠦᠭᠦᠷᠭᠡᠵᠦ ᠠᠰᠬᠠᠷᠠᠬᠤ | ᠪᠢᠷ ᠪᠡᠬᠡᠰ ᠤᠨ ᠰᠣᠳᠣᠨ ᠦᠨᠦᠷ ᠲᠤ ᠮᠢᠨᠤ ᠬᠠᠶᠢᠷ᠎ᠠ ᠪᠠᠶᠢᠳᠠᠭ | ᠠᠭᠤᠳᠠᠮ ᠲᠠᠯ᠎ᠠ ᠬᠥᠨᠳᠡᠢ ᠪᠠᠨ ᠢᠵᠠᠭᠤᠷ ᠬᠥᠭᠵᠢᠮ ᠢᠶᠠᠷ ᠴᠢᠪᠬᠠᠳᠠᠳᠠᠭ | ᠠᠭᠤᠯᠠ ᠶᠢᠨ ᠪᠤᠶᠢᠯᠠᠯᠭᠠ ᠴᠤᠤᠷᠢᠶᠠᠲᠤᠭᠰᠠᠨ ᠠᠭᠤᠵᠢᠮ ᠬᠥᠳᠡᠭᠡ ᠳᠤ ᠮᠢᠨᠤ ᠬᠠᠶᠢᠷ᠎ᠠ ᠪᠠᠶᠢᠳᠠᠭ | ᠠᠶᠢᠯ ᠠᠴᠠ ᠮᠣᠷᠳᠠᠨ ᠭᠠᠷᠬᠤ ᠳᠤ ᠠᠭᠰᠤᠮ ᠮᠣᠷᠢ ᠴᠣᠷᠣᠶᠢᠨ ᠴᠤᠪᠬᠤᠴᠠᠳᠠᠭ | ᠠᠭᠤᠷᠮᠠᠭ ᠭᠦᠯᠦᠭ ᠤᠨ ᠠᠮᠠᠭᠠᠢ ᠶᠢᠨ ᠲᠠᠲᠠᠯᠭ᠎ᠠ ᠳᠤ ᠮᠢᠨᠤ ᠬᠠᠶᠢᠷ᠎ᠠ ᠪᠠᠶᠢᠳᠠᠭ | ᠡᠭᠦᠷ ᠲᠠᠬᠢ ᠠᠩᠭᠠᠬᠠᠢ ᠳᠠᠭᠠᠨ ᠠᠮᠢᠵᠢᠷᠠᠯ ᠢᠶᠠᠨ ᠲᠡᠭᠡᠭᠡᠵᠦ | ᠤᠰᠤ ᠰᠢᠩᠭᠡᠭᠡᠭᠰᠡᠨ ᠰᠢᠪᠠᠭᠤᠨ ᠤ ᠡᠯᠢᠭᠡᠨ ᠦᠰᠦᠨ ᠳᠤ ᠮᠢᠨᠤ ᠬᠠᠶᠢᠷ᠎ᠠ ᠪᠠᠶᠢᠳᠠᠭ | | |