﹇ᠤᠷᠠᠨ ᠵᠣᠬᠢᠶᠠᠯ﹈ ᠮᠢᠨᠤ ᠨᠤᠲᠤᠭ ᠤᠨ ᠡᠪᠦᠯ
ᠨᠡᠶᠢᠲᠡᠯᠡᠭᠰᠡᠨ ᠴᠠᠭ᠄
2025/5/20
ᠳᠠᠪᠬᠤᠷᠪᠠᠶᠠᠷ                                        ᠥᠭᠡᠳᠡᠯᠡᠬᠦ ᠨᠠᠷᠠᠨ ᠳᠣᠷᠤᠨ᠎ᠠ ᠲᠡᠭᠷᠢ ᠠᠴᠠ ᠤᠯᠠᠪᠤᠷ ᠲᠤᠶᠠᠭ᠎ᠠ ᠲᠠᠲᠠᠨ ᠮᠠᠨᠳᠤᠵᠤ          ᠥᠩ ᠳᠡᠯᠡᠬᠡᠢ ᠳᠤ ᠭᠡᠷᠡᠯ ᠢᠪᠡᠭᠡᠵᠦ ᠮᠢᠩᠭᠠᠨ ᠪᠣᠳᠠᠰ ᠢ ᠪᠦᠯᠢᠶᠡᠰᠬᠡᠨ᠎ᠡ          ᠪᠥᠭᠡᠷᠡᠭ ᠤᠨ ᠨᠥᠮᠥᠷᠢ ᠳᠤ ᠬᠤᠨᠣᠭᠰᠠᠨ ᠲᠠᠤᠯᠠᠢ ᠪᠡᠭᠡᠷᠡᠭᠰᠡᠨ ᠪᠡᠶ᠎ᠡ ᠪᠠᠨ ᠰᠤᠨᠢᠶᠠᠵᠤ          ᠠᠭᠤᠯᠠᠨ ᠬᠢᠷ᠎ᠠ ᠶᠢ ᠳᠠᠭᠠᠵᠤ ᠴᠠᠰᠤᠨ ᠭᠢᠯᠲᠠᠭᠠᠨᠠᠭᠤᠷ ᠬᠡᠶᠢᠰᠦᠨ᠎ᠡ          ᠳᠡᠯᠭᠡᠭᠰᠡᠨ ᠵᠢᠷᠤᠭ ᠰᠢᠭ᠋ ᠵᠡᠭᠦᠳᠦᠨ ᠭᠤᠪᠢ          ᠮᠢᠨᠤ ᠨᠤᠲᠤᠭ ᠤᠨ ᠡᠪᠦᠯ ᠤᠨ ᠦᠷᠦᠭᠦᠨ ᠠᠮᠢᠵᠢᠷᠠᠯ ᠵᠢᠷᠭᠠᠯ ᠳᠦᠭᠦᠷᠡᠩ                    ᠰᠠᠭᠰᠤᠷᠭ᠎ᠠ ᠣᠶᠢᠭᠰᠠᠨ ᠮᠥᠩᠭᠦᠨ ᠲᠠᠯ᠎ᠠ ᠳᠤ ᠴᠠᠩ ᠲᠠᠲᠠᠭᠰᠠᠨ ᠠᠳᠤᠭᠤᠳ ᠢᠨᠴᠠᠭᠠᠯᠳᠤᠵᠤ          ᠨᠠᠷᠠ ᠳᠤᠰᠤᠭᠰᠠᠨ ᠲᠡᠮᠡᠭᠡᠳ ᠤᠨ ᠵᠣᠭᠳᠣᠷ ᠭᠠᠯ ᠳᠦᠷᠡᠯᠵᠡᠭᠰᠡᠨ ᠰᠢᠭ ᠳᠤᠯᠠᠭᠠᠬᠠᠨ          ᠰᠠᠶᠢᠬᠠᠨ ᠤ ᠢᠷᠦᠭᠡᠯ ᠰᠢᠩᠭᠡᠭᠡᠭᠰᠡᠨ ᠲᠠᠯ᠎ᠠ ᠶᠢᠨ ᠵᠢᠪᠠᠷ ᠮᠢᠷᠠᠯᠵᠠᠭᠠᠳ          ᠠᠯᠤᠰ ᠰᠤᠨᠤᠭᠰᠠᠨ ᠵᠠᠮ ᠤᠨ ᠦᠵᠦᠭᠦᠷ ᠲᠡᠭᠷᠢ ᠶᠢᠨ ᠬᠠᠶᠠᠭᠠᠨ ᠳᠤ ᠬᠤᠯᠪᠣᠯᠳᠤᠨ          ᠲᠠᠰᠭᠢᠮ᠎ᠠ ᠬᠦᠢᠲᠡᠨ ᠲᠡᠷᠭᠡᠯ ᠬᠥᠳᠡᠭᠡ          ᠮᠢᠨᠤ ᠨᠤᠲᠤᠭ ᠤᠨ ᠡᠪᠦᠯ ᠤᠨ ᠲᠠᠯ᠎ᠠ ᠠᠯᠤᠰ ᠤᠨ ᠬᠠᠷᠠᠭᠠᠨ ᠳᠤ ᠠᠭᠤᠳᠠᠮ ᠴᠡᠯᠡᠭᠡᠷ                    ᠴᠠᠰᠤᠲᠠᠢ ᠠᠭᠤᠵᠢᠮ ᠬᠥᠨᠳᠡᠢ ᠰᠢᠯᠢ ᠪᠠᠷ ᠰᠦᠷᠦᠭ ᠤᠳ ᠪᠡᠯᠴᠢᠭᠡᠷᠯᠡᠨ          ᠬᠠᠭᠳᠠ ᠡᠪᠡᠰᠦ ᠬᠠᠷᠭᠠᠨ᠎ᠠ ᠶᠢᠨ ᠪᠤᠷᠠᠭᠠᠨ ᠳᠤ ᠪᠥᠭᠡᠮᠨᠡᠷᠡᠨ᠎ᠡ          ᠤᠷᠲᠤ ᠶᠢᠨ ᠳᠠᠭᠤᠤ ᠳᠤ ᠭᠠᠷᠳᠠᠭ ᠦᠯᠢᠭᠡᠷ ᠴᠦ ᠶᠤᠮ ᠰᠢᠭ          ᠤᠨᠢᠶᠠᠷ ᠮᠠᠨᠠᠨ ᠤ ᠳᠤᠮᠳᠠ ᠵᠢᠰᠦᠨ ᠴᠣᠬᠤᠷ ᠵᠡᠭᠡᠷ᠎ᠡ ᠴᠠᠭᠢᠯᠤᠨ᠎ᠠ          ᠪᠤᠳᠤᠯ ᠳᠤ ᠬᠤᠨᠤᠭᠰᠢᠭᠰᠠᠨ ᠪᠤᠭᠤᠷᠤᠯ ᠡᠪᠦᠯᠵᠢᠶ᠎ᠡ          ᠮᠢᠨᠤ ᠨᠤᠲᠤᠭ ᠤᠨ ᠡᠪᠦᠯ ᠤᠨ ᠬᠥᠳᠡᠭᠡ ᠨᠢᠳᠦ ᠤᠨᠠᠭᠠᠬᠤ ᠬᠠᠶᠢᠷ᠎ᠠ ᠶᠢᠨ ᠪᠦᠪᠡᠢ                    ᠨᠤᠭᠲᠤᠷᠤ ᠶᠢᠨ ᠪᠠᠭᠤᠴᠠᠨ ᠤ ᠵᠢᠵᠢᠭᠬᠡᠨ ᠳᠤᠭᠤᠢ ᠬᠤᠩᠬᠤᠷ ᠤᠳ ᠨᠢ          ᠰᠢᠪᠠᠭᠤᠨ ᠡᠯᠢᠭᠡᠨ ᠤ ᠬᠠᠶᠢᠷ᠎ᠠ ᠶᠢᠨ ᠢᠯᠴᠢᠨ ᠳᠤ ᠳᠤᠯᠠᠭᠠᠴᠠᠨ᠎ᠠ          ᠰᠢᠳᠦ ᠲᠠᠴᠢᠭᠢᠨᠠᠭᠤᠯᠤᠭᠰᠠᠨ ᠬᠠᠲᠠᠭᠤ ᠴᠢᠯᠳᠡᠩ ᠰᠠᠯᠬᠢ ᠨᠢ          ᠬᠠᠳᠠᠨ ᠵᠠᠪᠰᠠᠷ ᠢᠶᠠᠷ ᠱᠤᠤᠭᠢᠨ ᠢᠷᠠᠭᠤ ᠠᠶᠠᠰ ᠤᠶᠠᠩᠭᠠᠷᠠᠨ᠎ᠠ          ᠭᠠᠩᠭᠠᠩ ᠪᠠᠶᠢᠭᠠᠯᠢ ᠳᠤ ᠬᠤᠣᠰ ᠦᠭᠡᠢ ᠥᠯᠥᠭᠡᠢ          ᠮᠢᠨᠤ ᠨᠤᠲᠤᠭ ᠤᠨ ᠡᠪᠦᠯ ᠤᠨ ᠪᠡᠯᠴᠢᠭᠡᠷ ᠣᠮᠣᠭᠲᠤ ᠮᠠᠯᠴᠢᠳ ᠤᠨ ᠳᠣᠮᠣᠭᠲᠤ ᠲᠠᠯ᠎ᠠ                    ᠭᠡᠷ ᠤᠨ ᠲᠣᠭᠤᠨᠣ ᠪᠠᠷ ᠭᠠᠯ ᠤᠨ ᠣᠴᠢ ᠣᠭᠲᠠᠷᠭᠤᠢ ᠳᠤ ᠲᠦᠭᠡᠨ ᠠᠨᠢᠪᠴᠢᠭᠠᠳ          ᠬᠠᠶᠠᠭ᠎ᠠ ᠳᠡᠷᠡᠯᠡᠭᠰᠡᠨ ᠵᠢᠷᠦᠬᠡ ᠴᠠᠭᠠᠨ ᠭᠠᠷᠵᠢ ᠰᠡᠭᠦᠯ ᠢᠶᠠᠨ ᠡᠪᠬᠡᠨ ᠵᠣᠭᠤᠰᠤᠯᠠᠨ᠎ᠠ          ᠬᠤᠲᠠᠨ ᠵᠠᠬ᠎ᠠ ᠪᠠᠷ ᠥᠨᠳᠥᠷ ᠵᠠᠭ ᠤᠳ ᠰᠦᠭᠯᠡᠶᠢᠨ          ᠡᠪᠦᠭᠡᠳ ᠤᠨ ᠢᠨᠢᠶᠡᠳᠦ ᠰᠥᠨᠢ ᠶᠢᠨ ᠠᠭᠠᠷ ᠲᠤ ᠴᠤᠤᠷᠢᠶᠠᠲᠤᠨ᠎ᠠ          ᠲᠡᠭᠷᠢᠯᠢᠭ ᠳᠡᠭᠡᠳᠦᠰ ᠤᠨ ᠮᠢᠨᠢ ᠪᠤᠶᠠᠨ ᠰᠢᠩᠭᠡᠭᠰᠡᠨ          ᠮᠢᠨᠤ ᠨᠤᠲᠤᠭ ᠤᠨ ᠡᠪᠦᠯ ᠤᠨ ᠠᠰᠬᠠᠨ ᠠᠮᠤᠭᠤᠯᠠᠩ ᠲᠠᠶᠢᠪᠤᠩ ᠳᠤᠭᠵᠢᠷᠠᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号