ᠲ᠊ · ᠪᠠᠲᠤᠪᠤᠶᠠᠨ | | ︵ᠭᠠᠳᠠᠨ᠎ᠠ ᠨᠢᠭᠡ︶ | | ᠬᠠᠪᠤᠷ ᠤᠨ ᠲᠤᠬᠠᠢ ᠰᠢᠯᠦᠭ ᠪᠢᠴᠢᠬᠦ ᠰᠠᠶᠢᠬᠠᠨ | ᠬᠠᠨ᠎ᠠ ᠲᠠᠭᠠᠵᠦ ᠭᠤᠯᠭᠤᠭᠰᠠᠨ ᠨᠠᠷᠠᠨ ᠤ ᠦᠨᠦᠷ ᠬᠦᠦᠷᠨᠢᠬᠦ ᠰᠠᠶᠢᠬᠠᠨ | ᠬᠤᠷᠤᠭ᠎ᠠ ᠳᠦᠭᠦᠷᠡᠩ ᠮᠠᠶᠢᠯᠠᠯᠳᠤᠬᠤ ᠲᠥᠯ ᠤᠨ ᠲᠠᠭᠤᠨ ᠳᠤ ᠨᠢᠯᠬᠠᠷᠠᠬᠤ ᠰᠠᠶᠢᠬᠠᠨ | ᠬᠤᠨᠢᠨ ᠤ ᠬᠡᠪᠢᠯᠭᠡ ᠡᠭᠡᠰᠢᠭᠯᠡᠬᠦ ᠰᠢᠭ ᠪᠠᠯᠴᠢᠷ ᠦᠶ᠎ᠡ ᠳᠡᠭᠡᠨ ᠬᠦᠷᠬᠦ ᠰᠠᠶᠢᠬᠠᠨ | | ᠬᠠᠪᠤᠷ ᠤᠨ ᠲᠤᠬᠠᠢ ᠵᠡᠭᠦᠳᠦ ᠳᠡᠷᠡᠯᠡᠨ ᠤᠶᠠᠷᠠᠬᠤ ᠰᠠᠶᠢᠬᠠᠨ | ᠬᠠᠩᠭᠠᠢ ᠭᠤᠪᠢ ᠳᠤ ᠴᠠᠰᠤᠨ ᠳᠣᠣᠷ᠎ᠠ ᠠᠴᠠ ᠨᠢᠯᠬ᠎ᠠ ᠨᠣᠭᠤᠭ᠎ᠠ ᠴᠤᠬᠤᠶᠢᠬᠤ ᠰᠠᠶᠢᠬᠠᠨ | ᠲᠡᠷᠲᠡᠭᠡ ᠬᠤᠯᠠ ᠶᠢᠨ ᠮᠥᠷᠥᠭᠡᠳᠦᠯ ᠠᠨᠢᠷᠯᠠᠨ ᠭᠠᠯᠠᠭᠤᠨ ᠲᠠᠭᠤᠨ ᠳᠤ ᠭᠠᠩᠰᠠᠷᠠᠬᠤ ᠰᠠᠶᠢᠬᠠᠨ | ᠲᠡᠷᠭᠡᠯ ᠭᠤᠪᠢ ᠶᠢᠨ ᠵᠡᠷᠭᠡᠯᠭᠡᠨ ᠬᠥᠭᠡᠭᠡᠴᠡᠯᠳᠦᠨ ᠲᠣᠭᠯᠠᠬᠤ | ᠪᠠᠭ᠎ᠠ ᠨᠠᠰᠤᠨ ᠳᠠᠭᠠᠨ ᠣᠴᠢᠬᠤ ᠰᠠᠶᠢᠬᠠᠨ | | ᠲᠡᠮᠡᠭᠡᠨ ᠪᠦᠭᠦᠨ ᠳᠡᠭᠡᠷ᠎ᠡ ᠨᠠᠷᠠ ᠭᠠᠨᠵᠤᠭᠠᠯᠠᠨ ᠢᠷᠡᠳᠡᠭ | ᠨᠠᠰᠤᠲᠠᠢ ᠡᠪᠦᠭᠡ ᠪᠠᠨ ᠤᠭᠲᠤᠬᠤ ᠰᠠᠶᠢᠬᠠᠨ | ᠲᠡᠮᠡᠭᠡᠨ ᠤ ᠪᠣᠬᠢ ᠶᠢ ᠨᠢ ᠦᠨᠦᠷᠯᠡᠨ ᠦᠨᠦᠰᠦᠭᠦᠯᠵᠦ ᠰᠠᠭᠤᠬᠤ ᠯᠡ ᠰᠠᠶᠢᠬᠠᠨ | ᠬᠤᠯᠠ ᠣᠶᠢᠷ᠎ᠠ ᠶᠢᠨ ᠵᠠᠩᠭᠢ ᠬᠥᠪᠥᠷᠡᠭᠦᠯᠦᠨ | ᠨᠠᠰᠤᠲᠠᠶᠢᠴᠤᠳ ᠬᠠᠪᠤᠷ ᠤᠨ ᠲᠤᠬᠠᠢ ᠵᠣᠭᠤᠭ ᠳᠡᠯᠭᠡᠬᠦ ᠰᠠᠶᠢᠬᠠᠨ | | ᠬᠤᠯᠠ ᠠᠴᠠ ᠡᠭᠡᠴᠢ ᠶᠢᠨ ᠮᠢᠨᠢ ᠰᠡᠭᠦᠳᠡᠷ ᠲᠠᠢ ᠵᠠᠬᠢᠳᠠᠯ ᠬᠠᠶᠠ ᠢᠷᠡᠬᠦ ᠰᠠᠶᠢᠬᠠᠨ | ᠬᠠᠩᠰᠢ ᠶᠢᠨ ᠡᠳᠦᠷ ᠬᠠᠶᠢᠷᠠᠲᠠᠢ ᠬᠥᠮᠥᠰ ᠢᠶᠠᠨ ᠮᠥᠷᠥᠭᠡᠳᠴᠦ ᠤᠶᠠᠷᠠᠬᠤ ᠰᠠᠶᠢᠬᠠᠨ | ᠬᠠᠪᠤᠷ ᠤᠨ ᠰᠠᠯᠬᠢᠨ ᠳᠤ ᠢᠯᠪᠢᠭᠦᠯᠦᠨ ᠠᠯᠳᠠᠭᠰᠠᠨ ᠭᠡᠭᠡᠭᠰᠡᠨ ᠢᠶᠠᠨ ᠳᠤᠷᠠᠰᠬᠤ ᠰᠠᠶᠢᠬᠠᠨ | ᠢᠵᠢᠯᠢ ᠪᠠᠨ ᠰᠠᠨᠠᠭᠰᠠᠨ ᠭᠦᠯᠦᠭ ᠮᠣᠷᠢᠳ ᠤᠶᠠᠭᠠᠨ ᠳᠡᠭᠡᠷ᠎ᠡ ᠦᠦᠷᠰᠡᠬᠦ ᠰᠠᠶᠢᠬᠠᠨ | | ᠨᠤᠲᠤᠭ ᠢᠶᠠᠨ ᠰᠠᠨᠠᠭᠰᠠᠨ ᠬᠥᠮᠥᠨ ᠤ ᠦᠷ᠎ᠡ ᠬᠤᠯᠠ ᠶᠢ ᠵᠣᠷᠢᠨ ᠰᠡᠳᠬᠢᠯ ᠬᠤᠪᠢᠶᠠᠭᠳᠠᠬᠤ | ᠰᠠᠶᠢᠬᠠᠨ | ᠨᠣᠭᠤᠭ᠎ᠠ ᠶᠢᠨ ᠦᠨᠦᠷ ᠬᠠᠮᠠᠷ ᠭᠤᠪᠤᠭᠠᠨᠠᠭᠤᠯᠤᠨ ᠬᠠᠶᠠᠭ᠎ᠠ ᠪᠠᠷ ᠰᠢᠷᠭᠤᠬᠤ ᠰᠠᠶᠢᠬᠠᠨ | ᠨᠣᠮᠣᠬᠠᠨ ᠲᠡᠭᠷᠢ ᠭᠡᠨᠡᠳᠲᠡ ᠨᠢᠵᠢᠭᠢᠨᠡᠨ ᠪᠣᠷᠣᠭᠠᠨ ᠣᠷᠣᠬᠤ ᠯᠡ ᠰᠠᠶᠢᠬᠠᠨ | ᠮᠠᠰᠢᠨ ᠤ ᠲᠣᠭᠤᠰᠣ ᠲᠠᠢ ᠬᠠᠮᠲᠤ ᠬᠠᠪᠤᠷ ᠤᠨ ᠲᠤᠬᠠᠢ ᠰᠤᠷᠠᠭ ᠲᠠᠮᠵᠢᠵᠦ ᠢᠷᠡᠬᠦ ᠰᠠᠶᠢᠬᠠᠨ | | ᠱᠠᠭᠠᠵᠠᠭᠠᠢ ᠱᠠᠭᠰᠢᠯᠠ ᠭᠡᠶᠢᠴᠢᠨ ᠢᠷᠡᠬᠦ ᠨᠢ ᠭᠡᠵᠦ ᠬᠥᠭᠡᠷᠦᠯᠳᠦᠬᠦ ᠰᠠᠶᠢᠬᠠᠨ | ᠰᠠᠭᠠᠯᠢ ᠶᠢᠨ ᠰᠢᠪᠠᠭᠤ ᠡᠭᠦᠳᠡᠨ ᠳᠤ ᠰᠦ ᠬᠦᠷᠭᠡᠵᠦ ᠢᠷᠡᠯ᠎ᠡ ᠭᠡᠵᠦ ᠱᠤᠯᠤᠭᠠᠨᠠᠯᠳᠤᠬᠤ ᠰᠠᠶᠢᠬᠠᠨ | ᠭᠠᠳᠠᠨ᠎ᠠ ᠱᠣᠩ ᠳᠡᠭᠡᠷ᠎ᠡ ᠲᠣᠯᠣᠭᠠᠢ ᠬᠠᠶᠠᠯᠠᠭᠰᠠᠨ ᠭᠠᠩᠭᠠᠩ ᠮᠣᠷᠢᠳ ᠰᠣᠶᠢᠭᠳᠠᠬᠤ ᠰᠠᠶᠢᠬᠠᠨ | ᠭᠠᠳᠠᠭ᠎ᠠ ᠭᠡᠷ ᠲᠤ ᠦᠭᠡᠢ ᠤᠷᠳᠤ ᠶᠢᠨ ᠳᠠᠭᠤᠤ ᠤᠶᠠᠩᠭᠠᠷᠠᠭᠰᠠᠨ | ᠬᠥᠳᠡᠭᠡ ᠶᠢᠨ ᠠᠮᠢᠳᠤᠷᠠᠯ ᠮᠢᠨᠢ ᠰᠠᠶᠢᠬᠠᠨ | | ᠢᠰᠢᠭᠡ ᠬᠠᠷᠢᠭᠤᠯᠤᠨ ᠪᠣᠷᠣᠭᠠᠨ ᠳᠤ ᠨᠣᠷᠣᠭᠰᠠᠨ ᠬᠡᠦᠬᠡᠳ ᠨᠠᠰᠤᠨ ᠳᠠᠭᠠᠨ ᠪᠤᠴᠠᠬᠤ ᠰᠠᠶᠢᠬᠠᠨ | ᠡᠪᠡᠢ ᠬᠥᠭᠡᠷᠦᠬᠦᠢ ᠭᠡᠳ ᠡᠵᠢ ᠮᠢᠨᠢ ᠬᠥᠭᠡᠷᠦᠭᠦᠯᠦᠭᠰᠡᠨ ᠰᠦ ᠪᠠᠷ ᠱᠠᠩᠨᠠᠬᠤ ᠰᠠᠶᠢᠬᠠᠨ | ᠬᠠᠨ᠎ᠠ ᠲᠠᠭᠠᠵᠦ ᠭᠤᠯᠭᠤᠭᠰᠠᠨ ᠨᠠᠷᠠᠨ ᠤ ᠦᠨᠦᠷ ᠠᠮᠢᠰᠬᠤᠯᠯᠠᠬᠤ ᠰᠠᠶᠢᠬᠠᠨ | ᠬᠠᠪᠤᠷ ᠤᠨ ᠲᠤᠬᠠᠢ ᠰᠡᠳᠬᠢᠯ ᠳᠣᠭᠳᠣᠯᠤᠨ ᠰᠢᠯᠦᠭ ᠪᠢᠴᠢᠬᠦ ᠰᠠᠶᠢᠬᠠᠨ ᠠ᠋᠃ |