ᠲ᠊ · ᠪᠠᠲᠤᠪᠤᠶᠠᠨ | | | | | ᠲᠦᠷᠦᠭᠰᠡᠨ ᠨᠤᠲᠤᠭ ᠤᠨ ᠮᠢᠨᠢ ᠬᠠᠪᠤᠷ ᠠ᠋ ᠭᠡᠵᠦ | ᠲᠥᠯ ᠤᠨ ᠲᠠᠭᠤ ᠲᠠᠢ ᠤᠶᠠᠷᠠᠵᠤ ᠢᠷᠡᠭᠡ ᠤᠤ | ᠲᠦᠮᠡᠨ ᠪᠣᠳᠠᠰ ᠨᠢᠯᠬᠠᠷᠠᠨ ᠵᠥᠭᠡᠯᠡᠷᠡᠭᠡᠳ | ᠲᠦᠭᠡᠮᠡᠯ ᠬᠠᠶᠢᠷ᠎ᠠ ᠳᠠᠭᠤᠤ ᠪᠠᠷ ᠴᠠᠯᠭᠢᠯᠠᠨ᠎ᠠ ᠤᠤ | ᠬᠤᠯᠠ ᠶᠢᠨ ᠪᠠᠷ᠎ᠠ ᠣᠶᠢᠷᠠᠲᠤᠨ ᠴᠡᠩᠬᠡᠷᠲᠦᠭᠡᠳ | ᠬᠤᠨ ᠤ ᠮᠥᠷᠥᠭᠡᠳᠦᠯ ᠢᠶᠠᠷ ᠢᠵᠢᠯᠢ ᠪᠠᠨ ᠦᠭᠡᠶᠢᠯᠡᠭᠡ ᠤᠤ | | ᠲᠣᠷᠭᠤᠳ ᠨᠤᠲᠤᠭ ᠤᠨ ᠮᠢᠨᠢ ᠬᠠᠪᠤᠷ ᠠ᠋ ᠭᠡᠵᠦ | ᠳᠤᠷᠠᠯᠠᠯ ᠤᠨ ᠥᠩᠭᠡ ᠪᠠᠷ ᠨᠠᠮᠢᠷᠠᠵᠤ ᠢᠷᠡᠭᠡ ᠤᠤ | ᠲᠤᠩ ᠬᠤᠯᠠ ᠶᠢᠨ ᠠᠮᠠᠷᠠᠭ ᠢᠶᠠᠨ ᠳᠤᠷᠠᠰᠤᠭᠠᠳ | ᠲᠣᠣᠷᠠᠢ ᠶᠢᠨ ᠨᠠᠮᠢᠷᠠᠭᠠᠨ ᠳᠤ ᠬᠠᠶᠢᠷ᠎ᠠ ᠪᠠᠨ ᠰᠢᠩᠭᠡᠭᠡ ᠤᠤ | ᠦᠨᠡᠨᠴᠢ ᠬᠠᠶᠢᠷ᠎ᠠ ᠪᠠᠨ ᠨᠡᠬᠡᠨ ᠰᠠᠨᠠᠭᠠᠯᠵᠠᠭᠠᠳ | ᠤᠷᠢᠨ ᠰᠠᠯᠬᠢᠨ ᠳᠤ ᠳᠤᠷᠠᠯᠠᠯ ᠢᠶᠠᠨ ᠰᠢᠪᠡᠨᠡᠭᠡ ᠤᠤ | | ᠤᠨᠠᠭᠰᠠᠨ ᠨᠤᠲᠤᠭ ᠤᠨ ᠮᠢᠨᠢ ᠬᠠᠪᠤᠷ ᠠ᠋ ᠭᠡᠵᠦ | ᠤᠶᠠᠩᠭ᠎ᠠ ᠶᠢᠨ ᠬᠦᠰᠡᠯ ᠲᠠᠢ ᠳᠠᠭᠤᠯᠠᠵᠤ ᠢᠷᠡᠭᠡ ᠤᠤ | ᠤᠴᠢᠷ ᠪᠢᠲᠡᠭᠦᠦ ᠬᠤᠷᠸ᠎ᠠ ᠶᠢᠨ ᠲᠣᠭᠤᠰᠣ ᠨᠢ | ᠤᠬᠠᠭᠠᠨ ᠰᠠᠨᠠᠭᠠᠨ ᠳᠤ ᠳᠤᠷᠠᠯᠠᠯ ᠰᠢᠪᠡᠨᠡᠭᠡ ᠤᠤ | ᠬᠠᠶᠢᠷ᠎ᠠ ᠪᠠᠨ ᠮᠠᠨᠠᠭᠰᠠᠨ ᠤᠶᠠᠩᠭ᠎ᠠ ᠶᠢᠨ ᠡᠭᠡᠰᠢᠭ | ᠬᠠᠵᠠᠭᠤ ᠬᠠᠶᠠᠭᠠᠨ ᠠᠴᠠ ᠮᠥᠷᠥᠭᠡᠳᠦᠯ ᠨᠡᠭᠡᠭᠡ ᠤᠤ |