| ᠵᠡᠭᠦᠨᠭᠠᠷ ᠲᠠᠯᠠᠢ | | - ᠽᠠᠠᠲᠠᠷᠠ ᠠᠭᠰᠠᠨ ᠤ ᠭᠡᠭᠡᠨ ᠰᠦᠨᠡᠰᠦᠨᠡ | ᠤᠮᠠᠷ᠎ᠠ ᠶᠢᠨ ᠲᠡᠭᠷᠢ ᠴᠠᠰᠤ ᠪᠠᠷ ᠡᠮᠭᠡᠨᠢᠨ ᠭᠠᠩᠰᠠᠷᠠᠵᠤ | ᠠᠭᠤᠳᠠᠮ ᠳᠡᠯᠡᠬᠡᠢ ᠮᠥᠰᠥ ᠪᠠᠷ ᠮᠡᠭᠰᠢᠨ ᠭᠠᠰᠢᠭᠤᠳᠠᠪᠠᠢ | ᠤᠳᠬ᠎ᠠ ᠤᠶᠠᠩᠭ᠎ᠠ ᠵᠠᠭᠤᠨ ᠨᠠᠮᠤᠷ ᠤᠶᠢᠳᠬᠠᠷᠯᠠᠵᠤ | ᠤᠷᠠᠯᠢᠭ ᠰᠣᠶᠣᠯ ᠮᠢᠩᠭᠠᠨ ᠬᠠᠪᠤᠷ ᠭᠤᠨᠢᠶᠠᠷᠬᠠᠮᠤᠢ | | ᠲᠦᠨᠡᠷ ᠬᠠᠷᠠᠩᠭᠤᠢ ᠳᠤ ᠰᠠᠷᠠᠨ ᠤ ᠭᠡᠷᠡᠯ ᠲᠤᠩᠭᠠᠯᠠᠭ | ᠲᠦᠭ ᠲᠦᠮᠡᠨ ᠳᠤ ᠬᠥᠮᠥᠨ ᠤ ᠴᠢᠨᠠᠷ ᠲᠤᠩᠭᠠᠯᠠᠭ | ᠲᠦᠷᠦ ᠵᠠᠰᠠᠭᠯᠠᠯ ᠳᠤ ᠲᠦᠪᠰᠢᠨ ᠴᠢᠬᠡᠴᠢ ᠲᠤᠩᠭᠠᠯᠠᠭ | ᠲᠦᠪᠡᠭ ᠪᠡᠷᠬᠡ ᠳᠤ ᠪᠣᠳᠣᠯᠭ᠎ᠠ ᠤᠬᠠᠭᠠᠨ ᠲᠤᠩᠭᠠᠯᠠᠭ | | ᠡᠭᠡᠯ ᠳᠠᠷᠤᠤ ᠪᠠᠷ ᠡᠷᠬᠢᠮ ᠳᠡᠭᠡᠳᠦ ᠶᠢ ᠲᠠᠨᠢᠭᠤᠯᠵᠤ | ᠡᠵᠡᠮᠳᠡᠯ ᠰᠢᠮᠳᠠᠯ ᠢᠶᠠᠷ ᠡᠷᠴᠢ ᠲᠡᠪᠴᠢᠶᠡᠷᠢ ᠶᠢ ᠮᠡᠳᠡᠭᠦᠯᠦᠭᠰᠡᠨ | ᠡᠷᠳᠡᠮ ᠬᠢᠴᠢᠶᠡᠯ ᠢᠶᠠᠷ ᠠᠭᠤᠴᠢ ᠬᠤᠯᠠᠴᠢ ᠶᠢ ᠬᠠᠷᠠᠭᠤᠯᠵᠤ | ᠡᠷᠭᠦᠯ ᠵᠢᠳᠬᠦᠯ ᠢᠶᠠᠷ ᠦᠯᠡᠮᠵᠢ ᠲᠡᠭᠦᠰ ᠢ ᠢᠯᠡᠷᠡᠭᠦᠯᠦᠭᠰᠡᠨ | | ᠠᠯᠳᠠᠷ ᠰᠣᠣ ᠪᠠᠨ ᠳᠠᠭᠠᠭᠠᠵᠤ ᠳᠠᠭᠤᠷᠢᠰᠬᠠᠭᠰᠠᠨ ᠵᠢᠳᠬᠦᠯᠲᠡᠨ | ᠠᠪᠢᠶᠠᠰ ᠪᠢᠯᠢᠭ ᠢᠶᠠᠨ ᠲᠠᠪᠠᠷᠠᠭᠤᠯᠵᠤ ᠭᠠᠶᠢᠬᠠᠭᠤᠯᠤᠭᠰᠠᠨ ᠡᠷᠳᠡᠮᠲᠡᠨ | ᠠᠶᠠᠭ ᠳᠥᠯᠭᠡᠨ ᠢᠶᠠᠷ ᠬᠦᠷᠢᠶᠡᠯᠡᠨ ᠲᠠᠭᠠᠰᠢᠶᠠᠭᠳᠠᠭᠰᠠᠨ ᠰᠠᠶᠢᠬᠠᠠᠲᠠᠨ | ᠠᠲᠠᠩᠭᠠ ᠭᠡᠭᠡᠷᠡᠯ ᠢᠶᠠᠷ ᠤᠷᠢᠶᠠᠯᠠᠨ ᠳᠠᠶᠢᠴᠢᠯᠠᠭᠰᠠᠨ ᠤᠬᠠᠭᠠᠨᠲᠠᠨ | | ᠬᠠᠶᠢᠷᠠᠨ᠂ ᠡᠷᠳᠡᠨᠢᠲᠦ ᠠᠨᠳᠠ ᠪᠠᠨ ᠠᠯᠮᠠᠶᠢᠷᠠᠨ ᠠᠯᠳᠠᠴᠢᠬᠠᠬᠤ ᠭᠡᠵᠢ | ᠬᠠᠷᠠᠮᠰᠠᠯ᠂ ᠡᠷᠭᠢᠵᠦ ᠠᠭᠤᠯᠵᠠᠯ ᠦᠭᠡᠢ ᠬᠠᠭᠠᠴᠠᠨ ᠣᠳᠴᠢᠬᠠᠬᠤ ᠭᠡᠵᠢ | ᠬᠠᠲᠠᠭᠤ ᠣᠷᠴᠢᠯᠠᠩ ᠤᠨ ᠬᠠᠤᠯᠢ ᠠᠴᠠ ᠶᠠᠭᠠᠬᠢᠨ ᠵᠠᠶᠢᠯᠠᠬᠤ ᠪᠤᠢ ᠳ᠋ᠠ | ᠬᠠᠯᠢᠭᠰᠠᠨ ᠰᠠᠷᠠᠠ ᠳᠤᠷ ᠵᠢᠷᠦᠬᠡ ᠰᠢᠮᠰᠢᠷᠡᠨ ᠨᠠᠮᠠᠨᠴᠢᠯᠠᠮᠤ︕ | | |