ᠲ᠊ · ᠪᠠᠲᠤᠪᠤᠶᠠᠨ | | ᠨᠠᠷᠠ ᠵᠢᠷᠭᠠᠬᠤ ᠶᠢᠨ ᠪᠦᠷᠦᠢ ᠪᠠᠷ ᠬᠠᠭᠤᠴᠢᠨ ᠭᠠᠴᠠᠭᠠᠨ ᠲᠥᠪ ᠳᠡᠭᠡᠷ᠎ᠡ ᠪᠠᠨ ᠢᠷᠡᠪᠡ᠃ ᠲᠡᠷᠡᠬᠡᠨ | ᠵᠠᠭᠤᠷ᠎ᠠ ᠣᠶᠢᠷ᠎ᠠ ᠬᠠᠪᠢ ᠳᠤ ᠨᠣᠶᠢᠲᠠᠨ ᠰᠤᠷᠮᠤᠰᠤᠳᠠᠨ ᠤ ᠪᠠᠷ᠎ᠠ ᠬᠠᠷᠠᠭᠳᠠᠭᠰᠠᠨ ᠦᠭᠡᠢ᠃ ᠰᠦᠷᠦᠭ ᠪᠠᠷ ᠪᠡᠯᠴᠢᠬᠦ | ᠢᠮᠠᠭ᠎ᠠ ᠬᠤᠨᠢᠨ ᠰᠦᠷᠦᠭ ᠪᠢᠲᠡᠭᠡᠢ ᠭᠡᠯᠡ᠂ ᠪᠥᠭᠡᠮ ᠢᠶᠠᠷ ᠲᠤᠩᠭᠤᠷᠠᠯᠳᠤᠨ ᠳᠠᠪᠬᠢᠯᠳᠤᠬᠤ ᠡᠯᠵᠢᠭᠡᠨ ᠤ ᠪᠠᠷ᠎ᠠ ᠴᠦ | ᠦᠵᠡᠭᠳᠡᠭᠰᠡᠨ ᠦᠭᠡᠢ᠃ ᠶᠡᠭᠡ ᠲᠣᠭᠤᠭᠠᠨ ᠤ ᠦᠶ᠎ᠡ ᠳᠤ ᠳᠠᠷᠢᠭᠰᠠᠨ ᠬᠡᠳᠦᠨ ᠵᠢᠭᠳᠡ ᠮᠣᠳᠣ ᠯᠡ ᠥᠭᠢᠷᠡᠵᠦ | ᠤᠨᠠᠭᠠᠳ ᠵᠡᠭᠦᠨᠰᠢ ᠪᠠᠨ ᠪᠠᠷᠠᠭᠤᠨᠰᠢ ᠪᠠᠨ ᠠᠷᠬᠠᠶᠢᠵᠤ ᠰᠠᠭᠰᠠᠶᠢᠯᠴᠠᠨ ᠠᠷᠠᠴᠢᠯᠠᠵᠤ ᠳᠣᠳᠣᠮᠳᠠᠬᠤ ᠡᠵᠡᠨ ᠳᠡᠭᠡᠨ | ᠭᠤᠯᠣᠭᠳᠠᠭᠰᠠᠨ ᠮᠠᠶ᠋ᠢᠭᠲᠠᠢ ᠳᠦᠩᠰᠦᠶᠢᠨᠡ᠃ ᠭᠠᠳᠠᠭᠤᠷ ᠳᠣᠲᠣᠭᠤᠷ ᠲᠠᠲᠠᠭᠰᠠᠨ ᠲᠣᠣᠷ ᠰᠠᠷᠠᠯᠵᠢ᠂ ᠬᠠᠰᠢᠶ᠎ᠠ | ᠬᠦᠷᠢᠶ᠎ᠡ ᠨᠢ ᠴᠦ ᠰᠡᠳᠡᠷᠡᠵᠦ ᠣᠩᠭᠤᠶᠢᠭᠠᠳ ᠬᠥᠭᠡᠷᠦᠬᠦᠶᠢᠯᠡᠯᠲᠡᠢ ᠬᠠᠷᠠᠭᠳᠠᠨ᠎ᠠ᠃ | ᠲᠡᠭᠡᠲᠡᠯ᠎ᠡ ᠨᠠᠮᠠᠶᠢ ᠡ᠊ᠩᠭᠦᠷᠡᠶᠢᠯᠡᠵᠦ ᠥᠰᠬᠡᠭᠰᠡᠨ ᠳᠣᠯᠭᠠᠷ ᠡᠵᠢ᠂ ᠰᠦᠷᠦᠩ ᠨᠠᠰᠤᠲᠠᠨ ᠬᠤᠶᠠᠷ ᠮᠢᠨᠢ | ᠲᠤᠰᠤᠨ ᠢᠷᠡᠯ᠎ᠡ᠃ ᠲᠡᠷᠡ ᠯᠡ ᠬᠤᠯᠠ ᠠᠴᠠ ᠠᠭᠤᠯᠵᠠᠬᠤ ᠭᠡᠵᠦ ᠬᠥᠭᠰᠡᠨ ᠲᠡᠮᠡᠦᠯᠵᠦ ᠢᠷᠡᠭᠰᠡᠨ ᠬᠠᠶᠢᠷᠠᠲᠤ ᠬᠤᠶᠠᠷ | ᠬᠥᠮᠥᠨ ᠤ ᠪᠠᠨ ᠨᠢᠭᠤᠷ ᠴᠢᠷᠠᠢ ᠶᠢ ᠦᠵᠡᠨ ᠪᠠᠶᠠᠷᠯᠠᠵᠤ ᠶᠠᠳᠠᠷᠠᠭ᠎ᠠ ᠴᠢᠯᠡᠭᠡ ᠮᠢᠨᠢ ᠲᠠᠶᠢᠯᠤᠭᠳᠠᠭᠠᠳ ᠯᠡ ᠲᠠᠭᠢᠭᠠᠳ | ᠬᠡᠦᠬᠡᠳ ᠨᠠᠰᠤᠨ ᠳᠠᠭᠠᠨ ᠪᠤᠴᠠᠭᠰᠠᠨ ᠶᠤᠮ ᠰᠢᠭ᠋ ᠰᠡᠳᠬᠢᠯ ᠳᠣᠭᠳᠣᠯᠪᠠ᠃ ᠬᠥᠭᠡᠷᠦᠬᠦᠢ ᠬᠤᠶᠠᠷ ᠨᠠᠰᠤᠲᠠᠨ ᠮᠢᠨᠢ | ᠵᠢᠵᠢᠭᠷᠡᠵᠦ ᠪᠤᠭᠤᠷᠤᠯᠲᠤᠭᠠᠳ ᠶᠠᠭ ᠯᠡ ᠬᠡᠦᠬᠡᠳ ᠰᠢᠭ ᠪᠣᠯᠴᠢᠬᠠᠵᠠᠢ ᠃ | ᠪᠢ ᠬᠤᠳᠠ ᠠᠴᠠ ᠠᠪᠴᠢᠷᠠᠭᠰᠠᠨ ᠵᠥᠭᠡᠯᠡᠨ ᠠᠮᠲᠠᠲᠠᠢ ᠰᠢᠬᠢᠷ ᠢᠳᠡᠭᠡᠨ ᠢᠶᠠᠨ ᠳᠡᠯᠭᠡᠵᠦ ᠳᠣᠯᠭᠠᠷ | ᠡᠵᠢ ᠳᠡᠭᠡᠨ ᠠᠮᠰᠠᠭᠤᠯᠤᠭᠠᠳ ᠬᠤᠶᠠᠷ ᠨᠠᠰᠤᠲᠠᠨ ᠮᠢᠨᠢ ᠴᠦ ᠬᠤᠭᠤᠯᠠ ᠪᠤᠳᠠᠭ᠎ᠠ ᠪᠠᠵᠠᠭᠠᠨ ᠬᠥᠯ ᠭᠦᠭ ᠦᠭᠡᠢ | ᠪᠣᠯᠵᠤ ᠪᠠᠶᠠᠷᠯᠠᠯᠳᠤᠨ ᠬᠤᠨᠣᠵᠠᠭᠠᠯᠠ᠃ ︽ᠨᠤᠲᠤᠭ ᠤᠰᠤ ᠵᠢᠯ ᠠᠴᠠ ᠵᠢᠯ ᠬᠤᠪᠢᠷᠠᠵᠤ ᠯᠠ ᠪᠠᠶᠢᠬᠤ ᠶᠤᠮ ᠳ᠋ᠠ᠃ | ᠣᠶᠢᠷ᠎ᠠ ᠰᠠᠭᠠᠬᠠᠯᠲᠠ ᠶᠢᠨ ᠬᠢᠨ ᠪᠠᠷᠤᠭ ᠪᠦᠭᠦᠳᠡᠭᠡᠷ ᠰᠢᠨ᠎ᠡ ᠲᠤᠰᠬᠤᠨ ᠳᠤ ᠨᠡᠭᠦᠵᠦ ᠣᠴᠢᠭᠰᠠᠨ᠃ ᠥᠨᠥ ᠮᠠᠷᠭᠠᠰᠢ | ᠪᠣᠯᠤᠭᠰᠠᠨ ᠪᠢᠳᠡ ᠬᠤᠶᠠᠷ ᠯᠡ ᠡᠨᠡ ᠨᠤᠲᠤᠭ ᠪᠠᠭᠤᠳᠠᠯ ᠠᠴᠠ ᠪᠠᠨ ᠰᠠᠯᠵᠤ ᠲᠦᠪᠳᠡᠬᠦ ᠦᠭᠡᠢ᠂ ᠡ᠊ᠨᠳᠡᠭᠢ | ᠪᠢᠳᠡᠭᠦᠯᠦᠭᠰᠡᠨ ᠤᠢ ᠮᠣᠳᠣ ᠪᠠᠨ ᠬᠠᠷᠠᠵᠤ ᠦᠯᠡᠳᠡᠯ᠎ᠡ ᠁︾ ᠭᠡᠵᠦ ᠵᠣᠭᠤᠭ ᠳᠡᠯᠭᠡᠨ ᠪᠠᠶᠢᠭᠰᠠᠭᠠᠷ ᠶᠠᠳᠠᠷᠠᠵᠤ | ᠬᠤᠶᠠᠷ ᠨᠠᠰᠤᠲᠠᠨ ᠮᠢᠨᠢ ᠴᠦ ᠲᠤᠭ ᠨᠣᠶᠢᠷ ᠲᠠᠭᠠᠨ ᠣᠷᠣᠯ᠎ᠠ᠃ ᠲᠦᠷᠦᠭᠰᠡᠨ ᠨᠤᠲᠤᠭ ᠲᠠᠭᠠᠨ ᠢᠷᠡᠵᠦ ᠪᠤᠳᠤᠯ | ᠣᠯᠠᠳᠠᠭᠰᠠᠨ ᠠᠴᠠ ᠤᠤ︖ ᠡᠰᠡᠬᠦᠯ᠎ᠡ ᠬᠤᠶᠠᠷ ᠨᠠᠰᠤᠲᠠᠨ ᠢᠶᠠᠨ ᠦᠵᠡᠵᠦ ᠰᠡᠳᠬᠢᠯ ᠶᠡᠭᠡ ᠬᠥᠳᠡᠯᠦᠭᠰᠡᠨ ᠠᠴᠠ ᠤᠤ︖ | ᠨᠣᠶᠢᠷ ᠶᠡᠷᠦ ᠭᠦᠷᠳᠡᠭ ᠦᠭᠡᠢ᠂ᠡᠳᠦᠷ ᠤᠨ ᠦᠵᠡᠭᠰᠡᠨ ᠬᠠᠷᠠᠭᠰᠠᠨ ᠢᠶᠠᠨ ᠡᠷᠭᠢᠴᠡᠭᠦᠯᠦᠨ ᠤᠯᠠᠨ ᠶᠠᠭᠤᠮ᠎ᠠ | ᠪᠤᠳᠤᠵᠦ ᠬᠡᠪᠲᠡᠯ᠎ᠡ ᠃ | ᠬᠤᠳᠠ ᠳᠤ ᠰᠠᠭᠤᠭ᠎ᠠ ᠭᠠᠭᠴᠠ ᠬᠦᠦ ᠨᠢ ᠡᠵᠢ ᠠᠪᠤ ᠪᠠᠨ ᠬᠠᠵᠠᠭᠤ ᠳᠡᠷᠭᠡᠳᠡ ᠪᠠᠨ ᠠᠪᠠᠴᠢᠵᠤ | ᠠᠰᠠᠷᠠᠬᠤ ᠰᠠᠨᠠᠭᠠᠲᠠᠢ ᠬᠤᠶᠠᠷ ᠤᠳᠠᠭ᠎ᠠ ᠢᠷᠡᠵᠦ ᠠᠪᠠᠴᠢᠬᠤ ᠭᠡᠳ ᠴᠢᠳᠠᠭᠰᠠᠨ ᠦᠭᠡᠢ ᠭᠡᠳᠡᠭ ᠃ ︽ᠲᠡᠷᠡ | ᠬᠥᠮᠥᠨ ᠤᠯᠠᠨ ᠲᠠᠢ ᠭᠠᠵᠠᠷ ᠠᠮᠢᠳᠤᠷᠠᠬᠤ ᠬᠠᠷ᠎ᠠ ᠶᠠᠷᠰᠢᠭ᠂ ᠡᠯᠵᠢᠭᠡᠨ ᠲᠡᠷᠭᠡ ᠪᠢᠳᠡ ᠬᠤᠶᠠᠷ ᠴᠢᠯᠦᠭᠡ ᠭᠤᠶᠤᠬᠤ | ᠴᠠᠭ ᠠᠷᠠᠢ ᠪᠣᠯᠤᠭ᠎ᠠ ᠦᠭᠡᠢ ᠪᠠᠶᠢᠨ᠎ᠠ ᠠ᠋ ᠁︾ ᠭᠡᠳ ᠯᠡ ᠰᠦᠷᠦᠩ ᠨᠠᠰᠤᠲᠠᠨ ᠵᠥᠷᠢᠭᠦᠳᠯᠡᠭᠡᠳ ᠯᠡ | ᠬᠠᠯᠭᠠᠭᠰᠠᠨ ᠦᠭᠡᠢ ᠭᠡᠳᠡᠭ᠃ ᠡᠪᠦᠭᠡᠨ ᠭᠤᠸᠠᠢ ᠶᠡᠷᠦᠳᠡᠭᠡᠨ ᠵᠦᠭᠡᠷ ᠰᠠᠭᠤᠳᠠᠭ ᠦᠭᠡᠢ ᠬᠥᠮᠥᠨ᠂ ᠬᠡᠵᠢᠶᠡᠳᠡ ᠯᠡ | ᠬᠦᠷᠵᠡ ᠮᠥᠷᠥᠯᠡᠴᠢᠬᠡᠭᠰᠡᠨ ᠨᠢᠭᠡ ᠮᠠᠭᠤ ᠡᠯᠵᠢᠭᠡᠨ ᠲᠡᠷᠭᠡ ᠭᠦᠳᠦᠯᠦᠴᠢᠭᠡᠭᠰᠡᠨ ᠨᠢᠯᠬ᠎ᠠ ᠨᠠᠶᠢᠯᠵᠠᠭ ᠲᠣᠣᠷᠠᠢ | ᠮᠣᠳᠣ ᠶᠢᠨ ᠬᠠᠰᠢᠶ᠎ᠠ ᠪᠠᠨ ᠵᠠᠰᠠᠨ ᠶᠠᠪᠤᠳᠠᠭ ᠨᠢ ᠬᠠᠷᠠᠭᠳᠠᠳᠠᠭ᠃ ᠮᠢᠨᠤ ᠰᠡᠳᠬᠢᠯ ᠳᠤ ᠡᠨᠡᠬᠦ ᠨᠣᠪ ᠨᠣᠭᠤᠭᠠᠨ ᠤᠢ | ᠶᠢᠨ ᠳᠤᠮᠳᠠᠬᠢ ᠠᠵᠢᠯᠴᠢ ᠴᠠᠶᠢᠯᠭᠠᠨ ᠪᠤᠭᠤᠷᠤᠯ ᠤᠨ ᠳᠦᠷᠢ ᠪᠠᠶᠢᠷᠢ ᠠᠪᠤᠨ ᠥᠨᠳᠥᠷᠵᠢᠭᠰᠡᠨ ᠪᠢᠯᠡ᠃ ᠨᠢᠭᠡ | ᠤᠳᠠᠭ᠎ᠠ ᠰᠤᠷᠭᠠᠭᠤᠯᠢ ᠳᠤ ᠪᠠᠶᠢᠬᠤ ᠳᠠᠭᠠᠨ ︽ᠠᠯᠠᠱᠠ ᠶᠢᠨ ᠡᠳᠦᠷ ᠤᠨ ᠰᠣᠨᠢᠨ︾ ᠳᠡᠭᠡᠷ᠎ᠡ ᠠᠴᠠ ᠰᠦᠷᠦᠩ | ᠨᠠᠰᠤᠲᠠᠨ ᠤ ᠮᠢᠩᠭᠠᠨ ᠮᠦ ᠭᠠᠵᠠᠷ ᠤᠨ ᠤᠢ ᠮᠣᠳᠣ ᠶᠢ ᠬᠠᠮᠠᠭᠠᠯᠠᠨ ᠪᠢᠲᠡᠭᠦᠮᠵᠢᠯᠡᠵᠦ ᠤᠷᠭᠤᠭᠤᠯᠤᠬᠰᠠᠨ ᠦᠢᠯᠡ | ᠶᠠᠪᠤᠳᠠᠯ ᠢ ᠪᠢᠴᠢᠭᠰᠡᠨ ᠤᠷᠠᠨ ᠴᠢᠮᠡᠭᠡᠯᠡᠯ ᠢ ᠣᠯᠵᠤ ᠤᠩᠰᠢᠭᠠᠳ ᠪᠦᠲᠦᠨ ᠡᠳᠦᠷ ᠢᠶᠠᠷ ᠪᠠᠶᠠᠷᠯᠠᠨ ᠳᠡᠪᠬᠡᠷᠴᠦ | ᠳᠣᠭᠳᠣᠯᠵᠤ ᠶᠠᠪᠤᠭᠰᠠᠨ ᠰᠠᠨ︕ ︽ᠨᠠᠰᠤᠨ ᠤ ᠨᠠᠮᠤᠷ ᠭᠠᠳᠠᠨ᠎ᠠ ᠢᠷᠡᠬᠦ ᠳᠤ ᠨᠠᠷᠠᠳᠤ ᠶᠢᠨ ᠵᠢᠮ᠎ᠡ ᠶᠢ ᠤᠬᠠᠭᠠᠷᠠᠬᠤ | ᠶᠤᠮ ᠠ᠋ ︾ ᠭᠡᠳᠡᠭ ᠳᠠᠭᠤᠤ ᠶᠢᠨ ᠦᠭᠡ ᠪᠠᠶᠢᠳᠠᠭ᠂ ᠡᠨᠡ ᠳᠤᠷᠠᠰᠤᠯ ᠪᠥᠮᠪᠥᠷᠢᠭᠰᠡᠨ ᠰᠠᠶᠢᠬᠠᠨ ᠭᠤᠣᠯ ᠤᠨ ᠤᠢ | ᠮᠣᠳᠣ ᠪᠠᠨ ᠬᠠᠮᠠᠭᠠᠯᠠᠵᠤ ᠡ᠊ᠡᠳᠡᠭᠢ ᠨᠤᠲᠤᠭ ᠤᠰᠤᠨ ᠤ ᠪᠠᠨ ᠨᠢᠪᠳᠠᠭ ᠰᠠᠪᠳᠠᠭ ᠢᠶᠠᠨ ᠰᠠᠬᠢᠵᠤ ᠪᠠᠶᠠᠷᠯᠠᠭᠤᠯᠤᠭᠰᠠᠨ | ᠰᠦᠷᠦᠩ ᠠᠪᠤ ᠰᠢᠭ᠋᠂ ᠳᠣᠯᠭᠠᠷ ᠡᠵᠢ ᠮᠢᠨᠢ ᠰᠢᠭ ᠤᠯᠠᠨ ᠰᠠᠶᠢᠬᠠᠨ ᠪᠤᠭᠤᠷᠤᠯ ᠤᠳ ᠢᠶᠠᠷ ᠢᠶᠠᠨ ᠪᠠᠷᠳᠠᠵᠦ ᠪᠠᠭ᠋ᠠᠷᠤᠮᠠᠷ | ᠠ᠋ ᠁ | ᠁ ᠪᠢ ᠲᠡᠭᠷᠢ ᠪᠦᠷᠬᠦᠭᠰᠡᠨ ᠨᠣᠪ ᠨᠣᠭᠤᠭᠠᠨ ᠤᠢ ᠶᠢᠨ ᠳᠤᠮᠳᠠᠭᠤᠷ ᠠᠯᠬᠤᠯᠠᠵᠤ ᠶᠠᠪᠤᠨ᠎ᠠ᠃ | ᠦᠶ᠎ᠡ ᠨᠠᠮᠠᠭ᠎ᠠ ᠪᠠᠷ ᠢᠶᠠᠨ ᠰᠠᠵᠢᠯᠠᠨ ᠱᠤᠤᠭᠢᠬᠤ ᠤᠯᠠᠨ ᠮᠢᠩᠭᠠᠨ ᠲᠣᠣᠷᠠᠢ ᠶᠢᠨ ᠨᠠᠶᠢᠯᠵᠠᠭ᠂ ᠴᠠᠭ ᠤᠨ ᠴᠢᠯᠦᠭᠡ ᠪᠠᠷ | ᠤᠷᠤᠰᠤᠨ ᠥᠩᠭᠡᠷᠡᠬᠦ ᠣᠨ ᠵᠢᠯ ᠤᠳ ᠤᠨ ᠮᠠᠷᠲᠠᠭᠰᠠᠨ ᠳᠤᠷᠠᠳᠬᠠᠯ ᠰᠡᠷᠭᠦᠭᠡᠵᠦ ᠨᠠᠮᠤᠷ ᠤᠨ ᠰᠠᠯᠬᠢᠨ ᠳᠤ | ᠨᠠᠮᠤᠭᠤᠬᠠᠨ ᠲᠡᠷᠪᠡᠯᠵᠡᠨᠡ᠃ ᠰᠦᠷᠦᠩ ᠨᠠᠰᠤᠲᠠᠨ ᠴᠠᠭᠠᠨ ᠰᠠᠬᠠᠯ ᠢᠶᠠᠨ ᠢᠯᠪᠢᠨ ᠬᠦᠷᠵᠡ ᠪᠠᠨ ᠲᠤᠯᠵᠤ | ᠮᠦᠰᠢᠶᠡᠵᠦ ᠵᠣᠭᠰᠣᠨ᠎ᠠ᠃ ︽ᠭᠤᠸᠠᠨ ᠡᠵᠢ︾ ᠴᠠᠭᠠᠨ ᠠᠯᠴᠢᠭᠤᠷ ᠢᠶᠠᠨ ᠠᠪᠤᠭᠠᠳ ᠲᠣᠮᠣ ᠲᠣᠮᠣ ᠨᠣᠭᠤᠭᠠᠨ | ᠲᠠᠷᠪᠤᠰ ᠬᠠᠭᠠᠯᠤᠨ ᠪᠢᠳᠡᠨ ᠢ ᠳᠠᠯᠠᠯᠵᠤ ᠪᠠᠶᠢᠨ᠎ᠠ ᠁ ᠲᠠᠨᠳᠠᠭᠠᠢ ᠡᠪᠦᠭᠡᠨ ᠬᠠᠳᠤᠭᠤᠷ ᠢᠶᠠᠨ ᠲᠠᠯᠪᠢᠭᠠᠳ | ᠰᠡᠭᠦᠳᠡᠷ ᠲᠤ ᠰᠠᠭᠤᠵᠤ᠂ ︽ᠢᠮᠠᠭᠠᠨ ᠤ ᠡᠪᠡᠷ ᠬᠤᠶᠠᠷ ᠶᠤᠮ ᠰᠢᠤ ᠭᠦ᠋︾ ᠭᠡᠳ ᠳᠠᠭᠤᠯᠠᠵᠤ ᠭᠠᠷᠤᠯ᠎ᠠ ᠁ | ᠤᠶᠢᠳᠤᠪ ᠡᠪᠦᠭᠡᠨ ᠬᠠᠮᠤᠭ ᠤᠨ ᠰᠡᠭᠦᠯ ᠳᠤ ᠠᠭᠠᠭᠢᠯᠠᠨ ᠢᠷᠡᠵᠦ ︽ᠤᠷᠤᠶᠢᠳᠠᠭᠠᠳ ᠢᠷᠡᠬᠦ ᠪᠠᠷ ᠣᠪᠣᠩ ᠮᠤᠩᠳᠠᠬᠤ | ᠦᠭᠡᠢ᠂ ᠥᠲᠡᠯᠦᠭᠡᠳ ᠢᠷᠡᠬᠦ ᠪᠠᠷ ᠨᠣᠶᠠᠨ ᠮᠤᠩᠳᠠᠬᠤ ᠦᠭᠡᠢ︾ ᠭᠡᠳ ᠬᠤᠯᠪᠤᠭ᠎ᠠ ᠦᠭᠡ ᠤᠷᠤᠰᠴᠤ ᠭᠠᠷᠤᠯ᠎ᠠ ᠁ | ᠲᠡᠷᠡ ᠲᠤᠷᠤᠭᠦᠭᠡᠨ ᠪᠠᠰᠠ ᠬᠥᠮᠥᠨ ᠳᠤ ᠵᠢᠮᠡᠯᠡᠭᠳᠡᠭᠰᠡᠨ ᠪᠠᠶᠢᠵᠠᠢ᠃ ᠣᠷᠣᠨ ᠤ ᠨᠠᠭᠠᠳᠤᠮ ᠳᠤ ᠶᠠᠪᠤᠭᠰᠠᠨ | ᠪᠥᠬᠡᠴᠢᠨ ᠠᠬ᠎ᠠ ᠨᠠᠮᠨᠠᠩ ᠡᠪᠦᠭᠡᠨ ᠢ ᠪᠢ ᠬᠡᠢ ᠶᠢ ᠨᠢ ᠲᠠᠭᠠᠷᠠᠭᠤᠯᠤᠭᠠᠳ ᠲᠤᠩᠭᠤᠷᠴᠤ ᠤᠷᠭᠢᠪᠠ ᠁ ᠳᠣᠯᠭᠠᠷ | ᠡᠵᠢ ᠬᠡᠨ ᠠᠴᠠ ᠴᠦ ᠢᠯᠡᠭᠦᠦ ᠪᠠᠶᠠᠷᠯᠠᠨ ᠤᠤᠬᠠᠶᠢᠯᠠᠵᠤ ᠪᠠᠶᠢᠯ᠎ᠠ ᠁ ᠡᠶᠢᠮᠦ ᠯᠡ ᠰᠠᠶᠢᠬᠠᠨ ᠤᠷᠭᠤᠭ᠎ᠠ | ᠠᠮᠢᠰᠬᠤᠯᠲᠤ ᠨᠤᠲᠤᠭ ᠤᠰᠤ ᠳᠤᠷᠠᠰᠤᠯ ᠳᠤ ᠮᠥᠩᠬᠡᠷᠡᠭᠰᠡᠨ ᠬᠥᠮᠥᠨ ᠠᠷᠠᠳ ᠶᠤᠮ ᠳ᠋ᠠ︕ ᠭᠡᠵᠦ ᠤᠷᠭᠤᠭᠤᠯᠤᠨ | ᠪᠤᠳᠤᠵᠦ ᠬᠡᠪᠲᠡᠯ᠎ᠡ᠂ ᠲᠡᠷᠡ ᠰᠥᠨᠢ ᠶᠣᠰᠣᠲᠠᠢ ᠪᠤᠳᠤᠯ ᠮᠢᠨᠢ ᠴᠤᠭᠤᠷᠠᠵᠦ ᠬᠤᠨᠣᠵᠠᠢ ᠁ |