ᠳᠠᠭᠤᠳᠠᠭᠠᠴᠢ ᠡ᠊ᠩᠭᠡᠬᠠᠲᠠ | | ᠪᠡᠭᠡᠵᠢᠩ ᠤᠨ ᠴᠠᠭ ᠢᠶᠠᠷ 2024 ᠣᠨ ᠤ 12 ᠰᠠᠷ᠎ᠠ ᠶᠢᠨ 4 ᠤ ᠡᠳᠦᠷ᠂ ᠮᠠᠨ ᠤ ᠤᠯᠤᠰ ᠤᠨ | ᠮᠡᠳᠡᠭᠦᠯᠦᠭᠰᠡᠨ ︽ᠴᠠᠭᠠᠨ ᠰᠠᠷ᠎ᠠ - ᠳᠤᠮᠳᠠᠳᠤᠴᠤᠳ ᠤᠨ ᠤᠯᠠᠮᠵᠢᠯᠠᠯᠲᠤ ᠰᠢᠨ᠎ᠡ ᠵᠢᠯ ᠢᠶᠠᠨ ᠪᠡᠯᠭᠡᠯᠡᠬᠦ ᠨᠡᠶᠢᠭᠡᠮ ᠤᠨ | ᠦᠢᠯᠡᠳᠦᠯᠭᠡ︾ ᠨᠢ ᠫᠠᠷᠠᠭᠤᠸᠠᠢ ᠶᠢᠨ ᠠᠰᠦ᠋ᠨ ᠳᠤ ᠶᠠᠪᠤᠭᠳᠠᠭᠰᠠᠨ ᠣᠯᠠᠨ ᠤᠯᠤᠰ ᠤᠨ ᠬᠤᠯᠪᠣᠭᠠᠲᠤ | ᠪᠠᠶᠢᠭᠤᠯᠭ᠎ᠠ ᠶᠢᠨ ᠪᠣᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ ᠵᠠᠰᠠᠭ ᠤᠨ ᠣᠷᠳᠣᠨ ᠤ ᠬᠤᠭᠤᠷᠣᠨᠲᠣᠭᠢ | ᠵᠥᠪᠯᠡᠯ ᠤᠨ 19 ᠳ᠋ᠦ᠋ᠭᠡᠷ ᠬᠤᠭᠤᠴᠠᠭᠠᠨ ᠤ ᠪᠠᠶᠢᠩᠭᠤ ᠶᠢᠨ ᠬᠤᠷᠠᠯ ᠢᠶᠠᠷ ︽ᠬᠥᠮᠥᠨ ᠲᠥᠷᠥᠯᠬᠢᠲᠡᠨ ᠤ ᠪᠣᠳᠠᠰ ᠤᠨ | ᠪᠤᠰᠤ ᠰᠣᠶᠣᠯ ᠤᠨ ᠥᠪ ᠤᠨ ᠲᠥᠯᠥᠭᠡᠯᠡᠭᠴᠢ ᠪᠦᠲᠦᠭᠡᠯ ᠤᠨ ᠨᠡᠷᠡᠰ ᠤᠨ ᠵᠢᠭᠰᠠᠭᠠᠯᠲᠠ︾ ᠳᠤ ᠣᠷᠣᠵᠠᠢ᠃ | ᠡ᠊ᠨᠲᠡ ᠶᠠᠷᠢᠵᠤ ᠪᠠᠶᠢᠭ᠎ᠠ ︽ᠴᠠᠭᠠᠨ ᠰᠠᠷ᠎ᠠ - ᠳᠤᠮᠳᠠᠳᠤᠴᠤᠳ ᠤᠨ ᠤᠯᠠᠮᠵᠢᠯᠠᠯᠲᠤ ᠰᠢᠨ᠎ᠡ ᠵᠢᠯ︾ | ᠭᠡᠲᠡᠭ ᠨᠢ ᠡᠯ᠎ᠡ ᠦᠨᠳᠦᠰᠦᠲᠡᠨ ᠤ ᠠᠷᠠᠳ ᠲᠦᠮᠡᠨ ᠤ ᠰᠠᠷ᠎ᠠ ᠰᠢᠨ᠎ᠡ ᠪᠠᠨ ᠥᠩᠭᠡᠷᠡᠭᠦᠯᠬᠦ ᠪᠠᠶᠠᠷ ᠳᠤᠷᠠᠰᠬᠠᠯ ᠤᠨ | ᠡᠳᠦᠷ ᠢ ᠬᠡᠯᠡᠵᠦ ᠪᠠᠶᠢᠭ᠎ᠠ ᠶᠤᠮ᠃ ᠡ᠊ᠨᠲᠡ ᠥᠭᠦᠯᠡᠨ ᠪᠤᠢ ︽ᠬᠥᠮᠥᠨ ᠲᠥᠷᠥᠯᠬᠢᠲᠡᠨ ᠤ ᠪᠣᠳᠠᠰ ᠤᠨ ᠪᠤᠰᠤ | ᠰᠣᠶᠣᠯ ᠤᠨ ᠥᠪ ᠤᠨ ᠨᠡᠷᠡᠰ ᠲᠤ ᠵᠢᠭᠰᠠᠭᠠᠭᠳᠠᠯᠠ︾ ᠭᠡᠲᠡᠭ ᠨᠢ ᠲᠣᠮᠲᠠᠲᠣ ᠶᠢᠨ ᠡᠯ᠎ᠡ ᠦᠨᠳᠦᠰᠦᠲᠡᠨ ᠤ | ᠬᠠᠮᠲᠤ ᠶᠢᠨ ᠪᠦᠲᠦᠭᠡᠭᠰᠡᠨ ᠣᠯᠠᠨ ᠲᠦᠷᠦᠯ ᠤᠨ ᠰᠠᠷ᠎ᠠ ᠰᠢᠨ᠎ᠡ ᠶᠢᠨ ᠪᠠᠶᠠᠷ ᠤᠨ ᠶᠣᠰᠣᠯᠠᠯ᠂ ᠵᠠᠩ ᠵᠠᠩᠰᠢᠯ | ᠳᠡᠯᠡᠬᠡᠢ ᠶᠢᠨ ᠪᠣᠳᠠᠰ ᠤᠨ ᠪᠤᠰᠤ ᠰᠣᠶᠣᠯ ᠤᠨ ᠰᠠᠩ ᠳᠤ ᠬᠤᠪᠢ ᠨᠡᠮᠡᠷᠢ ᠪᠠᠨ ᠡᠷᠭᠦᠯ᠎ᠡ ᠭᠡᠰᠡᠨ ᠦᠭᠡ ᠰᠢᠦ᠃ | ᠲᠡᠭᠡᠪᠡᠯ ᠨᠡᠭᠦᠳᠡᠯᠴᠢᠨ ᠮᠣᠩᠭᠤᠯᠴᠤᠳ ᠶᠠᠭᠠᠬᠢᠭᠠᠳ ᠴᠠᠭᠠᠨ ᠰᠠᠷ᠎ᠠ ᠪᠠᠨ ︽ᠴᠠᠭᠠᠨ︾ ᠭᠡᠵᠦ | ᠲᠣᠳᠣᠳᠬᠠᠬᠤ ᠪᠣᠯᠤᠭᠰᠠᠨ ᠪᠤᠢ︖ ᠴᠠᠭᠠᠨ ᠥᠩᠭᠡ ᠪᠣᠯ ᠰᠠᠶᠢᠨ ᠰᠠᠶᠢᠬᠠᠨ ᠤ ᠪᠡᠯᠭᠡᠳᠡᠯ᠂ ᠠᠷᠢᠭᠤᠨ ᠴᠠᠭᠠᠨ ᠤ | ᠪᠡᠯᠭᠡᠳᠡᠯ᠂ ᠠᠭᠤᠤ ᠶᠡᠭᠡ ᠡᠬᠡᠴᠦᠦᠯ ᠤᠨ ᠪᠦᠪᠡᠢ ᠶᠢᠨ ᠳᠠᠭᠤᠤ ᠡᠨᠡ ᠥᠩᠭᠡ ᠪᠠᠷ ᠠᠶᠠᠯᠭᠤ ᠪᠠᠨ ᠡᠬᠢᠯᠡᠭᠦᠯᠵᠦ ︽ | ᠡᠬᠡ ᠶᠢᠨ ᠴᠠᠭᠠᠨ ᠰᠦ︾ ᠡᠨᠡ ᠠᠶᠠᠯᠭᠤ ᠠᠴᠠ ᠯᠡ ᠠᠰᠬᠠᠷᠠᠵᠤ᠂ ᠬᠤᠷᠸ᠎ᠠ ᠶᠢ ᠰᠦᠯᠡᠳᠡᠭ᠃ ᠡᠶᠢᠮᠦ ᠶᠢᠨ ᠲᠤᠯᠠᠳᠠ | ᠡᠵᠢ ᠬᠥᠮᠥᠨ ᠤ ︽ᠠᠷᠢᠭᠤᠨ ᠴᠠᠭᠠᠨ ᠰᠦ︾᠂ ︽ᠠᠷᠢᠭᠤᠨ ᠴᠠᠶᠢᠯᠭᠠᠨ ᠰᠡᠳᠬᠢᠯ︾ ᠬᠤᠶᠠᠷ ᠡᠨᠡ ᠬᠦ | ᠳᠡᠯᠡᠬᠡᠢ ᠶᠢᠨ ᠰᠡᠭᠦᠳᠡᠷ ᠢ ᠦᠷᠭᠦᠭᠡᠵᠦ᠂ ᠪᠠᠷᠠᠭᠠᠨ ᠢ ᠠᠷᠴᠢᠳᠠᠭ ᠰᠢᠦ᠃ | ᠲᠡᠦᠬᠡ ᠶᠢᠨ ᠤᠯᠪᠠᠭᠠᠨ ᠠᠴᠠ ᠬᠠᠷᠠᠬᠤ ᠳᠤ᠂ ᠴᠠᠭᠠᠨ ᠨᠢ ᠠᠷᠭ᠎ᠠ ᠦᠭᠡᠢ ᠦᠨᠡᠨᠴᠢ ᠥᠩᠭᠡ᠂ ᠠᠮᠢ | ᠨᠠᠰᠣᠨ ᠤ ᠡᠬᠢᠯᠡᠯ ᠢ ᠲᠣᠳᠣᠷᠬᠠᠶᠢᠯᠠᠳᠠᠭ᠃ ᠲᠦᠷᠪᠡᠨ ᠤᠯᠠᠷᠢᠯ ᠳᠣᠲᠣᠷ᠎ᠠ ᠬᠠᠪᠤᠷ ᠪᠣᠯ ᠠᠷᠭ᠎ᠠ ᠦᠭᠡᠢ ᠠᠮᠢᠯᠠᠯ ᠢᠶᠠᠷ | ᠪᠢᠯᠬᠠᠭᠰᠠᠨ ᠤᠯᠠᠷᠢᠯ᠃ ᠠᠮᠢᠯᠠᠯ ᠤᠨ ᠥᠩᠭᠡ ᠪᠣᠯ ︽ᠴᠠᠭᠠᠨ︾᠂ ︽ᠴᠠᠭᠠᠨ ᠠᠴᠠ ᠤᠷᠭᠤᠭᠰᠠᠨ ᠨᠣᠭᠤᠭᠠᠨ | ᠥᠩᠭᠡ︾ ᠪᠤᠶᠤ᠃ ᠬᠤᠷᠠᠭ᠎ᠠ ᠪᠠᠨ ᠬᠥᠬᠦᠭᠦᠯᠵᠦ ᠪᠠᠶᠢᠭ᠎ᠠ ᠬᠤᠨᠢᠨ ᠤ ᠰᠦ ᠴᠠᠭᠠᠨ᠂ ᠬᠤᠷᠸ᠎ᠠ ᠳᠤ ᠤᠳᠠᠯ ᠦᠭᠡᠢ | ᠠᠮᠢᠯᠠᠯ ᠤᠨ ᠰᠦ ᠪᠣᠯᠣᠨ ᠤᠷᠤᠰᠬᠤ ᠭᠡᠵᠦ ᠪᠠᠶᠢᠭ᠎ᠠ ᠴᠠᠰᠤ ᠮᠥᠰᠥ ᠴᠦ ᠴᠠᠭᠠᠨ᠂ ᠬᠠᠪᠤᠷ ᠤᠨ ᠤᠷᠢᠬᠠᠨ ᠰᠠᠯᠬᠢ | ᠰᠡᠪᠡᠯᠵᠡᠬᠦ ᠡᠷᠢᠨ ᠢᠶᠠᠷ ᠰᠣᠶᠣᠭᠠᠯᠠᠨ ᠪᠠᠶᠢᠭ᠎ᠠ ᠨᠢᠯᠬ᠎ᠠ ᠨᠣᠭᠤᠭ᠎ᠠ ᠶᠢ ᠬᠠᠯᠲᠤ ᠬᠠᠷᠠᠬᠤ ᠳᠤ ᠨᠢᠯᠬ᠎ᠠ ᠨᠠᠬᠢᠶ᠎ᠠ ᠨᠢ | ᠴᠠᠰᠤᠨ ᠳᠣᠣᠷ᠎ᠠ ᠠᠴᠠ ᠴᠣᠬᠤᠶᠢᠬᠤ ᠭᠱᠠᠨ ᠠᠨᠤ ᠨᠣᠭᠤᠭᠠᠨ ᠳᠤᠷ ᠠᠭᠤᠰᠤᠭᠰᠠᠨ ᠴᠠᠭᠠᠨ ᠭᠡᠮᠡᠷ᠃ ᠡᠶᠢᠮᠦ ᠶᠢᠨ | ᠤᠴᠢᠷ ᠰᠠᠶᠢᠨ ᠰᠠᠶᠢᠬᠠᠨ ᠤ ᠡᠬᠢᠯᠡᠯ᠂ ᠠᠷᠢᠭᠤᠨ ᠴᠠᠭᠠᠨ ᠤ ᠪᠡᠯᠭᠡᠳᠡᠯ ᠪᠣᠯᠤᠭᠰᠠᠨ ᠬᠠᠪᠤᠷ ᠤᠨ ᠲᠡᠷᠢᠭᠦᠨ ᠰᠠᠷ᠎ᠠ ᠪᠠᠨ | ᠮᠣᠩᠭᠤᠯᠴᠤᠳ ︽ᠴᠠᠭᠠᠨ ᠰᠠᠷ᠎ᠠ︾ ᠬᠡᠮᠡᠨ ᠨᠡᠷᠡᠯᠡᠭᠰᠡᠨ ᠨᠢ ᠪᠠᠶᠢᠭᠠᠯᠢ ᠡᠬᠡ ᠶᠢᠨ ᠮᠣᠩᠭᠤᠯᠴᠤᠳ ᠲᠤ | ᠬᠠᠶᠢᠷᠠᠯᠠᠭᠰᠠᠨ ︽ᠠᠷᠢᠭᠤᠨ ᠥᠩᠭᠡ︾ ᠪᠤᠶᠤ ︽ᠠᠰᠢᠳᠠ ᠶᠢᠨ ᠨᠡᠷ᠎ᠡ︾ ᠠᠪᠠᠢ᠃ ᠡᠨᠡ ᠬᠦ ᠴᠠᠭᠠᠨ ᠰᠠᠷ᠎ᠠ ᠶᠢᠨ ︽ | ᠴᠠᠭᠠᠨ︾ ᠳᠤ ᠡᠬᠡ ᠪᠠᠶᠢᠭᠠᠯᠢ ᠶᠢᠨ ᠬᠥᠮᠥᠨ ᠲᠥᠷᠥᠯᠬᠢᠲᠡᠨ ᠳᠤ ᠰᠣᠶᠣᠷᠬᠠᠵᠤ ᠪᠠᠶᠢᠭ᠎ᠠ ︽ᠬᠡᠰᠢᠭ ᠪᠤᠶᠠᠨ︾ ᠤ | ᠲᠥᠯᠥᠭᠡᠯᠡᠯ ᠪᠤᠢ᠃ ᠡᠨᠡ ᠦᠭᠡᠨ ᠳᠤ ︽ᠤᠷᠢᠨ ᠳᠤᠯᠠᠭᠠᠨ︾ ᠭᠡᠰᠡᠨ ᠤᠳᠬ᠎ᠠ ᠬᠠᠳᠠᠭᠠᠯᠠᠭᠳᠠᠵᠤ ᠪᠠᠶᠢᠭ᠎ᠠ | ᠪᠣᠯᠬᠤᠷ ᠬᠠᠪᠤᠷ ᠤᠨ ᠡᠬᠢᠨ ᠰᠠᠷ᠎ᠠ ᠴᠠᠭᠠᠨ ᠪᠠᠶᠢᠬᠤ ᠳᠠᠭᠠᠨ ᠲᠠᠭᠠᠷᠠᠨ᠎ᠠ᠃ ᠬᠠᠪᠤᠷ ᠤᠨ ᠡᠬᠢᠨ ᠰᠠᠷ᠎ᠠ ᠠᠴᠠ ᠯᠡ | ᠡᠬᠢᠯᠡᠨ ᠲᠦᠮᠡᠨ ᠪᠣᠳᠠᠰ ᠰᠡᠷᠭᠦᠨ ᠪᠣᠶᠢᠵᠢᠵᠤ᠂ ᠠᠭᠤᠵᠢᠮ ᠬᠤᠷᠸ᠎ᠠ ᠤᠷᠭᠤᠴᠠ ᠪᠠᠨ ᠡᠬᠢᠯᠡᠭᠰᠡᠨ ᠢᠶᠠᠨ ︽ᠴᠠᠭᠠᠨ︾ | ᠢᠶᠠᠷ ᠢᠯᠡᠷᠬᠡᠶᠢᠯᠡᠳᠡᠭ᠃ | ︽ᠬᠠᠭᠤᠴᠢᠨ ᠣᠨ ᠤᠯᠠ ᠪᠣᠯᠵᠤ᠂ ᠰᠢᠨ᠎ᠡ ᠣᠨ ᠵᠤᠯᠠ ᠪᠤᠯᠬᠤ︾ ᠶᠢᠨ ᠳᠣᠬᠢᠶ᠎ᠠ ᠴᠠᠭᠠᠨ ᠰᠠᠷ᠎ᠠ | ᠳᠤ ᠯᠡ ᠮᠡᠳᠡᠷᠡᠭᠳᠡᠨ᠂ ᠬᠥᠮᠥᠨ ᠪᠦᠭᠦᠲᠡ ᠥᠩᠭᠡᠷᠡᠭᠰᠡᠨ ᠨᠢᠭᠡ ᠵᠢᠯ ᠤᠨ ᠭᠤᠨᠢᠭ ᠤᠶᠢᠳᠬᠠᠷ᠂ ᠭᠤᠲᠣᠷᠠᠯ | ᠵᠣᠪᠠᠯᠠᠩ ᠢᠶᠠᠨ ᠣᠷᠣ ᠮᠥᠷ ᠦᠭᠡᠢ ᠭᠦᠪᠢᠵᠦ᠂ ᠰᠢᠨ᠎ᠡ ᠣᠨ ᠤ ᠪᠣᠱᠣᠭᠠᠨ ᠳᠡᠭᠡᠷ᠎ᠡ ᠰᠢᠨ᠎ᠡ ᠲᠥᠷᠬᠦ ᠪᠠᠷ᠂ ᠴᠣ | ᠰᠢᠨ᠎ᠡ ᠪᠠᠷ ᠡᠬᠢᠯᠡᠬᠦ ᠶᠢ ᠵᠥᠩᠨᠡᠨ᠂ ᠰᠠᠶᠢᠨ ᠰᠠᠶᠢᠬᠠᠨ ᠢ ᠬᠦᠰᠡᠭᠰᠡᠨ ᠪᠤᠲᠣᠯ ᠰᠡᠳᠬᠢᠯ ᠢᠶᠠᠨ ︽ᠴᠠᠭᠠᠨ ᠰᠠᠷ᠎ᠠ︾ | ᠳᠠᠭᠠᠨ ᠯᠠ᠂ ᠬᠤᠶᠢᠮᠤᠷ ᠵᠠᠯᠠᠭᠰᠠᠨ ᠠᠮᠢᠳᠤ ᠪᠤᠷᠬᠠᠨ ᠠᠪᠤ ᠡᠵᠢ᠂ ᠬᠠᠨᠠᠭᠠᠷ ᠬᠤᠷᠸ᠎ᠠ ᠶᠢᠨ ᠠᠮᠢᠯᠠᠯ ᠪᠦᠭᠦᠨ ᠳᠤ | ᠰᠢᠪᠡᠨᠡᠳᠡᠭ᠃ | ᠴᠠᠭᠠᠨ ᠰᠠᠷ᠎ᠠ ᠳᠠᠭᠠᠨ ᠯᠠ ᠬᠠᠰᠢᠶ᠎ᠠ ᠬᠤᠷᠤᠭ᠎ᠠ ᠪᠠᠨ ᠴᠡᠪᠡᠷ ᠴᠡᠮᠴᠡᠭᠡᠷ ᠪᠠᠶᠢᠯᠭᠠᠵᠤ᠂ ᠲᠠᠪᠠᠬ ᠰᠢᠷᠡᠭᠡ | ᠪᠠᠨ ᠴᠠᠭᠠᠨ ᠢᠲᠡᠭᠡ ᠪᠠᠷ ᠴᠢᠮᠡᠨ ᠵᠠᠰᠠᠵᠤ᠂ ᠥᠲᠡᠭᠦᠰ ᠪᠤᠭᠤᠷᠤᠯ ᠠᠴᠠ ᠪᠠᠨ ᠢᠷᠦᠭᠡᠯ ᠤᠨ ᠬᠠᠲᠠᠬ ᠢ ᠴᠠᠭᠠᠨ | ᠰᠠᠷ᠎ᠠ ᠶᠢᠨ ᠰᠢᠨ᠎ᠡ ᠶᠢᠨ ᠨᠢᠭᠡᠨ ᠳᠤ ᠯᠡ ᠲᠣᠰᠴᠣ᠂ ᠢᠷᠡᠬᠦ ᠡᠳᠦᠷ ᠤᠨ ᠰᠠᠶᠢᠬᠠᠨ ᠢ ᠪᠡᠯᠭᠡᠰᠢᠶᠡᠨ᠂ ᠢᠷᠮᠡᠭᠦᠨ | ᠦᠢᠯᠡᠰ ᠪᠠᠳᠠᠷᠠᠩᠭᠤᠢ᠂ ᠢᠳᠡᠷᠡᠭᠦᠨ ᠮᠠᠬᠠᠪᠤᠳ ᠡᠷᠡᠭᠦᠯ ᠪᠠᠶᠢᠬᠤ ᠪᠠᠨ ᠪᠡᠯᠭᠡᠳᠡᠨ ᠠᠭᠤᠯᠠ ᠬᠠᠶᠢᠷᠬᠠᠨ ᠳᠠᠭᠠᠨ | ᠠᠷᠢᠭᠤᠨ ᠢᠲᠡᠭᠡᠨ ᠤ ᠳᠡᠭᠡᠵᠢ ᠪᠠᠨ ᠰᠡᠷᠵᠢᠮᠯᠡᠨ᠂ ᠠᠰᠢᠳᠠ ᠶᠢᠨ ᠰᠠᠶᠢᠨ ᠰᠠᠶᠢᠬᠠᠨ ᠢᠶᠠᠨ ᠪᠡᠯᠭᠡᠰᠢᠶᠡᠳᠡᠭ᠃ ︽ | ᠠᠮᠠᠨ ᠤ ᠪᠡᠯᠭᠡ ᠠᠴᠠ ᠠᠰᠢᠳᠠ ᠶᠢᠨ ᠪᠡᠯᠭᠡ︾ ᠭᠡᠲᠡᠭ ᠢᠶᠠᠷ ᠴᠠᠭᠠᠨ ᠰᠠᠷ᠎ᠠ ᠳᠤ ᠯᠠ ᠴᠠᠭᠯᠠᠰᠢ ᠦᠭᠡᠢ | ᠪᠠᠶᠠᠷᠯᠠᠵᠠᠭᠠᠳᠠᠭ ᠤᠨ ᠤᠴᠢᠷ ᠶᠠᠭᠤᠨ ᠭᠡᠪᠡᠰᠦ ᠪᠦᠲᠦᠨ ᠨᠢᠭᠡ ᠵᠢᠯ ᠤᠨ ᠢᠶᠠᠨ ᠭᠦᠲᠡᠯᠮᠦᠷᠢ ᠶᠢᠨ ᠦᠷ᠎ᠡ ᠪᠦᠲᠦᠭᠡᠯ | ᠢᠶᠠᠨ ᠬᠤᠪᠢᠶᠠᠯᠴᠠᠵᠤ ᠪᠠᠶᠢᠭ᠎ᠠ ᠪᠠᠶᠠᠷ ᠤᠨ ᠰᠠᠷ᠎ᠠ ᠮᠥᠨ᠃ | ᠴᠠᠭᠠᠨ ᠥᠩᠭᠡ ᠪᠣᠯ ᠬᠥᠮᠥᠨ ᠲᠥᠷᠥᠯᠬᠢᠲᠡᠨ ᠤ ᠴᠢᠩ ᠰᠡᠳᠬᠢᠯ ᠤᠨ ᠥᠩᠭᠡ | ︵ ᠴᠠᠶᠢᠯᠭᠠᠨ ᠰᠡᠳᠬᠢᠯ ᠬᠡᠮᠡᠬᠦ︶ | ᠴᠠᠭᠠᠨ ᠥᠩᠭᠡ ᠪᠣᠯ ᠠᠮᠢ ᠨᠠᠰᠣᠨ ᠤ ᠪᠡᠯᠭᠡᠳᠡᠯ ᠤᠨ ᠥᠩᠭᠡ | ︵ ᠴᠠᠭᠠᠨ ᠰᠦ ᠬᠡᠮᠡᠬᠦ︶ | ᠴᠠᠭᠠᠨ ᠥᠩᠭᠡ ᠪᠣᠯ ᠡᠬᠡ ᠪᠠᠶᠢᠭᠠᠯᠢ ᠶᠢᠨ ᠰᠣᠶᠣᠷᠬᠠᠯ ᠤᠨ ᠥᠩᠭᠡ | ︵ ᠴᠠᠭᠠᠨ ᠳᠡᠯᠡᠬᠡᠢ ᠬᠡᠮᠡᠬᠦ︶ | ᠬᠥᠮᠥᠨ ᠤ ᠰᠡᠳᠬᠢᠯ ᠭᠬᠢᠷᠲᠦᠪᠡᠰᠦ ᠴᠠᠭᠠᠨ ᠢ ᠦᠭᠡᠶᠢᠰᠬᠡᠭᠰᠡᠨ ︽ᠬᠠᠷ᠎ᠠ︾ ᠪᠣᠯᠣᠮᠤ︕ | ᠪᠠᠶᠢᠭᠠᠯᠢ ᠭᠬᠢᠷᠲᠦᠪᠡᠰᠦ ᠴᠠᠭᠠᠨ ᠢ ᠲᠠᠯᠬᠠᠳᠠᠭᠰᠠᠨ ︽ᠪᠣᠬᠢᠷ︾ ᠪᠣᠯᠣᠮᠤ︕ | ᠬᠥᠮᠥᠨ ᠤ ᠪᠤᠷᠬᠠᠨ ᠰᠡᠳᠬᠢᠯ ᠪᠣᠯ ︽ᠴᠠᠭᠠᠨ ᠢ ᠡᠷᠭᠢᠮᠯᠡᠭᠦ︾ | ᠪᠠᠶᠢᠭᠠᠯᠢ ᠶᠢᠨ ᠪᠤᠶᠠᠨᠰᠠᠭ ᠰᠡᠳᠬᠢᠯ ᠪᠣᠯ ︽ᠴᠠᠭᠠᠨ ᠢ ᠥᠭᠬᠦ︾ | ᠡᠶᠢᠮᠦ ᠶᠢᠨ ᠲᠤᠯᠠᠳᠠ ᠲᠡᠭᠷᠢ ᠰᠢᠲᠦᠵᠦ ᠪᠠᠶᠢᠭᠠᠯᠢ ᠲᠠᠢ ᠰᠢᠲᠦᠯᠴᠡᠨ ᠠᠮᠢᠳᠤᠷᠠᠭᠰᠠᠭᠠᠷ ᠢᠷᠡᠭᠰᠡᠨ | ᠮᠣᠩᠭᠤᠯᠴᠤᠳ ᠲᠤ ᠠᠪᠴᠤ ᠬᠡᠯᠡᠪᠡᠯ ︽ᠴᠠᠭᠠᠨ︾ ᠠᠴᠠ ᠰᠠᠯᠤᠭ᠎ᠠ ᠦᠭᠡᠢ ᠶᠤᠮ᠃ | ᠠᠰᠬᠠᠷᠠᠭᠰᠠᠨ ᠣᠲᠣᠨ ᠤ ᠰᠦ ᠴᠠᠭᠠᠨ | ᠠᠰᠬᠠᠨ ︵ ᠰᠥᠨᠢ︶ ᠳᠠᠭᠠᠨ ᠳᠡᠯᠭᠡᠷᠡᠬᠦ ᠴᠡᠴᠡᠭ ᠤᠨ ᠥᠩᠭᠡ ᠴᠠᠭᠠᠨ | ᠠᠷᠬᠠᠳ ᠲᠤ ᠢᠰᠦᠭᠰᠡᠨ ᠠᠶᠢᠷᠠᠭ ᠤᠨ ᠱᠤᠤᠭᠢᠶ᠎ᠠ ᠴᠠᠭᠠᠨ | ᠠᠯᠢᠶ᠎ᠠ ᠵᠢᠭᠠᠯ ᠤᠨ ᠵᠡᠭᠦᠳᠦ ᠴᠦ ᠴᠠᠭᠠᠨ | ᠠᠷᠭᠠᠮᠵᠢᠶ᠎ᠠ ᠲᠠᠢ ᠮᠣᠷᠢᠨ ᠤ ᠲᠣᠷᠭᠢᠶᠠ ᠴᠠᠭᠠᠨ | ᠠᠷᠭᠠᠯ ᠳᠤ ᠶᠠᠪᠤᠭᠰᠠᠨ ᠡᠵᠢ ᠶᠢᠨ ᠮᠥᠷ ᠴᠠᠭᠠᠨ | ᠠᠶᠠᠨ ᠠᠴᠠ ᠢᠷᠡᠭᠰᠡᠨ ᠡᠪᠦᠭᠡ ᠶᠢᠨ ᠦᠢᠯᠡ ᠴᠠᠭᠠᠨ | ᠠᠶᠠᠭᠠᠨ ᠳᠤ ᠪᠢᠯᠬᠠᠭᠰᠠᠨ ᠰᠦ ᠴᠠᠭᠠᠨ | ᠡᠶᠢᠮᠦᠷᠬᠦᠦ ᠵᠢᠷᠤᠭ ᠯᠡ ᠪᠢᠳᠡᠨ ᠤ ᠠᠮᠢᠳᠤᠷᠠᠯ ᠠᠴᠠ ᠰᠠᠯᠤᠭ᠎ᠠ ᠦᠭᠡᠢ ᠪᠣᠯᠬᠤᠷ ᠬᠠᠮᠤᠭ ᠤᠨ ᠲᠣᠮᠣ | ᠪᠠᠶᠠᠷ ᠳᠤᠷᠠᠰᠬᠠᠯ ᠤᠨ ᠡᠳᠦᠷ ᠢᠶᠠᠨ ︽ᠴᠠᠭᠠᠨ ᠰᠠᠷ᠎ᠠ︾ ᠭᠡᠵᠦ ᠨᠡᠷᠡᠯᠡᠬᠦ ᠦᠭᠡᠢ ᠶᠠᠭᠠᠬᠢᠬᠤ ᠪᠤᠢ︖ ᠲᠡᠭᠷᠢ ᠨᠢ | ᠣᠶᠢᠷᠠᠬᠠᠨ᠂ ᠲᠡᠷᠲᠡᠭᠡ ᠰᠦᠮᠡᠯᠵᠡᠬᠦ ᠠᠭᠤᠯᠠ ᠲᠣᠯᠣᠭᠠᠳ ᠨᠢ ᠰᠡᠷᠡᠭᠦᠨ ᠬᠤᠨᠣᠳᠠᠭ ᠮᠣᠩᠭᠤᠯ ᠨᠤᠲᠤᠭ ᠤᠨ ᠰᠥᠨᠢ | ᠪᠠᠨ ᠭᠦᠷᠲᠡᠯ᠎ᠡ ︽ᠴᠠᠭᠠᠨ ᠰᠥᠨᠢ︾ ᠭᠡᠵᠦ ᠬᠡᠨ ᠬᠥᠮᠥᠨ ᠴᠦ ᠠᠲᠠᠭᠠᠷᠬᠠᠮᠠᠷ ᠳᠦᠷᠰᠦᠯᠡᠵᠦ ᠴᠢᠳᠠᠳᠠᠭ ᠨᠢ ᠥᠭᠡᠷ᠎ᠡ | ᠬᠡᠨ ᠪᠠᠶᠢᠬᠤ ᠪᠤᠢ︖ ᠪᠢᠳᠡ ᠨᠢᠭᠡ ᠵᠢᠯ ᠤᠨ ᠡᠬᠢᠨ ᠰᠠᠷ᠎ᠠ ᠪᠠᠨ ︽ᠴᠠᠭᠠᠨ︾ ᠬᠡᠮᠡᠨ ᠪᠡᠯᠭᠡᠰᠢᠶᠡᠵᠦ ᠪᠠᠶᠢᠭ᠎ᠠ ᠨᠢ ︽ | ᠴᠠᠭᠠᠨ ᠰᠠᠷ᠎ᠠ︾ ᠵᠦᠪᠭᠡᠨ ᠴᠠᠭ ᠲᠣᠭᠠᠯᠠᠯ ᠤᠨ ᠪᠢᠴᠢᠭ ᠲᠡᠳᠦᠢ ᠪᠢᠰᠢ᠂ ᠴᠠᠶᠢᠯᠭᠠᠨ ᠰᠡᠳᠬᠢᠯ ᠲᠠᠢ ᠠᠷᠠᠳ ᠲᠦᠮᠡᠨ | ᠪ᠊ ᠪᠠᠶᠢᠭᠠᠯᠢ ᠲᠠᠢ ᠪᠠᠨ ᠰᠢᠲᠦᠯᠴᠡᠨ ᠣᠷᠣᠰᠢᠬᠤ ᠶᠢᠨ ᠪᠡᠯᠭᠡ ᠲᠡᠮᠳᠡᠭ᠃ ᠮᠥᠨ ᠴᠦ ᠬᠥᠮᠥᠨ ᠲᠥᠷᠥᠯᠬᠢᠲᠡᠨ ᠤ | ᠪᠣᠳᠠᠰ ᠤᠨ ᠪᠤᠰᠤ ᠰᠣᠶᠣᠯ ᠳᠤ ᠬᠠᠨᠳᠢᠪᠯᠡᠭ᠌ᠰᠠᠨ ᠰᠣᠶᠣᠯ ᠤᠨ ᠥᠪ ᠮᠥᠨ᠃ ᠡᠳᠦᠭᠡ ᠡᠨᠡ ᠬᠦ ᠪᠠᠶᠠᠷ | ᠳᠤᠷᠠᠰᠬᠠᠯ ᠤᠨ ᠡᠳᠦᠷ ᠪᠤᠶᠤ ᠴᠠᠭᠠᠨ ᠰᠠᠷ᠎ᠠ ᠶᠢ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠰᠣᠶᠣᠯ ᠤᠨ | ᠥᠪ ᠢᠶᠠᠷ ᠪᠦᠷᠢᠳᠬᠡᠭᠰᠡᠨ ᠶᠠᠪᠤᠳᠠᠯ ᠨᠢ ᠡᠭᠦᠨ ᠢ ᠪᠦᠷᠢᠨ ᠪᠠᠲᠤᠯᠠᠭᠰᠠᠨ ᠤᠴᠢᠷ ᠪᠦᠯᠦᠭᠡ᠃ | ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠴᠠᠭᠠᠨ ᠰᠠᠷ᠎ᠠ ᠪᠠᠨ ᠡᠳᠦᠭᠡ ᠪᠢᠳᠡ ᠨᠡᠩ ᠲᠡᠭᠦᠯᠳᠡᠷ᠂ | ᠪᠦᠷᠢᠨ ᠠᠭᠤᠯᠭ᠎ᠠ ᠪᠠᠷ ᠨᠢ ᠥᠩᠭᠡᠷᠡᠭᠦᠯᠬᠦ ᠶᠠᠪᠤᠳᠠᠯ ᠪᠣᠯ ᠲᠣᠮᠲᠠᠲᠣ ᠶᠢᠨ ᠦᠨᠳᠦᠰᠦᠲᠡᠨ ᠤ ᠪᠣᠳᠠᠰ ᠤᠨ ᠪᠤᠰᠤ | ᠰᠣᠶᠣᠯ ᠤᠨ ᠥᠪ ᠢ ᠳᠡᠯᠡᠬᠡᠢ ᠶᠢᠨ ᠬᠠᠷᠠᠭᠠᠨ ᠳᠤ ᠳᠡᠯᠭᠡᠨ ᠦᠵᠡᠭᠦᠯᠵᠦ ᠪᠠᠶᠢᠭ᠎ᠠ ᠶᠠᠪᠤᠳᠠᠯ ᠪᠤᠶᠤ᠃ | ᠥᠭᠡᠯᠦᠨ ᠡᠵᠢ ᠶᠢᠨ ᠤᠷᠠᠯᠠᠨ ᠪᠦᠲᠦᠭᠡᠭᠰᠡᠨ ᠲᠡᠪᠡᠯ ᠮᠠᠯᠠᠭᠠᠢ ᠪᠠᠷ ᠢᠶᠠᠨ ᠭᠤᠶᠤᠵᠠᠭᠠᠶᠠ ︕ ᠴᠠᠭᠠᠨ | ᠰᠠᠷ᠎ᠠ ᠳᠠᠭᠠᠨ ᠪᠢᠳᠡ ᠪᠦᠭᠦᠲᠡ᠃ ᠦᠭᠭᠦᠭᠡᠵᠢ ᠪᠠᠶᠠᠨ ᠪᠠᠶᠢᠭᠠᠯᠢ ᠡᠬᠡ ᠶᠢᠨ ᠬᠠᠶᠢᠷᠠᠯᠠᠭᠰᠠᠨ ᠴᠠᠭᠠᠨ ᠢᠲᠡᠭᠡ ᠪᠠᠷ | ︽ᠴᠠᠭᠠᠨ ᠰᠠᠷ᠎ᠠ︾ ᠶᠢᠨ ᠰᠢᠷᠡᠭᠡ ᠲᠠᠪᠠᠬ ᠢᠶᠠᠨ ᠴᠢᠮᠡᠵᠡᠭᠡᠶᠡ︕ ᠥᠨᠳᠥᠷ ᠵᠠᠶᠠᠭ᠎ᠠ ᠲᠠᠢ ᠥᠲᠡᠭᠦᠰ ᠪᠤᠭᠤᠷᠤᠯ | ᠳᠠᠭᠠᠨ ᠲᠣᠯᠣᠭᠠᠢ ᠮᠥᠷᠭᠦᠨ ᠵᠣᠯᠭᠠᠶ᠎ᠠ︕ ᠥᠨᠳᠥᠷ ᠬᠥᠬᠡ ᠲᠡᠭᠷᠢ ᠶᠢᠨ ᠥᠩᠭᠡ ᠲᠠᠢ ᠬᠠᠲᠠᠬ ᠢᠶᠠᠨ ᠢᠷᠦᠭᠡᠯ ᠲᠠᠢ | ᠨᠢ ᠬᠠᠮᠲᠤ ᠲᠣᠰᠴᠣ ᠪᠠᠶᠢᠶ᠎ᠠ︕ | ᠡᠨᠡ ᠪᠦᠭᠦᠨ ᠪᠣᠯ ᠬᠥᠮᠥᠨ ᠲᠥᠷᠥᠯᠬᠢᠲᠡᠨ ᠤ ᠪᠣᠳᠠᠰ ᠤᠨ ᠪᠤᠰᠤ ᠰᠣᠶᠣᠯ ᠤᠨ ᠥᠪ ᠢ ᠬᠥᠷᠥᠰᠥᠲᠦ | ᠠᠯᠲᠠᠨ ᠳᠡᠯᠡᠬᠡᠢ ᠳᠤ ᠮᠥᠩᠬᠡᠳᠡ ᠪᠠᠶᠢᠯᠭᠠᠵᠤ ᠬᠠᠳᠠᠭᠠᠯᠠᠵᠤ ᠴᠢᠳᠠᠵᠤ ᠪᠠᠶᠢᠭ᠎ᠠ ᠶᠢᠨ ᠭᠡᠷᠡᠴᠢ︕ | ᠴᠠᠭᠠᠨ ᠰᠠᠷ᠎ᠠ ᠶᠢᠨ ︽ᠴᠠᠭᠠᠨ︾ ᠢ ᠡᠷᠭᠢᠮᠯᠡᠭᠦ ᠭᠡᠭᠴᠢ ᠴᠠᠭᠯᠠᠰᠢ ᠦᠭᠡᠢ ᠴᠠᠶᠢᠯᠭᠠᠨ ᠰᠡᠳᠬᠢᠯ ᠲᠠᠢ | ᠮᠣᠩᠭᠤᠯᠴᠤᠳ ᠤᠨ ᠬᠥᠮᠥᠨ ᠲᠥᠷᠥᠯᠬᠢᠲᠡᠨ ᠤ ᠰᠣᠶᠣᠯ ᠤᠨ ᠮᠠᠷᠭᠠᠰᠢ ᠳᠤ ᠡᠷᠭᠦᠭᠰᠡᠨ ᠰᠠᠴᠤᠯᠢ ᠪᠤᠶᠤ᠃ | ᠴᠠᠭᠠᠨ ᠰᠠᠷ᠎ᠠ ᠶᠢᠨ ︽ᠴᠠᠭᠠᠨ︾ ᠬᠡᠮᠡᠭᠴᠢ ᠁ |