ᠢᠷᠦᠭᠡᠯ ᠵᠥᠩᠨᠡᠯ ᠲᠠᠢ ᠴᠠᠭᠠᠨ ᠰᠠᠷ᠎ᠠ
ᠨᠡᠶᠢᠲᠡᠯᠡᠭᠰᠡᠨ ᠴᠠᠭ᠄
2025/5/21
                           ᠰᠤᠷᠪᠤᠯᠵᠢᠯᠠᠬᠴᠢ ᠳᠠᠪᠰᠢᠯᠲᠤ          ᠠᠮᠠᠨ ᠪᠡᠯᠭᠡ ᠬᠠᠮᠢᠭᠠᠰᠢ ᠪᠠᠨ ᠪᠣᠯ᠂ ᠠᠰᠢᠳᠠ ᠶᠢᠨ ᠪᠡᠯᠭᠡ ᠲᠡᠶᠢᠰᠢ ᠪᠠᠨ ᠭᠡᠳᠡᠭ ᠪᠢᠯᠡ᠃ ᠡᠨᠡ ᠴᠠᠭᠠᠨ ᠰᠠᠷ᠎ᠠ ᠪᠠᠶᠠᠨᠬᠤᠲᠠ ᠶᠢᠨ ᠰᠠᠭᠤᠭᠠᠯᠢ ᠠᠷᠠᠳ ᠪᠠᠳᠮᠠᠴᠡᠴᠡᠭ ︽ᠰᠠᠶᠢᠨ ᠦᠢᠯᠡᠰ ᠰᠠᠨᠠᠭ᠎ᠠ ᠪᠠᠷ ᠪᠦᠲᠦᠬᠦ ᠥᠯᠵᠡᠶᠢᠲᠦ ᠵᠢᠯ᠂ ᠰᠠᠶᠢᠬᠠᠨ ᠲᠣᠬᠢᠷᠠᠯ ᠵᠠᠶᠠᠭ᠎ᠠ ᠪᠠᠷ ᠤᠴᠠᠷᠠᠬᠤ ᠬᠡᠶᠢᠮᠣᠷᠢᠲᠤ ᠣᠨ︾ ᠭᠡᠰᠡᠨ ᠭᠦᠨ ᠤᠳᠬ᠎ᠠ ᠲᠠᠢ ᠬᠤᠣᠰ ᠤᠶᠠᠩᠭ᠎ᠠ ᠶᠢ ᠡᠭᠦᠳᠡᠨ ᠳᠡᠭᠡᠷ᠎ᠡ ᠪᠠᠨ ᠨᠠᠭᠠᠵᠤ ᠰᠠᠨᠠᠭᠰᠠᠨ ᠣᠶᠢᠯᠡ ᠨᠢ ᠰᠡᠳᠬᠢᠯᠴᠢᠯᠡᠨ ᠪᠦᠲᠦᠬᠦ ᠶᠢ ᠵᠥᠩᠨᠡᠭᠰᠡᠨ ᠪᠠᠶᠢᠯ᠎ᠠ᠃ ᠪᠠᠳᠮᠠᠴᠡᠴᠡᠭ᠂ ᠬᠠᠭᠤᠴᠢᠨ ᠵᠢᠯ ᠳᠤ ᠭᠡᠷ ᠣᠷᠣᠨ ᠤ ᠪᠠᠨ ᠬᠤᠭ ᠲᠣᠭᠤᠰᠣ ᠶᠢ ᠰᠠᠶᠢᠬᠠᠨ ᠭᠦᠪᠢᠵᠦ ᠴᠡᠪᠡᠷᠯᠡᠭᠡᠳ ᠪᠤᠵᠠᠷ ᠪᠤᠷᠲᠠᠭ ᠢ ᠰᠢᠨ᠎ᠡ ᠵᠢᠯ ᠳᠤ ᠠᠪᠴᠤ ᠣᠷᠣᠳᠠᠭ ᠦᠭᠡᠢ ᠶᠤᠮ᠃ ᠴᠠᠭᠠᠨ ᠰᠠᠷ᠎ᠠ ᠪᠠᠷ ᠪᠡᠯᠭᠡ ᠲᠠᠢ ᠦᠭᠡ ᠬᠡᠯᠡᠵᠦ᠂ ᠰᠠᠮᠪᠠᠢ ᠬᠠᠳᠠᠭ ᠢᠶᠠᠨ ᠳᠡᠯᠭᠡᠳᠡᠭ ᠲᠠᠢ ᠠᠳᠠᠯᠢ ᠪᠠᠷ ᠠᠮᠢᠳᠤᠷᠠᠯ ᠦᠢᠯᠡᠰ ᠲᠡᠭᠡᠨ ᠲᠣᠬᠢᠷᠠᠭᠰᠠᠨ ᠠᠭᠤᠯᠭ᠎ᠠ ᠲᠠᠢ ᠬᠤᠣᠰ ᠤᠶᠠᠩᠭ᠎ᠠ ᠶᠢ ᠰᠣᠩᠭᠤᠨ᠂ ᠰᠢᠨ᠎ᠡ ᠨᠢᠭᠡᠨ ᠵᠢᠯ ᠳᠤ ᠥᠯᠵᠡᠢ ᠬᠡᠶᠢᠮᠣᠷᠢ ᠲᠠᠢ ᠪᠠᠶᠢᠬᠤ ᠪᠣᠯᠲᠤᠭᠠᠢ ᠭᠡᠵᠦ ᠬᠤᠪᠢᠨ ᠳᠠᠭᠠᠨ ᠵᠥᠩᠨᠡᠨ ᠪᠡᠯᠭᠡᠳᠡᠳᠡᠭ᠃ ᠪᠢ ᠶᠡᠷᠦ ᠨᠢ ᠰᠢᠨ᠎ᠡ ᠵᠢᠯ ᠳᠤ ᠠᠬᠠᠮᠠᠳ ᠪᠤᠭᠤᠷᠤᠯᠴᠤᠳ ᠤᠨ ᠠᠮᠠᠨ ᠢᠷᠦᠭᠡᠯ ᠲᠠᠯᠪᠢᠬᠤ᠂ ᠪᠡᠯᠭᠡ ᠳᠡᠮᠪᠡᠷᠢᠯ ᠲᠠᠢ ᠦᠭᠡ ᠬᠡᠯᠡᠬᠦ ᠶᠢ ᠪᠣᠯᠭᠤᠭᠠᠨ ᠰᠣᠨᠣᠰᠴᠤ ᠪᠡᠯᠭᠡᠰᠢᠶᠡᠳᠡᠭ ᠪᠢᠯᠡ ᠭᠡᠪᠡ᠃          ᠵᠢᠯ ᠴᠠᠭᠠᠨ ᠰᠠᠷ᠎ᠠ ᠪᠠᠷ ᠡᠪᠦᠭᠡᠳ ᠪᠤᠭᠤᠷᠤᠯᠴᠤᠳ᠂ ᠠᠬᠠᠮᠠᠳ ᠲᠣᠮᠣᠭᠠᠲᠠᠳ ᠤᠨ ᠠᠮᠠᠨ ᠠᠴᠠ ᠭᠠᠷᠤᠭᠰᠠᠨ ᠰᠢᠨ᠎ᠡ ᠶᠢᠨ ᠠᠮᠤᠷ ᠮᠡᠨᠳᠤ᠂ ᠢᠷᠦᠭᠡᠯ ᠮᠠᠭᠲᠠᠭᠠᠯ᠂ ᠬᠤᠯᠪᠤᠭ᠎ᠠ ᠰᠢᠯᠦᠭ ᠪᠦᠭᠦᠨ ᠨᠢ ᠬᠦᠰᠡᠯ ᠵᠥᠩᠨᠡᠯ ᠤᠨ ᠥᠩᠭᠡ ᠠᠶᠠᠰ ᠲᠠᠢ ᠪᠠᠶᠢᠵᠤ᠂ ᠰᠢᠨ᠎ᠡ ᠨᠢᠭᠡᠨ ᠵᠢᠯ ᠳᠤ ᠠᠯᠢᠪᠠ ᠪᠦᠭᠦᠨ ᠰᠠᠶᠢᠨ ᠰᠠᠶᠢᠬᠠᠨ ᠪᠤᠯᠬᠤ ᠶᠢ ᠵᠥᠩᠨᠡᠨ ᠪᠡᠯᠭᠡᠳᠡᠳᠡᠭ ᠠᠴᠠ ᠭᠠᠳᠠᠨ᠎ᠠ ᠨᠤᠲᠤᠭ ᠤᠨ ᠮᠠᠯᠴᠢᠳ ᠲᠡᠭᠷᠢ ᠭᠠᠵᠠᠷ ᠢ ᠰᠢᠲᠦᠬᠦ᠂ ᠨᠤᠲᠤᠭ ᠤᠰᠤ ᠪᠠᠨ ᠳᠡᠭᠡᠳᠦᠯᠡᠬᠦ᠂ ᠲᠠᠪᠤᠨ ᠬᠤᠰᠢᠭᠤ ᠮᠠᠯ ᠢᠶᠠᠨ ᠥᠨᠢᠷ ᠥᠰᠬᠡᠬᠦ᠂ ᠡᠪᠡᠰᠦ ᠪᠡᠯᠴᠢᠭᠡᠷ ᠥᠩ ᠰᠢᠮᠡᠯᠢᠭ ᠪᠠᠶᠢᠬᠤ ᠶᠢ ᠪᠡᠯᠭᠡᠰᠢᠶᠡᠨ ᠮᠠᠰᠢ ᠤᠯᠠᠨ ᠪᠡᠯᠭᠡᠳᠡᠯ ᠤᠨ ᠤᠳᠬ᠎ᠠ ᠲᠠᠢ ᠥᠢᠯᠠ ᠠᠵᠢᠯᠯᠠᠭ᠎ᠠ ᠶᠢ ᠥᠷᠨᠢᠭᠦᠯᠳᠡᠭ ᠠᠵᠠᠢ᠃          ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠵᠤᠭᠤᠰᠳᠤᠯᠤᠭᠠᠢ ᠭᠠᠴᠠᠭᠠᠨ ᠤ ᠮᠠᠯᠴᠢᠨ ᠡᠷᠳᠡᠨᠢᠠ᠋ᠭᠤᠯᠠ ᠶᠢᠨ ᠬᠢᠨ ᠤᠯᠠᠮᠵᠢᠯᠠᠵᠤ ᠢᠷᠡᠭᠰᠡᠨ ᠵᠤᠷᠰᠢᠯ ᠢᠶᠠᠷ ᠪᠢᠲᠡᠭᠦᠨ ᠤ ᠣᠷᠣᠢ ᠬᠤᠶᠠᠷ ᠪᠦᠯᠦᠭ ᠲᠣᠷᠤᠮ ᠲᠠᠢ ᠢᠩᠭᠡ ᠪᠠᠨ ᠬᠤᠷᠢᠶᠠᠨ ᠬᠤᠲᠠᠯᠠᠵᠤ ᠬᠤᠨᠣᠳᠠᠭ ᠵᠠᠩᠰᠢᠯ ᠲᠠᠢ ᠶᠤᠮ᠃ ᠡᠷᠳᠡᠨᠢᠠ᠋ᠭᠤᠯᠠ᠄ ︽ᠮᠠᠨᠠᠶᠢᠬᠢᠨ ᠪᠢᠲᠡᠭᠦᠨ ᠤ ᠰᠥᠨᠢ ᠵᠠᠪᠠᠯ ᠲᠣᠷᠤᠮ ᠲᠠᠢ ᠢᠩᠭᠡ ᠪᠠᠨ ᠬᠤᠲᠠᠯᠠᠵᠤ ᠬᠤᠨᠣᠳᠠᠭ ᠵᠠᠩᠰᠢᠯ ᠲᠠᠢ᠃ ᠡᠨᠡ ᠴᠠᠭᠠᠨ ᠰᠠᠷ᠎ᠠ ᠴᠦ ᠭᠡᠰᠡᠨ ᠠᠳᠠᠯᠢ ᠪᠠᠷ ᠪᠢ ᠬᠤᠶᠠᠷ ᠪᠦᠯᠦᠭ ᠲᠣᠷᠤᠮ ᠲᠠᠢ ᠢᠩᠭᠡ ᠪᠠᠨ ᠬᠤᠷᠢᠶᠠᠨ ᠬᠤᠲᠠᠯᠠᠵᠤ ᠬᠤᠶᠠᠷ ᠪᠤᠤᠷ᠎ᠠ ᠪᠠᠨ ᠤᠶᠠᠵᠤ ᠬᠤᠨᠣᠭᠤᠯᠤᠭᠠᠳ ᠰᠢᠨ᠎ᠡ ᠶᠢᠨ ᠨᠢᠭᠡᠨ ᠤ ᠥᠷᠯᠥᠭᠡ ᠴᠠᠭᠠᠯᠠᠬᠤ ᠳᠠᠭᠠᠨ ᠪᠤᠤᠷ᠎ᠠ ᠪᠠᠨ ᠰᠠᠩ ᠤᠨ ᠭᠠᠯ ᠢ ᠲᠣᠭᠤᠷᠢᠭᠤᠯᠤᠨ ᠬᠥᠲᠥᠯᠵᠦ ᠷᠠᠪᠨᠢᠯᠠᠯ᠎ᠠ᠃ ᠡᠨᠡ ᠨᠢ ᠰᠢᠨ᠎ᠡ ᠵᠢᠯ ᠳᠤ ᠰᠥᠷᠥᠭ ᠤᠨ ᠳᠠᠭᠠᠭᠠᠮᠠᠯ ᠪᠣᠯᠤᠭᠰᠠᠨ ᠪᠤᠤᠷᠠᠨ ᠲᠡᠮᠡᠭᠡ ᠣᠮᠤᠭ ᠰᠦᠷ ᠲᠠᠢ ᠪᠣᠯᠵᠤ᠂ ᠲᠡᠮᠡᠭᠡᠨ ᠰᠥᠷᠥᠭ ᠲᠤ ᠮᠠᠭᠤ ᠮᠠᠭᠤᠬᠠᠢ ᠵᠦᠢᠯᠡᠰ ᠬᠠᠯᠳᠠᠬᠤ ᠦᠭᠡᠢ᠂ ᠲᠡᠮᠡᠭᠡᠳ ᠢᠶᠠᠨ ᠤᠯᠠᠮ ᠥᠨᠢᠷ ᠥᠰᠬᠦ ᠶᠢ ᠪᠡᠯᠭᠡᠳᠡᠨ᠂ ᠲᠥᠯ ᠪᠣᠲᠣᠭᠤ ᠪᠠᠨ ᠮᠡᠨᠳᠤ ᠰᠠᠶᠢᠬᠠᠨ ᠣᠨᠳᠣᠷᠣᠭᠤᠯᠬᠤ ᠶᠢ ᠵᠥᠩᠨᠡᠯ᠎ᠡ᠃ ᠢᠩᠭᠢᠭᠡᠳ ᠠᠪᠤ ᠡᠵᠢ᠂ ᠠᠬ᠎ᠠ ᠶᠡᠬᠡᠰ ᠲᠡᠭᠡᠨ ᠰᠢᠨ᠎ᠡ ᠶᠢᠨ ᠠᠮᠤᠷ ᠠᠶᠢᠯᠠᠳᠬᠠᠭᠠᠳ ᠳᠠᠭᠢᠠ ᠮᠠᠯ ᠲᠡᠮᠡᠭᠡ ᠪᠠᠨ ᠨᠠᠷᠠᠨ ᠵᠦᠭ ᠪᠡᠯᠴᠢᠭᠡᠳᠡᠭ ᠤᠴᠢᠷ ᠲᠠᠢ᠃ ᠡᠭᠦᠨ ᠤ ᠳᠠᠷᠠᠭ᠎ᠠ ᠪᠠᠷ ᠰᠤᠪᠠᠢ ᠲᠡᠮᠡᠭᠡ ᠪᠠᠨ ᠵᠣᠳᠣᠷᠯᠠᠳᠠᠭ᠃ ᠡᠨᠡ ᠪᠦᠭᠦᠨ ᠨᠢ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠶᠣᠰᠣ ᠵᠠᠩᠰᠢᠯ ᠪᠠᠶᠢᠭ᠎ᠠ ᠶᠤᠮ᠃ ᠮᠥᠨ ᠴᠦ ᠠᠪᠤ ᠡᠵᠢ ᠨᠠᠰᠤᠲᠠᠢ ᠪᠤᠭᠤᠷᠤᠯᠴᠤᠳ ᠤᠨ ᠪᠡᠶ᠎ᠡ ᠮᠠᠬᠠᠪᠤᠳ ᠡᠷᠡᠭᠦᠯ ᠲᠡᠩᠬᠡᠯᠡᠭᠦᠨ᠂ ᠤᠷᠳᠤ ᠨᠠᠰᠤᠯᠠᠵᠤ ᠤᠳᠠᠭᠠᠨ ᠵᠢᠷᠭᠠᠬᠤ ᠶᠢ ᠵᠥᠩᠨᠡᠨ ᠢᠷᠦᠭᠡᠵᠦ᠂ ᠮᠠᠯ ᠰᠥᠷᠥᠭ ᠥᠨᠢᠷ ᠥᠳᠬᠡᠨ ᠦᠷᠡᠵᠢᠬᠦ ᠪᠣᠯᠲᠤᠭᠠᠢ ᠬᠡᠮᠡᠨ ᠵᠢᠯ ᠪᠣᠯᠭᠠᠨ ᠡᠨᠡ ᠬᠦ ᠣᠶᠢᠯᠡ ᠠᠵᠢᠯᠯᠠᠭ᠎ᠠ ᠪᠠᠨ ᠪᠠᠷᠢᠮᠲᠠᠯᠠᠭᠰᠠᠭᠠᠷ ᠢᠷᠡᠵᠡᠢ︾ ᠭᠡᠵᠦ ᠶᠠᠷᠢᠨ᠎ᠠ᠃          ᠶᠡᠷᠦᠨᠢ ᠤᠬᠠᠭᠠᠯᠢᠭ ᠠᠷᠠᠳ ᠲᠦᠮᠡᠨ ᠮᠠᠨᠢ ᠠᠯᠢ ᠡᠷᠲᠡ ᠠᠴᠠ ᠠᠪᠤᠭᠠᠳ ᠪᠡᠯᠭᠡᠰᠢᠶᠡᠬᠦ ᠶᠢ ᠡᠷᠬᠢᠮᠨᠡᠵᠦ᠂ ᠬᠥᠮᠥᠨ ᠠᠮᠢᠳᠠᠨ᠂ ᠡᠪᠡᠰᠦ ᠤᠷᠭᠤᠮᠠᠯ᠂ ᠪᠤᠯᠠᠭ ᠤᠰᠤ ᠭᠦᠷᠳᠡᠯ᠎ᠡ ᠳᠡᠯᠡᠬᠡᠢ ᠶᠢᠨ ᠲᠦᠮᠡᠨ ᠪᠣᠳᠠᠰ ᠪᠦᠷ ᠠᠮᠢ ᠲᠠᠢ ᠪᠠᠶᠢᠭ᠎ᠠ ᠪᠠᠷ ᠦᠵᠡᠳᠡᠭ ᠪᠣᠯᠬᠤᠷ ᠠᠮᠢ ᠠᠬᠤᠢ᠂ ᠡᠬᠡ ᠪᠠᠶᠢᠭᠠᠯᠢ ᠲᠠᠢ ᠪᠠᠨ ᠡᠶ᠎ᠡ ᠵᠣᠬᠢᠴᠠᠩᠭᠤᠢ ᠠᠮᠢᠳᠤᠷᠠᠪᠠᠯ ᠰᠠᠶ᠋ᠢ ᠲᠦᠮᠡᠨ ᠦᠢᠯᠡᠰ ᠰᠡᠳᠬᠢᠯᠴᠢᠯᠡᠨ ᠪᠦᠳᠤᠨ᠎ᠡ ᠭᠡᠵᠦ ᠦᠵᠡᠳᠡᠭ᠃ ᠡᠨᠡ ᠬᠦ ᠵᠥᠪ ᠡᠨᠧᠷᠭᠢ ᠶᠢᠨ ᠬᠦᠴᠦᠨ ᠢᠶᠠᠷ ᠰᠠᠶᠢᠬᠠᠨ ᠠᠮᠢᠳᠤᠷᠠᠵᠤ ᠴᠢᠳᠠᠳᠠᠭ ᠨᠢ ᠨᠢᠭᠡᠨ ᠵᠦᠢᠯ ᠤᠨ ᠭᠠᠶᠢᠬᠠᠮᠰᠢᠭ ᠪᠢᠯᠡ᠃ ︽ᠴᠠᠭᠠᠨ ᠰᠠᠷ᠎ᠠ ᠶᠢᠨ ᠰᠢᠨᠡᠳ ᠢᠶᠠᠷ ᠭᠦᠭᠡᠬᠤᠳᠠ ᠳᠤ ᠪᠠᠶᠢᠭ᠎ᠠ ᠠᠴᠢ ᠬᠦᠦ ᠮᠢᠨᠢ ᠭᠡᠷ ᠪᠦᠯᠢ ᠪᠠᠷ ᠢᠶᠠᠨ ᠮᠠᠨ ᠤ ᠳᠤ ᠰᠢᠨᠡᠯᠡᠬᠦ ᠪᠠᠷ ᠢᠷᠡᠯ᠎ᠡ᠃ ᠠᠶᠢᠯ ᠭᠡᠷ ᠪᠣᠯᠣᠭᠠᠳ ᠤᠳᠠᠭᠰᠠᠨ ᠴᠦ ᠠᠩᠬ᠎ᠠ ᠤᠳᠠᠭ᠎ᠠ ᠮᠢᠨᠤ ᠬᠠᠵᠠᠭᠤ ᠳᠤ ᠰᠢᠨᠡᠯᠡᠵᠣ ᠢᠷᠡᠭᠰᠡᠨ ᠲᠤᠯᠠ ᠪᠡᠯᠡᠭ ᠰᠡᠯᠲᠡ ᠶᠢ ᠨᠢ ᠲᠤᠰᠤᠭᠠᠳ ᠬᠠᠷᠢᠭᠤ ᠳᠤᠨᠢ ᠬᠠᠯᠠᠭᠤᠨ ᠬᠤᠰᠢᠭᠤᠲᠤ ᠬᠤᠨᠢ ᠠᠮᠠᠯᠠᠭᠠᠳ ᠶᠠᠪᠤᠭᠤᠯᠤᠭᠰᠠᠨ ᠰᠢᠤ᠃ ᠬᠠᠯᠠᠭᠤᠨ ᠬᠤᠰᠢᠭᠤᠲᠤ ᠬᠤᠨᠢ ᠶᠢ ᠪᠢᠳᠠ ᠡᠷᠬᠢᠮᠯᠡᠨ ᠬᠦᠨᠳᠦᠯᠡᠳᠡᠭ᠂ ᠲᠠᠪᠤᠨ ᠬᠤᠰᠢᠭᠤ ᠮᠠᠯ ᠰᠥᠷᠥᠭ ᠲᠠᠢ᠂ ᠬᠡᠰᠢᠭ ᠪᠤᠶᠠᠨ ᠲᠠᠢ ᠪᠤᠯᠬᠤ ᠪᠣᠯᠲᠤᠭᠠᠢ ᠭᠡᠰᠡᠨ ᠰᠠᠨᠠᠭ᠎ᠠ ᠲᠠᠢ ᠶᠤᠮ᠃ ᠰᠢᠨ᠎ᠡ ᠵᠢᠯ ᠢᠶᠠᠷ ᠰᠢᠨᠡᠯᠡᠵᠤ ᠢᠷᠡᠬᠦ ᠪᠣᠯ ᠨᠢᠭᠡ ᠤᠴᠢᠷ᠂ ᠨᠥᠭᠦᠭᠡ ᠲᠠᠯ᠎ᠠ ᠪᠠᠷ ᠠᠬᠠᠮᠠᠳ ᠪᠣᠯᠤᠭᠰᠠᠨ ᠤ ᠬᠤᠪᠢ ᠳᠤ ᠵᠠᠪᠠᠯ ᠠᠴᠢ ᠦᠷ᠎ᠡ ᠪᠠᠨ ᠤᠷᠮᠠᠰᠢᠭᠤᠯᠤᠨ ᠵᠣᠷᠢᠭᠵᠢᠭᠤᠯᠵᠤ᠂ ᠡᠳ᠋ ᠮᠥᠩᠭᠦ ᠲᠠᠢ᠂ ᠡᠯᠪᠡᠭ ᠪᠤᠶᠠᠨ ᠲᠠᠢ᠂ ᠨᠠᠷᠠ ᠰᠠᠷᠠ ᠮᠡᠲᠦ ᠮᠠᠨᠳᠤᠵᠤ᠂ ᠨᠠᠪᠴᠢ ᠴᠡᠴᠡᠭ ᠮᠡᠲᠦ ᠳᠡᠯᠭᠡᠷᠡᠵᠦ ᠶᠠᠪᠤᠲᠤᠭᠠᠢ ᠭᠡᠵᠦ ᠰᠠᠶᠢᠬᠠᠨ ᠢᠷᠦᠭᠡᠯ ᠢᠶᠠᠨ ᠥᠭᠬᠦ ᠬᠡᠷᠡᠭᠲᠡᠢ ᠪᠠᠶᠢᠳᠠᠭ᠃ ᠠᠬ᠎ᠠ ᠶᠡᠬᠡᠰ ᠬᠥᠮᠥᠨ ᠤ ᠠᠮᠠᠨ ᠪᠡᠯᠭᠡ ᠶᠡᠷᠦ ᠨᠢ ᠤᠳᠠᠭᠠᠨ ᠳᠠᠭᠠᠨ ᠣᠷᠣ ᠲᠠᠢ ᠪᠤᠯᠳᠠᠭ᠂ ᠡᠶᠢᠮᠦ ᠠᠴᠠ ᠰᠢᠨ᠎ᠡ ᠵᠢᠯ ᠢᠶᠠᠷ ᠵᠥᠪᠭᠡᠨ ᠰᠢᠨᠡᠯᠡᠭᠡᠳ ᠪᠠᠶᠠᠷᠯᠠᠭᠠᠳ ᠥᠩᠭᠡᠷᠡᠵᠦ ᠤᠳᠬᠤ ᠶᠠᠪᠤᠳᠠᠯ ᠪᠢᠰᠢ᠃ ᠴᠠᠭᠠᠨ᠎ᠠ ᠪᠠᠨ ᠮᠠᠰᠢ ᠭᠦᠨ ᠵᠤᠵᠠᠭᠠᠨ ᠵᠥᠩᠨᠡᠯ ᠪᠡᠯᠭᠡᠳᠡᠯ ᠤᠨ ᠰᠠᠨᠠᠭ᠎ᠠ ᠲᠠᠢ︾ ᠭᠡᠵᠦ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠲᠤᠬᠯᠢ ᠭᠠᠴᠠᠭᠠᠨ ᠤ ᠲᠤᠶᠠᠭ᠎ᠠ ᠨᠠᠰᠤᠲᠠᠨ ᠶᠠᠷᠢᠯ᠎ᠠ᠃          ᠦᠢᠯᠡᠰ ᠪᠦᠭᠦᠨ ᠥᠷᠨᠢᠨ ᠬᠥᠭᠵᠢᠭᠰᠡᠨ ᠥᠯᠵᠡᠶᠢᠲᠦ ᠰᠢᠨ᠎ᠡ ᠵᠢᠯ᠂ ᠥᠷᠭᠡᠨ ᠤᠯᠠᠨ ᠪᠠᠶᠠᠰᠤᠨ ᠨᠠᠶᠢᠷᠯᠠᠭᠰᠠᠨ ᠪᠠᠶᠠᠷᠲᠤ ᠴᠠᠭᠠᠨ ᠰᠠᠷ᠎ᠠ ᠪᠠᠶᠠᠷ ᠴᠡᠩᠭᠡᠯ ᠢᠶᠠᠷ ᠪᠢᠯᠬᠠᠨ᠎ᠠ᠃ ᠡᠶᠢᠨ ᠬᠦ ᠵᠢᠯ ᠴᠠᠭᠠᠨ ᠰᠠᠷ᠎ᠠ ᠪᠠᠷ ᠠᠯᠳᠠ ᠴᠠᠭᠠᠨ ᠬᠠᠳᠠᠭ ᠲᠠᠲᠠᠵᠤ᠂ ᠠᠮᠠᠨ ᠴᠠᠭᠠᠨ ᠢᠷᠦᠭᠡᠯ ᠲᠠᠯᠪᠢᠭᠰᠠᠨ ᠬᠥᠮᠥᠨ ᠤ ᠦᠭᠡ ᠪᠣᠯᠭᠠᠨ ᠳᠤ ᠰᠡᠴᠡᠨ ᠴᠡᠯᠮᠡᠭ ᠤᠷ᠎ᠠ ᠠᠪᠢᠶᠠᠰ ᠬᠠᠷᠠᠭᠳᠠᠨ᠂ ᠬᠤᠳᠠ ᠰᠥᠷᠥᠭ᠂ ᠮᠠᠯ ᠤᠨᠤᠭ᠎ᠠ ᠶᠢᠨ ᠠᠷᠠᠴᠢᠯᠠᠭ᠎ᠠ ᠪᠣᠯᠭᠠᠨ ᠳᠤᠨᠢ ᠪᠡᠯᠭᠡᠰᠢᠶᠡᠯ ᠤᠨ ᠶᠣᠰᠣᠨ ᠠᠭᠤᠯᠵᠤ᠂ ᠠᠵᠢᠯ ᠦᠢᠯᠡᠰ ᠠᠵᠤ ᠠᠮᠢᠳᠤᠷᠠᠯ ᠪᠦᠭᠦᠨ ᠳᠤ ᠵᠥᠩᠨᠡᠯ ᠪᠡᠯᠭᠡᠳᠡᠯ ᠬᠤᠷᠤᠶᠢᠯᠠᠨ᠂ ᠴᠠᠭᠯᠠᠰᠢ ᠦᠭᠡᠢ ᠪᠠᠶᠠᠷ ᠪᠠᠶᠠᠰᠤᠯ ᠲᠠᠢ ᠴᠠᠭᠠᠨ ᠰᠠᠷ᠎ᠠ ᠳᠤ ᠢᠷᠦᠭᠡᠯ ᠵᠥᠩᠨᠡᠯ ᠢᠶᠠᠷ ᠪᠤᠶᠠᠨ ᠲᠡᠭᠦᠰ ᠪᠣᠯᠵᠤ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号