| | ᠠᠷᠤᠤᠬᠠᠨ ᠵᠤᠨ᠎ᠠ︶ ᠴᠠᠭᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭ᠎ᠠ ᠳᠠᠭᠤᠰᠬᠤ ᠶᠢ ᠳᠠᠭᠠᠯᠳᠤᠨ᠂ | ᠬᠥᠮᠥᠰ ᠣᠷᠭᠢᠯᠤᠮ᠎ᠠ ᠬᠠᠯᠠᠭᠤᠨ ᠰᠡᠳᠬᠢᠯ ᠢᠶᠠᠷ ᠰᠢᠨ᠎ᠡ ᠨᠢᠭᠡ ᠵᠢᠯ ᠤᠨ ᠠᠵᠢᠯ ᠠᠮᠢᠳᠤᠷᠠᠯ ᠢᠶᠠᠨ ᠡᠬᠢᠯᠡᠭᠦᠯᠬᠦ ᠳᠤ | ᠪᠡᠶ᠎ᠡ ᠪᠠᠨ ᠴᠢᠭᠢᠷᠠᠭᠵᠢᠭᠤᠯᠬᠤ ᠨᠢ ᠲᠡᠷᠢᠭᠦᠨ ᠰᠣᠩᠭᠤᠯᠲᠠ ᠪᠣᠯᠵᠠᠢ᠃ | ᠣᠶᠢᠷ᠎ᠠ ᠶᠢᠨ ᠡᠳᠦᠷ ᠪᠠᠶᠠᠨᠬᠤᠲᠠ ᠶᠢᠨ ANT ᠪᠡᠶ᠎ᠡ ᠴᠢᠭᠢᠷᠠᠭᠵᠢᠭᠤᠯᠬᠤ ᠭᠠᠵᠠᠷ ᠲᠤ ᠪᠡᠶ᠎ᠡ ᠪᠠᠨ | ᠪᠤᠯᠪᠠᠰᠣᠷᠠᠭᠤᠯᠵᠣ ᠪᠠᠶᠢᠭ᠎ᠠ ᠬᠥᠮᠥᠨ ᠬᠠᠷᠢᠴᠠᠩᠭᠤᠢ ᠤᠯᠠᠨ ᠪᠠᠶᠢᠬᠤ ᠮᠥᠷᠲᠡᠭᠡᠨ ᠰᠢᠨ᠎ᠡ ᠪᠠᠷ ᠭᠡᠰᠢᠭᠦᠨ ᠣᠷᠣᠵᠤ | ᠪᠠᠶᠢᠭ᠎ᠠ ᠨᠢ ᠴᠤ ᠴᠠᠭᠠᠨ ᠰᠠᠷ᠎ᠠ ᠶᠢᠨ ᠡᠮᠦᠨᠡᠬᠢ ᠠᠴᠠ ᠤᠯᠠᠨ ᠪᠣᠯᠵᠠᠢ᠃ ᠪᠡᠶ᠎ᠡ ᠴᠢᠭᠢᠷᠠᠭᠵᠢᠭᠤᠯᠬᠤ ᠺᠠᠷᠲ | ᠳᠠᠩᠰᠠᠯᠠᠭᠤᠯᠬᠤ ᠶᠠᠪᠤᠳᠠᠯ ᠨᠢ ᠰᠠᠶ᠋ᠢᠬᠠᠨ ᠪᠠᠶᠠᠨᠬᠤᠲᠠ ᠳᠤ ᠰᠢᠯᠵᠢᠵᠦ ᠢᠷᠡᠭᠰᠡᠨ ᠵᠠᠩ ᡂᠢ ᠳᠤ ᠠᠪᠴᠤ ᠬᠡᠯᠡᠪᠡᠯ | ᠬᠠᠮᠤᠭ ᠲᠤᠯᠭᠠᠮ ᠪᠠᠶᠢᠯ᠎ᠠ᠃ ᠵᠠᠩ ᡂᠢ᠄ ︽ᠮᠢᠨᠤ ᠠᠵᠢᠯ ᠲᠠᠮᠢᠷ ᠲᠠᠢ ᠬᠤᠯᠪᠤᠭ᠎ᠠ ᠲᠠᠢ ᠪᠠᠶᠢᠳᠠᠭ ᠢᠶᠠᠷ ᠪᠡᠶ᠎ᠡ | ᠮᠠᠬᠠᠪᠤᠳ ᠢᠶᠠᠨ ᠰᠠᠶᠢᠨ ᠪᠣᠯᠪᠠᠰᠤᠷᠠᠵᠤ ᠰᠢᠨ᠎ᠡ ᠨᠢᠭᠡᠨ ᠣᠷᠴᠢᠨ ᠳᠤ ᠰᠢᠨ᠎ᠡ ᠠᠮᠵᠢᠯᠲᠠ ᠭᠠᠷᠭᠠᠬᠤ ᠪᠠᠷ ᠴᠢᠷᠮᠠᠶᠢᠵᠤ | ᠪᠠᠶᠢᠨ᠎ᠠ︾ ᠭᠡᠵᠦ ᠶᠠᠷᠢᠨ᠎ᠠ᠃ ᠳᠣᠰ ᠪᠡᠶ᠎ᠡ ᠴᠢᠭᠢᠷᠠᠭᠵᠢᠭᠤᠯᠬᠤ ᠭᠠᠵᠠᠷ ᠲᠤ ᠭᠤᠣᠯᠳᠠᠭᠤ ᠵᠠᠯᠠᠭᠤ ᠬᠥᠮᠥᠰ ᠪᠤᠶᠤ | ᠪᠡᠶ᠎ᠡ ᠭᠤᠸᠠᠵᠢᠭᠤᠯᠬᠤ ᠳᠠᠰᠬᠠᠯ ᠬᠢᠬᠦ ᠱᠠᠭᠠᠷᠳᠠᠯᠭ᠎ᠠ ᠲᠠᠢ ᠬᠥᠮᠥᠨ ᠵᠣᠩᠬᠢᠯᠠᠬᠤ ᠲᠤᠭ᠎ᠠ ᠶᠢ ᠡᠵᠡᠯᠡᠵᠦ᠂ ᠡᠳᠦᠷ | ᠪᠦᠷᠢ ᠶᠢᠨ ᠣᠷᠣᠢ ᠶᠢᠨ 6 ᠴᠠᠭ ᠠᠴᠠ 8 ᠴᠠᠭ ᠬᠦᠷᠲᠡᠯᠡᠬᠢ ᠬᠤᠭᠤᠴᠠᠭᠠᠨ ᠳᠤ ᠬᠠᠮᠤᠭ ᠤᠯᠠᠨ ᠬᠥᠮᠥᠨ ᠪᠠᠶᠢᠳᠠᠭ᠃ | ᠪᠠᠶᠠᠨᠬᠤᠲᠠ ᠶᠢᠨANT ᠪᠡᠶ᠎ᠡ ᠴᠢᠭᠢᠷᠠᠭᠵᠢᠭᠤᠯᠬᠤ ᠭᠠᠵᠠᠷ ᠤᠨ ᠳᠠᠰᠬᠠᠯᠵᠢᠭᠤᠯᠤᠭᠴᠢ ᠵᠠᠩ ᠱᠤᠸᠠᠢ᠄ ︽ᠴᠠᠭᠠᠨ | ᠰᠠᠷ᠎ᠠ ᠶᠢᠨ ᠲᠠᠷᠠᠭ᠎ᠠ ᠮᠠᠨ ᠤ ᠡ᠊ᠡᠳᠡ ᠢᠷᠡᠬᠦ ᠬᠥᠮᠥᠨ ᠤᠯᠠᠮ ᠣᠯᠠᠰᠢᠷᠠᠵᠠᠢ᠂ ᠭᠤᠣᠯ ᠨᠢ ᠭᠤᠸ᠎ᠠ ᠰᠠᠶᠢᠬᠠᠨ ᠢ | ᠬᠥᠭᠡᠭᠡᠴᠡᠯᠳᠦᠬᠦ ᠡᠮᠡᠭᠲᠡᠶᠢᠴᠦᠳ ᠪᠠᠷ ᠭᠤᠣᠯᠯᠠᠵᠤ ᠪᠠᠶᠢᠨ᠎ᠠ︾ ᠭᠡᠵᠦ ᠶᠠᠷᠢᠨ᠎ᠠ᠃ ᠰᠣᠷᠪᠤᠯᠵᠢᠯᠠᠬᠴᠢ ᠦᠳᠡᠰᠢ ᠶᠢᠨ 9 | ᠴᠠᠭ ᠤᠨ ᠦᠶ᠎ᠡ ᠪᠠᠷ ᠠᠯᠠᠱᠠ ᠠᠶᠢᠮᠠᠭ ᠤᠨ ᠪᠡᠶ᠎ᠡ ᠶᠢᠨ ᠲᠠᠮᠢᠷ ᠤᠨ ᠣᠷᠳᠣᠨ ᠳᠤ ᠬᠦᠷᠬᠦ ᠳᠤ ᠪᠡᠶ᠎ᠡ | ᠴᠢᠭᠢᠷᠠᠭᠵᠢᠭᠤᠯᠬᠤ ᠭᠠᠵᠠᠷ᠂ ᠡᠯ᠎ᠡ ᠵᠦᠢᠯ ᠤᠨ ᠪᠥᠮᠪᠥᠭᠡᠨ ᠲᠠᠯᠠᠪᠠᠢ ᠳᠤ ᠬᠥᠮᠥᠨ ᠳᠦᠭᠦᠷᠴᠦ ᠬᠥᠭᠵᠢᠶᠡᠨ ᠶᠡᠬᠡᠲᠡᠢ | ᠪᠠᠶᠢᠯ᠎ᠠ᠃ ︽ᠦᠳᠦᠨ ᠪᠥᠮᠪᠦᠭᠡ ᠨᠠᠭᠠᠳᠤᠭᠠᠳ ᠵᠢᠷᠭᠤᠭᠠᠨ ᠵᠢᠯ ᠪᠣᠯᠵᠤ ᠪᠠᠶᠢᠨ᠎ᠠ᠂ ᠴᠠᠭᠠᠨ ᠰᠠᠷ᠎ᠠ ᠴᠤ ᠥᠩᠭᠡᠷᠡᠯ᠎ᠡ | ᠂ ᠡ᠊ᠡᠳᠡ ᠢᠷᠡᠵᠦ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠤᠨ ᠮᠠᠭᠤ ᠬᠥᠯᠥᠰᠦ ᠪᠠᠨ ᠭᠠᠷᠭᠠᠶ᠎ᠠ ᠭᠡᠵᠦ ᠪᠤᠳᠣᠯᠠ︾ | ᠭᠡᠵᠦ ᠪᠠᠶᠠᠨᠬᠤᠲᠠ ᠶᠢᠨ ᠰᠠᠭᠤᠭᠠᠯᠢ ᠠᠷᠠᠳ ᠪᠣᠯᠣᠷ ᠶᠠᠷᠢᠨ᠎ᠠ᠃ | ᠥᠷᠯᠥᠭᠡ ᠡᠷᠲᠡ ᠶᠢᠨ8 ᠴᠠᠭ ᠲᠤ ᠰᠢᠨᠡᠳᠬᠡᠨ ᠪᠠᠶᠢᠭᠤᠯᠤᠭᠰᠠᠨ ᠠᠯᠠᠱᠠ ᠠᠶᠢᠮᠠᠭ ᠤᠨ ᠪᠡᠶ᠎ᠡ ᠶᠢᠨ | ᠲᠠᠮᠢᠷ ᠤᠨ ᠴᠡᠴᠡᠷᠯᠢᠭ ᠲᠤ ᠨᠠᠰᠤᠲᠠᠶᠢᠴᠤᠳ ᠢᠶᠠᠷ ᠭᠤᠣᠯᠳᠠᠭᠤᠯᠤᠭᠰᠠᠨ ᠨᠢᠭᠡ ᠪᠦᠯᠦᠭ ᠬᠥᠮᠥᠰ ᠪᠥᠵᠢᠭ ᠪᠥᠵᠢᠭᠯᠡᠨ | ᠂ ᠪᠥᠮᠪᠦᠭᠡ ᠨᠠᠭᠠᠳᠴᠤ᠂ ᠡᠷᠲᠡ ᠶᠢᠨ ᠴᠡᠪᠡᠷ ᠠᠭᠠᠷ ᠠᠮᠢᠰᠬᠤᠯᠯᠠᠨ ᠪᠡᠶ᠎ᠡ ᠮᠠᠬᠠᠪᠤᠳ ᠢᠶᠠᠨ ᠪᠣᠯᠪᠠᠰᠤᠷᠠᠵᠤ ᠪᠠᠶᠢᠯ᠎ᠠ᠃ | ︽ᠵᠢᠯ ᠠᠴᠠ ᠡᠮᠦᠨᠡᠬᠡᠨ ᠨᠠᠮ ᠵᠠᠰᠠᠭ ᠠᠴᠠ ᠪᠡᠶ᠎ᠡ ᠪᠤᠯᠪᠠᠰᠣᠷᠠᠭᠤᠯᠬᠤ ᠲᠠᠯᠠᠪᠠᠢ ᠭᠠᠷᠭᠠᠵᠤ ᠦᠭᠭᠦᠯ᠎ᠡ᠂ ᠶᠡᠭᠡ | ᠰᠠᠶᠢᠬᠠᠨ ᠪᠠᠶᠢᠨ᠎ᠠ᠃ ᠲᠠᠮᠢᠷ ᠤᠨ ᠲᠠᠯᠠᠪᠠᠢ ᠨᠢ ᠮᠠᠨ ᠤ ᠭᠡᠷ ᠠᠴᠠ ᠬᠤᠶᠠᠷ ᠵᠠᠭᠤᠨ ᠮᠧᠲᠷ ᠵᠠᠶᠢᠲᠠᠢ ᠪᠠᠶᠢᠳᠠᠭ ᠢᠶᠠᠷ | ᠡᠳᠦᠷ ᠪᠦᠷᠢ ᠢᠷᠡᠳᠡᠭ︾ ᠭᠡᠵᠦ ᠪᠠᠶᠠᠨᠬᠤᠲᠠ ᠶᠢᠨ ᠰᠠᠭᠤᠭᠠᠯᠢ ᠠᠷᠠᠳ ᠮᠠ ᠱᠣᠣ ᠴᠢᠩ ᠶᠠᠷᠢᠨ᠎ᠠ᠃ | ᠣᠶᠢᠯᠠᠭᠠᠭᠰᠠᠨ ᠢᠶᠠᠷ ᠴᠠᠭᠠᠨ ᠰᠠᠷ᠎ᠠ ᠶᠢᠨ ᠠᠮᠠᠷᠠᠯᠲᠠ ᠶᠢᠨ ᠳᠠᠷᠠᠭ᠎ᠠ᠂ ᠪᠡᠶ᠎ᠡ ᠴᠢᠭᠢᠷᠠᠭᠵᠢᠭᠤᠯᠬᠤ | ᠬᠥᠮᠥᠨ ᠤ ᠲᠤᠭ᠎ᠠ ᠮᠡᠳᠡᠭᠳᠡᠮ᠎ᠡ ᠤᠯᠠᠨ ᠪᠣᠯᠵᠤ᠂ ᠬᠥᠮᠥᠰ ᠡᠷᠡᠭᠦᠯ ᠴᠢᠭᠢᠷᠠᠭ ᠪᠡᠶ᠎ᠡ ᠮᠠᠬᠠᠪᠤᠳ ᠪᠠ ᠥᠭᠡᠳᠡᠷᠡᠭ | ᠪᠠᠶᠠᠰᠤᠩᠭᠤᠢ ᠣᠪᠣᠷ ᠢᠶᠠᠷ ᠰᠢᠨ᠎ᠡ ᠨᠢᠭᠡ ᠵᠢᠯ ᠢᠶᠠᠨ ᠤᠭᠲᠤᠵᠤ ᠪᠠᠶᠢᠭ᠎ᠠ ᠨᠢ ᠢᠯᠡᠭᠡᠨ ᠪᠠᠶᠢᠯ᠎ᠠ᠃ ᠠᠯᠠᠱᠠ | ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠡᠷᠡᠭᠦᠯ ᠢ ᠰᠠᠬᠢᠬᠤ ᠲᠥᠪ ᠤᠨ ᠳᠡᠳ᠋ ᠡᠷᠭᠢᠯᠡᠭᠴᠢ ᠡᠷᠬᠢᠮᠪᠢᠯᠢᠭ᠄ | ︽ᠮᠣᠩᠭᠤᠯ ᠠᠨᠠᠭᠠᠬᠤ ᠤᠬᠠᠭᠠᠨ ᠳᠤ᠂ ᠬᠠᠪᠤᠷ ᠤᠨ ᠴᠠᠭ ᠢ ᠡᠯᠢᠭᠡᠨ ᠤ ᠴᠠᠭ ᠭᠡᠳᠡᠭ᠂ ᠤᠴᠢᠷ ᠨᠢ ᠬᠠᠷ᠎ᠠ | ᠵᠢᠷᠤᠬᠠᠢ ᠶᠢᠨ ᠲᠠᠪᠤᠨ ᠮᠠᠬᠠᠪᠤᠳ ᠤᠨ ᠮᠣᠳᠣᠨ ᠮᠠᠬᠠᠪᠤᠳ ᠪᠣᠯ ᠡᠯᠢᠭᠡᠨ ᠤ ᠮᠠᠬᠠᠪᠤᠳ᠂ ᠡᠶᠢᠮᠦ ᠠᠴᠠ ᠭᠠᠳᠠᠨᠠᠬᠢ | ᠣᠷᠴᠢᠨ ᠲᠣᠭᠤᠷᠢᠨ ᠳᠤᠯᠠᠭᠠᠷᠠᠬᠤ ᠶᠢ ᠳᠠᠭᠠᠯᠳᠤᠨ ᠪᠢᠳᠡᠨ ᠤ ᠡᠯᠢᠭᠡ ᠪᠠᠨ ᠲᠥᠯᠵᠢᠭᠦᠯᠬᠦ᠂ ᠡᠯᠢᠭᠡ ᠪᠠᠨ ᠬᠠᠮᠠᠭᠠᠯᠠᠬᠤ | ᠰᠠᠶᠢᠬᠠᠨ ᠴᠠᠭ ᠢᠷᠡᠳᠡᠭ᠃ ᠡᠶᠢᠮᠦ ᠠᠴᠠ ᠰᠢᠩᠭᠡᠭᠡᠬᠦ ᠳᠤ ᠭᠢᠯᠪᠡᠷ᠂ ᠥᠭᠡᠬᠦ ᠲᠣᠰᠣ ᠪᠠᠭ᠎ᠠ᠂ ᠰᠡᠳᠡᠯᠲᠡ ᠪᠠᠭ᠎ᠠ | ᠢᠳᠡᠭᠡᠨ ᠢ ᠢᠳᠡᠵᠦ᠂ ᠪᠠᠭ᠎ᠠ ᠬᠥᠳᠡᠯᠭᠡᠭᠡᠨ ᠠᠴᠠ ᠶᠡᠭᠡ ᠬᠥᠳᠡᠯᠭᠡᠭᠡᠨ ᠤᠷᠤᠭᠤ ᠠᠭᠠᠵᠢᠮ ᠰᠢᠯᠵᠢᠭᠦ ᠵᠣᠬᠢᠰᠲᠠᠢ | ᠬᠥᠳᠡᠯᠭᠡᠭᠡᠨ ᠢ ᠲᠣᠬᠢᠷᠠᠭᠤᠯᠵᠤ᠂ ᠪᠡᠶ᠎ᠡ ᠳᠡᠭᠡᠨ ᠲᠣᠬᠢᠷᠠᠭᠰᠠᠨ ᠬᠥᠳᠡᠯᠭᠡᠭᠡᠨ ᠢ ᠰᠣᠩᠭᠤᠨ᠂ ᠬᠡᠲᠦᠷᠬᠡᠢ ᠶᠠᠳᠠᠷᠠᠬᠤ᠂ | ᠬᠡᠲᠦᠷᠬᠡᠢ ᠬᠦᠴᠦᠯᠡᠬᠦ ᠶᠢ ᠴᠡᠭᠡᠷᠯᠡᠪᠡᠯ ᠵᠣᠬᠢᠨ᠎ᠠ︾ ᠭᠡᠵᠦ ᠶᠠᠷᠢᠨ᠎ᠠ᠃ | ᠣᠶᠢᠷ᠎ᠠ ᠶᠢᠨ ᠵᠢᠯ ᠳᠤ᠂ ᠠᠯᠠᠱᠠ ᠠᠶᠢᠮᠠᠭ ᠣᠯᠠᠨ ᠲᠦᠮᠡᠨ ᠤ ᠰᠡᠯᠡᠭᠦᠴᠡᠯ ᠪᠡᠶ᠎ᠡ ᠴᠢᠭᠢᠷᠠᠭᠵᠢᠭᠤᠯᠬᠤ | ᠬᠡᠷᠡᠭᠴᠡᠭᠡ ᠱᠠᠭᠠᠷᠳᠠᠯᠭ᠎ᠠ ᠶᠢ ᠲᠠᠰᠤᠷᠠᠯᠲᠠ ᠦᠭᠡᠢ ᠬᠠᠩᠭᠠᠬᠤ ᠪᠠᠷ ᠴᠢᠷᠮᠠᠶᠢᠵᠤ᠂ ᠣᠲᠣ ᠶᠢᠨ ᠪᠠᠶᠢᠭ᠎ᠠ ᠬᠤᠲᠠ ᠶᠢᠨ | ᠰᠤᠯᠠ ᠭᠠᠵᠠᠷ ᠤᠨ ᠣᠷᠣᠨ ᠵᠠᠢ ᠶᠢ ᠭᠦᠢᠴᠡᠳ ᠠᠰᠢᠭᠯᠠᠨ᠂ ᠴᠡᠴᠡᠷᠯᠢᠭ ᠢ ᠳᠡᠰ ᠳᠡᠪᠰᠢᠭᠦᠯᠦᠨ ᠥᠭᠡᠷᠡᠴᠢᠯᠡᠬᠦ᠂ | ᠪᠡᠶ᠎ᠡ ᠶᠢᠨ ᠲᠠᠮᠢᠷ ᠤᠨ ᠴᠡᠴᠡᠷᠯᠢᠭ ᠢ ᠪᠦᠲᠦᠭᠡᠨ ᠪᠠᠶᠢᠭᠤᠯᠬᠤ ᠵᠡᠷᠭᠡ ᠲᠥᠷᠥᠯ ᠵᠦᠢᠯ ᠢ ᠬᠡᠷᠡᠭᠵᠢᠭᠦᠯᠪᠡ᠃ ᠣᠲᠣ | ᠪᠤᠯᠲᠠᠯ᠎ᠠ᠂ ᠪᠦᠭᠦ ᠠᠶᠢᠮᠠᠭ ᠲᠤ ᠨᠡᠶᠢᠲᠡ 1062 ᠪᠡᠶ᠎ᠡ ᠶᠢᠨ ᠲᠠᠮᠢᠷ ᠤᠨ ᠲᠠᠯᠠᠪᠠᠶ ᠲᠠᠢ᠂ ᠬᠥᠮᠥᠨ ᠳᠤᠮᠳᠠᠴᠢ ᠪᠠᠷ 5. | 46 ᠲᠡᠭᠰᠢ ᠳᠥᠷᠪᠡᠯᠵᠢᠨ ᠮᠧᠲᠷ ᠪᠡᠶ᠎ᠡ ᠶᠢᠨ ᠲᠠᠮᠢᠷ ᠤᠨ ᠲᠠᠯᠠᠪᠠᠢ ᠨᠣᠭᠳᠠᠵᠤ᠂ ᠬᠤᠲᠠ ᠶᠢᠨ ᠠᠷᠠᠳ ᠤᠨ ︽ | 15 ᠮᠢᠨᠦ᠋ᠲ ᠤᠨ ᠪᠡᠶ᠎ᠡ ᠴᠢᠭᠢᠷᠠᠭᠵᠢᠭᠤᠯᠬᠤ ᠲᠣᠭᠤᠷᠢᠭ︾ ᠲᠠᠢ ᠪᠠᠶᠢᠯᠭᠠᠬᠤ ᠪᠦᠷᠬᠦᠴᠡ ᠶᠢᠨ ᠨᠣᠷᠮ᠎ᠠ ᠶᠢ | 100% ᠳᠤ ᠬᠦᠷᠭᠡᠵᠡᠢ᠃ |