ᠰᠣᠶᠣᠯ ᠤᠨ ᠤᠯᠠᠮᠵᠢᠯᠠᠯ ᠲᠠᠢ ᠴᠠᠭᠠᠨ ᠰᠠᠷ᠎ᠠ
ᠨᠡᠶᠢᠲᠡᠯᠡᠭᠰᠡᠨ ᠴᠠᠭ᠄
2025/5/21
                                           ᠰᠣᠷᠪᠤᠯᠵᠢᠯᠠᠬᠴᠢ ᠡᠷᠳᠡᠨᠢᠴᠡᠴᠡᠭ                    ᠴᠠᠭᠠᠨ ᠰᠠᠷ᠎ᠠ ᠨᠢ ᠭᠡᠷ ᠪᠦᠯᠢ ᠶᠢᠨ ᠬᠢᠨ ᠤ ᠠᠭᠤᠯᠵᠠᠨ ᠵᠣᠯᠭᠠᠵᠤ᠂ ᠬᠤᠷᠠᠵᠤ ᠴᠤᠭᠯᠠᠷᠠᠬᠤ ᠪᠠᠶᠠᠷᠲᠤ ᠠᠭᠤᠯᠭ᠎ᠠ ᠪᠠᠷ ᠭᠤᠣᠯ ᠪᠤᠯᠭᠠᠵᠤ ᠪᠠᠶᠢᠭᠰᠠᠨ ᠪᠣᠯ ᠣᠷᠴᠢᠮ ᠤᠨ ᠵᠢᠯ ᠠᠴᠠ ᠰᠣᠶᠣᠯ ᠤᠯᠠᠮᠵᠢᠯᠠᠯ ᠢᠶᠠᠨ ᠳᠡᠭᠡᠳᠦᠯᠡᠵᠦ ᠂ ᠤᠯᠠᠠ ᠲᠦᠮᠡᠨᠴᠢ ᠰᠣᠶᠣᠯ ᠤᠷᠠᠯᠢᠭ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠬᠦ ᠪᠠᠷ ᠳᠠᠮᠵᠢᠠ ᠠᠷᠠᠳ ᠲᠦᠮᠡᠨ ᠤ ᠲᠡᠦᠬᠡ ᠰᠣᠶᠣᠯ ᠢᠶᠠᠨ ᠣᠶᠢᠯᠠᠭᠠᠬᠤ᠂ ᠤᠯᠠᠮᠵᠢᠯᠠᠬᠤ ᠶᠢ ᠬᠥᠲᠥᠯᠥᠨ ᠳᠠᠭᠠᠭᠤᠯᠬᠤ ᠨᠢ ᠤᠯᠠᠮ  ᠢᠶᠠᠷ ᠪᠠᠶᠢᠷᠢ ᠠᠪᠴᠤ ᠪᠠᠶᠢᠨ᠎ᠠ᠃          ᠴᠠᠭᠠᠨ ᠰᠠᠷ᠎ᠠ ᠠᠴᠠ ᠡᠮᠦᠨ᠎ᠡ᠂ ᠮᠠᠨ ᠤ ᠠᠶᠢᠮᠠᠭ ᠤᠨ ᠰᠣᠶᠣᠯ ᠵᠢᠭᠤᠯᠴᠢᠯᠠᠯ ᠤᠨ ᠰᠠᠯᠠᠭ᠎ᠠ ᠮᠥᠴᠢᠷ  ᠤᠨ ᠬᠢᠨ ᠬᠠᠮᠢᠶ᠎ᠠ ᠪᠦᠬᠦᠢ ᠨᠢᠭᠡᠴᠢ ᠲᠠᠢ ᠬᠠᠮᠲᠤᠷᠠᠨ᠂ ︽ᠰᠣᠶᠣᠯ ᠤᠨ ᠤᠯᠠᠮᠵᠢᠯᠠᠯ ᠲᠠᠢ ᠴᠠᠭᠠᠨ ᠰᠠᠷ᠎ᠠ︾ ᠶᠢ ᠥᠩᠭᠡᠷᠡᠭᠡᠬᠦ ᠪᠠᠷ ᠨᠠᠷᠢᠯᠢᠭ ᠲᠥᠯᠥᠪᠯᠡᠨ᠂ ᠵᠣᠬᠢᠶᠠᠨ ᠪᠠᠶᠢᠭᠤᠯᠤᠨ ᠥᠷᠨᠢᠭᠦᠯᠦᠭᠰᠡᠨ ᠢᠶᠠᠷ ᠡᠯ᠎ᠡ ᠭᠠᠵᠠᠷ ᠲᠤ ᠴᠠᠭᠠᠨ ᠰᠠᠷ᠎ᠠ ᠶᠢᠨ ᠦᠳᠡᠰᠢᠯᠡᠭᠡ ᠠᠴᠠ ᠡᠬᠢᠯᠡᠭᠦᠯᠦᠨ᠂ ᠭᠠᠴᠠᠭ᠎ᠠ ᠳᠤᠰᠬᠤᠠ ᠤ ᠳᠠᠭᠤᠤ ᠶᠢᠨ ᠤᠷᠤᠯᠳᠤᠭᠠᠠ᠂ ᠬᠥᠭᠵᠢᠮ  ᠤᠨ ᠨᠠᠶᠢᠷ ᠵᠡᠷᠭᠡ ᠤᠷᠠᠨ ᠰᠠᠶᠢᠬᠠᠨ ᠤ ᠠᠵᠢᠯᠯᠠᠭ᠎ᠠ᠂ ᠰᠦᠮ᠎ᠡ ᠶᠢᠨ ᠴᠤᠭᠯᠠᠭᠠᠨ᠂ ᠭᠠᠯ ᠳᠠᠭᠢᠯᠭ᠎ᠠ᠂ ᠥᠯᠵᠡᠶᠢᠲᠦ ᠡᠳᠦᠷ ᠤᠨ ᠨᠠᠶᠢᠷ ᠵᠡᠷᠭᠡ ᠪᠣᠳᠠᠰ ᠤᠨ ᠪᠤᠰᠤ ᠰᠣᠶᠣᠯ ᠤᠨ ᠠᠵᠢᠯᠯᠠᠭ᠎ᠠ ᠥᠷᠭᠡᠨ ᠳᠡᠯᠭᠡᠷ ᠥᠷᠨᠢᠭᠰᠡᠨ ᠪᠥᠭᠡᠳ  ᠳᠡᠯᠭᠡᠨ ᠦᠵᠡᠭᠦᠯᠭᠡ᠂ ᠠᠷᠠᠯᠵᠢᠶ᠎ᠠ ᠪᠣᠷᠤᠯᠠᠭᠤᠯᠭ᠎ᠠ᠂ ᠬᠤᠣᠰ ᠤᠶᠠᠩᠭ᠎ᠠ ᠪᠢᠴᠢᠵᠦ ᠬᠦᠷᠭᠡᠬᠦ᠂ ᠴᠠᠭᠠᠰᠤᠨ ᠬᠠᠶᠢᠴᠢᠯᠠᠮᠠᠯ ᠵᠡᠷᠭᠡ ᠤᠯᠠᠠ ᠲᠦᠮᠡᠨ ᠤ ᠣᠷᠤᠯᠴᠠᠯᠭ᠎ᠠ ᠲᠠᠢ ᠡᠯᠪᠡᠭ ᠠᠭᠤᠯᠭ᠎ᠠ ᠪᠦᠬᠦᠢ ᠰᠣᠶᠣᠯ ᠤᠨ ᠠᠵᠢᠯᠯᠠᠭ᠎ᠠ ᠶᠠᠪᠤᠭᠳᠠᠵᠤ᠂ ᠠᠯᠠᠱᠠ ᠲᠦᠮᠡᠨ ᠡᠭᠦᠨ ᠤ ᠳᠣᠲᠣᠷ᠎ᠠ ᠠᠴᠠ ᠰᠣᠶᠣᠯ ᠤᠨ ᠬᠦᠷᠲᠡᠭᠡᠯ ᠣᠯᠵᠤ᠂ ᠪᠠᠶᠠᠷ ᠤᠨ ᠡᠳᠦᠷ  ᠤᠨ ᠠᠮᠢᠳᠤᠷᠠᠯ ᠢᠶᠠᠨ ᠪᠠᠶᠠᠯᠢᠭᠵᠢᠭᠤᠯᠤᠭᠰᠠᠨ ᠪᠠᠶᠢᠨ᠎ᠠ᠃          ᠴᠠᠭᠠᠨ ᠰᠠᠷ᠎ᠠ ᠠᠴᠠ ᠡᠮᠦᠨᠡᠬᠡᠨ᠂ ᠠᠯᠠᠱᠠ ᠵᠡᠭᠦᠨ ᠬᠤᠰᠢᠭᠤᠨ ᠤ ᠰᠣᠶᠣᠯ ᠵᠢᠭᠤᠯᠴᠢᠯᠠᠯ ᠤᠨ ᠲᠣᠪᠴᠢᠶ᠎ᠠ  ᠠᠴᠠ ᠭᠤᠣᠯᠯᠠᠨ ᠡᠷᠭᠢᠯᠡᠭᠰᠡᠡ ᠠᠯᠠᠱᠠ ᠵᠡᠭᠦᠨ ᠬᠤᠰᠢᠭᠤᠨ ᠤ 2025 ᠣᠨ ᠤ ᠴᠠᠭᠠᠨ ᠰᠠᠷ᠎ᠠ ᠶᠢᠨ ᠪᠣᠣᠪᠤ ᠪᠤᠭᠤᠷᠰᠤᠭ ᠤᠨ ᠤᠷᠤᠯᠳᠤᠭᠠᠠ ᠪᠠᠶᠠᠨᠬᠤᠲᠠ ᠳᠤ ᠶᠠᠪᠤᠭᠳᠠᠵᠤ᠂ ᠠᠯᠠᠱᠠ ᠵᠡᠭᠦᠨ ᠬᠤᠰᠢᠭᠤ᠂ ᠠᠯᠠᠱᠠ ᠪᠠᠷᠠᠭᠤᠨ ᠬᠤᠰᠢᠭᠤᠨ ᠠᠴᠠ 43 ᠬᠥᠮᠥᠨ ᠤᠷᠤᠯᠴᠠᠵᠤ᠂ ᠤᠯᠠᠠ ᠵᠦᠢᠯ ᠤᠨ ᠬᠡᠪ ᠵᠠᠭᠪᠤᠷ ᠲᠠᠢ ᠨᠤᠲᠤᠭ ᠣᠷᠣᠨ ᠤ ᠣᠨᠴᠠᠯᠢᠭ ᠢ ᠳᠤᠪᠤᠶᠢᠯᠭᠠᠬᠰᠠᠠ ᠪᠣᠣᠪᠤ ᠪᠤᠭᠤᠷᠰᠤᠭ ᠢᠶᠠᠨ ᠳᠡᠯᠭᠡᠨ ᠦᠵᠡᠭᠦᠯᠵᠦ᠂ ᠤᠯᠠᠮᠵᠢᠯᠠᠯᠲᠤ ᠢᠳᠡᠭᠡᠨ ᠤᠮᠳᠠᠭᠠᠨ ᠤ ᠰᠣᠶᠣᠯ ᠢᠶᠠᠨ ᠭᠠᠶᠢᠬᠠᠭᠤᠯᠤᠨ᠂ ᠵᠢᠭᠤᠯᠴᠢᠯᠠᠯ ᠤᠨ ᠦᠢᠯᠡᠰ ᠪᠠ ᠢᠳᠡᠭᠡᠡ ᠤᠮᠳᠠᠭᠠᠨ ᠤ ᠰᠣᠶᠣᠯ ᠢ ᠤᠶᠠᠯᠳᠤᠭᠤᠯᠤᠨ ᠬᠥᠭᠵᠢᠭᠦᠯᠬᠦ ᠶᠢ ᠠᠬᠢᠭᠤᠯᠤᠭᠰᠠᠨ ᠪᠠᠶᠢᠨ᠎ᠠ᠃          ᠴᠠᠭᠠᠨ ᠰᠠᠷ᠎ᠠ ᠳᠤ ᠤᠯᠠᠮᠵᠢᠯᠠᠯᠲᠤ ᠵᠠᠩ ᠦᠢᠯᠡ ᠶᠢᠨ ᠠᠵᠢᠯᠯᠠᠭ᠎ᠠ ᠲᠥᠪᠯᠡᠷᠡᠩᠭᠦᠢ ᠶᠠᠪᠤᠭᠳᠠᠳᠠᠭ ᠪᠣᠯᠬᠤᠷ ᠬᠥᠮᠥᠰ ᠦᠷ᠎ᠡ ᠬᠡᠦᠬᠡᠳ ᠢᠶᠠᠨ ᠬᠥᠮᠥᠵᠢᠭᠦᠯᠬᠦ ᠵᠣᠷᠢᠯᠭ᠎ᠠ ᠪᠠᠷ ᠯᠠ ᠰᠠᠷ᠎ᠠ ᠠᠴᠠ ᠡᠬᠢᠯᠡᠨ ᠭᠡᠷ ᠣᠷᠣᠨ᠂ ᠲᠡᠷᠭᠡ ᠤᠨᠤᠭ᠎ᠠ᠂ ᠬᠦᠷᠢᠶ᠎ᠡ ᠬᠠᠰᠢᠶ᠎ᠠ᠂ ᠤᠶᠠᠭ᠎ᠠ ᠵᠡᠯ᠎ᠡ ᠪᠠᠨ ᠴᠡᠪᠡᠷᠯᠡᠵᠦ ᠴᠢᠮᠡᠬᠦ ᠵᠡᠷᠭᠡ ᠠᠵᠢᠯ ᠳᠤ ᠬᠡᠦᠬᠡᠳ ᠲᠠᠢ  ᠪᠠᠨ ᠬᠠᠮᠲᠤ ᠣᠷᠤᠯᠴᠠᠬᠤ ᠶᠢ ᠡᠷᠬᠢᠮᠯᠡᠵᠦ᠂ ᠶᠣᠰᠣ ᠭᠦᠳᠡᠯᠮᠤᠷᠢ ᠪᠠᠷ ᠬᠡᠦᠬᠡᠳ ᠢᠶᠠᠨ ᠬᠥᠮᠥᠵᠢᠭᠦᠯᠳᠡᠭ᠃ ᠴᠡᠪᠡᠷ ᠴᠡᠮᠴᠡᠭᠡᠷ ᠠᠶᠢᠯ ᠳᠤ ᠵᠣᠴᠢᠨ ᠭᠡᠶᠢᠴᠢᠨ ᠢᠷᠡᠬᠦ ᠳᠤ ᠶᠠᠭᠤᠮ᠎ᠠ ᠪᠦᠭᠦᠨ ᠨᠢ ᠠᠶᠠᠲᠠᠢ ᠲᠠᠭᠠᠯᠠᠮᠵᠢᠲᠠᠢ ᠪᠠᠶᠢᠵᠤ᠂ ᠢᠷᠡᠭᠰᠡᠨ ᠭᠡᠶᠢᠴᠢᠨ ᠲᠠᠢ ᠪᠠᠨ ᠬᠠᠳᠠᠭ ᠪᠠᠷᠢᠨ ᠵᠣᠯᠭᠠᠯᠴᠠᠨ᠂ ᠠᠮᠲᠠᠲᠤ ᠢᠳᠡᠭᠡᠨ ᠢᠶᠠᠨ ᠵᠠᠰᠠᠵᠤ ᠵᠣᠴᠢᠯᠠᠳᠠᠭ᠂ ᠵᠣᠴᠢᠨ ᠢᠶᠠᠨ ᠦᠳᠡᠨ ᠮᠣᠷᠳᠠᠭᠤᠯᠬᠤ ᠳᠠᠭᠠᠨ ᠪᠡᠯᠡᠭ ᠤᠨ ᠬᠠᠷᠢᠭᠤ ᠥᠭᠴᠦ ᠪᠠᠶᠠᠷᠯᠠᠭᠤᠯᠳᠠᠭ ᠰᠠᠨ᠃ ᠡᠨᠡ ᠪᠦᠭᠦᠨ ᠳᠤ ᠶᠣᠰᠣ ᠵᠠᠩᠰᠢᠯ ᠠᠭᠤᠯᠤᠭᠳᠠᠳᠠᠭ ᠢᠶᠠᠷ ᠬᠥᠮᠥᠰ ᠬᠡᠦᠬᠡᠳ ᠢᠶᠠᠨ ᠳᠠᠭᠠᠭᠤᠯᠤᠨ ᠠᠯᠢᠪᠠ ᠣᠶᠢᠯᠡ ᠳᠤ ᠣᠷᠣᠯᠴᠠᠵᠣ᠂ ᠵᠠᠩ ᠵᠠᠩᠰᠢᠯ ᠢ ᠬᠡᠦᠬᠡᠳ ᠲᠡᠭᠡᠨ ᠣᠶᠢᠯᠠᠭᠠᠭᠤᠯᠵᠤ ᠮᠡᠳᠡᠭᠦᠯᠳᠡᠭ ᠠᠵᠢ᠃ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠡᠷᠢᠶᠠᠨᠲᠤᠯᠤᠭᠠᠢ ᠭᠠᠴᠠᠭᠠᠨ ᠤ ᠮᠠᠯᠴᠢᠨ ᠰᠡᠴᠡᠨᠲᠤᠶᠠᠭ᠎ᠠ᠄ ︽ᠪᠢᠳᠡᠨ ᠢ ᠪᠠᠭ᠎ᠠ ᠪᠠᠶᠢᠬᠤ ᠳᠤ ᠴᠠᠭᠠᠨ ᠰᠠᠷ᠎ᠠ ᠠᠪᠤ ᠡᠵᠢ ᠮᠢᠨᠢ ᠭᠡᠶᠢᠴᠢᠨ ᠵᠣᠴᠢᠨ ᠪᠤᠴᠠᠬᠤ ᠳᠤ ᠪᠡᠯᠡᠭ ᠤᠨ ᠬᠠᠷᠢᠭᠤ ᠶᠠᠭᠠᠬᠢᠭᠰᠠᠨ ᠴᠦ ᠥᠭᠴᠦ ᠶᠠᠪᠤᠭᠤᠯᠳᠠᠭ ᠵᠠᠩᠰᠢᠯ ᠲᠠᠢ ᠪᠠᠶᠢᠭᠰᠠᠨ᠂ ᠳᠠᠷᠤᠢ ᠢᠷᠡᠭᠰᠡᠨ ᠭᠡᠶᠢᠴᠢᠨ ᠢ ᠭᠠᠷ ᠬᠤᠭᠤᠰᠤᠨ ᠶᠠᠪᠤᠭᠤᠯᠳᠠᠭ ᠦᠭᠡᠢ ᠶᠤᠮ᠃ ᠣᠳᠣ ᠴᠦ ᠭᠡᠰᠡᠨ ᠠᠳᠠᠯᠢ ᠪᠠᠷ ᠪᠢᠳᠠ ᠪᠠᠰᠠ ᠲᠡᠷᠡ ᠬᠦ ᠵᠠᠩ ᠵᠠᠩᠰᠢᠯ ᠢᠶᠠᠨ ᠤᠯᠠᠮᠵᠢᠯᠠᠨ᠂ ᠵᠣᠴᠢᠨ ᠭᠡᠶᠢᠴᠢᠨ ᠳᠡᠭᠡᠨ ᠪᠡᠯᠡᠳᠬᠡᠭᠰᠡᠨ ᠴᠠᠢ ᠠᠯᠴᠢᠭᠤᠷ ᠢᠶᠠᠨ ᠬᠠᠷᠢᠭᠤ ᠪᠡᠯᠡᠭ ᠪᠣᠯᠭᠠᠨ ᠪᠠᠷᠢᠳᠠᠭ︾ ᠭᠡᠵᠦ ᠶᠠᠷᠢᠨ᠎ᠠ᠃ ᠯᠠ ᠰᠠᠷ᠎ᠠ ᠶᠢᠨ ᠭᠠᠯ ᠲᠠᠭᠢᠬᠤ ᠠᠴᠠ ᠡᠬᠢᠯᠡᠨ ᠴᠠᠭᠠᠨ ᠰᠠᠷ᠎ᠠ ᠶᠢᠨ ᠬᠤᠭᠤᠴᠠᠭᠠᠨ ᠳᠤ ᠠᠬᠠᠮᠠᠳ ᠦᠶ᠎ᠡ ᠶᠢᠨ ᠬᠢᠨ ᠵᠠᠯᠠᠭᠤᠴᠤᠳ ᠪᠠᠭᠠᠴᠤᠳ ᠲᠤ ᠠᠵᠢᠯ ᠭᠦᠳᠡᠯᠮᠤᠷᠢ ᠬᠢᠬᠦ᠂ ᠪᠢᠲᠡᠭᠦᠯᠡᠵᠦ ᠰᠢᠨᠡᠯᠡᠬᠦ ᠶᠣᠰᠣ ᠵᠠᠩᠰᠢᠯ ᠤᠨ ᠲᠤᠬᠠᠢ ᠶᠠᠷᠢᠵᠤ᠂ ᠪᠡᠶ᠎ᠡ ᠪᠠᠷ ᠨᠢ ᠭᠢᠯᠭᠡᠵᠣ ᠵᠢᠭᠠᠵᠤ ᠦᠭᠳᠡᠭ᠃ ᠣᠴᠢᠵᠤ ᠵᠣᠯᠭᠠᠬᠤ ᠠᠬᠠᠮᠠᠳ ᠪᠤᠭᠤᠷᠤᠯᠴᠤᠳ᠂ ᠭᠡᠶᠢᠴᠢᠨ ᠵᠣᠴᠢᠨ ᠤ ᠲᠤᠬᠠᠢ ᠨᠠᠷᠢᠯᠢᠭ ᠶᠠᠷᠢᠵᠤ ᠲᠠᠨᠢᠯᠴᠠᠭᠤᠯᠤᠨ ᠶᠣᠰᠣ ᠤᠴᠢᠷ ᠢ ᠲᠣᠳᠣᠷᠬᠠᠶᠢᠯᠠᠨ ᠵᠢᠭᠠᠳᠠᠭ  ᠃ ᠴᠠᠭᠠᠨ ᠰᠠᠷ᠎ᠠ ᠪᠠᠷ ᠳᠦᠷᠦᠯ ᠰᠠᠳᠤᠨ᠂ ᠠᠶᠢᠯ ᠰᠠᠭᠠᠬᠠᠯᠲᠠ᠂ ᠠᠨᠳᠠ ᠨᠠᠶᠢᠵᠠ ᠨᠠᠷ ᠲᠠᠢ ᠪᠠᠨ ᠴᠤᠭᠯᠠᠵᠤ ᠨᠠᠶᠢᠷᠠᠯᠠᠯᠳᠣᠬᠤ ᠳᠤ ᠠᠬᠠᠮᠠᠳ ᠠᠴᠠ ᠡᠬᠢᠯᠡᠨ ᠨᠠᠰᠤᠨ ᠤ ᠳᠠᠷᠠᠭᠠᠯᠠᠯ ᠢᠶᠠᠷ ᠰᠠᠭᠤᠵᠤ᠂ ᠴᠠᠢ ᠵᠠᠰᠠᠬᠤ᠂ ᠴᠠᠭ᠎ᠠ ᠠᠮᠰᠠᠬᠤ᠂ ᠠᠷᠢᠬᠢ ᠰᠠᠷᠬᠤᠳ ᠪᠠᠷᠢᠬᠤ᠂ ᠰᠢᠭᠦᠰᠦ ᠳᠠᠯᠪᠢᠬᠤ ᠭᠦᠷᠳᠡᠯ᠎ᠠ ᠶᠣᠰᠣ ᠵᠠᠩᠰᠢᠯ ᠲᠠᠢ ᠪᠠᠶᠢᠵᠤ᠂ ᠨᠠᠶᠢᠷ ᠤᠨ ᠳᠠᠭᠤᠤ ᠠᠴᠠ ᠡᠬᠢᠯᠡᠭᠦᠯᠦᠨ᠂ ᠴᠠᠢ ᠬᠤᠭᠤᠯᠠ ᠪᠠᠷᠢᠬᠤ᠂ ᠤᠭᠤᠴᠠ ᠰᠢᠭᠦᠰᠦ ᠳᠠᠯᠪᠢᠬᠤ ᠪᠦᠭᠦ ᠶᠠᠪᠤᠴᠠ ᠶᠢᠨ ᠤᠯᠠᠮᠵᠢᠯᠠᠯᠲᠤ ᠶᠣᠰᠣ ᠵᠠᠩᠰᠢᠯ ᠢᠶᠠᠨ ᠪᠠᠷᠢᠮᠲᠠᠯᠠᠨ ᠠᠪᠴᠤ ᠶᠠᠪᠤᠭ᠎ᠠ ᠠᠶᠢᠯ ᠬᠤᠨᠠᠷ ᠳᠤᠩ ᠤᠯᠠᠠ ᠪᠠᠶᠢᠭ᠎ᠠ  ᠪᠢᠯᠡ᠃          ᠬᠥᠳᠡᠭᠡ ᠶᠢᠨ ᠠᠶᠢᠯ ᠤᠯᠠᠮᠵᠢᠯᠠᠯᠲᠤ ᠶᠣᠰᠣ ᠵᠠᠩᠰᠢᠯ ᠢᠶᠠᠷ ᠢᠶᠠᠨ ᠪᠠᠭ᠋ᠠᠷᠬᠠᠵᠤ ᠪᠠᠶᠢᠬᠤ ᠳᠤ ᠬᠤᠳᠠ ᠶᠢᠨ  ᠬᠢᠨ ᠴᠸ ᠰᠣᠶᠣᠯ ᠤᠨ ᠤᠯᠠᠮᠵᠢᠯᠠᠯ ᠲᠠᠢ ᠰᠠᠷ᠎ᠠ ᠰᠢᠨ᠎ᠡ ᠪᠠᠨ ᠥᠩᠭᠡᠷᠡᠭᠡᠨ ᠪᠠᠶᠠᠷᠯᠠᠵᠤ ᠴᠡᠩᠭᠡᠯᠳᠦᠵᠦ ᠪᠠᠶᠢᠯ᠎ᠠ  ᠃ ᠴᠠᠭᠠᠨ ᠰᠠᠷ᠎ᠠ ᠶᠢᠨ ᠬᠤᠭᠤᠴᠠᠭᠠᠨ ᠳᠤ ᠪᠠᠶᠠᠨᠬᠤᠲᠠ ᠶᠢᠨ ᠬᠤᠯᠠᠳᠠᠭᠢᠠ ᠢ ᠲᠣᠭᠲᠠᠭᠠᠭᠴᠢ ᠬᠤᠷᠢᠶ᠎ᠠ ᠳᠤ ᠪᠣᠳᠠᠰ ᠤᠨ ᠪᠤᠰᠤ ᠰᠣᠶᠣᠯ ᠤᠨ ᠥᠪ ᠤᠨ ᠰᠢᠷᠢᠰ ᠠᠵᠢᠯᠯᠠᠭ᠎ᠠ ᠥᠷᠨᠢᠵᠦ᠂  ᠰᠦᠮ᠎ᠡ ᠶᠢᠨ ᠬᠤᠷᠠᠯ᠂ ᠠᠷᠠᠯᠵᠢᠶ᠎ᠠ ᠴᠤᠭᠯᠠᠭ᠎ᠠ᠂ ᠦᠵᠡᠭᠦᠯᠭᠡ ᠳᠤᠬᠯᠠᠯᠳᠠ᠂ ᠠᠮᠲᠠᠲᠤ ᠢᠳᠡᠭᠡᠠ ᠤ ᠨᠠᠶᠢᠷ ᠵᠡᠷᠭᠡ ᠤᠯᠠᠠ ᠵᠦᠢᠯ ᠤᠨ ᠠᠵᠢᠯᠯᠠᠭ᠎ᠠ ᠥᠷᠨᠢᠵᠦ᠂ ᠪᠠᠶᠠᠨᠬᠤᠲᠠ ᠶᠢᠨ ᠤᠯᠠᠠ ᠲᠦᠮᠡᠨ ᠨᠤᠲᠤᠭ ᠣᠷᠣᠨ ᠳᠠᠭᠠᠨ ᠤᠯᠠᠠ ᠵᠦᠢᠯ ᠤᠨ ᠰᠣᠶᠣᠯ ᠤᠨ ᠠᠵᠢᠯᠯᠠᠭ᠎ᠠ ᠪᠠᠷ ᠪᠠᠶᠠᠷ  ᠤᠨ ᠡᠳᠦᠷ ᠤᠨ ᠠᠮᠢᠳᠤᠷᠠᠯ ᠳᠠᠭᠠᠨ ᠤᠳᠬ᠎ᠠ ᠠᠭᠤᠯᠭ᠎ᠠ ᠨᠡᠮᠡᠷᠢᠯᠡᠭᠰᠡᠨ ᠪᠠᠶᠢᠨ᠎ᠠ᠃          ᠡᠨᠡ ᠵᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠤᠨ ᠪᠠᠶᠠᠷ ᠢᠶᠠᠷ ᠪᠠᠶᠠᠨᠬᠤᠲᠠ ᠶᠢᠨ ᠬᠤᠯᠠᠳᠠᠭᠢᠨ ᠢ ᠲᠣᠭᠲᠠᠭᠠᠭᠴᠢ ᠬᠤᠷᠢᠶ᠎ᠠ ᠳᠤ ᠠᠯᠠᠱᠠ ᠵᠡᠭᠦᠨ ᠬᠤᠰᠢᠭᠤᠨ ᠤ ᠠᠩᠬᠠᠳᠤᠭᠠᠷ ᠬᠤᠭᠤᠴᠠᠭᠠᠨ ᠤ ᠭᠠᠴᠠᠭ᠎ᠠ ᠲᠤᠰᠬᠤᠨ ᠤ ᠳᠠᠭᠤᠤ ᠶᠢᠨ ᠤᠷᠤᠯᠳᠤᠭᠠᠠ ᠶᠠᠪᠤᠭᠳᠠᠵᠤ᠂ ᠪᠠᠶᠠᠨᠬᠤᠲᠠ ᠪᠠᠯᠭᠠᠰᠤ᠂ ᠵᠢᠷᠠᠲᠠᠢ ᠪᠠᠯᠭᠠᠰᠤ᠂ ᠢᠩᠭᠡᠨ ᠰᠤᠮᠤ ᠵᠡᠷᠭᠡ 11 ᠰᠤᠮᠤ ᠪᠠᠯᠭᠠᠰᠤᠨ ᠠᠴᠠ 60 ᠭᠠᠷᠤᠢ ᠮᠠᠯᠴᠢᠨ ᠲᠠᠷᠢᠶᠠᠴᠢᠨ ᠤᠷᠤᠯᠴᠠᠵᠤ᠂ ᠦᠵᠡᠭᠴᠢ ᠣᠯᠠᠨ ᠤ ᠰᠣᠨᠣᠷ ᠢ ᠮᠢᠯᠢᠶᠠᠵᠠᠢ᠃ ᠡᠭᠦᠨ ᠤ ᠬᠠᠮᠲᠤ ᠯᠣᠣ ᠠᠷᠰᠯᠠᠨ ᠪᠥᠵᠢᠭᠯᠡᠬᠦ᠂ ᠰᠠᠪᠠᠷᠳᠠᠩ ᠪᠡᠶᠡᠯᠡᠬᠦ᠂ ᠶᠠᠩᠭᠠᠷ ᠪᠥᠵᠢᠭ ᠪᠥᠵᠢᠭᠯᠡᠬᠦ᠂ ᠮᠣᠷᠢᠨ ᠬᠤᠭᠤᠷ ᠤᠨ ᠨᠠᠶᠢᠷᠠᠯ ᠬᠥᠭᠵᠢᠮ᠂ ᠮᠣᠳᠣᠨ ᠬᠥᠯᠲᠦ ᠲᠤᠬᠯᠠᠯᠳᠠ ᠵᠡᠷᠭᠡ ᠲᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠤᠷᠠᠨ ᠰᠠᠶᠢᠬᠠᠨ ᠤ ᠲᠣᠬᠯᠠᠯᠲᠠ ᠶᠠᠪᠤᠭᠳᠠᠭᠰᠠᠨ ᠪᠥᠭᠡᠳ ᠬᠤᠯᠠᠳᠠᠭᠢᠨ ᠢ ᠲᠣᠭᠲᠠᠭᠠᠴᠢ ᠬᠤᠷᠢᠶ᠎ᠠ ᠪᠠᠷ ᠲᠣᠭᠤᠷᠢᠨ ᠵᠤᠭᠠᠯᠠᠬᠤ᠂ ᠲᠠᠶᠢᠰᠠᠨ ᠤ ᠲᠣᠬᠯᠠᠯᠲᠠ ᠶᠢ ᠰᠣᠨᠢᠷᠬᠠᠬᠤ᠂ ᠡᠯ᠎ᠡ ᠵᠦᠢᠯ ᠤᠨ ᠠᠮᠲᠠᠲᠤ ᠢᠳᠡᠭᠡᠨ ᠢ ᠠᠮᠲᠠᠯᠠᠬᠤ᠂ ᠣᠨᠢᠰᠤᠭ᠎ᠠ ᠲᠠᠭᠠᠵᠤ ᠱᠠᠩᠨᠠᠯ ᠣᠯᠬᠤ ᠵᠡᠷᠭᠡ ᠰᠢᠷᠢᠰ ᠠᠵᠢᠯᠯᠠᠭ᠎ᠠ ᠥᠷᠨᠢᠵᠦ᠂  ᠪᠠᠶᠠᠨᠬᠤᠲᠠ ᠶᠢᠨ ᠰᠠᠭᠤᠭᠠᠯᠢ ᠠᠷᠠᠳ ᠪᠣᠯᠣᠨ ᠵᠤᠭᠠᠴᠠᠭᠰᠠᠳ ᠤᠨ ᠪᠠᠭ᠋ᠠᠷᠬᠠᠯ ᠢ ᠲᠠᠲᠠᠭᠰᠠᠨ ᠪᠠᠶᠢᠨ᠎ᠠ᠃ ᠲᠣᠬᠯᠠᠯᠲᠠ ᠳᠤ ᠣᠷᠣᠯᠴᠠᠬᠰᠠᠨ ᠯᠢᠦ ᠸᠧᠢ᠄ ︽ᠡᠨᠡ ᠤᠳᠠᠭ᠎ᠠ ᠶᠢᠨ ᠠᠵᠢᠯᠯᠠᠭ᠎ᠠ ᠳᠤ ᠣᠷᠣᠯᠴᠠᠭᠠᠳ ᠪᠢ ᠮᠠᠰᠢ ᠪᠠᠶᠠᠷ ᠲᠠᠢ ᠪᠠᠶᠢᠨ᠎ᠠ᠂ ᠠᠪᠢᠶᠠᠰ ᠴᠢᠳᠠᠪᠤᠷᠢ ᠪᠠᠨ ᠭᠠᠶᠢᠬᠠᠭᠤᠯᠤᠭᠰᠠᠨ ᠢᠶᠠᠷ ᠪᠠᠷᠠᠬᠤ ᠦᠭᠡᠢ᠂ ᠨᠡᠩ ᠴᠤ ᠤᠯᠠᠮᠵᠢᠯᠠᠯᠲᠤ ᠰᠣᠶᠣᠯ ᠤᠨ ᠷᠢᠳᠢ ᠰᠢᠳᠢ ᠪᠠ ᠦᠨ᠎ᠡ ᠦᠷᠳᠡᠭ ᠢ ᠭᠦᠨᠵᠡᠭᠡᠢ ᠮᠡᠳᠡᠷᠡᠭᠰᠡᠨ ᠪᠠᠶᠢᠨ᠎ᠠ︾ ᠭᠡᠵᠦ ᠪᠠᠶᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号