ᠪᠦᠭᠦ ᠠᠶᠢᠮᠠᠭ ᠤᠨ ᠴᠠᠭᠠᠨ ᠰᠠᠷ᠎ᠠ ᠶᠢᠨ ᠵᠥᠭᠡᠭᠡᠪᠦᠷᠢ ᠶᠢᠨ ᠠᠵᠢᠯ ᠲᠡᠭᠦᠰᠦᠯ᠎ᠡ
ᠨᠡᠶᠢᠲᠡᠯᠡᠭᠰᠡᠨ ᠴᠠᠭ᠄
2025/5/21
           ︵ ᠰᠣᠷᠪᠤᠯᠵᠢᠯᠠᠬᠴᠢ ᠨᠡᠷᠡᠨ᠎ᠡ︶ ᠣᠶᠢᠷ᠎ᠠ ᠶᠢᠨ ᠡᠳᠦᠷ᠂ 40 ᠡᠳᠦᠷ ᠶᠠᠪᠤᠭᠳᠠᠭᠰᠠᠨ ᠪᠦᠭᠦ ᠠᠶᠢᠮᠠᠭ  ᠤᠨ 2025 ᠣᠨ ᠤ ᠴᠠᠭᠠᠨ ᠰᠠᠷ᠎ᠠ ᠶᠢᠨ ᠵᠥᠭᠡᠭᠡᠪᠦᠷᠢ ᠶᠢᠨ ᠠᠵᠢᠯ ᠪᠦᠭᠦ ᠲᠠᠯ᠎ᠠ ᠪᠠᠷ ᠥᠨᠳᠥᠷᠯᠡᠭᠰᠡᠨ ᠪᠠᠶᠢᠨ᠎ᠠ᠃          ᠴᠠᠭᠠᠨ ᠰᠠᠷ᠎ᠠ ᠶᠢᠨ ᠬᠤᠭᠤᠴᠠᠭᠠᠨ ᠳᠤ᠂ ᠪᠦᠭᠦ ᠠᠶᠢᠮᠠᠭ ᠨᠡᠶᠢᠲᠡ 1759 ᠡᠭᠡᠯᠵᠢ ᠶᠢᠨ ᠲᠡᠷᠭᠡ  ᠲᠣᠬᠢᠷᠠᠭᠤᠯᠵᠤ᠂ 14442 ᠬᠥᠮᠥᠨ ︵ᠤᠳᠠᠭ᠎ᠠ︶ ᠢ ᠵᠥᠭᠡᠭᠡᠪᠦᠷᠢᠯᠡᠨ᠂ ᠨᠢᠳᠤᠨᠤᠨ ᠤ ᠠᠳᠠᠯᠢ ᠬᠤᠭᠤᠴᠠᠭᠠᠨ ᠤ  ᠬᠢ ᠠᠴᠠ 26.9% ᠪᠠᠷ ᠨᠡᠮᠡᠭᠳᠡᠵᠡᠢ;110.67 ᠲᠦᠮᠡᠨ ᠮᠠᠰᠢᠨ ᠲᠡᠷᠭᠡ ︵ᠤᠳᠠᠭ᠎ᠠ︶ ᠨᠠᠶᠢᠳᠠ 18027.18 ᠲᠦᠮᠡᠨ ᠲᠥᠭᠦᠷᠢᠭ ᠤᠨ ᠵᠠᠮ ᠤᠨ ᠰᠦᠢᠳᠬᠡᠯ ᠲᠤᠰᠢᠶᠠᠵᠤ᠂ 33.35 ᠲᠦᠮᠡᠨ ᠲᠡᠷᠭᠡ ︵ᠤᠳᠠᠭ᠎ᠠ︶ ᠶᠢᠨ 1038.78 ᠲᠦᠮᠡᠨ ᠲᠥᠭᠦᠷᠢᠭ ᠤᠨ ᠵᠠᠮ ᠤᠨ ᠰᠦᠢᠳᠬᠡᠯ ᠢ ᠬᠡᠯᠲᠦᠷᠢᠭᠦᠯᠪᠡ᠃ 24 ᠡᠭᠡᠯᠵᠢ ᠶᠢᠨ ᠭᠠᠯᠲᠤ ᠲᠡᠷᠭᠡ ᠶᠢ ᠲᠣᠬᠢᠷᠠᠭᠤᠯᠤᠨ᠂ 7559 ᠬᠥᠮᠥᠨ ︵ᠤᠳᠠᠭ᠎ᠠ︶  ᠢ ᠵᠥᠭᠡᠭᠡᠪᠦᠷᠢᠯᠡᠵᠦ᠂ 706 ᠡᠭᠡᠯᠵᠢ ᠶᠢᠨ ᠨᠢᠰᠬᠡᠯ ᠢ ᠲᠣᠬᠢᠷᠠᠭᠤᠯᠤᠨ᠂ 15133 ᠬᠥᠮᠥᠨ ︵ᠤᠳᠠᠭ᠎ᠠ︶ ᠢ ᠵᠥᠭᠡᠭᠡᠪᠦᠷᠢᠯᠡᠨ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ᠲᠣᠰ ᠲᠣᠰ 129% ᠪᠠ 64.3% ᠪᠠᠷ ᠨᠡᠮᠡᠭᠳᠡᠪᠡ᠃ 12328 ᠦᠢᠯᠡᠴᠢᠯᠡᠭᠡᠨ ᠤ ᠤᠲᠠᠰᠤ ᠶᠢ 24 ᠴᠠᠭ ᠢᠶᠠᠷ ᠨᠠᠪᠲᠠᠷᠡᠭᠦᠯᠵᠦ᠂ 490 ᠬᠤᠪᠢ ᠤᠲᠠᠰᠤ ᠶᠢ ᠭᠥᠯᠢᠶᠡᠨ ᠠᠪᠴᠤ ᠴᠠᠭ ᠲᠤᠬᠠᠢ ᠳᠤᠨᠢ  ᠰᠢᠢᠳᠪᠦᠷᠢᠯᠡᠵᠡᠢ᠃ ᠵᠡᠮ ᠱᠤᠭᠤᠮ ᠢ ᠵᠠᠰᠠᠵᠤ ᠰᠡᠯᠪᠢᠬᠦ ᠪᠤᠶᠤ ᠴᠠᠰᠤ ᠮᠥᠰᠥ ᠶᠢ ᠴᠡᠪᠡᠷᠯᠡᠬᠦ ᠠᠵᠢᠯ ᠳᠤ ᠨᠠᠶᠢᠳᠠ 284 ᠬᠥᠮᠥᠨ ︵ᠤᠳᠠᠭ᠎ᠠ︶ ᠤᠷᠤᠯᠴᠠᠵᠦ᠂ 108.6 ᠲᠣᠨ ᠴᠠᠰᠤ ᠬᠠᠶᠢᠯᠤᠭᠤᠯᠬᠤ ᠪᠣᠳᠠᠰ ᠰᠠᠴᠤᠵᠤ᠂ 1164  ᠺᠢᠯᠣᠮᠧᠲᠷ ᠵᠠᠮ ᠤᠨ ᠴᠠᠰᠤ ᠶᠢ ᠠᠷᠢᠯᠭᠠᠵᠠᠢ᠃          ᠡᠭᠦᠨ ᠠᠴᠠ ᠭᠠᠳᠠᠨ᠎ᠠ᠂ ᠵᠠᠮ ᠲᠡᠭᠡᠭᠡᠪᠦᠷᠢ ᠶᠢᠨ ᠠᠶᠤᠯᠭᠦᠢ ᠦᠢᠯᠡᠳᠪᠦᠷᠢᠯᠡᠯ ᠪᠠ ᠪᠠᠶᠢᠭᠠᠯᠢ ᠶᠢᠨ ᠭᠠᠮᠰᠢᠭ ᠤᠨ ᠠᠶᠤᠯ ᠲᠦᠭᠰᠢᠭᠦᠷᠢ ᠶᠢᠨ ᠲᠠᠯᠳᠠ ᠭᠡᠮ ᠢ ᠵᠢᠭᠰᠠᠭᠠᠨ ᠪᠠᠶᠢᠴᠠᠭᠠᠵᠤ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ ᠶᠢ ᠥᠷᠨᠢᠭᠦᠯᠵᠦ᠂ ᠨᠡᠶᠢᠳᠡ 189 ᠠᠵᠤ ᠠᠬᠤᠶᠢᠯᠠᠯ ᠢ ᠪᠠᠶᠢᠴᠠᠭᠠᠨ᠂ 2424 ᠵᠦᠢᠯ ᠤᠨ ᠲᠠᠯᠳᠠ ᠭᠡᠮ ᠢ ᠢᠯᠡᠷᠡᠭᠦᠯᠬᠦ ᠶᠢᠨ ᠬᠠᠮᠲᠤ ᠪᠦᠲᠦᠮᠵᠢᠳᠡᠢ ᠰᠢᠢᠳᠪᠦᠷᠢᠯᠡᠪᠡ᠃ ᠵᠠᠮ ᠬᠠᠷᠢᠯᠴᠠᠭᠠᠨ ᠤ ᠲᠡᠭᠡᠭᠡᠪᠦᠷᠢ ᠶᠢᠨ ᠳᠦᠷᠢᠮ ᠲᠣᠭᠲᠠᠭᠠᠯ ᠠᠴᠠ ᠵᠥᠷᠢᠴᠡᠭᠰᠡᠨ ᠵᠡᠷᠭᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠬᠠᠤᠯᠢ ᠬᠡᠷᠡᠭᠵᠢᠭᠦᠯᠬᠦ 1798 ᠬᠥᠮᠥᠨ ︵ᠤᠳᠠᠭ᠎ᠠ︶ ᠤᠷᠤᠯᠴᠠᠵᠦ᠂ 2 ︽ᠬᠠᠷ᠎ᠠ ᠲᠡᠷᠭᠡ︾ ᠪᠣᠯᠣᠨ ᠬᠡᠮᠵᠢᠶ᠎ᠡ ᠠᠴᠠ ᠬᠡᠲᠦᠷᠡᠭᠰᠡᠨ 56 ᠲᠡᠷᠭᠡ ᠶᠢ ᠪᠠᠶᠢᠴᠠᠭᠠᠨ ᠰᠢᠢᠳᠪᠦᠷᠢᠯᠡᠪᠡ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号