ᠲᠣᠨᠣᠯᠵᠢᠨ ᠬᠠᠳᠬᠤᠮᠠᠯ ᠢᠶᠠᠷ ᠲᠡᠨᠢᠭᠦᠨ ᠠᠮᠢᠳᠤᠷᠠᠯ ᠢᠶᠠᠨ ᠤᠷᠠᠯᠠᠨ᠎ᠠ
ᠨᠡᠶᠢᠲᠡᠯᠡᠭᠰᠡᠨ ᠴᠠᠭ᠄
2025/5/21
                                ᠰᠤᠷᠪᠤᠯᠵᠢᠯᠠᠬᠴᠢ ᠡᠷᠳᠡᠨᠢᠴᠡᠴᠡᠭ          ᠲᠠᠪᠤᠨ ᠬᠤᠰᠢᠭᠤ ᠮᠠᠯ᠂ ᠨᠠᠢᠮᠠᠨ ᠰᠢᠷᠭ᠎ᠠ ᠮᠣᠷᠢ᠂ ᠬᠤᠸᠠᠷ ᠴᠡᠴᠡᠭ᠂ ᠮᠣᠷᠢᠨ ᠲᠣᠯᠣᠭᠠᠢ᠂ ᠠᠭᠤᠯᠠ ᠤᠰᠤ ᠁ ᠵᠡᠷᠭᠡ ᠶᠢ ᠲᠣᠨᠣᠯᠵᠢᠨ ᠬᠠᠳᠬᠤᠮᠠᠯ ᠤᠨ ᠤᠷᠠᠯᠢᠭ ᠢᠶᠠᠷ ᠠᠮᠢᠯᠠᠭᠤᠯᠵᠤ ᠰᠠᠭᠤᠭ᠎ᠠ ᠡᠨᠡ ᠪᠦᠰᠡᠭᠦᠢ ᠶᠢ ᠵᠢᠭᠠᠬᠠᠨᠳᠠᠢ ᠭᠡᠳᠡᠭ᠂ ᠠᠯᠠᠱᠠ ᠵᠡᠭᠦᠨ ᠬᠤᠰᠢᠭᠤᠨ ᠤ ᠵᠢᠷᠠᠲᠠᠢ ᠪᠠᠯᠭᠠᠰᠤᠨ ᠤ ᠲᠤᠬᠯᠢ ᠭᠠᠴᠠᠭ᠎ᠠ ᠶᠢᠨ ᠮᠠᠯᠴᠢᠨ ᠪᠢᠯᠡ          36 ᠨᠠᠰᠤᠲᠠᠢ ᠵᠢᠭᠠᠬᠠᠨᠳᠠᠢ ᠬᠡᠳᠦᠶᠢᠪᠡᠷ ᠨᠠᠰᠤ ᠵᠠᠯᠠᠭᠤ ᠪᠤᠯᠪᠠᠴᠤ᠂ ᠠᠮᠢᠳᠤᠷᠠᠯ ᠤᠨ ᠬᠠᠲᠠᠭᠤ ᠬᠥᠲᠡᠭᠦᠦ ᠠᠮᠲᠠ ᠶᠢ ᠠᠮᠲᠠᠯᠠᠵᠤ ᠥᠰᠦᠭᠰᠡᠨ ᠬᠥᠮᠥᠨ᠃ ᠠᠮᠢᠳᠤᠷᠠᠯ ᠨᠢ ᠬᠦᠴᠢᠷ ᠠᠴᠠ ᠳᠠᠷᠠ ᠰᠤᠷᠭᠠᠭᠤᠯᠢ ᠰᠣᠶᠣᠯ ᠤᠨ ᠮᠥᠷ ᠬᠥᠭᠡᠭᠡᠭᠰᠡᠨ ᠦᠭᠡᠢ᠂ ᠬᠥᠳᠡᠭᠡ ᠳᠡᠭᠡᠨ ᠮᠠᠯᠴᠢᠨ ᠠᠮᠢᠳᠤᠷᠠᠯ ᠢᠶᠠᠨ ᠡᠳ᠋ᠯᠡᠵᠦ ᠶᠠᠪᠤᠵᠠᠢ᠃ 2006 ᠣᠨ ᠳᠤ ᠨᠢᠭᠡ ᠨᠠᠶᠢᠵᠠ ᠶᠢᠨ ᠢᠶᠠᠨ ᠲᠣᠨᠣᠯᠵᠢᠨ ᠬᠠᠳᠬᠤᠮᠠᠯ ᠣᠶᠣᠵᠤ ᠪᠠᠶᠢᠬᠤ ᠶᠢ ᠦᠵᠡᠭᠡᠳ ᠲᠡᠷᠡ ᠬᠤᠷᠰᠢᠶᠠᠨ ᠠᠴᠠ ᠪᠦᠷᠭᠦᠳ ᠤᠨ ᠵᠢᠷᠤᠭ ᠲᠠᠢ ᠲᠣᠨᠣᠯᠵᠢᠨ ᠬᠠᠳᠬᠤᠮᠠᠯ ᠤᠨ ᠮᠠᠲ᠋ᠧᠷᠢᠶᠠᠯ ᠢ ᠬᠤᠳᠠᠯᠳᠤᠨ ᠠᠪᠴᠤ ᠠᠩᠬ᠎ᠠ ᠲᠣᠨᠣᠯᠵᠢᠨ ᠬᠠᠳᠬᠤᠮᠠᠯ ᠢ ᠰᠤᠷᠴᠤ ᠡᠬᠢᠯᠡᠭᠰᠡᠨ ᠪᠠᠶᠢᠪᠠ᠃ ᠳᠠᠷᠠ ᠦᠶ᠎ᠡ ᠳᠤ ᠳᠠᠷᠠ 17 ᠨᠠᠰᠤᠲᠠᠢ ᠪᠠᠶᠢᠵᠠᠢ  ᠃ ᠳᠤᠷ᠎ᠠ ᠲᠠᠢ ᠶᠠᠭᠤᠮ᠎ᠠ ᠪᠠᠨ ᠬᠢᠵᠦ ᠪᠠᠶᠢᠬᠤ ᠲᠤᠯᠠ ᠳᠤᠩ ᠬᠤᠷᠳᠤᠨ ᠰᠤᠷᠴᠤ᠂ ᠣᠶᠣᠬᠤ ᠲᠤᠳᠤᠮ ᠵᠣᠷᠢᠭᠵᠢᠨ᠂ ᠨᠢᠭᠡ ᠪᠦᠲᠦᠭᠡᠯ ᠢᠶᠠᠨ ᠣᠶᠣᠭᠠᠳ ᠭᠠᠷᠪᠠᠯ ᠰᠢᠯ ᠵᠢᠶᠠᠰᠠ ᠪᠠᠷ ᠭᠠᠳᠠᠷᠯᠠᠳᠠᠭ ᠢᠶᠠᠷ ︽ᠶᠠᠮᠠᠷ ᠭᠤᠶᠤ ᠪᠤᠢ︾ ᠭᠡᠵᠦ ᠦᠵᠡᠭᠰᠡᠨ ᠪᠣᠯᠭᠠᠨ ᠪᠠᠭ᠋ᠠᠷᠬᠠᠨ ᠮᠠᠭᠲᠠᠳᠠᠭ ᠪᠠᠶᠢᠵᠠᠢ᠃ ᠢᠩᠭᠢᠭᠡᠳ ᠳᠠᠷᠠ ᠪᠦᠲᠦᠭᠡᠯ ᠢᠶᠠᠨ ᠠᠶᠢᠯ ᠰᠠᠭᠠᠬᠠᠯᠲᠠ ᠪᠤᠶᠤ ᠲᠠᠨᠢᠯ ᠲᠠᠰᠤᠯ ᠳᠠᠭᠠᠨ ᠪᠣᠷᠣᠯᠠᠭᠤᠯᠤᠨ᠂ ᠪᠠᠭ᠎ᠠ ᠪᠠᠭ᠎ᠠ ᠪᠠᠷ ᠤᠷᠤᠯᠭ᠎ᠠ ᠪᠠᠨ ᠨᠡᠮᠡᠭᠳᠡᠭᠦᠯᠦᠨ᠂ ᠤᠷᠤᠯᠭ᠎ᠠ ᠨᠢ ᠨᠡᠮᠡᠭᠳᠡᠬᠦ ᠳᠤᠳᠤᠮ ᠤᠯᠠᠮ ᠤᠷᠮᠠᠰᠢᠳᠠᠭ ᠠᠵᠢ᠃ ᠲᠡᠭᠦᠨ ᠤ ᠤᠷᠠᠯᠠᠨ ᠣᠶᠣᠭᠰᠠᠨ ᠬᠠᠳᠬᠤᠮᠠᠯ ᠤᠨ ᠥᠩᠭᠡ ᠳᠦᠷᠰᠦ᠂ ᠤᠷᠠᠯᠢᠭ ᠬᠢᠴᠡ ᠨᠢ ᠮᠠᠰᠢ ᠨᠠᠷᠢᠯᠢᠭ ᠮᠥᠷᠲᠡᠭᠡᠨ ᠦᠨ᠎ᠡ ᠬᠠᠩᠰᠢ ᠨᠢ ᠲᠠᠭᠠᠷᠠᠤ ᠪᠠᠶᠢᠳᠠᠭ ᠪᠣᠯᠬᠤᠷ ᠬᠡᠷᠡᠭᠯᠡᠭᠴᠢᠳ ᠤᠨ ᠵᠠᠬᠢᠶᠠᠯᠠᠭ᠎ᠠ ᠠᠷᠤ ᠠᠷᠤ ᠠᠴᠠ ᠪᠠᠨ ᠴᠤᠪᠤᠷᠠᠵᠤ᠂ ᠰᠢᠨ᠎ᠡ ᠪᠦᠲᠦᠭᠡᠯ ᠢᠶᠠᠨ ᠬᠢᠭᠡᠳ ᠲᠠᠯᠪᠢᠪᠠᠯ ᠬᠥᠮᠥᠨ ᠪᠡᠯᠡᠨ ᠢᠷᠡᠭᠡᠳ ᠠᠪᠴᠢᠬᠠᠳᠠᠭ ᠪᠣᠯᠵᠠᠢ᠃          ᠵᠢᠭᠠᠬᠠᠨᠳᠠᠢ᠄ ︽ᠪᠢ ᠪᠠᠭ᠎ᠠ ᠠᠴᠠ ᠪᠠᠨ ᠬᠠᠯᠠ ᠦᠵᠡᠵᠦ ᠬᠠᠯᠠᠭᠤᠨ ᠴᠢᠯᠠᠭᠤ ᠳᠣᠯᠢᠶᠠᠵᠤ ᠥᠰᠦᠭᠰᠡᠨ ᠪᠣᠯᠬᠤᠷ ᠶᠠᠳᠠᠷᠠᠵᠤ ᠵᠦᠳᠡᠷᠡᠬᠦ ᠶᠢ ᠶᠠᠭᠤᠮᠠᠨ ᠳᠤ ᠪᠤᠳᠤᠳᠠᠭ ᠦᠭᠡᠢ᠃ ᠨᠢᠭᠡ ᠨᠢᠭᠡ ᠪᠠᠷ ᠣᠶᠣᠵᠤ ᠬᠠᠳᠬᠤᠨ᠂ ᠲᠥᠷᠪᠡᠨ ᠵᠠᠭᠤᠨ ᠲᠥᠭᠦᠷᠢᠭ᠂ ᠨᠠᠢᠮᠠᠨ ᠵᠠᠭᠤᠨ ᠲᠥᠭᠦᠷᠢᠭ ᠭᠡᠳ ᠤᠷᠤᠯᠭ᠎ᠠ ᠪᠠᠨ ᠨᠡᠮᠡᠭᠳᠡᠭᠦᠯᠵᠦ ᠶᠠᠪᠤᠬᠤ   ᠳᠤ ᠶᠡᠭᠡ ᠵᠢᠷᠭᠠᠯ ᠲᠠᠢ ᠰᠠᠨᠠᠭᠳᠠᠳᠠᠭ ᠶᠤᠮ᠃ ᠥᠪᠡᠷ ᠤᠨ ᠭᠠᠷ ᠢᠶᠠᠷ ᠢᠶᠠᠨ ᠠᠮᠢᠳᠤᠷᠠᠯ ᠢᠶᠠᠨ ᠥᠭᠡᠳᠡ ᠲᠠᠲᠠᠬᠤ ᠨᠢ ᠰᠠᠶᠢᠬᠠᠨ᠃ ᠡᠳᠦᠷ ᠨᠢ ᠮᠠᠯ ᠠᠬᠤᠢ ᠪᠠᠨ ᠳᠣᠳᠣᠮᠳᠠᠭᠠᠳ ᠦᠳᠡᠰᠢ ᠣᠷᠣᠢ ᠶᠢᠨ ᠴᠠᠭ ᠢᠶᠠᠷ ᠬᠠᠳᠬᠤᠮᠠᠯ ᠢᠶᠠᠨ ᠣᠶᠣᠵᠤ ᠦᠦᠷ ᠴᠠᠶᠢᠳᠠᠯ᠎ᠠ ᠰᠠᠭᠤᠳᠠᠭ ᠴᠤ ᠶᠠᠳᠠᠷᠠᠯ ᠵᠦᠳᠡᠷᠡᠯ ᠲᠠᠢ ᠭᠡᠵᠦ ᠪᠤᠳᠤᠬᠳᠠᠳᠠᠭ ᠦᠭᠡᠢ︾ ᠭᠡᠵᠦ ᠪᠠᠶᠢᠯ᠎ᠠ          ᠵᠢᠭᠠᠬᠠᠨᠳᠠᠢ ᠲᠣᠨᠣᠯᠵᠢᠨ ᠬᠠᠳᠬᠤᠮᠠᠯ ᠢ ᠣᠶᠣᠭᠠᠳ19 ᠵᠢᠯ ᠤᠨ ᠨᠢᠭᠤᠷ ᠦᠵᠡᠵᠦ ᠪᠠᠶᠢᠨ᠎ᠠ᠃ ᠤᠷᠠᠯᠠᠵᠤ ᠣᠶᠣᠭᠰᠠᠨ ᠲᠣᠨᠣᠯᠵᠢᠨ ᠬᠠᠳᠬᠤᠮᠠᠯ ᠨᠢ ᠨᠠᠢᠮᠠᠨ ᠰᠢᠷᠭ᠎ᠠ᠂ ᠠᠭᠤᠯᠠ ᠤᠰᠤ᠂ ᠬᠤᠸᠠᠷ ᠴᠡᠴᠡᠭ᠂ ᠲᠠᠪᠤᠨ ᠬᠤᠰᠢᠭᠤ ᠮᠠᠯ ᠵᠡᠷᠭᠡ ᠬᠡᠳᠦᠨ ᠠᠷᠪᠠᠨ ᠲᠥᠷᠦᠯ ᠳᠤ ᠬᠦᠷᠴᠦ ᠪᠤᠢ᠃ ᠳᠠᠷᠠ᠂ ᠪᠢ ᠨᠢᠭᠡ ᠮᠠᠯᠴᠢᠨ ᠬᠥᠮᠥᠨ᠂ ᠡᠳᠦᠷᠵᠢᠨ ᠮᠠᠯ ᠲᠥᠯ ᠭᠡᠳ ᠯᠡ ᠮᠤᠩᠭᠢᠨᠠᠳᠠᠭ ᠠᠴᠠ ᠵᠠᠪ ᠴᠢᠯᠦᠭᠡ ᠪᠠᠭ᠎ᠠ᠃ ᠣᠶᠣᠭᠰᠠᠨ ᠬᠠᠳᠬᠤᠮᠠᠯ ᠤᠨ ᠢᠶᠠᠨ ᠵᠢᠷᠤᠭ ᠰᠡᠭᠦᠳᠡᠷ ᠢ ᠨᠠᠶᠢᠵᠠ ᠶᠢᠨ ᠲᠣᠭᠤᠷᠢᠭ᠂ ᠮᠠᠯᠴᠢᠨ ᠤᠨ ᠬᠤᠯᠪᠤᠭ᠎ᠠ ᠵᠢᠷᠭᠢᠶ᠎ᠡ᠂ ᠡᠪᠡᠰᠦ ᠪᠣᠷᠳᠣᠭᠠᠨ ᠤ ᠬᠤᠯᠪᠤᠭ᠎ᠠ ᠭᠡᠳ ᠤᠯᠠᠠ ᠬᠤᠯᠪᠣᠭᠠᠨ ᠳᠤ ᠶᠠᠪᠤᠭᠤᠯᠪᠠᠯ ᠬᠥᠮᠥᠰ ᠲᠣᠭᠤᠭᠰᠠᠨ ᠢᠶᠠᠨ ᠵᠠᠬᠢᠶᠠᠯᠠᠵᠤ ᠯᠠ ᠪᠠᠶᠢᠳᠠᠭ᠃ ᠪᠢ ᠡᠨᠡ ᠵᠢᠯ ᠠᠴᠠ ᠡᠬᠢᠯᠡᠨ ᠪᠣᠳᠠᠰ ᠤᠨ ᠪᠤᠰᠤ ᠰᠣᠶᠣᠯ ᠤᠨ ᠥᠪ ᠤᠨ ᠨᠢᠭᠡ ᠪᠤᠯᠬᠤ ᠠᠯᠠᠱᠠ ᠶᠢᠨ ᠤᠷᠠᠨ ᠬᠠᠳᠬᠤᠮᠠᠯ ᠤᠨ ᠮᠡᠷᠭᠡᠵᠢᠯ ᠤᠨ ᠪᠣᠯᠪᠠᠰᠤᠷᠠᠯ ᠤᠨ ᠠᠩᠭᠢ ᠳᠤ ᠰᠤᠷᠤᠯᠴᠠᠵᠤ ᠤᠯᠠᠮᠵᠢᠯᠠᠯᠲᠤ ᠤᠷᠠᠨ ᠬᠠᠳᠬᠤᠮᠠᠯ ᠢ ᠰᠤᠷᠤᠯᠴᠠᠬᠤ ᠰᠠᠨᠠᠭ᠎ᠠ ᠲᠠᠢ ᠭᠡᠵᠦ ᠶᠠᠷᠢᠯ᠎ᠠ᠃                  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号