ᠠᠳᠤᠭᠤᠨ ᠤ ᠰᠤᠶᠦᠯ
ᠨᠡᠶᠢᠲᠡᠯᠡᠭᠰᠡᠨ ᠴᠠᠭ᠄
2025/5/21
                          ᠮᠣᠩᠭᠤᠯ ᠤᠨ ᠥᠨᠳᠦᠷᠯᠢᠭ ᠲᠤ ᠠᠳᠤᠭᠤ ᠶᠢ ᠤᠨᠤᠯᠭ᠎ᠠ ᠡᠳ᠋ᠯᠡᠭᠡᠨ ᠳᠤ ᠠᠰᠢᠭᠯᠠᠵᠤ ᠡᠬᠢᠯᠡᠭᠰᠡᠨ ᠴᠠᠬ ᠬᠤᠭᠤᠴᠠᠭ᠎ᠠ ᠲᠣᠳᠣᠷᠬᠠᠢ ᠦᠭᠡᠢ ᠪᠣᠯᠪᠠᠴᠤ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 2000 ᠵᠢᠯ ᠤᠨ ᠡᠮᠦᠨ᠎ᠡ ᠠᠴᠠ ᠠᠳᠤᠭᠤ ᠶᠢ ᠭᠠᠷᠰᠢᠭᠤᠯᠤᠨ ᠡᠳ᠋ᠯᠡᠵᠦ ᠬᠡᠷᠡᠭᠯᠡᠵᠦ ᠪᠠᠶᠢᠭᠰᠠᠨ ᠨᠢ ᠬᠠᠭᠤᠴᠢ ᠰᠤᠳᠤᠯᠭᠠᠨ ᠢᠶᠠᠷ ᠪᠠᠲᠤᠯᠠᠭᠳᠠᠵᠠᠢ᠃      ᠨᠡᠭᠦᠳᠡᠯᠴᠢᠳ ᠠᠳᠤᠭᠤ ᠶᠢ ᠤᠨᠤᠯᠭ᠎ᠠ ᠡᠳ᠋ᠯᠡᠭᠡᠨ ᠳᠤ ᠬᠡᠷᠡᠭᠯᠡᠬᠦ ᠶᠠᠪᠤᠴᠠ ᠳᠠᠭᠠᠨ ᠬᠡᠷᠡᠭᠯᠡᠭᠡᠨ ᠤ ᠣᠨᠴᠠᠯᠢᠭ ᠲᠤ ᠲᠣᠬᠢᠷᠠᠭᠰᠠᠨ ᠣᠯᠠᠨ ᠲᠥᠷᠥᠯ ᠤᠨ ᠲᠣᠨᠤᠭ ᠬᠡᠷᠡᠭᠰᠡᠯ ᠢ ᠪᠦᠲᠦᠭᠡᠨ ᠪᠤᠢ ᠪᠣᠯᠭᠠᠵᠤ᠂ ᠬᠥᠭᠵᠢᠭᠦᠯᠦᠨ ᠤᠯᠠᠮᠵᠢᠯᠠᠭᠰᠠᠭᠠᠷ ᠢᠷᠠᠵᠠᠢ᠃ ᠮᠣᠩᠭᠤᠯ ᠤᠨ ᠥᠨᠳᠦᠷᠯᠢᠭ ᠲᠤ ᠬᠦᠷᠡᠯ ᠲᠡᠮᠦᠷ ᠤᠨ ᠲᠦᠷᠦᠭᠦᠦ ᠦᠶ᠎ᠡ ᠳᠤ ᠬᠠᠮᠢᠶᠡᠷᠬᠤ ᠬᠠᠳᠠᠨ ᠤ ᠵᠢᠷᠤᠭᠲᠤ ᠴᠤᠪᠤᠵᠤ ᠶᠠᠪᠤᠭ᠎ᠠ ᠮᠣᠷᠢᠳ᠂ ᠮᠣᠷᠢ ᠬᠥᠲᠦᠯᠦᠭᠰᠡᠨ ᠬᠥᠮᠦᠨ᠂ ᠲᠡᠷᠭᠡ ᠬᠥᠯᠯᠡᠭᠰᠡᠨ ᠮᠣᠷᠢᠳ ᠵᠡᠷᠭᠡ ᠶᠢ ᠳᠦᠷᠰᠦᠯᠡᠭᠰᠡᠨ ᠨᠢ ᠠᠳᠤᠭᠤ ᠶᠢ ᠤᠨᠤᠯᠭ᠎ᠠ ᠡᠳ᠋ᠯᠡᠭᠡᠨ ᠳᠤ ᠬᠡᠷᠡᠭᠯᠡᠵᠦ ᠪᠠᠶᠢᠭᠰᠠᠨ ᠢ ᠢᠯᠡᠳᠬᠡᠬᠦ ᠬᠠᠮᠤᠬ ᠤᠨ ᠡᠷᠲᠡᠨ ᠤ ᠳᠤᠷᠠᠰᠬᠠᠯ ᠶᠤᠮ᠃      ᠾᠦᠩᠨᠦ ᠶᠢᠨ ᠬᠤᠪᠢ ᠳᠤ ᠬᠦᠯᠦᠭ ᠮᠣᠷᠢ ᠬᠠᠮᠤᠬ ᠤᠨ ᠡᠷᠬᠢᠮ ᠲᠡᠭᠡᠳᠦ ᠦᠨᠡᠲᠦ ᠵᠦᠢᠯ ᠤᠨ ᠨᠢᠭᠡ ᠪᠠᠶᠢᠯ᠎ᠠ᠃ ᠲᠡᠭᠦᠨ ᠢ ᠢᠯᠡᠳᠬᠡᠬᠦ ᠬᠠᠵᠠᠭᠠᠷ ᠤᠨ ᠨᠤᠮᠤᠨ᠂ ᠴᠢᠭᠲᠠᠨ ᠵᠤᠤᠵᠠᠢ ᠲᠠᠢ ᠬᠦᠷᠡᠯ᠂ ᠲᠡᠮᠦᠷ ᠠᠮᠠᠭᠠᠢ᠂ ᠶᠠᠰᠤᠨ ᠵᠤᠤᠵᠠᠢ ᠲᠠᠢ ᠲᠡᠮᠦᠷ ᠠᠮᠠᠭᠠᠢ᠂ ᠳᠤᠭᠤᠶ ᠬᠦᠷᠡᠯ ᠬᠠᠳᠤᠯᠭ᠎ᠠ᠂ ᠬᠦᠷᠡᠯ ᠲᠣᠪᠣᠷᠤᠤ᠂ ᠮᠤᠬᠤᠯᠠᠭ ᠲᠠᠢ ᠲᠡᠷᠭᠡᠨ ᠤ ᠳᠡᠪᠰᠢᠨ ᠤ ᠬᠦᠷᠡᠯ ᠬᠤᠯᠪᠣᠭᠠᠰᠤ᠂ ᠰᠢᠬᠦᠷ ᠤᠨ ᠦᠵᠦᠭᠦᠷ ᠤᠨ ᠬᠦᠷᠡᠯ ᠴᠢᠮᠡᠭᠯᠡᠯ᠂ ᠳᠤᠭᠤᠢ ᠶᠢᠨ ᠪᠤᠯᠤ ᠶᠢᠨ ᠠᠯᠳᠠ ᠰᠢᠷᠠᠮᠠᠯ ᠬᠦᠷᠡᠯ ᠲᠠᠭ ᠵᠡᠷᠭᠡ ᠣᠯᠳᠠᠪᠤᠷᠢ ᠪᠤᠢ᠃      ᠮᠣᠩᠭᠤᠯ ᠤᠨ ᠥᠨᠳᠦᠷᠯᠢᠭ ᠠᠴᠠ ᠲᠦᠷᠦᠭ ᠤᠨ ᠦᠶ᠎ᠡ ᠶᠢᠨ 30 ᠭᠠᠷᠦᠢ ᠮᠣᠷᠢᠲᠠᠶ ᠣᠷᠣᠰᠢᠭᠤᠯᠭ᠎ᠠ ᠭᠠᠷᠤᠭᠰᠠᠨ ᠨᠢ ︽... ᠣᠷᠣᠰᠢᠭᠤᠯᠤᠭ᠎ᠠ ᠶᠢᠨ ᠵᠠᠩ ᠦᠢᠯᠡ ᠳᠤ ᠤᠨᠤᠵᠤ ᠶᠠᠪᠤᠭᠰᠠᠨ ᠮᠣᠷᠢ᠂ ᠡᠳ᠋ᠯᠡᠵᠦ ᠪᠠᠶᠢᠭᠰᠠᠨ ᠵᠦᠢᠯᠡᠰ ᠢ ᠬᠠᠮᠲᠤ ᠣᠷᠣᠰᠢᠭᠤᠯᠳᠠᠭ ...︾ ᠬᠡᠮᠡᠨ ᠲᠡᠮᠳᠡᠭᠯᠡᠭᠰᠡᠨ ᠰᠤᠷᠪᠤᠯᠵᠢ ᠶᠢᠨ ᠮᠡᠳᠡᠭᠡ ᠶᠢ ᠳᠠᠪᠬᠤᠷ ᠨᠤᠲᠠᠯᠠᠵᠤ ᠪᠠᠶᠢᠨ᠎ᠡ᠃      ᠮᠣᠩᠭᠤᠯ ᠤᠨ ᠥᠨᠳᠦᠷᠯᠢᠭ ᠠᠴᠠ ᠢᠯᠡᠷᠡᠭᠰᠡᠨ ᠬᠠᠳᠠᠨ ᠤ ᠣᠷᠣᠰᠢᠭᠤᠯᠤᠭ᠎ᠠ ᠠᠴᠠ ᠠᠳᠤᠭᠤᠨ ᠤ ᠥᠪ ᠰᠣᠶᠣᠯ ᠲᠠᠢ ᠬᠤᠯᠪᠣᠭ᠎ᠠ ᠲᠠᠢ ᠡᠮᠡᠭᠡᠯ ᠤᠨ ᠮᠣᠳᠤ᠂ ᠳᠥᠷᠦᠭᠡ᠂ ᠬᠠᠵᠠᠭᠠᠷ ᠤᠨ ᠠᠮᠠᠭᠠᠢ᠂ ᠴᠦᠭᠡᠠ ᠲᠣᠭᠠᠨ ᠤ ᠲᠠᠰᠢᠭᠤᠷ ᠭᠠᠷᠤᠭᠰᠠᠨ ᠠᠴᠠ ᠶᠤᠮ᠃      ᠨᠡᠭᠦᠳᠡᠯᠴᠢᠳ ᠤᠨ ᠪᠦᠲᠦᠭᠡᠭᠰᠡᠨ ᠮᠠᠯ ᠠᠵᠤ ᠠᠬᠤᠢ ᠶᠢᠨ ᠲᠣᠨᠤᠭ ᠭᠡᠷᠡᠭᠰᠡᠯ ᠣᠯᠠᠨ ᠵᠠᠭᠤᠨ ᠵᠢᠯ ᠤᠨ ᠲᠤᠷᠰᠢ ᠬᠥᠭᠵᠢᠵᠦ ᠤᠯᠠᠮ ᠪᠤᠯᠪᠡᠰᠦᠷᠡᠩᠭᠤᠢ ᠪᠣᠯᠣᠭᠰᠠᠭᠠᠷ ᠥᠨᠥ ᠬᠦᠷᠴᠡᠢ᠃ ᠠᠳᠤᠭᠤ ᠶᠢ ᠤᠨᠤᠵᠤ᠂ ᠡᠳ᠋ᠯᠡᠬᠦ ᠳᠤ ᠬᠠᠵᠡᠭᠠᠷ᠂ ᠨᠤᠬᠳᠦ᠂ ᠴᠢᠳᠦᠷ᠂ ᠬᠤᠳᠠᠷᠭ᠎ᠠ᠂ ᠡᠮᠡᠭᠡᠯ᠂ ᠲᠠᠰᠢᠭᠤᠷ᠂ ᠬᠤᠮᠠᠭᠤᠲᠤ᠂ ᠲᠡᠷᠭᠡ᠂ ᠲᠡᠷᠭᠡᠨ ᠤ ᠬᠡᠷᠡᠭᠯᠡᠯ᠂ ᠬᠤᠰᠤᠭᠤᠷ ᠭᠡᠬᠦ ᠮᠡᠲᠦ ᠲᠣᠨᠤᠭ ᠬᠡᠷᠡᠭᠯᠡᠯ ᠣᠷᠣᠳᠠᠭ᠃ ᠮᠣᠩᠭᠤᠯᠴᠤᠳ ᠮᠣᠷᠢ ᠪᠠᠨ ᠡᠷᠬᠢᠮᠯᠡᠨ ᠳᠡᠭᠡᠳᠦᠯᠡᠬᠦ ᠶᠢᠨ ᠵᠡᠷᠭᠡᠴᠡᠭᠡ ᠡᠮᠡᠭᠡᠯ᠂ ᠬᠠᠵᠡᠭᠠᠷ᠂ ᠬᠤᠳᠠᠷᠭ᠎ᠠ᠂ ᠬᠥᠮᠥᠯᠳᠥᠷᠭᠡ᠂ ᠲᠠᠰᠢᠭᠤᠷ ᠵᠡᠷᠭᠡ ᠶᠢ ᠮᠦᠡᠭᠬᠦ᠂ ᠭᠠᠤᠯᠢ᠂ ᠵᠡᠰ᠂ ᠭᠠᠩ ᠢᠶᠠᠷ ᠤᠷᠠᠯᠠᠵᠤ᠂ ᠭᠤᠶᠣᠮᠰᠤᠭ ᠬᠡ ᠴᠢᠮᠡᠭᠯᠡᠯ ᠢᠶᠠᠷ ᠴᠢᠮᠡᠭᠯᠡᠭᠰᠡᠨ ᠪᠠᠭᠠᠪᠤᠷ᠂ ᠳᠠᠷᠤᠭᠤᠯᠭ᠎ᠠ ᠵᠡᠭᠦᠵᠦ᠂ ᠬᠠᠵᠠᠭᠠᠷ ᠢᠶᠠᠨ ᠴᠢᠮᠡᠭᠯᠡᠳᠡᠭ ᠨᠢ ᠨᠢᠭᠡ ᠲᠠᠯ᠎ᠠ ᠪᠠᠷ ᠢᠶᠠᠨ ᠮᠣᠷᠢ ᠪᠠᠨ ᠭᠤᠶᠣᠵᠤ ᠪᠠᠶᠢᠭ᠎ᠠ ᠴᠤ ᠨᠥᠭᠦᠭᠡ ᠳᠤ ᠡᠵᠡᠨ ᠬᠥᠮᠥᠨ ᠤ ᠬᠥᠷᠥᠩᠭᠡ ᠴᠢᠨᠡᠭᠡ᠂ ᠵᠡᠷᠭᠡ ᠳᠡᠪ ᠢ ᠢᠯᠡᠳᠬᠡᠬᠦ ᠶᠢᠨ ᠬᠠᠮᠲᠤ ᠡᠷᠡᠭᠲᠡᠢ ᠬᠥᠮᠥᠨ ᠤ ᠭᠤᠶᠣᠯᠠᠯ ᠤᠨ ᠰᠠᠯᠤᠰᠢ ᠦᠭᠡᠢ ᠨᠢᠭᠡ ᠬᠡᠰᠡᠭ ᠪᠣᠯᠣᠭᠰᠠᠭᠠᠷ ᠢᠷᠠᠵᠠᠢ᠃ ᠮᠣᠩᠭᠤᠯ ᠤᠨ ᠣᠯᠠᠨ ᠤᠭᠰᠠᠭᠠᠲᠠᠨ ᠤ ᠪᠦᠯᠦᠭ ᠤᠳ᠂ ᠨᠤᠳᠤᠬ ᠨᠤᠲᠤᠭ ᠤᠨ ᠣᠨᠴᠠᠯᠢᠭ᠂ ᠤᠷᠠᠯᠠᠭᠠᠴᠢ ᠶᠢᠨ ᠤᠷ᠎ᠠ ᠴᠢᠳᠠᠪᠤᠷᠢ ᠵᠡᠷᠭᠡ ᠠᠴᠠ ᠪᠠᠨ ᠰᠢᠯᠲᠠᠭᠠᠯᠠᠨ ᠥᠪᠡᠷ ᠥᠪᠡᠷ ᠤᠨ ᠥᠪᠡᠷᠮᠢᠴᠡ ᠣᠨᠴᠠᠯᠢᠭ ᠲᠠᠢ ᠡᠮᠡᠭᠡᠯ᠂ ᠮᠣᠷᠢᠨ ᠤ ᠲᠣᠨᠤᠭ ᠬᠡᠷᠡᠭᠰᠡᠯ ᠢ ᠬᠢᠵᠦ ᠪᠦᠲᠦᠭᠡᠵᠦ ᠬᠡᠷᠡᠭᠯᠡᠬᠦ ᠶᠢᠨ ᠵᠡᠷᠭᠡᠴᠡᠭᠡ ᠤᠯᠠᠨ᠎ᠠ ᠠᠯᠳᠠᠷᠰᠢᠭᠰᠠᠨ ᠳᠠᠬᠢᠨ ᠳᠠᠪᠲᠠᠭᠳᠠᠰᠢ ᠦᠭᠡᠶ ᠥᠪᠡᠷᠮᠢᠴᠡ ᠬᠢᠴᠡ ᠤᠷᠠᠯᠠᠯ ᠲᠠᠢ ᠬᠢᠴᠡ ᠵᠡᠷᠭᠡ ᠳᠢᠭ ᠰᠤᠷᠭᠠᠭᠤᠯᠢ ᠶᠢ ᠪᠤᠢ ᠪᠣᠯᠭᠠᠵᠠᠢ᠃      ᠮᠣᠩᠭᠤᠯᠴᠤᠳ ᠡᠷᠡᠭᠲᠡᠢ ᠬᠡᠦᠬᠡᠳ ᠲᠤ ᠪᠠᠨ ᠠᠷᠪᠠᠨ ᠭᠤᠷᠪᠠᠨ ᠨᠡᠰᠦ ᠬᠦᠷᠬᠦ ᠳᠤ ᠰᠢᠨ᠎ᠡ ᠪᠠᠷ ᠡᠮᠡᠭᠡᠯ᠂ ᠬᠠᠵᠡᠭᠠᠷ ᠲᠥᠬᠦᠭᠡᠷᠡᠵᠦ ᠥᠭᠳᠡᠭ ᠤᠯᠠᠮᠵᠢᠯᠠᠯ ᠲᠠᠢ᠃ ᠡᠨᠡ ᠨᠢ ᠬᠡᠦᠬᠡᠳ ᠢᠶᠠᠨ ᠭᠠᠷ ᠨᠢ ᠭᠠᠨᠵᠤᠭᠠᠨ ᠳᠤ᠂ ᠬᠥᠯ  ᠨᠢ ᠳᠥᠷᠥᠭᠡᠨ ᠳᠤ ᠬᠦᠷᠴᠦ ᠡᠷ᠎ᠡ ᠬᠥᠮᠦᠨ ᠪᠣᠯᠣᠭᠰᠠᠨ ᠢ ᠪᠡᠯᠭᠡᠳᠡᠭᠰᠡᠨ ᠬᠡᠷᠡᠭ ᠪᠢᠯᠡ᠃ ᠮᠦᠠ ᠥᠬᠢᠳ ᠲᠡᠭᠡᠨ ᠬᠠᠳᠠᠮ ᠳᠤ ᠭᠠᠷᠬᠤ ᠳᠤ ᠵᠠᠪᠠᠯ ᠰᠢᠨ᠎ᠡ ᠡᠮᠡᠭᠡᠯ ᠲᠥᠬᠦᠭᠡᠷᠡᠵᠦ ᠥᠭᠳᠡᠭ ᠵᠠᠩᠰᠢᠯ ᠲᠠᠢ᠃ ᠡᠮᠡᠭᠡᠯ ᠢ ᠡᠷᠡᠭᠲᠡᠢ᠂ ᠡᠮᠡᠭᠳᠡᠢ ᠂ ᠬᠡᠦᠬᠡᠳ ᠤᠨ᠂ ᠨᠠᠰᠤᠲᠠᠨ ᠬᠥᠮᠥᠨ ᠤ᠂ ᠬᠤᠷᠳᠦᠠ ᠮᠣᠷᠢᠨ ᠤ ᠭᠡᠬᠦ ᠠᠴᠠ ᠭᠠᠳᠡᠨ᠎ᠡ ᠬᠡᠷᠡᠭᠯᠡᠭᠳᠡᠬᠦ ᠪᠠᠶᠢᠳᠠᠯ᠂ ᠡᠭᠦᠷᠭᠡ ᠵᠣᠷᠢᠭᠤᠯᠤᠯᠲᠠ᠂ ᠴᠢᠮᠡᠭᠯᠡᠯ ᠵᠡᠷᠭᠡ ᠠᠴᠠ ᠨᠢ ᠰᠢᠯᠲᠠᠭᠠᠯᠠᠨ ᠡᠳᠦᠷ ᠲᠤᠲᠤᠮ ᠤᠨ᠂ ᠭᠤᠶᠤᠯ ᠴᠢᠮᠡᠭᠯᠡᠯ ᠤᠨ ᠭᠡᠵᠦ ᠠᠩᠭᠢᠯᠠᠨ᠎ᠠ᠃ ᠬᠠᠵᠡᠭᠠᠷ ᠨᠢ ᠡᠩ ᠤᠨ ᠪᠤᠯᠦᠠ ᠭᠤᠶᠣᠯᠠᠯ ᠤᠨ ᠭᠡᠵᠦ ᠬᠤᠶᠠᠷ ᠶᠠᠩᠵᠤ᠃ ᠮᠣᠩᠭᠤᠯᠴᠤᠳ ᠡᠷᠲᠡᠨ ᠠᠴᠠ ᠬᠠᠵᠠᠭᠠᠷ ᠢ ᠠᠯᠳᠠ᠂ ᠮᠦᠡᠭᠬᠦ᠂ ᠵᠡᠰ᠂ ᠭᠠᠤᠯᠢ᠂ ᠴᠠᠰᠤ ᠵᠡᠷᠭᠡ ᠮᠠᠲ᠋ᠧᠷᠢᠶᠠᠯ ᠤᠳ ᠢᠶᠠᠷ ᠬᠡ ᠲᠠᠢ ᠲᠣᠪᠣᠷᠤᠤ ᠪᠥᠭᠡᠵᠢ ᠭᠤᠷᠤᠬ᠎ᠠ ᠬᠢᠵᠦ ᠴᠢᠮᠡᠭᠯᠡᠵᠦ ᠢᠷᠠᠵᠠᠢ᠃      ᠠᠭᠤᠯᠠᠷᠬᠠᠭ ᠨᠤᠲᠤᠭ ᠲᠤ ᠡᠮᠡᠭᠡᠯ ᠤᠷᠤᠭᠰᠢ᠂ ᠬᠤᠶᠢᠰᠢ ᠪᠣᠯᠵᠤ ᠭᠦᠶᠦᠬᠦ ᠠᠴᠠ ᠰᠡᠷᠭᠡᠶᠢᠯᠡᠵᠦ ᠬᠤᠳᠠᠷᠭ᠎ᠠ ᠬᠥᠮᠥᠯᠳᠥᠷᠭᠡ ᠪᠤᠢ ᠪᠣᠯᠣᠭᠰᠠᠨ ᠰᠠᠨ ᠴᠤ ᠬᠤᠵᠢᠮ ᠬᠡᠷᠡᠭᠯᠡᠭᠡᠨ ᠠᠴᠠ ᠪᠠᠨ ᠢᠯᠡᠭᠦᠦ ᠲᠠᠢ ᠮᠣᠷᠢᠨ ᠤ ᠭᠤᠶᠤᠯ ᠴᠢᠮᠡᠭᠯᠡᠯ ᠪᠤᠯᠦᠠ ᠬᠥᠭᠵᠢᠭᠰᠡᠨ ᠪᠠᠶᠢᠨ᠎ᠡ᠃ ᠵᠠᠷᠢᠮ ᠨᠤᠲᠤᠭ ᠢᠶᠠᠷ ᠬᠠᠯᠢᠶ᠎ᠠ ᠮᠥᠩᠭᠦᠨ ᠴᠢᠮᠡᠭ ᠲᠠᠢ ᠬᠥᠮᠥᠯᠳᠥᠷᠭᠡ᠂ ᠬᠤᠳᠠᠷᠭ᠎ᠠ ᠶᠢ ᠦᠷᠭᠡᠠ ᠬᠡᠷᠡᠭᠯᠡᠳᠡᠭ ᠪᠣᠯ ᠵᠠᠷᠢᠮ ᠨᠤᠲᠤᠭ ᠢᠶᠠᠷ ᠴᠡᠪᠡᠷ ᠮᠥᠩᠭᠦᠨ ᠴᠢᠮᠡᠭ ᠲᠠᠢ ᠬᠤᠳᠠᠷᠭ᠎ᠠ ᠬᠡᠷᠡᠭᠯᠡᠳᠡᠭ᠃ ᠮᠦᠠ ᠳᠥᠷᠥᠭᠡᠨ ᠤ ᠬᠤᠪᠢ ᠳᠤ ᠬᠥᠩᠭᠡᠨ ᠬᠠᠪᠢᠷᠭᠠᠨ ᠳᠥᠷᠥᠭᠡᠨ ᠠᠴᠠ ᠳᠤᠭᠤᠶ ᠲᠠᠪᠠᠭ ᠲᠠᠢ ᠵᠢᠷᠢᠢᠨ ᠲᠡᠮᠦᠷ ᠳᠥᠷᠦᠭᠡ᠂ ᠭᠠᠤᠯᠢᠨ ᠳᠥᠷᠦᠭᠡ᠂ ᠴᠠᠰᠤ ᠳᠥᠷᠦᠭᠡ᠂ ᠵᠢᠵᠠᠤᠳᠠᠭᠰᠠᠨ ᠲᠡᠮᠦᠷ ᠳᠥᠷᠦᠭᠡ᠂ ᠳᠥᠷᠥᠭᠡᠨ ᠤ ᠤᠯᠠ ᠪᠤᠯᠦᠠ ᠬᠠᠵᠠᠭᠤ᠂ ᠲᠡᠭᠡᠳᠦ ᠬᠡᠰᠡᠭ ᠢᠶᠠᠷ ᠪᠢᠳᠡᠬᠦᠦ ᠰᠡᠶᠢᠯᠪᠦᠷᠢᠯᠡᠵᠦ ᠬᠡᠭᠡᠯᠡᠭᠰᠡᠨ᠂ ᠡᠩ ᠤᠨ ᠪᠤᠯᠦᠠ ᠭᠤᠶᠣᠯᠠᠯ ᠤᠨ ᠭᠡᠬᠦ ᠮᠡᠲᠦ ᠪᠠᠷ ᠣᠯᠠᠨ ᠬᠡᠯᠪᠡᠷᠢ ᠬᠢᠴᠡᠲᠡᠢ ᠪᠤᠯᠦᠠ ᠬᠥᠭᠵᠢᠭᠰᠡᠨ ᠪᠠᠶᠢᠨ᠎ᠡ᠃      ᠢᠷᠭᠠᠢ᠂ ᠬᠤᠯᠤᠰᠤ᠂ ᠰᠤᠮᠤᠨ ᠵᠡᠷᠭᠡ ᠬᠠᠲᠠᠭᠤ ᠮᠣᠳᠣ ᠪᠠᠷ ᠬᠢᠭᠰᠡᠨ ᠤᠷᠲᠤ ᠪᠠᠷ ᠢᠶᠠᠨ 9 ᠪᠠᠷᠢᠮ᠎ᠠ ᠬᠡᠮᠵᠢᠶ᠎ᠡ ᠲᠠᠢ ᠲᠡᠩᠵᠡᠨ ᠲᠠᠰᠢᠭᠤᠷ ᠨᠢ ᠪᠥᠬᠦ᠂ ᠦᠵᠡᠮᠵᠢ ᠲᠠᠢ ᠲᠤᠯᠠ ᠶᠡᠬᠡᠪᠴᠢᠯᠡᠨ ᠭᠤᠶᠣᠯᠠᠯ ᠳᠤ ᠪᠠᠷᠢᠳᠠᠭ ᠣᠨᠴᠠᠯᠢᠭ ᠲᠠᠢ᠃ ᠠᠳᠤᠭᠤ ᠶᠢ ᠨᠤᠳᠤᠬ ᠨᠤᠲᠤᠭ ᠲᠤ ᠪᠡᠷᠢᠬᠤ ᠠᠷᠭ᠎ᠠ ᠥᠭᠡᠷ᠎ᠡ ᠪᠥᠭᠡᠳ ᠶᠡᠬᠡᠪᠴᠢᠯᠡᠨ ᠪᠤᠭᠤᠶᠢᠯᠢ ᠬᠠᠶᠠᠬᠤ ᠪᠣᠯᠣᠨ ᠤᠷᠭ᠎ᠠ ᠪᠠᠷ ᠤᠷᠭᠠᠯᠠᠵᠤ ᠪᠠᠷᠢᠳᠠᠭ᠃ ᠦᠬᠡᠷ ᠤᠨ ᠡᠯᠳᠡᠭᠰᠡᠨ ᠰᠤᠷ ᠢᠶᠠᠷ ᠴᠡᠭᠡᠵᠢ ᠬᠡᠰᠡᠭ ᠢ ᠪᠥᠭᠡᠷᠡᠩᠬᠡᠶᠢᠯᠡᠨ ᠰᠦᠯᠵᠢᠵᠦ ᠬᠢᠭᠰᠡᠨ 9 ᠠᠯᠳᠠ ᠶᠢᠨ ᠤᠷᠲᠤ ᠲᠠᠢ ᠪᠤᠭᠤᠶᠢᠯᠢ ᠶᠢ ᠡᠮᠡᠭᠡᠯ ᠤᠨ ᠢᠶᠠᠨ ᠬᠤᠶᠠᠷ ᠪᠦᠦᠷᠭᠡ ᠳᠤ ᠤᠭᠯᠠᠬᠤ ᠪᠤᠶᠤ ᠪᠡᠶ᠎ᠡ ᠳᠡᠭᠡᠨ ᠮᠥᠷᠥᠪᠴᠢᠯᠡᠨ ᠠᠪᠴᠤ ᠶᠠᠪᠤᠳᠠᠭ ᠵᠠᠩᠰᠢᠯ ᠲᠠᠢ᠃      ᠠᠳᠤᠭᠤᠴᠢᠳ 5-6 ᠮᠧᠲᠷ ᠤᠷᠲᠤ ᠤᠷᠭ᠎ᠠ ᠶᠢᠨ ᠢᠶᠠᠨ ᠴᠡᠭᠡᠵᠢ ᠶᠢ ᠪᠤᠷᠭᠠᠰᠤ ᠪᠠᠷ᠂ ᠪᠥᠭᠰᠡᠨ ᠬᠡᠰᠡᠭ ᠢ ᠬᠤᠰᠤ ᠪᠠᠷ ᠬᠢᠵᠦ ᠬᠤᠭᠤᠷᠦᠡᠳᠦ ᠨᠢ ᠨᠡᠷᠢᠠ ᠰᠤᠷ ᠢᠶᠠᠷ ᠲᠠᠩᠨᠠᠶᠢᠯᠳᠠᠨ ᠪᠣᠭᠤᠵᠢ ᠬᠤᠯᠪᠤᠳᠠᠭ᠃ ᠬᠤᠶᠢᠪᠢ ᠶᠢ ᠣᠭᠤᠨᠣ ᠶᠢᠨ ᠬᠦᠵᠦᠭᠦᠨ ᠤ ᠠᠷᠠᠰᠤ ᠪᠠᠷ ᠬᠢᠪᠡᠯ ᠢᠯᠡᠭᠦᠦ ᠪᠥᠬᠡ ᠪᠣᠯᠳᠠᠭ᠃      ︽ᠠᠯᠲᠠᠨ ᠪᠡᠶ᠎ᠡ ᠳᠤ ᠠᠮᠠᠨ ᠭᠡᠷᠡᠴᠢ᠂ ᠠᠳᠤᠭᠤ ᠶᠢ ᠮᠠᠯ ᠳᠤ ᠲᠠᠮᠠᠭ᠎ᠠ ᠭᠡᠷᠡᠴᠢ︾ ᠭᠡᠳᠡᠭ᠃ ᠠᠳᠤᠭᠤᠨ ᠤ ᠲᠠᠮᠠᠭ᠎ᠠ ᠪᠣᠯ ᠲᠤᠬᠠᠢ ᠶᠢᠨ ᠣᠪᠣᠭ ᠤᠨ ᠲᠡᠮᠳᠡᠭ᠂ ᠰᠦᠯᠳᠠ ᠨᠢ ᠶᠤᠮ᠃ ᠠᠳᠤᠭᠤᠨ ᠤ ᠲᠠᠮᠠᠭ᠎ᠠ ᠨᠢ ᠥᠮᠴᠢ ᠬᠥᠷᠥᠩᠭᠡ ᠡᠭᠦᠰᠦᠭᠰᠡᠨ ᠲᠠᠢ ᠬᠤᠯᠪᠣᠭ᠎ᠠ ᠲᠠᠢ ᠥᠪᠡᠷ ᠤᠨ ᠮᠠᠯ ᠢ ᠪᠤᠰᠤᠳ ᠠᠴᠠ ᠢᠯᠭᠠᠬᠤ ᠶᠢᠨ ᠲᠤᠯᠠᠳᠠ ᠪᠤᠢ ᠪᠣᠯᠭᠤᠭᠠᠭᠰᠠᠨ ᠬᠥᠷᠦᠩᠭᠡ ᠶᠢᠨ ᠪᠡᠳᠦᠯᠠᠭ᠎ᠠ ᠶᠤᠮ᠃ ᠮᠠᠯ ᠳᠤ ᠲᠡᠷᠦᠬᠤ ᠡᠨᠡ ᠬᠦ ᠲᠡᠮᠳᠡᠭ ᠢ ᠲᠠᠮᠠᠭ᠎ᠠ᠂ ᠲᠡᠮᠳᠡᠭ᠂ ᠲᠠᠮᠠᠭ᠎ᠠ ᠲᠡᠮᠳᠡᠭ᠂ ᠲᠦᠷᠢᠮ᠂ ᠬᠠᠭᠠᠷᠢᠯᠭ᠎ᠠ᠂ ᠬᠠᠭᠠᠷᠢᠭᠰᠠᠨ ᠭᠡᠬᠦᠴᠢᠯᠡᠨ ᠨᠤᠳᠤᠬ ᠨᠤᠲᠤᠭ ᠲᠤ ᠶᠠᠩᠵᠤ ᠪᠦᠷᠢ ᠪᠠᠷ ᠨᠡᠷᠡᠯᠡᠭᠰᠡᠭᠡᠷ ᠢᠷᠡᠭᠰᠡᠨ᠃ ᠠᠳᠤᠭᠤᠨ ᠤ ᠪᠠᠨ ᠲᠠᠮᠠᠭ᠎ᠠ ᠶᠢ ᠶᠡᠭᠡᠳᠠ ᠰᠢᠲᠦᠵᠦ᠂ ᠲᠡᠭᠦᠨ ᠢ ᠬᠢᠯᠭᠡᠬᠦ᠂ ᠤᠨᠠᠭ᠎ᠠ ᠲᠠᠮᠠᠭᠠᠯᠠᠬᠤ᠂ ᠬᠦᠦ ᠳᠤ ᠪᠠᠨ ᠰᠢᠯᠵᠢᠬᠦᠯᠬᠦ ᠡᠳᠦᠷ ᠰᠤᠳᠤᠷ ᠢᠶᠠᠨ ᠶᠡᠭᠡ ᠨᠡᠷᠢᠠ ᠰᠣᠩᠭᠤᠵᠤ᠂ ᠲᠠᠮᠠᠭᠠᠯᠠᠭᠰᠠᠨ ᠤ ᠪᠠᠨ ᠳᠠᠷᠠᠭ᠎ᠠ ᠰᠦᠨ ᠳᠤ ᠳᠦᠷᠦᠵᠦ ᠪᠠᠷᠴᠢᠳ ᠢ ᠨᠢ ᠭᠠᠷᠭᠠᠵᠤ ᠳᠡᠭᠡᠳᠦᠯᠡᠨ ᠬᠠᠳᠠᠭᠠᠯᠠᠳᠠᠭ ᠪᠠᠶᠢᠵᠠᠢ᠃      ᠮᠣᠩᠭᠤᠯᠴᠤᠳ ᠨᠠᠮᠤᠷ ᠤᠨ ᠠᠳᠠᠭ ᠰᠠᠷ᠎ᠠ ᠶᠢᠨ ᠪᠠᠷᠰ ᠡᠳᠦᠷ ᠤᠨᠠᠭ᠎ᠠ ᠪᠠᠨ ᠲᠠᠮᠠᠭᠠᠯᠠᠵᠤ᠂ ᠭᠡᠭᠦᠦ ᠪᠠᠨ ᠲᠠᠯᠪᠢᠬᠤ ᠪᠥᠭᠡᠳ ᠡᠨᠡ ᠦᠶ᠎ᠡ ᠪᠠᠷ ︽ᠲᠠᠪᠢᠯᠭ᠎ᠠ ᠶᠢᠨ ᠨᠠᠶᠢᠷ︾᠂ ︽ᠲᠠᠮᠠᠭᠠᠨ ᠤ ᠨᠠᠶᠢᠷ︾ ᠭᠡᠬᠦ ᠮᠡᠲᠦ ᠶᠣᠰᠣᠯᠠᠯ ᠬᠢᠳᠡᠭ᠃ ᠬᠠᠮᠤᠬ ᠤᠨ ᠰᠡᠭᠦᠯ ᠤᠨ ᠠᠳᠤᠭᠤ ᠪᠠᠨ ᠲᠠᠮᠠᠭᠠᠯᠠᠬᠤ ᠳᠤ ᠪᠠᠨ ︽ᠲᠠᠮᠠᠭᠠᠯᠠᠭᠰᠠᠨ ᠠᠳᠤᠭᠤ ᠶᠢ ᠮᠢᠨᠢ ᠲᠡᠯ᠎ᠠ ᠪᠦᠷᠬᠦᠵᠦ᠂ ᠲᠡᠮᠳᠡᠭᠯᠡᠭᠰᠡᠨ ᠠᠳᠤᠭᠤ ᠶᠢ ᠮᠢᠨᠢ ᠲᠡᠭᠷᠢ ᠶᠢᠨ ᠣᠳᠣᠨ ᠰᠢᠭ ᠦᠷᠡᠵᠢᠭᠡᠷᠡᠢ︕︾ ᠭᠡᠵᠦ ᠢᠷᠦᠭᠡᠳᠡᠭ ᠶᠤᠮ᠃ ᠲᠠᠮᠠᠭᠠᠨ ᠤ ᠨᠡᠷ᠎ᠡ ᠭᠠᠵᠠᠷ ᠭᠠᠵᠠᠷ ᠥᠪᠡᠷ ᠥᠪᠡᠷ᠂ ᠰᠠᠷᠠᠨ ᠲᠠᠮᠠᠭ᠎ᠠ᠂ ᠵᠤᠤᠵᠠᠢ ᠲᠠᠮᠠᠭ᠎ᠠ᠂ ᠴᠢᠨᠳᠠᠮᠤᠨᠢ ᠲᠠᠮᠠᠭ᠎ᠠ᠂ ᠬᠠᠰ ᠲᠠᠮᠠᠭ᠎ᠠ᠂ ᠭᠠᠯ ᠲᠠᠮᠠᠭ᠎ᠠ ᠭᠡᠳ ᠪᠡᠶᠡᠯᠢᠬ ᠠᠷᠪᠢᠠ ᠶᠤᠮ᠃      ᠤᠯᠠᠮᠵᠢᠯᠠᠯᠲᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠨᠢ ᠬᠤᠷᠳᠦᠠ ᠮᠣᠷᠢᠨ ᠤ ᠤᠷᠤᠯᠳᠤᠭᠠᠨ ᠶᠤᠮ᠃ ᠮᠣᠩᠭᠤᠯᠴᠤᠳ ᠤᠨ ᠳᠤᠮᠳᠠ ᠡᠷᠲᠡᠨ ᠠᠴᠠ ᠬᠤᠷᠳᠦᠠ ᠮᠣᠷᠢ ᠰᠢᠡᠵᠢᠬᠦ᠂ ᠤᠶᠡᠬᠤ᠂ ᠰᠣᠶᠢᠬᠤ ᠠᠷᠭ᠎ᠠ ᠤᠬᠠᠭᠠᠨ᠂ ᠤᠯᠠᠮᠵᠢᠯᠠᠯᠲᠤ ᠶᠣᠰᠣ ᠵᠠᠩᠰᠢᠯ ᠶᠡᠭᠡᠳᠠ ᠲᠥᠬᠡᠵᠠᠢ᠃ ᠬᠤᠷᠳᠦᠠ ᠬᠦᠯᠦᠭ ᠤᠨ ᠲᠤᠬᠠᠶ ᠨᠢᠭᠡᠨ ᠰᠤᠳᠤᠷ ᠲᠤ ᠬᠤᠷᠳᠦᠠ ᠮᠣᠷᠢ ᠶᠢ ᠳᠣᠲᠣᠷ᠎ᠠ᠂ ᠨᠢᠭᠤᠴᠠ ᠭᠤᠷᠪᠠᠨ ᠵᠦᠢᠯ ᠢᠶᠠᠷ ᠰᠢᠨᠵᠢᠨ᠎ᠡ ᠬᠡᠮᠡᠨ ᠳᠤᠷᠠᠳᠤᠭᠰᠠᠨ ᠪᠠᠶᠢᠳᠠᠭ ᠨᠢ ᠮᠣᠩᠭᠤᠯᠴᠤᠳ ᠰᠢᠨᠳᠠᠰᠤᠲᠤ ᠬᠦᠯᠦᠭ ᠢᠶᠠᠨ ᠬᠡᠴᠢᠨᠡᠨ ᠨᠢᠬᠳᠠ ᠨᠡᠷᠢᠠ ᠠᠵᠢᠭᠯᠠᠨ ᠰᠤᠳᠤᠯᠵᠤ᠂ ᠰᠢᠨᠵᠢᠯᠡᠵᠦ ᠪᠠᠶᠢᠭᠰᠠᠨ ᠤ ᠲᠣᠳᠤᠷᠬᠠᠶ ᠵᠢᠱᠢᠶ᠎ᠡ ᠶᠤᠮ᠃      ᠵᠠᠩᠭᠠᠷ ᠤᠨ ᠲᠤᠤᠯᠢ ᠳᠤ ᠮᠣᠷᠢᠨ ᠤ ᠬᠤᠷᠳᠤ ᠶᠢ ︽ᠬᠥᠩᠭᠡᠨ ᠲᠡᠮᠡᠤᠯᠬᠦ ᠮᠣᠷᠢ ᠨᠢ ᠬᠥᠮᠥᠨ ᠤ ᠪᠣᠳᠣᠯ ᠠᠴᠠ ᠳᠡᠯᠢᠮ ᠬᠤᠷᠳᠦᠠ᠂ ᠬᠤᠢ ᠰᠠᠯᠬᠢᠨ ᠠᠴᠠ ᠠᠯᠳᠠ ᠬᠤᠷᠳᠦᠠ︾ ᠭᠡᠵᠦ ᠱᠠᠭᠰᠢᠨ ᠪᠢᠴᠢᠵᠦ ᠦᠯᠡᠳᠡᠭᠡᠭᠰᠡᠨ ᠨᠢ ᠪᠤᠶ᠃      ᠬᠥᠭᠰᠢᠴᠦᠦᠯ ᠤᠨᠤᠭᠰᠠᠨ ᠬᠡᠦᠬᠡᠳ ᠤᠨ ᠬᠡᠶᠢᠮᠣᠷᠢ᠂ ᠤᠶᠠᠭᠰᠠᠨ ᠮᠣᠷᠢᠨ ᠤ ᠬᠡᠶᠢᠮᠣᠷᠢ᠂ ᠤᠶᠠᠭᠠᠴᠢ ᠡᠵᠡᠨ ᠤ ᠬᠡᠶᠢᠮᠣᠷᠢ ᠲᠡᠭᠰᠢᠷᠡᠵᠦ ᠪᠠᠶᠢᠵᠤ ᠮᠣᠷᠢ ᠬᠤᠷᠳᠤᠯᠠᠳᠠᠭ ᠬᠡᠮᠡᠨ ᠬᠡᠯᠡᠯᠴᠡᠳᠡᠭ᠃ ᠬᠤᠷᠳᠦᠠ ᠮᠣᠷᠢ ᠤᠷᠤᠯᠳᠤᠭᠤᠯᠬᠤ ᠳᠤ ᠰᠡᠭᠦᠯ᠂ ᠰᠣᠭᠰᠤᠭ᠎ᠠ ᠶᠢ ᠨᠢ ᠪᠣᠭᠤᠬᠤ ᠪᠣᠭᠤᠯᠲᠠ᠂ ᠬᠥᠯᠥᠰᠦ ᠶᠢ ᠨᠢ ᠬᠤᠰᠤᠬᠤ ᠬᠤᠰᠤᠭᠤᠷ᠂ ᠬᠥᠩᠭᠡᠨ ᠡᠮᠡᠭᠡᠯ᠂ ᠬᠠᠵᠡᠭᠠᠷ᠂ ᠵᠢᠵᠢᠭ ᠲᠠᠰᠢᠭᠤᠷ ᠵᠡᠷᠭᠡ ᠠᠴᠠ ᠭᠠᠳᠡᠨ᠎ᠡ ᠤᠨᠤᠭᠠᠴᠢ ᠬᠡᠦᠬᠡᠳ ᠲᠤ ᠡᠮᠦᠰᠬᠡᠬᠦ ᠲᠤᠰᠬᠠᠶ ᠴᠡᠮᠴᠠ᠂ ᠭᠤᠶᠠᠪᠴᠢ᠂ ᠪᠤᠶᠢᠲᠤᠭ᠂ ᠮᠠᠯᠠᠭᠠᠶ ᠪᠦᠬᠦᠶᠢᠯᠡ ᠬᠤᠪᠴᠠᠰᠤ ᠵᠡᠷᠭᠡ ᠵᠦᠢᠯᠡᠰ ᠣᠷᠣᠨ᠎ᠠ᠃       ᠬᠤᠷᠳᠦᠠ ᠮᠣᠷᠢ ᠤᠨᠠᠬᠤ ᠬᠡᠦᠬᠡᠳ ᠬᠥᠳᠡᠯᠭᠡᠭᠡᠨ ᠳᠤ ᠰᠠᠭᠠᠳ ᠪᠣᠯᠬᠤ ᠦᠭᠡᠢ᠂ ᠬᠠᠯᠠᠭᠤᠴᠠᠬᠤ ᠳᠤ ᠪᠡᠶ᠎ᠠ ᠪᠠᠷᠢᠬᠤ ᠦᠭᠡᠢ᠂ ᠳᠠᠪᠬᠢᠬᠤ ᠳᠤ ᠰᠠᠯᠬᠢ ᠬᠥᠭᠡᠷᠭᠡᠳᠡᠬᠦ ᠦᠭᠡᠢ᠂ ᠪᠡᠶ᠎ᠡ ᠳᠤ ᠲᠣᠬᠢᠷᠠᠭᠰᠠᠨ᠂ ᠬᠥᠩᠭᠡᠨ ᠠᠪᠰᠠᠷᠬᠠᠨ᠂ ᠲᠤᠳᠦ ᠥᠩᠭᠡ ᠶᠢᠨ ᠬᠤᠪᠴᠠᠰᠤ ᠡᠮᠦᠰᠦᠨ᠎ᠡ᠃              
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号