ᠰᠡᠴᠡᠨ᠂ ᠡᠷᠳᠡᠨᠢᠬᠦᠦ | | ᠰᠣᠷᠪᠤᠯᠵᠢᠯᠠᠬᠴᠢ ᠰᠡᠴᠡᠨ | | ᠠᠵᠢᠯ ᠠᠵᠢᠯ ᠤᠨ ᠳᠣᠲᠣᠷ᠎ᠠ ᠦᠢᠯᠡᠴᠢᠯᠡᠭᠡᠨ ᠤ ᠠᠵᠢᠯ ᠨᠢ ᠬᠠᠮᠤᠭ ᠠᠮᠠᠷ ᠦᠭᠡᠢ ᠪᠠᠶᠢᠳᠠᠭ ᠪᠠᠶᠢᠬ᠎ᠠ᠃ | ᠲᠡᠷᠡ ᠨᠢ ᠶᠠᠭᠠᠷᠠᠤ᠂ ᠶᠠᠳᠠᠷᠠᠯᠲᠠᠢ᠂ᠬᠠᠶᠠ ᠬᠥᠮᠥᠨ ᠤ ᠬᠦᠢᠲᠡᠨ ᠴᠢᠷᠠᠢ ᠦᠵᠡᠵᠦ᠂ ᠴᠡᠪᠳᠡᠭ ᠦᠭᠡ | ᠰᠣᠨᠣᠰᠴᠢᠬᠠᠭᠠᠳ ᠪᠠᠰᠠ ᠰᠣᠨᠣᠰᠤᠭᠰᠠᠨ ᠦᠭᠡᠢ ᠶᠤᠮᠰᠢᠭ ᠢᠨᠢᠶᠡᠮᠰᠦᠭᠯᠡᠨ ᠦᠷᠭᠦᠯᠵᠢᠯᠡᠨ ᠵᠣᠴᠢᠯᠠᠬᠤ ᠯᠠ ᠬᠡᠷᠡᠭ᠃ | ᠥᠨᠢᠷᠴᠡᠴᠡᠭ ᠡᠨᠡ ᠠᠵᠢᠯ ᠢ ᠬᠢᠭᠡᠳ ᠨᠢᠭᠡ ᠮᠡᠳᠡᠬᠦ ᠳᠤ 15 ᠵᠢᠯ ᠤᠨ ᠨᠢᠭᠤᠷ ᠦᠵᠡᠴᠢᠬᠡᠵᠡᠢ᠃ | ᠠᠯᠠᠱᠠ ᠵᠡᠭᠦᠨ ᠬᠤᠰᠢᠭᠤᠨ ᠤ ᠥᠯᠵᠡᠢ ᠰᠤᠮᠤᠨ ᠤ ᠦᠨᠳᠦᠷᠮᠤᠳᠤ ᠭᠠᠴᠠᠭᠠᠨ ᠳᠤ ᠨᠤᠲᠤᠭᠲᠠᠢ | ᠥᠨᠢᠷᠴᠡᠴᠡᠭ ᠶᠡᠭᠡ ᠰᠤᠷᠭᠠᠭᠤᠯᠢ ᠪᠠᠨ ᠲᠡᠭᠦᠰᠴᠦ ᠢᠷᠡᠭᠰᠡᠨ ᠤ ᠲᠠᠷᠠᠭ᠎ᠠ ᠠᠯᠠᠱᠠ ᠠᠶᠢᠮᠠᠭ ᠤᠨ ᠵᠣᠴᠢᠳ ᠤᠨ | ᠪᠠᠭᠤᠳᠠᠯ ᠳᠤ ᠡᠯᠰᠡᠭᠳᠡᠨ ᠠᠵᠢᠯᠯᠠᠵᠤ᠂ ᠣᠳᠣᠬᠠᠨ ᠳᠤ ᠬᠤᠷᠠᠯ ᠴᠤᠭᠯᠠᠭᠠᠨ ᠤ ᠵᠣᠴᠢᠯᠠᠭ᠎ᠠ ᠪᠠ ᠬᠤᠯᠠ ᠶᠢᠨ | ᠵᠣᠴᠢᠨ ᠤ ᠲᠠᠶᠢᠯᠠᠯᠭ᠎ᠠ ᠶᠢᠨ ᠠᠵᠢᠯ ᠢ ᠬᠠᠷᠢᠭᠤᠴᠠᠨ ᠪᠡᠶᠡᠯᠡᠭᠦᠯᠵᠦ ᠪᠤᠢ᠃ ᠵᠢᠯ ᠪᠦᠷᠢ ᠶᠢᠨ ᠴᠠᠭᠠᠨ ᠰᠠᠷ᠎ᠠ ᠪᠠᠷ 24 | ᠴᠠᠭ ᠢᠶᠠᠷ ᠠᠵᠢᠯᠯᠠᠬᠤ ᠪᠠᠶᠢᠭᠤᠯᠭ᠎ᠠ ᠶᠢᠨ ᠢᠶᠠᠨ ᠲᠣᠬᠢᠷᠠᠭᠤᠯᠭ᠎ᠠ ᠶᠢ ᠲᠤᠰᠳᠠᠭ ᠪᠣᠯᠬᠤᠷ ᠡᠨᠡ ᠵᠢᠯ ᠮᠥᠨ ᠯᠠ | ᠵᠤᠷᠰᠢᠯ ᠶᠣᠰᠣᠭᠠᠷ ᠠᠵᠢᠯ ᠤᠨ ᠪᠠᠶᠢᠷᠢᠨ ᠳᠠᠭᠠᠨ ᠶᠠᠭᠠᠷᠠᠨ᠎ᠠ᠃ | ᠴᠠᠭᠠᠨ ᠰᠠᠷ᠎ᠠ ᠪᠤᠯᠪᠠᠴᠦ ᠠᠯᠠᠱᠠ ᠠᠶᠢᠮᠠᠭ ᠤᠨ ᠵᠣᠴᠢᠳ ᠤᠨ ᠪᠠᠭᠤᠳᠠᠯ ᠨᠢ ᠶᠠᠭᠠᠷᠠᠤ ᠶᠣᠰᠣᠭᠠᠷ᠃ | ᠪᠢᠲᠡᠭᠦᠨ ᠠᠴᠠ ᠰᠢᠨ᠎ᠡ ᠶᠢᠨ ᠨᠠᠢᠮᠠᠨ ᠬᠦᠷᠲᠡᠯᠡᠬᠢ ᠬᠤᠭᠤᠯᠠᠨ ᠪ᠊ ᠵᠠᠬᠢᠶᠠᠯᠠᠭ᠎ᠠ ᠳᠦᠭᠦᠷᠴᠦ᠂ ᠬᠤᠨᠤᠭ ᠰᠠᠭᠤᠴᠠ ᠶᠢᠨ | ᠲᠠᠯ᠎ᠠ ᠪᠠᠷ ᠵᠣᠴᠢᠳ ᠢᠷᠡᠭᠰᠡᠭᠡᠷ ᠪᠤᠢ᠃ ︽ᠨᠢᠳᠤᠨᠤᠨ ᠪᠢ ᠰᠢᠨ᠎ᠡ ᠶᠢᠨ ᠬᠤᠶᠠᠷ ᠲᠤ ᠵᠢᠵᠢᠭᠦᠷᠯᠡᠭᠰᠡᠨ᠂ ᠥᠨᠥ ᠵᠢᠯ | ᠰᠢᠨ᠎ᠡ ᠶᠢᠨ ᠲᠠᠪᠤᠨ ᠳᠤ ᠲᠠᠭᠠᠷᠠᠵᠡᠢ᠃ ᠪᠢᠳᠠ ᠵᠢᠯ ᠪᠣᠯᠭᠠᠨ ᠢᠩᠭᠢᠵᠦ ᠡᠭᠡᠯᠵᠢᠯᠡᠵᠦ ᠵᠢᠵᠢᠭᠦᠷᠯᠡᠳᠡᠭ ᠪᠣᠯᠬᠤᠷ | ᠨᠢᠭᠡᠨᠲᠡ ᠡᠨᠡ ᠠᠵᠢᠯ ᠳᠠᠭᠠᠨ ᠳᠠᠳᠴᠢᠬᠠᠵᠠᠢ᠃ ᠶᠠᠮᠠᠷ ᠠᠵᠢᠯ ᠢ ᠴᠤ ᠤᠳᠠᠭᠠᠨ ᠵᠢᠯ ᠢᠶᠠᠷ ᠬᠢᠪᠡᠯ ᠥᠪᠡᠷ ᠤᠨ | ᠡᠷᠭᠢᠯᠡᠭᠰᠡᠨ ᠠᠵᠢᠯ ᠳᠠᠭᠠᠨ ᠭᠠᠷᠰᠢᠵᠤ᠂ ᠠᠵᠢᠯ ᠳᠠᠭᠠᠨ ᠬᠠᠶᠢᠷᠠᠲᠠᠢ ᠪᠤᠯᠳᠠᠭ ᠤᠨ ᠤᠴᠢᠷ ᠪᠢ ᠴᠤ ᠡᠨᠡ ᠬᠦ | ᠠᠵᠢᠯ ᠳᠠᠭᠠᠨ ᠮᠠᠰᠢ ᠬᠠᠶᠢᠷᠠᠲᠠᠢ᠃ ᠬᠡᠳᠦᠶᠢᠪᠡᠷ ᠵᠠᠷᠢᠮ ᠦᠶᠡᠰ ᠬᠥᠮᠥᠨ ᠤ ᠴᠢᠷᠠᠢ ᠦᠵᠡᠵᠦ ᠮᠠᠭᠤᠬᠠᠢ ᠦᠭᠡ | ᠰᠤᠨᠤᠰᠬᠤ ᠪᠤᠯᠪᠠᠴᠦ ᠠᠵᠢᠯ ᠢᠶᠠᠨ ᠰᠠᠶᠢᠬᠠᠨ ᠬᠢᠵᠦ᠂ ᠭᠠᠳᠠᠨ᠎ᠠ ᠣᠷᠣᠨ ᠠᠴᠠ ᠠᠯᠠᠱᠠ ᠳᠤ ᠢᠷᠡᠭᠰᠡᠨ ᠬᠥᠮᠥᠰ ᠲᠤ | ᠠᠯᠠᠱᠠ ᠶᠢᠨ ᠬᠠᠮᠤᠭ ᠤᠨ ᠰᠠᠶᠢᠬᠠᠨ ᠰᠠᠭᠤᠭᠳᠠᠯ ᠢ ᠣᠯᠭᠤᠬᠤ ᠪᠠᠷ ᠴᠢᠷᠮᠠᠶᠢᠳᠠᠭ︾ ᠭᠡᠵᠦ ᠥᠨᠢᠷᠴᠡᠴᠡᠭ ᠶᠠᠷᠢᠨ᠎ᠠ᠃ | ᠠᠯᠠᠱᠠ ᠠᠶᠢᠮᠠᠭ ᠤᠨ ᠵᠣᠴᠢᠳ ᠤᠨ ᠪᠠᠭᠤᠳᠠᠯ ᠨᠢ ᠠᠯᠠᠱᠠ ᠨᠤᠲᠤᠭ ᠤᠨ ᠨᠢᠭᠡᠨ ᠴᠣᠩᠬᠤᠪᠴᠢ ᠪᠠᠶᠢᠭ᠎ᠠ ᠶᠤᠮ᠂ | ᠲᠡᠭᠡᠭᠦᠯᠡᠷ ᠢᠶᠠᠨ ᠭᠠᠳᠠᠨ᠎ᠠ ᠮᠤᠵᠢ ᠣᠷᠣᠨ ᠪᠤᠶᠤ ᠭᠠᠳᠠᠭᠠᠳᠤ ᠤᠯᠤᠰ ᠤᠨ ᠵᠣᠴᠢᠨ ᠴᠤ ᠡ᠊ᠨᠳᠡ ᠢᠷᠡᠵᠦ ᠰᠠᠭᠤᠳᠠᠭ᠃ | ᠠᠯᠠᠱᠠ ᠨᠤᠲᠤᠭ ᠴᠢᠨᠢ ᠭᠠᠩ ᠬᠠᠭᠤᠷᠠᠢ ᠠᠭᠤᠷ ᠠᠮᠢᠰᠬᠤᠯ ᠲᠠᠢ ᠪᠣᠯᠬᠤᠷ ᠢᠶᠠᠨ ᠡᠮᠦᠨᠡᠲᠦ ᠣᠷᠣᠨ ᠤ ᠵᠠᠷᠢᠮ | ᠵᠣᠴᠢᠳ ᠢᠷᠡᠴᠢᠬᠡᠭᠡᠳ ᠬᠠᠭᠤᠷᠠᠶᠢᠰᠢᠵᠤ ᠪᠠᠶᠢᠨ᠎ᠠ᠂ ᠳᠠᠳᠬᠤ ᠦᠭᠡᠢ ᠪᠠᠶᠢᠨ᠎ᠠ ᠭᠡᠰᠡᠨ ᠰᠠᠨᠠᠯ ᠭᠠᠷᠭᠠᠳᠠᠭ᠃ ᠡᠨᠡ | ᠦᠶᠡᠰ ᠭᠠᠳᠠᠨᠠᠬᠢ ᠶᠢᠨ ᠵᠣᠴᠢᠳ ᠤᠨ ᠲᠠᠶᠢᠯᠠᠯᠭ᠎ᠠ ᠶᠢ ᠬᠠᠷᠢᠭᠤᠴᠠᠳᠠᠭ ᠥᠨᠢᠷᠴᠡᠴᠡᠭ ᠬᠠᠮᠲᠤ ᠠᠵᠢᠯᠲᠠᠨ ᠲᠠᠢ ᠪᠠᠨ | ᠬᠠᠮᠲᠤ ᠨᠠᠶᠢᠳᠠᠪᠤᠷᠢ ᠲᠠᠢ ᠪᠠᠷ ᠬᠠᠷᠢᠭᠤᠯᠲᠠ ᠥᠭᠴᠦ᠂ ᠵᠣᠴᠢᠳ ᠤᠨ ᠬᠦᠰᠡᠭᠰᠡᠨ ᠨᠠᠶᠢᠳᠠᠭᠰᠠᠨ ᠪᠦᠭᠦᠨ ᠢ ᠠᠯᠢ | ᠪᠤᠯᠬᠤ ᠪᠠᠷ ᠪᠡᠶᠡᠯᠡᠭᠦᠯᠵᠦ ᠦᠭᠳᠡᠭ ᠠᠵᠢ᠃ | ︽ᠠᠪᠤ ᠡᠵᠢ᠂ ᠭᠡᠷ ᠤᠨ ᠬᠥᠮᠥᠰ ᠲᠠᠢ ᠪᠠᠨ ᠬᠠᠮᠲᠤ ᠪᠠᠶᠢᠪᠠᠯ ᠬᠠᠮᠢᠭ᠎ᠠ ᠰᠢᠨᠡᠯᠡᠭᠰᠡᠨ ᠴᠤ ᠠᠳᠠᠯᠢᠬᠠᠨ᠃ | ᠪᠢᠳᠠᠨ ᠤ ᠵᠢᠵᠢᠭᠦᠷ 24 ᠴᠠᠭ ᠤᠨ ᠪᠣᠯᠬᠤᠷ᠂ ᠠᠵᠢᠯᠯᠠᠵᠤ ᠪᠠᠶᠢᠭ᠎ᠠ 24 ᠴᠠᠭ ᠤᠨ ᠬᠤᠭᠤᠷᠣᠨᠳᠤ ᠡᠭᠦᠰᠦᠭᠰᠡᠨ | ᠠᠯᠢᠪᠠ ᠤᠴᠢᠷ ᠢ ᠵᠣᠬᠢᠴᠠᠭᠤᠯᠬᠤ ᠨᠢ ᠮᠠᠨ ᠤ ᠡᠭᠦᠷᠭᠡ︾ ᠭᠡᠵᠦ ᠴᠠᠭᠠᠯᠠᠵᠤ ᠳᠠᠭᠤᠰᠤᠭ᠎ᠠ ᠦᠭᠡᠢ ᠪᠠᠷ ᠠᠵᠢᠯ ᠤᠨ | ᠪᠠᠶᠢᠷᠢᠨ ᠳᠠᠭᠠᠨ ᠭᠠᠷᠤᠭᠰᠠᠨ ᠥᠨᠢᠷᠴᠡᠴᠡᠭ ᠶᠠᠷᠢᠵᠤ ᠪᠠᠶᠢᠯ᠎ᠠ᠃ ᠥᠨᠢᠷᠴᠡᠴᠡᠭ ᠤᠨ ᠠᠵᠢᠯ ᠨᠢ ᠶᠠᠭᠠᠷᠠᠤ᠂ | ᠳᠡᠭᠡᠷ᠎ᠡ ᠠᠴᠠ ᠳᠡᠭᠦᠦ ᠶᠢᠨ ᠬᠢᠨᠢ ᠪᠡᠶ᠎ᠡ ᠲᠠᠭᠠᠷᠠᠤ ᠤᠴᠢᠷ ᠥᠨᠥ ᠵᠢᠯ ᠠᠪᠤ ᠡᠵᠢ ᠨᠢ ᠴᠤ ᠠᠩᠬ᠎ᠠ ᠤᠳᠠᠭ᠎ᠠ ᠪᠠᠨ | ᠪᠠᠶᠠᠨᠬᠤᠲᠠ ᠳᠤ ᠢᠷᠡᠵᠦ ᠲᠡᠳᠡᠨᠡᠷ ᠲᠠᠢ ᠬᠠᠮᠲᠤ ᠴᠠᠭᠠᠯᠠᠵᠤ᠂ ᠲᠡᠭᠦᠨ ᠢ ᠶᠡᠭᠡ ᠪᠠᠶᠠᠷᠯᠠᠭᠤᠯᠤᠯ᠎ᠠ᠃ ᠪᠠᠰᠠ ᠨᠢᠭᠡᠨ | ᠪᠠᠶᠠᠷᠯᠠᠭᠤᠰᠢᠲᠠᠢ ᠤᠴᠢᠷ ᠭᠡᠪᠡᠯ ᠥᠨᠥ ᠵᠢᠯ ᠥᠨᠢᠷᠴᠡᠴᠡᠭ ᠪᠠᠶᠢᠭᠤᠯᠭ᠎ᠠ ᠶᠢᠨ ᠢᠶᠠᠨ ᠰᠢᠯᠢᠳᠡᠭ ᠠᠵᠢᠯᠲᠠᠨ ᠢᠶᠠᠷ | ᠰᠣᠩᠭᠤᠭᠳᠠᠵᠠᠢ᠃ ᠶᠣᠰᠣᠲᠠᠢ ᠯᠠ ᠪᠠᠶᠠᠷ ᠳᠡᠭᠡᠷ᠎ᠡ ᠠᠴᠠ ᠪᠠᠶᠠᠷ ᠭᠡᠳᠡᠭ ᠨᠢ ᠡᠨᠡ ᠪᠢᠵᠡ᠃ | ︽ᠬᠡᠳᠦᠶᠢᠪᠡᠷ ᠪᠠᠶᠠᠨᠬᠤᠲᠠ ᠳᠤ ᠮᠠᠰᠢ ᠤᠯᠠᠨ ᠬᠡᠭᠡᠮᠰᠦᠭ ᠵᠣᠴᠢᠳ ᠤᠨ ᠪᠠᠭᠤᠳᠠᠯ ᠪᠠᠶᠢᠭ᠎ᠠ ᠪᠤᠯᠪᠠᠴᠤ | ᠮᠠᠨ ᠤ ᠵᠣᠴᠢᠳ ᠤᠨ ᠪᠠᠭᠤᠳᠠᠯ ᠨᠢ ᠠᠯᠠᠱᠠ ᠠᠶᠢᠮᠠᠭ ᠤᠨ ᠢᠶᠠᠨ ᠨᠡᠷ᠎ᠡ ᠲᠦᠷᠦ ᠶᠢ ᠲᠥᠯᠥᠭᠡᠯᠡᠬᠦ ᠴᠢᠨᠠᠷᠲᠠᠢ | ᠲᠠᠶᠢᠯᠠᠯᠭ᠎ᠠ ᠶᠢᠨ ᠭᠠᠵᠠᠷ ᠪᠠᠶᠢᠭ᠎ᠠ ᠪᠣᠯᠬᠤᠷ ᠡᠨᠡ ᠠᠵᠢᠯ ᠢᠶᠠᠨ ᠰᠠᠶᠢᠬᠠᠨ ᠭᠢᠶ᠎ᠡ ᠭᠡᠵᠦ ᠪᠤᠳᠤᠳᠠᠭ᠃ ᠠᠵᠢᠯ ᠤᠨ | ᠪᠠᠶᠢᠷᠢᠨ ᠳᠤ ᠭᠠᠷᠬᠤ ᠳᠠᠭᠠᠨ ︿ᠵᠣᠴᠢᠨ ᠪᠣᠯ ᠲᠡᠭᠷᠢ﹀ ᠭᠡᠰᠡᠨ ᠦᠭᠡ ᠶᠢ ᠠᠬᠢᠨ ᠲᠠᠭᠢᠨ ᠪᠡᠶ᠎ᠡ ᠳᠡᠭᠡᠨ ᠰᠠᠨᠠᠭᠤᠯᠳᠠᠭ︾ | ᠭᠡᠵᠦ ᠥᠨᠢᠷᠴᠡᠴᠡᠭ ᠡᠷᠭᠢᠯᠡᠭᠰᠡᠨ ᠠᠵᠢᠯ ᠢᠶᠠᠨ ᠭᠡᠭᠰᠡᠨ ᠥᠨᠳᠥᠷ ᠣᠪᠣᠷ ᠢᠶᠠᠷ ᠶᠠᠷᠢᠯ᠎ᠠ᠃ ᠲᠡᠷᠡ ᠮᠠᠨᠢ ᠠᠯᠢ | ᠭᠠᠵᠠᠷ ᠤᠨ ᠵᠣᠴᠢᠨ ᠢᠷᠡᠭᠰᠡᠨ ᠴᠤ ᠰᠢᠯᠢᠳᠡᠭ ᠰᠠᠶᠢᠨ ᠦᠢᠯᠡᠴᠢᠯᠡᠭᠡ ᠬᠢᠵᠦ᠂ ᠠᠯᠠᠱᠠ ᠨᠤᠲᠤᠭ ᠤᠨ ᠢᠶᠠᠨ ᠬᠥᠮᠥᠨ | ᠠᠷᠠᠳ ᠤᠨ ᠶᠣᠰᠣ ᠵᠠᠩᠰᠢᠯ᠂ ᠵᠠᠩ ᠠᠷᠠᠨᠰᠢᠨ ᠢ ᠭᠠᠳᠠᠨᠠᠬᠢ ᠶᠢᠨ ᠬᠥᠮᠥᠰ ᠲᠤ ᠲᠠᠨᠢᠭᠤᠯᠤᠨ᠂ ᠬᠠᠯᠠᠭᠤᠮᠰᠤᠭ᠂ | ᠳᠣᠲᠣᠨᠣᠰᠤᠭ ᠦᠢᠯᠡᠴᠢᠯᠡᠭᠡ ᠪᠠᠷ ᠠᠵᠢᠯ ᠤᠨ ᠪᠠᠶᠢᠷᠢᠨ ᠳᠠᠭᠠᠨ ᠭᠠᠷᠮᠠᠭᠠᠶᠢᠯᠠᠭᠰᠠᠭᠠᠷ᠁ |