| ᠲᠡᠮᠦᠷᠪᠥ᠋ᠬᠡ ᠡᠮᠬᠢᠳᠬᠡᠪᠡ | ᠡᠷᠲᠡ ᠤᠷᠢᠳᠤ ᠴᠠᠭ ᠲᠤ ᠨᠢᠭᠡ ᠲᠡᠭᠡᠳᠭᠡᠨ ᠡᠪᠦᠭᠡᠨ ᠭᠡᠵᠦ ᠬᠥᠮᠥᠨ ᠪᠠᠶᠢᠵᠠᠢ᠃ ᠲᠡᠷᠡ ᠨᠢᠭᠡ | ᠨᠠᠰᠤᠨ ᠳᠠᠭᠠᠨ ᠠᠩ ᠭᠦᠷᠦᠭᠡ ᠬᠢᠵᠦ ᠠᠮᠢᠳᠤᠷᠠᠳᠠᠭ ᠪᠠᠶᠢᠪᠠ᠃ | ᠨᠢᠭᠡ ᠡᠳᠦᠷ᠂ ᠲᠡᠭᠡᠳᠭᠡᠨ ᠡᠪᠦᠭᠡᠨ ᠠᠩ ᠭᠦᠷᠦᠭᠡ ᠪᠠᠨ ᠬᠢᠭᠡᠳ ᠶᠠᠪᠤᠵᠤ ᠪᠠᠶᠢᠲᠠᠯ᠎ᠠ ᠵᠠᠮ ᠳᠡᠭᠡᠷ᠎ᠡ ᠨᠢ | ᠨᠢᠭᠡ ᠮᠢᠬᠠᠴᠢᠨ ᠡᠮᠡᠭᠡᠨ ᠲᠠᠭᠠᠷᠠᠯᠳᠤᠵᠤ ᠭᠡᠨ᠎ᠡ᠃ ᠲᠡᠷᠡ ᠮᠢᠬᠠᠴᠢᠨ ᠡᠮᠡᠭᠡᠨ᠂ ᠲᠡᠭᠡᠳᠭᠡᠨ ᠡᠪᠦᠭᠡᠨ ᠠᠴᠠ᠄ | - ᠬᠥᠶ᠋ᠢ︕ ᠴᠢ ᠶᠠᠭᠤ ᠬᠢᠵᠦ ᠶᠠᠪᠤᠭ᠎ᠠ ᠶᠤᠮ︖ ᠭᠡᠵᠦ ᠠᠰᠠᠭᠤᠭᠰᠠᠨ ᠳᠤ ᠲᠡᠭᠡᠳᠭᠡᠨ ᠡᠪᠦᠭᠡᠨ | ᠵᠢᠭᠠᠬᠠᠨ ᠴᠤᠴᠢᠰᠭᠢᠵᠤ ᠠᠪᠤᠭᠠᠳ᠄ | - ᠦ᠂ ᠪᠢ ᠭᠦᠷᠦᠭᠡ ᠬᠢᠵᠦ ᠶᠠᠪᠤᠨ᠎ᠠ ᠭᠡᠵᠦ ᠬᠠᠷᠢᠭᠤᠯᠵᠠᠢ᠃ ᠮᠢᠬᠠᠴᠢᠨ ᠡᠮᠡᠭᠡᠨ ᠲᠡᠭᠦᠨ ᠢ | ᠰᠣᠨᠣᠰᠤᠭᠠᠳ᠄ | - ︽ᠭᠦᠷᠦᠭᠡ ᠬᠢᠵᠦ ᠶᠠᠪᠤᠨ᠎ᠠ︾ ᠭᠡᠨ᠎ᠡ︖ ᠡᠴᠢᠭᠡ ᠪᠠᠨ ᠲᠡᠭᠡᠵᠤ ᠭᠡᠯᠡ︕ ᠭᠡᠵᠦ ᠬᠡᠯᠡᠭᠡᠳ | ᠦᠭᠡ ᠲᠠᠭᠤᠨ ᠦᠭᠡᠢ ᠲᠡᠭᠡᠳᠭᠡᠨ ᠡᠪᠦᠭᠡᠨ ᠢ ᠪᠠᠷᠢᠵᠤ᠂ ᠡᠭᠦᠷᠴᠦ ᠶᠠᠪᠤᠭᠰᠠᠨ ᠲᠦᠯᠡᠭᠡᠨ ᠤ ᠪᠠᠨ ᠠᠷᠤᠭ ᠲᠤ | ᠬᠠᠶᠠᠴᠢᠬᠠᠭᠠᠳ ᠭᠡᠷ ᠲᠡᠭᠡᠨ ᠬᠠᠷᠢᠵᠠᠢ᠃ | ᠮᠢᠬᠠᠴᠢᠨ ᠡᠮᠡᠭᠡᠨ ᠭᠡᠷ ᠲᠡᠭᠡᠨ ᠬᠤᠶᠠᠷ ᠵᠢᠭᠠᠬᠠᠨ ᠬᠥᠪᠡᠭᠦᠨ ᠲᠠᠢ ᠶᠤᠮ ᠪᠠᠶᠢᠵᠠᠢ᠃ ᠲᠡᠷᠡ᠂ | ᠲᠡᠭᠡᠳᠭᠡᠨ ᠡᠪᠦᠭᠡᠨ ᠢ ᠡᠭᠦᠷᠴᠦ ᠭᠡᠷ ᠲᠡᠭᠡᠨ ᠬᠦᠷᠴᠢᠬᠡᠭᠡᠳ ᠬᠠᠶᠢᠰᠤᠨ ᠳᠠᠭᠠᠨ ᠤᠰᠤ ᠬᠢᠵᠦ ᠭᠠᠯ ᠳᠡᠭᠡᠷ᠎ᠡ ᠪᠠᠨ | ᠨᠡᠷᠡᠵᠦ ᠲᠡᠭᠡᠳᠭᠡᠨ ᠡᠪᠦᠭᠡᠨ ᠤ ᠭᠠᠷ ᠬᠥᠯ ᠢ ᠨᠢ ᠠᠲᠤᠷᠢᠲᠠᠯ᠎ᠠ ᠬᠦᠯᠢᠭᠡᠳ ᠵᠢᠩᠨᠡᠭᠦᠷ ᠳᠡᠭᠡᠷ᠎ᠡ ᠲᠠᠯᠪᠢᠵᠤ | ᠵᠢᠩᠨᠡᠴᠢᠬᠡᠭᠡᠳ ᠬᠤᠶᠠᠷ ᠵᠢᠭᠠᠬᠠᠨ ᠬᠥᠪᠡᠭᠦᠨ ᠳᠡᠭᠡᠨ᠄ | - ᠵᠠ᠂ ᠬᠤᠶᠠᠷ ᠬᠥᠪᠡᠭᠦᠨ ᠮᠢᠨᠢ ᠬᠠᠶᠢᠰᠤᠨ ᠳᠣᠣᠷ᠎ᠠ ᠭᠠᠯ ᠰᠠᠶᠢᠨ ᠲᠦᠯᠡᠵᠦ ᠪᠠᠢ᠂ ᠪᠢ ᠬᠤᠳᠳᠤᠭ | ᠳᠡᠭᠡᠷ᠎ᠡ ᠣᠴᠢᠵᠤ ᠤᠰᠤ ᠡᠭᠦᠷᠦᠭᠡᠳ ᠢᠷᠡᠶ᠎ᠡ᠂ ᠲᠡᠭᠡᠴᠢᠬᠡᠭᠡᠳ ᠬᠡᠳᠦᠭᠦᠯᠡ ᠪᠠᠨ ᠲᠡᠭᠡᠳᠭᠡᠨ ᠡᠪᠦᠭᠡᠨ ᠤ ᠮᠢᠬ᠎ᠠ ᠶᠢ | ᠢᠳᠡᠵᠡᠭᠡᠶ᠎ᠡ᠂ ᠲᠡᠭᠡᠳᠭᠡᠨ ᠡᠪᠦᠭᠡᠨ ᠤ ᠮᠢᠬ᠎ᠠ ᠭᠡᠵᠦ ᠶᠣᠰᠣᠲᠠᠢ ᠰᠠᠶᠢᠬᠠᠨ ᠠᠮᠲᠠᠲᠠᠢ ᠶᠠᠭᠤᠮ᠎ᠠ ᠪᠤᠢ ᠰᠢᠤ ᠭᠡᠵᠦ | ᠬᠡᠯᠡᠭᠡᠳ ᠤᠰᠤᠨ ᠳᠠᠭᠠᠨ ᠶᠠᠪᠤᠴᠢᠬᠠᠵᠤ ᠭᠡᠨ᠎ᠡ᠃ | ᠮᠢᠬᠠᠴᠢᠨ ᠡᠮᠡᠭᠡᠨ ᠤ ᠶᠠᠪᠤᠭᠰᠠᠨ ᠠᠷᠤ ᠳᠤ᠂ ᠲᠡᠭᠡᠳᠭᠡᠨ ᠡᠪᠦᠭᠡᠨ ︽ᠤᠳᠤ ᠶᠠᠭᠠᠬᠢᠭᠰᠠᠨ ᠴᠤ ᠯᠠ | ᠨᠢᠭᠡ ᠠᠷᠭ᠎ᠠ ᠭᠠᠷᠭᠠᠵᠤ ᠪᠠᠶᠢᠭᠠᠳ ᠠᠮᠢ ᠪᠠᠨ ᠠᠪᠤᠷᠠᠵᠤ ᠭᠠᠷᠤᠶ᠎ᠠ︾ ᠭᠡᠵᠦ ᠪᠤᠳᠤᠭᠠᠳ ᠨᠢᠭᠡ ᠤᠬᠠᠭᠠᠨ ᠭᠠᠷᠭᠠᠵᠤ | ᠬᠠᠶᠢᠰᠤᠨ ᠳᠣᠲᠣᠷ᠎ᠠ ᠠᠴᠠ ᠮᠢᠬᠠᠴᠢᠨ ᠡᠮᠡᠭᠡᠨ ᠤ ᠬᠤᠶᠠᠷ ᠬᠦᠦ ᠤᠷᠤᠭᠤ᠄ | - ᠬᠥᠶ᠋ᠢ︕ ᠬᠤᠶᠠᠷ ᠬᠦᠦ᠂ ᠤᠳᠤ ᠲᠡᠭᠡᠳᠭᠡᠨ ᠡᠪᠦᠭᠡᠨ ᠤ ᠭᠤᠶ᠎ᠠ ᠶᠢᠨ ᠮᠢᠬ᠎ᠠ ᠰᠠᠶᠢᠬᠠᠨ ᠪᠣᠯᠵᠤ | ᠪᠠᠶᠢᠨ᠎ᠠ᠂ ᠡᠵᠢ ᠶᠢᠨ ᠴᠢᠨᠢ ᠰᠡᠯᠡᠮ᠎ᠡ ᠬᠠᠮᠢᠭ᠎ᠠ ᠪᠢᠯᠡ︖ ᠮᠢᠬ᠎ᠠ ᠣᠭᠲᠣᠯᠵᠤ ᠦᠭᠭᠦᠶ᠎ᠡ ᠭᠡᠵᠦ ᠬᠡᠯᠡᠭᠰᠡᠨ ᠳᠤ | ᠬᠤᠶᠠᠷ ᠬᠦᠦ᠄ | - ᠡᠵᠢ ᠶᠢᠨ ᠰᠡᠯᠡᠮ᠎ᠡ ᠲᠡᠷᠡ ᠣᠷᠣᠨ ᠤ ᠳᠣᠣᠷ᠎ᠠ ᠳᠠᠷᠤᠭᠠᠲᠠᠢ ᠪᠤᠢ ᠭᠡᠵᠦ ᠬᠡᠯᠡᠵᠡᠢ᠃ ᠲᠡᠭᠡᠳᠭᠡᠨ | ᠡᠪᠦᠭᠡᠨ ᠲᠡᠭᠦᠨ ᠢ ᠰᠣᠨᠣᠰᠤᠭᠠᠳ ᠬᠤᠶᠠᠷ ᠬᠦᠦ ᠳᠤ᠄ | - ᠵᠠ ᠲᠡᠭᠡᠪᠡᠯ ᠲᠡᠷᠡ ᠰᠡᠯᠡᠮ᠎ᠡ ᠪᠠᠨ ᠨᠠᠭᠠᠷ᠎ᠠ ᠠᠪᠤᠭᠠᠳ ᠥᠭ᠂ ᠪᠢ ᠭᠤᠶ᠎ᠠ ᠶᠢᠨ ᠢᠶᠠᠨ ᠮᠢᠬ᠎ᠠ ᠠᠴᠠ | ᠲᠠᠨᠤᠰ ᠲᠤ ᠬᠡᠷᠴᠢᠵᠦ ᠦᠭᠭᠦᠶ᠎ᠡ ᠭᠡᠵᠦ ᠬᠡᠯᠡᠵᠡᠢ᠃ ᠬᠤᠶᠠᠷ ᠵᠢᠭᠠᠬᠠᠨ ᠬᠦᠦ ︽ᠮᠢᠬ᠎ᠠ ᠥᠭᠬᠦ︾ ᠭᠡᠰᠡᠨ ᠢ | ᠰᠣᠨᠣᠰᠤᠭᠠᠳ ᠮᠢᠬ᠎ᠠ ᠢᠳᠡᠬᠦ ᠭᠡᠵᠦ ᠲᠡᠷᠡ ᠳᠣᠣᠷ᠎ᠠ ᠨᠢ ᠡᠵᠢ ᠶᠢᠨ ᠢᠶᠠᠨ ᠰᠡᠯᠡᠮ᠎ᠡ ᠶᠢ ᠭᠠᠷᠭᠠᠵᠤ ᠲᠡᠭᠡᠳᠭᠡᠨ | ᠡᠪᠦᠭᠡᠨ ᠳᠤ ᠥᠭᠴᠡᠢ᠃ ᠲᠡᠷᠡ ᠦᠶᠡᠰ ᠲᠤ ᠲᠡᠭᠡᠳᠭᠡᠨ ᠡᠪᠦᠭᠡᠨ ᠴᠤ ᠭᠠᠷ ᠬᠥᠯ ᠤᠨ ᠢᠶᠠᠨ ᠬᠦᠯᠢᠶᠡᠰᠦ ᠶᠢ | ᠠᠷᠭᠠᠯᠠᠵᠤ ᠪᠠᠶᠢᠭᠠᠳ ᠠᠯᠳᠠᠷᠠᠭᠠᠵᠠᠢ᠃ ᠬᠤᠶᠠᠷ ᠬᠦᠦ ᠶᠢᠨ ᠭᠠᠷ ᠠᠴᠠ ᠰᠡᠯᠡᠮ᠎ᠡ ᠶᠢ ᠠᠪᠤᠮᠠᠭᠴᠠ ᠲᠡᠷᠡ ᠳᠣᠣᠷ᠎ᠠ ᠨᠢ | ᠰᠡᠯᠡᠮ᠎ᠡ ᠪᠠᠷ ᠮᠢᠬᠠᠴᠢᠨ ᠡᠮᠡᠭᠡᠨ ᠤ ᠬᠤᠶᠠᠷ ᠬᠦᠦ ᠶᠢ ᠲᠥᠬᠦᠭᠡᠷᠦᠭᠡᠳ ︵ᠠᠯᠠᠬᠤ ᠭᠡᠰᠡᠨ ᠤᠳᠬ᠎ᠠ ᠲᠠᠢ ᠦᠭᠡ︶ | ᠮᠢᠬ᠎ᠠ ᠶᠢ ᠨᠢ ᠬᠠᠶᠢᠰᠤᠨ ᠳᠣᠲᠣᠷ᠎ᠠ ᠬᠢᠵᠦ ᠲᠠᠯᠪᠢᠭᠠᠳ ᠳᠣᠣᠷ᠎ᠠ ᠨᠢ ᠭᠠᠯ ᠦᠷᠳᠡᠴᠢᠭᠡᠭᠡᠳ ᠬᠤᠶᠠᠷ ᠬᠦᠦ ᠶᠢᠨ | ᠲᠣᠯᠣᠭᠠᠢ ᠶᠢ ᠨᠢ ᠣᠷᠣᠨ ᠳᠣᠲᠣᠷ᠎ᠠ ᠨᠢ ᠴᠤᠬᠤᠶᠢᠯᠭᠠᠨ ᠤᠨᠲᠠᠵᠤ ᠪᠠᠶᠢᠬᠤ ᠶᠠᠩᠵᠤ ᠪᠠᠷ ᠬᠤᠴᠢᠵᠤ | ᠲᠠᠯᠪᠢᠴᠢᠬᠠᠭᠠᠳ ᠭᠡᠷ ᠤᠨ ᠠᠷᠤ ᠳᠤᠨᠢ ᠣᠷᠣᠵᠤ ᠮᠢᠬᠠᠴᠢᠨ ᠡᠮᠡᠭᠡᠨ ᠢ ᠬᠦᠯᠢᠶᠡᠵᠦ ᠰᠠᠭᠤᠵᠠᠢ᠃ | ᠮᠢᠬᠠᠴᠢᠨ ᠡᠮᠡᠭᠡᠨ ᠤᠰᠤ ᠪᠠᠨ ᠡᠭᠦᠷᠦᠭᠡᠳ ᠢᠷᠡᠬᠦ ᠳᠤ ᠬᠤᠶᠠᠷ ᠬᠦᠦ ᠨᠢ ᠠᠯᠢ ᠡᠷᠲᠡ ᠣᠷᠣᠨ ᠳᠠᠭᠠᠨ | ᠣᠷᠣᠭᠠᠳ ᠤᠨᠲᠠᠨ᠎ᠠ ᠭᠡᠨ᠎ᠡ᠃ ᠬᠠᠶᠢᠰᠤᠨ ᠤ ᠳᠣᠣᠷᠠᠬᠢ ᠭᠠᠯ ᠨᠢ ᠳᠦᠷᠡᠯᠵᠡᠵᠦ ᠰᠠᠶᠢᠬᠠᠨ ᠮᠢᠬᠠᠨ ᠤ ᠦᠨᠦᠷ ᠴᠤ | ᠬᠠᠩᠬᠤᠯᠵᠤ ᠪᠠᠶᠢᠵᠠᠢ᠃ ᠵᠦᠳᠡᠷᠡᠵᠦ ᠶᠠᠳᠠᠷᠠᠵᠤ᠂ ᠬᠠᠷᠠᠩᠭᠠᠯᠠᠵᠤ ᠴᠠᠩᠭᠠᠵᠤ ᠶᠠᠪᠤᠭᠰᠠᠨ ᠮᠢᠬᠠᠴᠢᠨ ᠡᠮᠡᠭᠡᠨ ︽ | ᠤᠨᠲᠠᠵᠤ︾ ᠬᠡᠪᠲᠡᠭᠰᠡᠨ ᠬᠤᠶᠠᠷ ᠬᠦᠦ ᠪᠠᠨ ᠨᠢᠭᠡ ᠬᠠᠷᠠᠴᠢᠬᠠᠭᠠᠳ ᠲᠠᠶᠢᠮᠤ ᠠᠷᠪᠢᠨ ᠶᠠᠭᠤᠮ᠎ᠠ ᠶᠢ ᠪᠤᠳᠤᠬᠰᠠᠨ | ᠦᠭᠡᠢ᠂ ᠦᠭᠡ ᠲᠠᠭᠤᠨ ᠦᠭᠡᠢ ᠬᠠᠶᠢᠰᠤᠨ ᠤ ᠬᠠᠯᠢᠪ ᠢᠶᠠᠨ ᠰᠡᠬᠦᠵᠦ ᠮᠢᠬ᠎ᠠ ᠠᠴᠠ ᠪᠠᠨ ᠭᠠᠷᠭᠠᠵᠤ ᠬᠡᠰᠡᠭ ᠢᠳᠡᠵᠦ | ᠵᠢᠭᠠᠬᠠᠨ ᠲᠡᠩᠬᠡᠭᠡ ᠲᠠᠮᠢᠷ ᠣᠷᠣᠴᠢᠬᠠᠭᠠᠳ ᠬᠤᠶᠠᠷ ᠬᠦᠦ ᠤᠷᠤᠭᠤ ᠪᠠᠨ ᠬᠠᠷᠠᠵᠤ᠄ | - ᠬᠥᠶ᠋ᠢ︕ ᠬᠤᠶᠠᠷ ᠬᠥᠪᠡᠭᠦᠨ ᠮᠢᠨᠢ᠂ ᠬᠤᠷᠳᠤᠨ ᠪᠣᠰᠴᠠᠭ᠎ᠠ᠂ ᠡᠨᠡ ᠲᠡᠭᠡᠳᠭᠡᠨ ᠡᠪᠦᠭᠡᠨ ᠤ ᠮᠢᠬ᠎ᠠ | ᠴᠢᠨᠢ ᠶᠠᠭᠠᠬᠢᠭᠰᠠᠨ ᠰᠠᠶᠢᠬᠠᠨ ᠠᠮᠲᠠᠲᠠᠢ ᠶᠤᠮ᠂ ᠤᠳᠤ ᠪᠣᠰᠴᠤ ᠮᠢᠬ᠎ᠠ ᠢᠳᠡᠴᠡᠭᠡ ᠭᠡᠵᠦ ᠬᠠᠰᠬᠢᠷᠴᠠᠢ᠃ ᠬᠤᠶᠠᠷ | ᠬᠦᠦ ᠨᠢ ᠴᠢᠮᠡᠭᠡ ᠦᠭᠡᠢ ᠭᠡᠨ᠎ᠡ᠃ ᠮᠢᠬᠠᠴᠢᠨ ᠡᠮᠡᠭᠡᠨ ᠮᠢᠬᠠᠨ ᠤ ᠠᠮᠲᠠᠨ ᠳᠤᠨᠢ ᠪᠣᠯᠵᠤ ᠪᠠᠰᠠ ᠬᠡᠳᠦᠨ ᠡᠮᠬᠦ | ᠢᠳᠡᠴᠢᠬᠡᠭᠡᠳ ᠬᠤᠶᠠᠷ ᠬᠦᠦ ᠪᠠᠨ᠄ | - ᠵᠠ᠂ ᠪᠣᠰ ᠪᠣᠰ︕ ᠬᠤᠶᠠᠷ ᠬᠦᠦ ᠮᠢᠨᠢ᠂ ᠤᠳᠤ ᠬᠤᠷᠳᠤᠨ ᠪᠣᠰᠴᠤ ᠬᠡᠳᠦᠭᠦᠯᠡ ᠮᠢᠬ᠎ᠠ | ᠢᠳᠡᠵᠡᠭᠡᠶ᠎ᠡ ᠭᠡᠵᠦ ᠳᠠᠭᠤᠳᠠᠵᠠᠢ᠃ ᠬᠤᠶᠠᠷ ᠬᠦᠦ ᠨᠢ ᠮᠥᠨ ᠠᠨᠢᠷ ᠴᠢᠮᠡᠭᠡ ᠦᠭᠡᠢ ᠭᠡᠨ᠎ᠡ᠃ ᠲᠡᠭᠦᠨ ᠳᠤ ᠮᠢᠬᠠᠴᠢᠨ | ᠡᠮᠡᠭᠡᠨ ᠵᠢᠭᠠᠬᠠᠨ ᠳᠤᠷ᠎ᠠ ᠦᠭᠡᠶᠢᠴᠡᠭᠰᠡᠨ ᠶᠠᠩᠵᠤ ᠭᠠᠷᠴᠤ᠄ | - ᠬᠥᠶ᠋ᠢ︕ ᠲᠠᠨᠤᠰ ᠴᠢᠨᠢ ᠶᠠᠭᠠᠬᠢᠴᠢᠬᠠᠭᠰᠠᠨ ᠶᠤᠮ︖ ᠤᠳᠤ ᠬᠤᠷᠳᠤᠨ ᠪᠣᠰ ᠪᠣᠰ︕ ᠮᠢᠬ᠎ᠠ | ᠢᠳᠡᠵᠡᠭᠡᠶ᠎ᠡ ᠭᠡᠵᠦ ᠬᠡᠯᠡᠭᠡᠳ ᠬᠤᠶᠠᠷ ᠬᠦᠦ ᠶᠢᠨ ᠢᠶᠠᠨ ᠬᠤᠴᠢᠭᠠᠳᠠᠢ ᠪᠠᠶᠢᠭᠰᠠᠨ ᠭᠦᠨᠵᠢᠯᠡ ᠳᠡᠭᠡᠷ᠎ᠡ ᠠᠴᠠ ᠨᠢ | ᠤᠭᠵᠠ ᠲᠠᠳᠠᠨ ᠰᠡᠭᠰᠦᠷᠦᠭᠰᠡᠨ ᠴᠢᠨᠢ ᠶᠠᠭᠤᠨ ᠤ ᠤᠨᠲᠠᠵᠤ ᠪᠠᠶᠢᠬᠤ ᠪᠤᠢ᠂ ᠬᠤᠶᠠᠷ ᠬᠦᠦ ᠶᠢᠨ ᠲᠣᠯᠣᠭᠠᠢ ᠨᠢ | ᠭᠦᠨᠵᠢᠯᠡ ᠳᠣᠲᠣᠷ᠎ᠠ ᠠᠴᠠ ︽ᠪᠤᠨᠳᠠᠭᠠᠰ︕︾ ᠭᠡᠵᠦ ᠭᠠᠵᠠᠷ ᠥᠩᠬᠦᠷᠢᠲᠦᠵᠦ ᠤᠨᠠᠪᠠ᠃ ᠮᠢᠬᠠᠴᠢᠨ ᠡᠮᠡᠭᠡᠨ ᠡᠨᠡ | ᠦᠶ᠎ᠡ ᠳᠤ ᠰᠠᠶ᠋ᠢ ᠤᠬᠠᠭ᠎ᠠ ᠣᠷᠣᠵᠤ᠂ ᠲᠡᠭᠡᠳᠭᠡᠨ ᠡᠪᠦᠭᠡᠨ ᠤ ᠬᠢᠭᠰᠡᠨ ᠬᠡᠷᠡᠭ ᠭᠡᠳᠡᠭ ᠢ ᠮᠡᠳᠡᠭᠡᠳ᠄ | - ᠲᠡᠭᠡᠳᠭᠡᠨ ᠡᠪᠦᠭᠡᠨ︕ ᠴᠢ ᠶᠠᠭᠠᠬᠢᠭᠰᠠᠨ ᠪᠦᠲᠦᠯ ᠦᠭᠡᠢ ᠡᠯᠢᠮᠡᠷ ︵ᠪᠦᠲᠦᠯ ᠦᠭᠡᠢ ᠠᠮᠢᠳᠠᠨ | ᠭᠡᠰᠡᠨ ᠤᠳᠬ᠎ᠠ ᠲᠠᠢ ᠦᠭᠡ︶ ᠪᠤᠢ ᠴᠢ ᠬᠠᠮᠢᠭ᠎ᠠ ᠪᠠᠶᠢᠨ᠎ᠠ︖ ᠭᠡᠵᠦ ᠬᠠᠰᠬᠢᠷᠤᠭᠰᠠᠨ ᠳᠤ᠂ ᠲᠡᠭᠡᠳᠭᠡᠨ ᠡᠪᠦᠭᠡᠨ | ᠭᠡᠷ ᠤᠨ ᠠᠷᠤ ᠠᠴᠠ᠄ | - ᠠ᠂ ᠪᠢ ᠡ᠊ᠨᠳᠡ ᠪᠠᠶᠢᠨ᠎ᠠ ᠭᠡᠵᠦ ᠬᠠᠷᠢᠭᠤᠯᠵᠠᠢ᠃ ᠮᠢᠬᠠᠴᠢᠨ ᠡᠮᠡᠭᠡᠨ ᠤᠬᠤᠰᠬᠢᠨ ᠪᠣᠰᠴᠤ | ᠭᠡᠷ ᠤᠨ ᠢᠶᠠᠨ ᠠᠷᠤ ᠳᠤ ᠭᠦᠶᠦᠵᠦ ᠬᠦᠷᠬᠦ ᠳᠤ ᠲᠡᠭᠡᠳᠭᠡᠨ ᠡᠪᠦᠭᠡᠨ ᠠᠯᠢ ᠡᠷᠲᠡ ᠭᠡᠷ ᠤᠨ ᠵᠡᠭᠦᠨ ᠲᠠᠯ᠎ᠠ ᠳᠤ | ᠭᠠᠷᠴᠢᠬᠠᠭᠠᠳ᠄ | - ᠲᠡᠭᠡᠳᠭᠡᠨ ᠡᠪᠦᠭᠡᠨ ᠡ᠊ᠨᠳᠡ ᠪᠠᠶᠢᠨ᠎ᠠ ᠭᠡᠵᠦ ᠬᠠᠰᠬᠢᠷᠴᠠᠢ᠃ ᠮᠢᠬᠠᠴᠢᠨ ᠡᠮᠡᠭᠡᠨ ᠶᠠᠭᠤᠨ ᠬᠠᠶᠢᠨ ᠳᠤ | ᠦᠭᠡᠢ ᠭᠡᠷ ᠤᠨ ᠢᠶᠠᠨ ᠵᠡᠭᠦᠨ ᠲᠠᠯ᠎ᠠ ᠳᠤ ᠳᠠᠪᠬᠢᠵᠤ ᠬᠦᠷᠬᠦ ᠳᠤ ᠲᠡᠭᠡᠳᠭᠡᠨ ᠡᠪᠦᠭᠡᠨ ᠠᠯᠢ ᠡᠷᠲᠡ ᠲᠡᠭᠡ ᠬᠠᠯᠵᠠᠨ | ᠪᠤᠬ᠎ᠠ ᠪᠠᠨ ᠤᠨᠤᠭᠠᠳ᠂ ᠲᠡᠮᠡᠭᠡᠨ ᠰᠢᠷᠢᠨ ᠬᠠᠪᠳᠠᠷᠭ᠎ᠠ ᠪᠠᠨ ᠵᠡᠭᠦᠴᠢᠬᠡᠭᠡᠳ ᠳᠤᠲᠠᠭᠠᠭᠠᠳ ᠠᠷᠢᠯᠵᠤ ᠭᠡᠨ᠎ᠡ᠃ | ᠲᠡᠭᠡᠭᠡᠳ ᠲᠡᠭᠡᠳᠭᠡᠨ ᠡᠪᠦᠭᠡᠨ ᠮᠢᠬᠠᠴᠢᠨ ᠡᠮᠡᠭᠡᠨ ᠳᠤ ᠢᠳᠡᠭᠳᠡᠭᠰᠡᠨ ᠦᠭᠡᠢ ᠮᠥᠷᠲᠡᠭᠡᠨ ᠤᠷᠠᠨ | ᠠᠷᠭ᠎ᠠ ᠪᠠᠷ ᠮᠢᠬᠠᠴᠢᠨ ᠡᠮᠡᠭᠡᠨ ᠤ ᠬᠤᠶᠠᠷ ᠬᠦᠦ ᠶᠢ ᠳᠠᠷᠤᠴᠢᠬᠠᠭᠠᠳ ᠳᠤᠲᠠᠭᠠᠵᠤ ᠶᠠᠪᠤᠵᠠᠢ᠃ ᠮᠢᠬᠠᠴᠢᠨ ᠡᠮᠡᠭᠡᠨ | ᠴᠤ ᠲᠡᠭᠡᠳᠭᠡᠨ ᠡᠪᠦᠭᠡᠨ ᠢ ᠪᠠᠷᠢᠵᠤ ᠴᠢᠳᠠᠭᠰᠠᠨ ᠦᠭᠡᠢ ᠮᠥᠷᠲᠡᠭᠡᠨ ᠬᠤᠶᠠᠷ ᠬᠥᠪᠡᠭᠦᠨ ᠢᠶᠠᠨ ᠠᠯᠳᠠᠭᠰᠠᠨ ᠳᠠᠭᠠᠨ | ᠠᠭᠤᠷᠯᠠᠵᠤ ᠲᠡᠷᠡ ᠳᠣᠣᠷ᠎ᠠ ᠨᠢ ᠳᠡᠯᠪᠡᠷᠡᠵᠦ ᠦᠬᠦᠭᠰᠡᠨ ᠭᠡᠨ᠎ᠡ᠃ | | ︵2007 ᠣᠨ ᠤ 4 ᠰᠠᠷ᠎ᠠ ᠳᠤ᠂ ᠠᠯᠠᠱᠠ ᠵᠡᠭᠦᠨ ᠬᠤᠰᠢᠭᠤᠨ ᠤ ᠤᠤᠯ ᠤᠨ | ᠬᠤᠤᠰᠪᠦ᠋ᠷᠢᠳᠤ ᠰᠤᠮᠤᠨ ᠤ ᠨᠠᠶᠠᠨ ᠨᠢᠭᠡᠨ ᠨᠠᠰᠤᠲᠠᠢ ᠵᠢᠨᠪᠤᠤ ᠬᠡᠯᠡᠪᠡ︶ |