| | | ᠣ · ᠲᠠᠶᠢᠪᠤᠩ ᠴᠤᠭᠯᠠᠭᠤᠯᠤᠨ ᠲᠠᠶᠢᠯᠪᠤᠷᠢᠯᠠᠪᠠ | ᠬᠡᠢ ᠮᠣᠷᠢ ᠨᠢ ᠬᠡᠶᠢᠰᠬᠦ᠄ ᠰᠠᠨᠠᠭᠰᠠᠨ ᠬᠡᠷᠡᠭ ᠨᠢ ᠰᠠᠭᠠᠳ ᠦᠭᠡᠢ ᠪᠦᠲᠦᠬᠦ᠃ | ᠬᠡᠢ ᠮᠣᠷᠢᠨ ᠨᠢ ᠬᠡᠪᠲᠡᠬᠦ᠄ ᠶᠠᠮᠠᠷᠴᠤ ᠪᠦᠲᠦᠮᠵᠢ ᠦᠭᠡᠢ᠃ ᠠᠵᠢᠯ ᠠᠮᠢᠳᠤᠷᠠᠯ ᠤᠷᠤᠭᠰᠢ ᠦᠭᠡᠢ᠃ | ᠬᠡᠢ ᠮᠣᠷᠢᠨ ᠦᠭᠡᠢ ᠵᠠᠯᠠᠭᠤ᠄ ᠬᠢᠭᠰᠡᠨ ᠨᠢ ᠪᠦᠲᠦᠮᠵᠢ ᠦᠭᠡᠢ ᠵᠠᠯᠠᠭᠤ᠃ | ᠬᠡᠢ ᠮᠣᠷᠢ ᠲᠠᠢ ᠵᠠᠯᠠᠭᠤ᠄ ᠬᠢᠭᠰᠡᠨ ᠨᠢ ᠪᠦᠲᠦᠮᠵᠢᠲᠡᠢ ᠵᠠᠯᠠᠭᠤ᠃ | ᠬᠡᠢ ᠮᠣᠷᠢ ᠨᠢ ᠭᠦᠶᠦᠬᠦ᠄ ᠰᠠᠨᠠᠭᠰᠠᠨ ᠬᠡᠷᠡᠭ ᠨᠢ ᠰᠠᠭᠠᠳ ᠦᠭᠡᠢ ᠪᠦᠲᠦᠬᠦ᠃ ︵ᠲᠠᠨ ᠨᠠᠷ ᠤᠨ ᠬᠡᠢ | ᠮᠣᠷᠢ ᠭᠦᠶᠦᠵᠦ᠂ ᠬᠡᠰᠢᠭ ᠪᠤᠶᠠᠨ ᠢᠷᠡᠭᠰᠡᠨ ᠶᠠᠩᠵᠤ ᠲᠠᠢ ᠭᠡᠪᠡ᠃ - ︽ᠵᠠᠩᠭᠠᠷ ᠤᠨ ᠡᠬᠡ ᠮᠠᠲ᠋ᠧᠷᠢᠶᠠᠯ ︵7︶︾ | ᠂ P.82︶ | ᠬᠡᠢ ᠲᠣᠷᠯᠣᠩ ᠴᠣᠬᠢᠬᠤ᠄ ᠤᠳᠠᠭᠠᠨ ᠬᠤᠭᠤᠴᠠᠭ᠎ᠠ ᠠᠷᠢᠬᠢ ᠤᠤᠭᠤᠭᠰᠠᠨ ᠠᠴᠠ ᠪᠣᠯᠵᠤ | ᠭᠠᠯᠵᠠᠭᠤᠷᠠᠬᠤ ᠪᠤᠶᠤ ᠪᠡᠶ᠎ᠡ ᠲᠠᠮᠢᠷ ᠨᠢ ᠶᠡᠬᠡᠳᠡ ᠮᠠᠭᠤᠳᠠᠬᠤ᠃ | ᠬᠡᠢ ᠴᠣᠬᠢᠬᠤ᠄ ᠬᠤᠭᠤᠰᠤᠨ ᠢᠶᠠᠷ ᠦᠯᠢᠶᠡᠵᠦ ᠬᠥᠭᠡᠷᠭᠡᠳᠡᠬᠦ ︵︿ᠴᠢᠨᠦ ᠠᠰᠠᠷᠠᠭᠰᠠᠨ ᠴᠡᠴᠡᠭ ᠰᠠᠶᠢᠨ | ᠤᠷᠭᠤᠳᠠᠭ ᠶᠤᠮ ᠪᠠᠶᠢᠨ᠎ᠠ﹀ ᠭᠡᠵᠦ ᠨᠠᠮ᠎ᠠ ᠪᠠᠨ ᠬᠡᠢ ᠴᠣᠬᠢᠨ ᠬᠥᠬᠡᠷᠡᠭᠦᠯᠵᠦ ᠮᠡᠳᠡᠯ᠎ᠡ᠃ - ᠲ᠊ · ᠨᠠᠮᠵᠢᠯ᠄ ︽ | ᠵᠡᠭᠦᠳᠦᠨ ᠤ ᠬᠤᠩᠭᠤᠷ ᠭᠤᠪᠢ︾᠂ P.188︶ | ᠬᠡᠭᠡᠷ᠎ᠡ ᠪᠠᠨ ᠠᠯᠠᠭ ᠭᠡᠬᠦ ᠪᠤᠢ᠄ ᠢᠯᠭᠠᠰ ᠦᠭᠡᠢ᠃ | ᠬᠡᠨ ᠢᠶᠠᠨ ᠬᠡᠨ ᠭᠡᠬᠦ ᠪᠤᠢ︖᠄ ᠡᠰᠡ ᠢᠯᠭᠠᠬᠤ ᠰᠠᠶᠢᠬᠠᠨ ᠰᠡᠳᠬᠢᠯ᠃ ᠨᠢᠭᠡ ᠨᠢᠭᠡ ᠪᠠᠨ ᠬᠡᠯᠡᠯᠭᠡᠨ | ᠦᠭᠡᠢ᠂ ᠨᠢᠭᠡ ᠲᠦᠪᠰᠢᠨ ᠤ ᠬᠥᠮᠥᠰ᠃ | ᠬᠡ ᠭᠤᠣ ᠳᠤ ᠤᠳᠠᠭ᠄ ᠪᠠᠶᠢᠭ ᠶᠡᠷᠦ ᠨᠢ᠃ | ᠬᠡ ᠭᠤᠤ ᠶᠢᠨ ᠦᠭᠡ᠄ ᠥᠩᠭᠡ ᠲᠠᠯ᠎ᠠ ᠵᠠᠰᠠᠭᠰᠠᠨ ᠬᠤᠭᠤᠰᠤᠨ ᠦᠭᠡ᠃ ︵ᠬᠤᠭᠤᠰᠤᠨ ᠦᠭᠡ | ᠬᠡᠯᠡᠵᠦ ᠬᠡᠷᠡᠭ ᠦᠭᠡᠢ᠂ ᠪᠢ ᠲᠠᠶᠢᠮᠤ ᠬᠡ ᠭᠤᠤ ᠶᠢᠨ ᠦᠭᠡ ᠳᠤ ᠲᠤᠶᠢᠯ ᠤᠨ ᠶᠡᠭᠡ ᠳᠤᠷ᠎ᠠ ᠦᠭᠡᠢ ᠶᠤᠮ︾᠃ - | ᠳ᠋ᠤ᠊ · ᠨᠠᠶᠢᠳᠠᠢ᠄ ︽ᠮᠥᠩᠬᠡ ᠶᠢᠨ ᠬᠠᠶᠢᠷ᠎ᠠ︾᠂ P.11︶ | ᠭᠡᠯᠡ ᠠᠮᠠ ᠦᠭᠡᠢ᠄① ᠬᠡᠯᠡᠨ ᠳᠤ ᠣᠷᠤᠭ᠎ᠠ ᠦᠭᠡᠢ ᠨᠢᠯᠬ᠎ᠠ ᠬᠡᠦᠬᠡᠳ᠃② ᠬᠡᠯᠡᠨ ᠤ ᠠᠪᠢᠶᠠᠰ | ᠳᠤᠲᠠᠮᠠᠭ᠂ ᠦᠭᠡ ᠬᠡᠯᠡᠨ ᠳᠡᠭᠡᠨ ᠪᠢᠳᠠᠭᠤ᠃③ ᠬᠡᠯᠡᠨ ᠤ ᠪᠡᠷᠬᠡᠰᠢᠶᠡᠯ ᠲᠠᠢ ᠵᠡᠮᠳᠡᠭ ᠬᠥᠮᠥᠨ᠃ ︵ᠠᠳᠠᠭ ᠨᠠᠭᠠᠲᠤ | ᠵᠠᠬ᠎ᠠ ᠳᠠᠭᠠᠨ ᠬᠤᠶᠠᠷ ᠨᠢᠯᠬ᠎ᠠ ᠭᠡᠯᠡ ᠠᠮᠠ ᠦᠭᠡᠢ ᠬᠥᠪᠡᠭᠦᠨ ᠢᠶᠠᠨ ᠪᠤᠳᠤᠳᠠᠭ ᠦᠭᠡᠢ ᠶᠠᠭᠠᠬᠢᠪᠠ︖᠃ - ᠬᠠ᠊ · | ᠬᠥᠮᠦᠵᠢᠯ᠄ ︽ᠪᠤᠳᠤᠯ ᠤᠨ ᠳᠤᠮᠳᠠᠬᠢ ᠪᠦᠷᠭᠦᠳ ᠲᠠᠢ ᠬᠠᠳᠠ︾᠂ P.197︶ | ᠭᠡᠯᠡ ᠲᠠᠢ ᠬᠥᠮᠥᠨ ᠬᠡᠯᠡᠵᠦ ᠪᠣᠯᠣᠰᠢ ᠦᠭᠡᠢ᠄ ᠬᠡᠴᠡᠭᠦᠦ ᠠᠮᠢᠲᠠᠨ , ᠶᠠᠭᠤᠮᠠᠨ ᠲᠤᠷᠰᠢᠬᠤ ᠶᠢᠨ | ᠠᠷᠭ᠎ᠠ ᠦᠭᠡᠢ ᠬᠡᠴᠡᠭᠦᠦ ᠠᠮᠢᠲᠠᠨ᠃ ᠦᠭᠡ ᠭᠡᠯᠡ ᠪᠠᠷ ᠵᠦᠢᠷᠯᠡᠬᠦ ᠶᠢᠨ ᠠᠷᠭ᠎ᠠ ᠦᠭᠡᠢ᠃ | ᠭᠡᠪᠭᠡᠷ ᠭᠡᠪᠭᠡᠷ ᠭᠡᠳ᠄ ᠠᠮᠠ ᠨᠢ ᠠᠭᠠᠵᠢᠮ ᠬᠥᠳᠡᠯᠵᠦ ᠶᠠᠭᠤᠮ᠎ᠠ ᠢᠳᠡᠬᠦ ᠪᠤᠶᠤ ᠦᠭᠡ ᠶᠠᠷᠢᠬᠤ | ᠪᠠᠶᠢᠳᠠᠯ᠃ | ᠬᠡᠪᠲᠡᠷᠢ ᠳᠤ ᠣᠷᠣᠬᠤ᠄ ᠪᠡᠶ᠎ᠡ ᠮᠠᠭᠤᠳᠠᠵᠤ ᠪᠣᠰᠴᠤ ᠴᠢᠳᠠᠬᠤ ᠦᠭᠡᠢ ᠪᠤᠯᠬᠤ᠃ ︵ᠭᠡᠲᠡᠯ᠎ᠡ ᠣᠳᠣᠬᠢ | ᠡᠮᠡᠭᠡᠨ ᠴᠠᠭ ᠢ ᠨᠢ ᠣᠯᠣᠭᠰᠠᠨ ᠰᠢᠭ᠋ ᠬᠡᠪᠲᠡᠷᠢ ᠳᠤ ᠣᠷᠣᠭᠰᠠᠨ ᠪᠠᠶᠢᠨ᠎ᠠ᠃ - ᠳᠤ · ᠨᠠᠶᠢᠳᠠᠢ᠄ ︽ᠭᠢᠯᠢᠴᠠᠭᠠᠨ | ᠨᠠᠭᠤᠷ ᠤᠨ ᠵᠡᠷᠭᠡᠯᠭᠡᠨ︾᠂ P.619︶ | ᠭᠡᠯᠡ ᠠᠮᠠ ᠪᠠᠨ ᠠᠪᠤᠯᠴᠠᠬᠤ᠄ ᠬᠠᠷᠢᠯᠴᠠᠨ ᠣᠶᠢᠯᠠᠭᠠᠯᠴᠠᠬᠤ᠃ ︵ᠬᠠᠳᠠᠮ ᠡᠬᠡ ᠪᠠᠷᠢ ᠬᠤᠶᠠᠷ ᠨᠣᠮ | ᠬᠠᠶᠠᠯᠴᠠᠵᠤ ᠴᠣᠶᠢᠷᠸ᠎ᠠ ᠲᠠᠯᠪᠢᠯᠴᠠᠬᠤ ᠶᠤᠮ ᠪᠢᠰᠢ᠃ ᠠᠯᠭᠤᠷ ᠠᠭᠠᠵᠢᠮ ᠭᠡᠯᠡ ᠠᠮᠠ ᠪᠠᠨ ᠠᠪᠤᠯᠴᠠᠬᠤ ᠪᠢᠵᠡ᠃ - | ᠪᠠ᠊᠆ · ᠵᠠᠰᠠᠨ᠎ᠠ᠄ ︽ᠬᠠᠯᠠᠭᠤᠨ ᠨᠠᠭᠤᠷ︾ P.266︶ | ᠭᠡᠯᠡ ᠠᠮᠠ ᠪᠠᠨ ᠳᠣᠯᠢᠶᠠᠯᠴᠠᠬᠤ᠄ ᠶᠡᠬᠡᠳᠡ ᠳᠣᠲᠣᠨᠣᠰᠣᠨ ᠨᠢᠯᠠᠭᠤᠷᠠᠬᠤ᠃ ︵ᠬᠠᠷᠢ ᠭᠠᠵᠠᠷ ᠠᠴᠠ | ᠢᠷᠡᠭᠰᠡᠨ ᠬᠥᠮᠥᠨ᠂ ᠬᠤᠶᠠᠷ ᠵᠠᠷᠭᠤᠴᠢ ᠲᠠᠢ ᠰᠠᠳᠤᠨ ᠪᠢᠰᠢ ᠴᠤ᠂ ᠬᠡᠷᠴᠡᠭᠡᠢ ᠮᠡᠬᠡᠲᠦ ᠲᠡᠨᠦᠭᠦᠯᠴᠢᠨ ᠲᠠᠢ᠂ ᠭᠡᠯᠡ | ᠠᠮᠠ ᠪᠠᠨ ᠳᠣᠯᠢᠶᠠᠯᠴᠠᠭᠰᠠᠨ ᠢ᠂ ᠬᠠᠷ᠎ᠠ ᠮᠤᠩᠬᠠᠭ ᠪᠤᠭᠤᠷᠤᠯ ᠡᠪᠦᠭᠡᠨ᠂ ᠬᠡᠷᠬᠢᠨ ᠲᠠᠭᠠᠵᠤ ᠮᠡᠳᠡᠬᠦ ᠪᠢᠯᠡ︖ - | ᠨᠢᠮ᠎ᠠ᠂ ᠮᠧᠨᠳᠧ ᠴᠤᠭᠯᠠᠭᠤᠯᠵᠤ ᠡᠮᠬᠢᠳᠬᠡᠪᠡ᠄ ︽ᠠᠷᠳᠠᠭ ᠬᠦᠷᠡᠩ ᠮᠣᠷᠢ ᠲᠠᠢ ᠠᠯᠲᠠᠢ ᠲᠠᠶᠢᠵᠢ︾᠂ P.130︶ | | ᠭᠡᠯᠡ ᠠᠮᠠ ᠰᠤᠭᠤᠯᠤᠮᠠᠷ᠄ ᠠᠮᠲᠠ ᠰᠢᠮᠳᠡ ᠨᠢ ᠭᠤᠶᠢᠳᠠ ᠰᠠᠶᠢᠬᠠᠨ᠃ ︵ᠲᠢᠺᠸᠡᠯᠢᠭ ᠤᠨ ᠭᠤᠸ᠎ᠠ ᠶᠢ | ᠢᠳᠡᠬᠦᠯᠡ ᠭᠡᠯᠡ ᠠᠮᠠ ᠰᠤᠭᠤᠯᠤᠮᠠᠷ ᠠᠮᠲᠠᠲᠠᠶᠢᠬᠠᠨ ᠢ ᠨᠢ ᠬᠡᠯᠡᠵᠦ ᠬᠡᠷᠡᠭ ᠦᠭᠡᠢ᠃ - ᠳᠤ · ᠨᠠᠶᠢᠳᠠᠢ᠄ ︽ | ᠠᠮᠢᠯᠠᠭᠰᠠᠨ ᠭᠤᠪᠢ︾᠂ P.158︶ | ᠭᠡᠯᠡ ᠠᠮᠠ ᠰᠤᠭᠤᠯᠤᠮᠠ᠄ ᠠᠮᠲᠠ ᠰᠢᠮᠳᠡ ᠨᠢ ᠭᠤᠶᠢᠳᠠ ᠰᠠᠶᠢᠬᠠᠨ᠃ ︵ᠢᠩᠭᠢᠵᠦ ᠬᠠᠳᠠᠭᠠᠬᠰᠠᠨ | ᠮᠢᠬ᠎ᠠ ᠶᠢ ᠢᠳᠡᠬᠦ ᠳᠤ ᠭᠡᠯᠡ ᠠᠮᠠ ᠰᠤᠭᠤᠯᠤᠮᠠ ᠠᠮᠲᠠ ᠲᠠᠢ ᠪᠠᠶᠢᠳᠠᠭ᠃ - ᠴᠢ᠊ · ᠡᠷᠢᠨᠴᠠᠢ᠂ ᠲ᠊ · ᠨᠠᠮᠵᠢᠯ᠄ | ︿ᠣᠶᠢᠷᠠᠳ ᠤᠨ ᠵᠠᠩ ᠵᠠᠩᠰᠢᠯ﹀᠂ P.146︶ | ᠭᠡᠯᠡ ᠠᠮᠠ ᠪᠠᠨ ᠪᠢᠯᠡᠭᠦᠳᠡᠬᠦ᠄ ①ᠦᠭᠡ ᠪᠤᠯᠢᠶᠠᠯᠳᠤᠬᠤ᠃② ᠦᠭᠡ ᠭᠡᠯᠡ ᠪᠠᠷ ᠪᠤᠰᠤᠳ ᠢ | ᠥᠳᠥᠭᠡᠨ ᠬᠠᠳᠬᠤᠵᠤ ᠬᠡᠷᠡᠭ ᠡᠳᠦᠭᠦ᠃ | ᠭᠡᠯᠡ ᠠᠮᠠ ᠠᠪᠤᠯᠴᠠᠬᠤ᠄ ᠬᠠᠷᠢᠯᠴᠠᠵᠤ ᠬᠤᠯᠪᠤᠭ᠎ᠠ ᠪᠠᠷᠢᠬᠤ᠃ ︵ᠲᠠᠳᠠᠨ ᠪᠢᠳᠠᠨ ᠢ ᠨᠢᠯᠬ᠎ᠠ ᠶᠢᠨ | ᠬᠤᠪᠢᠰᠬᠠᠯ ᠲᠠᠢ ᠭᠡᠯᠡ ᠠᠮᠠ ᠠᠪᠤᠯᠴᠠᠵᠤ ᠪᠠᠶᠢᠬᠤ ᠶᠢ ᠪᠠᠷᠤᠭᠴᠠᠭᠠᠳ ᠮᠡᠳᠡᠵᠤ ᠤᠷᠭᠢᠬᠤ ᠮᠠᠭᠠᠳ ᠦᠭᠡᠢ᠃ - | ᠬᠤᠩᠭᠤᠷ ᠤᠨ ᠪᠠᠳᠠᠢ᠄ ︽ᠳᠣᠯᠭᠢᠶᠠᠨᠲᠤ ᠬᠠᠶᠢᠳᠠᠭ︾᠂ P.67︶ | ᠭᠡᠯᠡ ᠠᠮᠠᠨ ᠣᠷᠣᠬᠤ᠄ ᠭᠠᠶᠢᠭᠤᠢ ᠪᠤᠯᠬᠤ᠃ | ᠬᠡᠯᠡᠨ ᠠᠮᠠᠨ ᠪᠤᠯᠬᠤ᠄ ᠢᠯᠡᠭᠦᠦ ᠳᠤᠲᠠᠭᠤ ᠦᠭᠡ ᠪᠣᠯᠣᠯᠴᠠᠬᠤ᠃ ᠪᠤᠰᠤᠳ ᠤᠨ ᠶᠠᠷᠢᠶᠠᠨ ᠤ ᠰᠡᠳᠦᠪ | ᠪᠤᠯᠬᠤ᠃ ︵ᠪᠠᠭ᠎ᠠ ᠡᠬᠡᠨᠡᠷ ᠠᠴᠠ ᠴᠢᠨᠢ ᠪᠡᠶ᠎ᠡ ᠳᠡᠭᠡᠨ ᠨᠣᠣᠰᠣ ᠲᠠᠢ ᠨᠣᠬᠠᠢ ᠶᠢᠨ ᠭᠢᠴᠢᠭ ᠭᠠᠷᠪᠠ᠃ ᠬᠥᠮᠥᠨ | ᠠᠮᠢᠳᠠᠨ ᠤ ᠬᠡᠯᠡᠨ ᠠᠮᠠᠨ ᠪᠤᠯᠬᠤ ᠠᠴᠠ ᠢᠴᠢᠭᠡᠳ ᠪᠢ ᠪᠤᠯᠠᠵᠤ ᠬᠠᠶᠠᠭᠠᠳ ᠠᠷᠢᠯᠭᠠᠪᠠ ᠭᠡᠬᠦ ᠳᠤ᠃ - ᠨᠥ᠋᠊ · | ᠵᠣᠷᠢᠭᠲᠤ ᠡᠮᠬᠢᠳᠬᠡᠨ ᠨᠠᠶᠢᠷᠠᠭᠤᠯᠪᠠ᠄ ︽ᠬᠤᠪᠤᠬᠰᠠᠶᠢᠷ ᠮᠣᠩᠭᠤᠯ ᠠᠷᠠᠳ ᠤᠨ ᠠᠮᠠᠨ ᠵᠣᠬᠢᠶᠠᠯ ᠤᠨ ᠳᠡᠭᠡᠵᠢ︾᠂ | ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 2004 ᠣᠨ᠃ P.119︶ | ᠬᠡᠯᠡᠨ ᠠᠮᠠ ᠪᠠᠷ ᠨᠢ ᠭᠠᠷᠭᠠᠬᠤ᠄ ᠦᠭᠡ ᠶᠢ ᠨᠢ ᠬᠠᠷᠢᠭᠤ ᠪᠤᠴᠠᠭᠠᠨ ᠬᠡᠯᠡᠵᠦ ᠰᠣᠨᠣᠰᠬᠠᠬᠤ᠃ ︵ | ᠬᠡᠯᠡᠭᠰᠡᠨ ᠦᠭᠡ ᠶᠢ ᠨᠢ᠂ ᠬᠡᠯᠡᠨ ᠠᠮᠠ ᠪᠠᠷ ᠨᠢ ᠭᠠᠷᠭᠠᠭᠠᠳ᠃ - ᠲᠤ᠋ · ᠪᠠᠳᠮ᠎ᠠ᠂ ᠪᠤᠶᠠᠨᠬᠡᠰᠢᠭ ᠨᠠᠷ ᠡᠮᠬᠢᠳᠬᠡᠨ | ᠨᠠᠶᠢᠷᠠᠭᠤᠯᠪᠠ᠄ ︽ᠵᠠᠩᠭᠠᠷ︾᠂ P.345︶᠃ | ᠬᠡᠯᠡᠨ ᠤᠳᠤᠭ᠎ᠠ ᠠᠴᠠ ᠬᠤᠷᠴᠠ᠄ ᠬᠤᠤᠷᠠᠨ ᠭᠡᠯᠨ ᠲᠠᠢ᠃ ᠦᠭᠡ ᠭᠡᠯᠡ ᠪᠣᠯ ᠬᠥᠮᠥᠨ ᠢ | ᠠᠮᠢᠳᠤᠷᠠᠭᠤᠯᠵᠤ ᠦᠬᠦᠭᠦᠯᠵᠦ ᠪᠤᠯᠳᠠᠭ ᠰᠦᠷ ᠬᠦᠴᠦᠨ ᠲᠠᠢ ᠭᠡᠰᠡᠨ ᠤᠳᠬ᠎ᠠ ᠲᠠᠢ᠃ | ᠬᠡᠯᠡᠨ ᠦᠭᠡᠢ ᠳᠤ ᠪᠡᠯᠡᠨ ᠦᠭᠡᠢ᠄ ᠦᠭᠡ ᠳᠤ ᠬᠠᠰᠢᠩ᠃ | ᠭᠡᠯᠡ ᠪᠠᠨ ᠪᠠᠯᠳᠠᠶᠢᠬᠤ᠄ ︽ᠪᠠᠶᠢᠳᠠᠯ ᠡᠶᠢᠮᠦ︾ ︽ᠬᠡᠷᠡᠭ ᠨᠢᠭᠡᠨᠲᠡ ᠮᠠᠭᠤᠳᠠᠯ᠎ᠠ︾ ︽ᠠᠯᠳᠠᠭ᠎ᠠ | ᠭᠠᠷᠭᠠᠭᠰᠠᠨ ᠳᠠᠭᠠᠨ ᠬᠠᠷᠠᠮᠰᠠᠵᠤ ᠪᠠᠶᠢᠨ᠎ᠠ︾ ᠭᠡᠰᠡᠨ ᠤᠳᠬ᠎ᠠ ᠲᠠᠢ ᠳᠣᠬᠢᠶ᠎ᠠ᠃ ︵᠁ ᠪᠡᠭᠡᠵᠢᠩ ᠬᠤᠳᠠ ᠳᠤ | ᠪᠤᠯᠬᠤ ᠬᠠᠭᠤᠴᠢᠨ ᠨᠣᠮ ᠤᠨ ᠲᠠᠩᠭᠠᠷᠢᠭ ᠤᠨ ᠴᠤᠭᠯᠠᠭᠠᠨ ᠤ ᠨᠠᠶᠢᠷ ᠲᠤ ᠣᠷᠤᠯᠴᠠᠬᠤ ᠪᠠᠷ ᠦᠦᠷ ᠤᠨ ᠡᠮᠦᠨ᠎ᠡ | ᠭᠠᠷᠤᠭᠠᠳ ᠶᠠᠪᠤᠭᠠᠳ ᠥᠭᠭᠦᠯ᠎ᠡ︾ ᠭᠡᠳ ᠭᠡᠯᠡ ᠪᠠᠨ ᠪᠠᠯᠳᠠᠭᠠᠪᠠ᠃ - ᠬᠠ᠊ · ᠬᠥᠮᠦᠵᠢᠯ᠄ ︽ᠬᠠᠶᠢᠷᠠᠨ ᠨᠠᠢᠮᠠᠨ | ᠡᠳᠦᠷ︾᠂ P.28︶ | ᠬᠡᠯᠡᠨ ᠤ ᠰᠢᠷᠬ᠎ᠠ ᠡᠳᠡᠭᠡᠳᠡᠭ ᠦᠭᠡᠢ᠂ ᠮᠠᠯᠢᠶ᠎ᠠ ᠶᠢᠨ ᠰᠢᠷᠬ᠎ᠠ ᠡᠳᠡᠭᠡᠳᠡᠭ᠄ ᠬᠤᠤᠷᠠᠨ ᠦᠭᠡ ᠬᠥᠮᠥᠨ ᠢ | ᠭᠤᠮᠣᠳᠠᠭᠠᠬᠤ᠃ ᠦᠭᠡ ᠪᠠᠷ ᠪᠤᠰᠤᠳ ᠢ ᠭᠤᠮᠣᠳᠠᠭᠠᠪᠠᠯ ᠮᠠᠭᠤ ᠨᠥᠯᠥᠭᠡ ᠨᠢ ᠬᠡᠵᠢᠶ᠎ᠡ ᠴᠤ ᠠᠷᠢᠯᠬᠤ ᠦᠭᠡᠢ᠃ | ᠭᠡᠯᠡ ᠪᠠᠷ ᠢᠶᠠᠨ ᠭᠡᠯᠳᠡᠭᠦᠷ ᠬᠢᠬᠦ᠄ ᠭᠡᠯᠨ ᠠᠮᠠ ᠪᠠᠷ ᠢᠶᠠᠨ ᠬᠥᠮᠥᠨ ᠢ ᠮᠠᠭᠤᠯᠠᠵᠤ ᠬᠠᠶᠠᠬᠤ᠃ ᠦᠭᠡ | ᠭᠡᠯᠡ ᠪᠠᠷ ᠪᠤᠰᠤᠳ ᠢ ᠬᠤᠣᠷᠯᠠᠬᠤ᠃ | ᠬᠡᠯᠡᠨ ᠳᠡᠭᠡᠷ᠎ᠡ ᠴᠢᠨᠢ ᠮᠤᠤᠮᠢ ᠭᠠᠷᠬᠤ᠄ ᠮᠠᠭᠤ ᠮᠠᠭᠤᠬᠠᠢ ᠦᠭᠡ ᠶᠢ ᠨᠢ ᠵᠢᠭᠰᠢᠭᠰᠡᠨ᠃ ᠵᠦᠢ ᠵᠣᠬᠢᠰ | ᠦᠭᠡᠢ ᠦᠭᠡ ᠶᠠᠷᠢᠪᠠᠯ ᠠᠯᠳᠠᠰ ᠪᠤᠯᠬᠤ ᠶᠢ ᠰᠡᠷᠡᠮᠵᠢᠯᠡᠭᠦᠯᠦᠭᠰᠡᠨ ᠦᠭᠡ᠃ | ᠬᠡᠯᠡᠨ ᠳᠡᠭᠡᠷᠡᠬᠢ ᠪᠠᠯ ᠪᠤᠷᠠᠮ ᠭᠦᠪᠡᠷᠳᠡᠭ ᠳᠣᠲᠣᠷᠠᠬᠢ ᠬᠦᠳᠡᠷ ᠴᠢᠯᠠᠭᠤᠨ᠄ ᠠᠮᠠᠨ ᠳᠠᠭᠠᠨ ᠬᠡᠯᠡᠬᠦ ᠨᠢ | ᠰᠠᠶᠢᠬᠠᠨ ᠴᠤ ᠳᠣᠲᠣᠷ᠎ᠠ ᠪᠠᠨ ᠮᠠᠭᠤ ᠶᠢ ᠪᠤᠳᠤᠬᠤ᠃ | ᠬᠡᠯᠡᠨ ᠳᠤ ᠶᠠᠰᠤᠨ ᠦᠭᠡᠢ᠄ ᠭᠡᠯᠡ ᠵᠥᠭᠡᠯᠡᠨ ᠪᠤᠯᠪᠠᠴᠤ ᠰᠢᠷᠦᠭᠦᠨ ᠦᠭᠡ ᠬᠡᠯᠡᠵᠦ ᠭᠠᠷᠭᠠᠬᠤ ᠷᠢᠳᠢ | ᠰᠢᠳᠢ ᠲᠠᠢ᠃ | ᠬᠡᠯᠡᠭᠰᠡᠨ ᠦᠭᠡ᠂ ᠬᠡᠷᠴᠢᠭᠰᠡᠨ ᠮᠣᠳᠣᠨ᠄ ᠠᠮᠠᠯᠠᠭᠰᠠᠨ ᠠᠴᠠ ᠪᠠᠨ ᠪᠤᠴᠠᠬᠤ ᠦᠭᠡᠢ᠃ | ᠬᠡᠯᠡᠭᠰᠡᠨ ᠢᠶᠠᠨ ᠬᠢᠵᠦ ᠬᠡᠷᠴᠢᠭᠰᠡᠨ ᠢᠶᠠᠨ ᠢᠳᠡᠬᠦ᠄ ᠵᠣᠷᠢᠭᠰᠠᠨ ᠢᠶᠠᠷ ᠢᠶᠠᠨ ᠶᠠᠪᠤᠬᠤ᠃ ᠦᠨᠡᠨᠴᠢ | ᠰᠢᠳᠤᠷᠭᠤ᠂ ᠬᠢᠷᠢ ᠳᠡᠭᠡᠨ ᠵᠥᠪ ᠠᠮᠢᠳᠤᠷᠠᠬᠤ᠃ | ᠬᠡᠯᠡᠭᠰᠡᠨ ᠦᠭᠡ ᠪᠠᠨ ᠢᠳᠡᠬᠦ᠄ ᠠᠮᠠᠯᠠᠭᠰᠠᠨ ᠢᠶᠠᠨ ᠦᠭᠡᠶᠢᠰᠭᠡᠭᠦ᠂ ᠠᠮᠠᠯᠠᠯᠲᠠ ᠠᠴᠠ ᠪᠠᠨ ᠪᠤᠴᠠᠬᠤ᠃ | ᠬᠡᠯᠡᠭᠰᠡᠨ ᠳᠡᠭᠡᠨ ᠭᠦᠷᠦᠭᠡᠳ᠂ ᠬᠡᠭᠡᠷ ᠢᠶᠠᠨ ᠲᠤᠬᠤᠬᠤ᠄ ᠵᠣᠷᠢᠯᠭ᠎ᠠ ᠳᠠᠭᠠᠨ ᠬᠦᠷᠬᠦ᠃ | ᠬᠡᠯᠲᠡᠭᠡᠢ ᠨᠢᠮᠠᠨ ᠶᠠᠰᠤᠨ᠄ ᠡᠴᠡᠩᠬᠡᠢ ᠲᠤᠷᠠᠩᠬᠠᠢ᠃ | ᠬᠡᠯᠡᠳᠡᠭ ᠬᠢᠳᠡᠭ ᠢᠶᠠᠨ ᠣᠯᠵᠤ ᠶᠠᠳᠠᠬᠤ᠄① ᠲᠡᠰᠬᠡᠯ ᠠᠯᠲᠠᠷᠬᠠᠤ᠃ ② ᠬᠢᠳᠡᠯ ᠠᠯᠳᠠᠵᠤ ᠬᠡᠷᠡᠭ | ᠡᠳᠦᠭᠦ᠃ ︵ᠬᠥᠮᠥᠨ ᠢ ᠦᠵᠡᠪᠡᠯ ᠠᠶᠠᠨᠳᠠᠭᠠᠨ ᠳᠤᠷ᠎ᠠ ᠦᠭᠡᠶᠢᠴᠡᠨ ︿ᠬᠡᠯᠡᠳᠡᠭ ᠬᠢᠳᠡᠭ ᠢᠶᠠᠨ ᠣᠯᠵᠤ ᠡᠰᠡ | ᠴᠢᠳᠠᠭᠰᠠᠨ ᠲᠣᠭᠠᠲᠤ ᠤᠳ﹀ ᠭᠡᠵᠦ ᠪᠤᠳᠤᠳᠠᠭ ᠪᠠᠶᠢᠭᠰᠠᠨ ᠶᠤᠮ᠃ - ᠲ᠊ · ᠨᠠᠮᠵᠢᠯ᠄ ︽ᠵᠡᠭᠦᠳᠦᠨ ᠤ ᠬᠤᠩᠭᠤᠷ | ᠭᠤᠪᠢ︾᠂ P.187︶ | ᠬᠡᠳᠦᠢ ᠡᠩᠬᠦᠷᠡᠢ ᠪᠤᠯᠪᠠᠴᠤ ᠮᠠᠭᠤ ᠪᠠᠨ ᠪᠢᠲᠡᠭᠡᠢ ᠦᠵᠡᠭᠦᠯ᠎ᠡ᠄ ᠶᠠᠮᠠᠷ ᠳᠣᠲᠣᠨᠣ ᠪᠠᠶᠢᠭᠰᠠᠨ ᠴᠤ | ᠨᠢᠭᠤᠴᠠ ᠪᠠᠨ ᠪᠤᠤ ᠵᠠᠳᠠᠷᠠᠭᠤᠯᠠ᠃ | ᠬᠡᠯᠬᠢᠶ᠎ᠡ ᠨᠠᠢᠮᠠᠨ ᠶᠠᠰᠤᠨ᠄ ᠡᠳᠴᠡᠨ ᠲᠤᠷᠠᠩᠬᠠᠢ᠃ | ᠬᠡᠩᠭᠡᠷᠭᠡ ᠶᠢ ᠲᠠᠭᠤ ᠲᠠᠢ ᠲᠠᠭᠤᠨ ᠦᠭᠡᠢ ᠶᠢ ᠨᠢ ᠴᠣᠬᠢᠵᠤ ᠦᠵᠡᠭᠡᠳ ᠮᠡᠳᠡᠳᠡᠭ᠄ ᠬᠥᠭᠡᠷᠭᠡᠳᠡᠵᠦ | ᠪᠠᠶᠢᠭᠠᠳ ᠮᠡᠳᠡᠨ᠎ᠡ᠃ ᠬᠡᠷᠡᠭ ᠤᠴᠢᠷ ᠤᠨ ᠦᠨᠡᠨ ᠮᠥᠨ ᠴᠢᠨᠠᠷ ᠢ ᠪᠣᠳᠠᠲᠤ ᠦᠢᠯᠡᠳᠦᠯᠭᠡ ᠪᠠᠷ ᠭᠡᠷᠡᠴᠢᠯᠡᠨ᠎ᠡ᠃ | ᠬᠡᠭᠡᠷ᠎ᠡ ᠬᠤᠨᠣᠭᠠᠳ ᠬᠡᠴᠡ ᠳᠡᠷᠡᠯᠡᠭᠡᠳ ᠶᠠᠪᠤᠬᠤ᠄ ᠴᠥᠬᠦᠷᠡᠯ ᠦᠭᠡᠢ ᠲᠡᠮᠡᠦᠯᠵᠦ ᠶᠠᠪᠤᠬᠤ᠃ | ᠵᠣᠷᠢᠯᠭ᠎ᠠ ᠳᠠᠭᠠᠨ ᠬᠦᠷᠬᠦ ᠶᠢᠨ ᠲᠥᠯᠥᠭᠡ ᠬᠠᠨᠤᠲᠠᠯ᠎ᠠ ᠵᠣᠪᠠᠯᠠᠩ ᠠᠮᠰᠠᠬᠤ᠂ ᠵᠣᠪᠠᠵᠤ ᠵᠦᠳᠡᠷᠡᠬᠦ᠃ ︵ᠠᠪᠤ ᠡᠵᠢ | ᠴᠢᠨᠢ ᠴᠢᠮᠠᠶᠢ ᠰᠤᠷᠭᠠᠭᠤᠯᠢ ᠳᠤ ᠤᠩᠰᠢᠭᠤᠯᠤᠨ᠎ᠠ ᠭᠡᠳ ᠬᠡᠭᠡᠷ᠎ᠡ ᠬᠤᠨᠣᠭᠠᠳ ᠬᠡᠴᠡ ᠳᠡᠷᠡᠯᠡᠭᠡᠳ ᠶᠠᠪᠤᠵᠤ ᠪᠠᠶᠢᠬᠤᠯ᠎ᠠ | ᠴᠢ ᠡᠭᠦᠨ ᠳᠤ ᠶᠠᠭᠤ ᠬᠢᠵᠦ ᠰᠠᠭᠤᠵᠤ ᠪᠠᠶᠢᠭ᠎ᠠ ᠪᠠᠨ ᠦᠵᠡ᠃︶ | ᠬᠡᠭᠡᠷ ᠠᠯᠠᠭ ᠠᠴᠠ ᠰᠢᠭᠢᠷ᠎ᠡ ᠠᠯᠠᠭ᠄ ᠠᠯᠠᠭ ᠲᠠᠢ ᠪᠤᠯᠠᠭ ᠲᠠᠢ ᠦᠵᠡᠬᠦ᠃ ᠶᠠᠮᠠᠷ ᠡᠬᠢ ᠡᠭᠦᠰᠪᠦᠷᠢ ᠲᠠᠢ | ᠪᠣᠯ ᠶᠠᠮᠠᠷ ᠦᠷ᠎ᠡ ᠳ᠋ᠦᠩ ᠲᠠᠢ᠃ | ᠭᠡᠭᠡᠷᠡᠭᠰᠡᠨ ᠢᠶᠠᠨ ᠵᠠᠯᠭᠢᠭᠠᠳ᠂ ᠬᠡᠯᠡᠭᠰᠡᠨ ᠢᠶᠠᠨ ᠢᠳᠡᠬᠦ᠄ ᠦᠭᠡ ᠳᠡᠭᠡᠨ ᠬᠦᠷᠬᠦ ᠦᠭᠡᠢ᠃ ︵ᠮᠢᠨᠤ | ᠳᠡᠭᠦᠦ ᠬᠡᠦᠬᠡᠨ ᠡᠪᠡᠳᠴᠢᠨ ᠲᠠᠢ ᠳᠤᠮᠳᠠᠭᠤᠷ ᠪᠣᠯᠬᠤᠯ᠎ᠠ᠂ ᠲᠠᠨᠠᠶᠢᠬᠢᠨ ᠭᠡᠭᠡᠷᠡᠭᠰᠡᠨ ᠢᠶᠠᠨ ᠵᠠᠯᠭᠢᠭᠠᠳ᠂ | ᠬᠡᠯᠡᠭᠰᠡᠨ ᠢᠶᠠᠨ ᠢᠳᠡᠭᠡᠳ᠂ ᠠᠮᠠ ᠠᠯᠳᠠᠭᠰᠠᠨ ᠠᠪᠤ ᠡᠵᠢ ᠬᠤᠶᠠᠷ ᠠᠮᠢᠳᠤ ᠰᠡᠷᠡᠭᠦᠨ ᠴᠠᠭ ᠲᠤ ᠁᠃ - ᠳ᠋ᠤ᠊ | · ᠨᠠᠶᠢᠳᠠᠢ᠄ ︽ᠠᠪᠠᠭ᠎ᠠ ᠡᠭᠡᠴᠢ ᠶᠢᠨ ᠥᠯᠢᠭᠡᠷ︾᠂ P.343︶ | ᠬᠡᠷᠢᠶ᠎ᠡ ᠨᠢᠳᠦ ᠲᠠᠢ᠄ ᠥᠯᠥᠨ ᠨᠢᠳᠦ ᠲᠠᠢ᠃ | ᠬᠡᠷᠢᠶ᠎ᠡ ᠴᠣᠬᠢᠳᠠᠭ ᠪᠤᠷᠴᠠ ᠦᠭᠡᠢ᠄ ᠶᠠᠭᠤ ᠴᠤ ᠦᠭᠡᠢ ᠬᠤᠭᠤᠰᠤᠨ᠃ | ᠬᠡᠷᠢᠶ᠎ᠡ ᠲᠠᠭᠠᠮᠠ ᠲᠣᠰᠣᠲᠠᠢ ᠬᠡᠯᠡᠨ ᠡᠭᠡᠳᠡᠷᠡᠮᠡ ᠠᠭ ᠲᠠᠢ ᠴᠠᠢ᠄ ᠲᠣᠰᠣᠲᠠᠢ ᠰᠠᠶᠢᠬᠠᠨ ᠴᠠᠢ᠃ | ᠬᠡᠷᠢᠶ᠎ᠡ ᠬᠡᠷᠢᠶᠡᠨ ᠤ ᠪᠠᠨ ᠨᠢᠳᠦ ᠶᠢ ᠴᠣᠬᠢᠳᠠᠭ ᠦᠭᠡᠢ᠄ | ᠬᠡᠷᠢᠶ᠎ᠡ ᠬᠡᠳᠦᠢ ᠪᠠᠭᠠᠭᠢᠪᠠ ᠬᠢᠵᠦ ᠬᠠᠪᠤᠷ ᠪᠤᠯᠬᠤ ᠦᠭᠡᠢ᠄ ᠴᠠᠭ ᠨᠢ ᠪᠣᠯᠤᠭ᠎ᠠ ᠦᠭᠡᠢ᠃ | ᠬᠡᠷᠢᠶ᠎ᠡ ᠠᠴᠠ ᠨᠠᠴᠢᠨ ᠳᠦᠷᠦᠳᠡᠭ᠄ ᠮᠠᠭᠤ ᠠᠴᠠ ᠰᠠᠶᠢᠨ ᠳᠦᠷᠦᠳᠡᠭ᠃ | ᠬᠡᠷᠡᠭ ᠠᠴᠠ ᠭᠠᠷᠬᠤ᠄ ᠡᠯᠡᠭᠳᠡᠵᠦ ᠡᠪᠳᠡᠷᠡᠵᠦ ᠬᠡᠷᠡᠭ ᠦᠭᠡᠢ ᠪᠤᠯᠬᠤ᠃ ︵ᠶᠠᠮᠠᠷ ᠰᠢᠨ᠎ᠡ ᠮᠠᠰᠢᠨ | ᠲᠡᠷᠭᠡᠨ ᠪᠤᠯᠪᠠᠴᠤ ᠬᠡᠷᠡᠭ ᠠᠴᠠ ᠭᠠᠷᠬᠤ ᠶᠤᠮ ᠭᠡᠨ᠎ᠡ᠃ - ᠳ᠋ᠤ᠊ · ᠨᠠᠶᠢᠳᠠᠢ᠄ ︽ᠭᠢᠯᠢᠴᠠᠭᠠᠨ ᠨᠠᠭᠤᠷ ᠤᠨ | ᠵᠡᠷᠭᠡᠯᠭᠡᠨ︾᠂ P.576︶ | ᠬᠡᠷᠡᠭ ᠤᠨ ᠲᠤᠯᠤᠮ᠄ ᠬᠡᠷᠡᠭ ᠵᠠᠷᠭᠤ ᠶᠢᠨ ᠡᠵᠡᠨ᠃ | ᠬᠡᠦᠬᠡᠨ ᠬᠡᠦᠬᠡᠨ ᠭᠡᠵᠦ ᠪᠠᠶᠢᠭᠠᠳ ᠬᠥᠮᠥᠨ ᠢ ᠮᠡᠬᠡᠯᠡᠳᠡᠭ᠄ ᠠᠷᠭ᠎ᠠ ᠲᠠᠢ ᠡᠪ ᠲᠠᠢ᠃ | ᠬᠡᠦᠬᠡ ᠪᠠᠨ ᠥᠭᠭᠦᠭᠰᠡᠨ ᠠᠴᠠ ᠪᠢᠰᠢ ᠬᠡᠰᠢᠭ ᠢᠶᠠᠨ ᠥᠭᠭᠦᠭᠰᠡᠨ ᠦᠭᠡᠢ ᠪᠢ᠄ | ᠬᠡᠦᠬᠡᠳ ᠤᠨ ᠰᠠᠳᠠᠭ᠎ᠠ ᠤᠳᠳᠤᠭ᠄ ᠮᠠᠭᠤᠰᠢᠶᠠᠭᠰᠠᠨ ᠤᠳᠬ᠎ᠠ ᠲᠠᠢ ᠦᠭᠡ᠃ | ᠬᠡᠦᠬᠡᠳ ᠨᠢ ᠡᠰᠡ ᠤᠭᠢᠯᠠᠬᠤᠯᠠ ᠡᠬᠡ ᠨᠢ ᠬᠤᠭᠤᠯᠠ ᠥᠭᠳᠡᠭ ᠦᠭᠡᠢ᠄ ᠵᠣᠪᠠᠯᠠᠩ ᠲᠦᠷᠡᠮᠵᠢ ᠪᠠᠨ | ᠬᠡᠯᠡᠵᠦ ᠮᠡᠳᠡᠭᠦᠯᠬᠦ᠃ ᠶᠠᠮᠠᠷ ᠨᠢᠭᠡ ᠵᠠᠪ ᠳᠣᠭᠢᠶᠠᠯ ᠢ ᠥᠪᠡᠷ ᠲᠡᠭᠡᠨ ᠰᠠᠨᠠᠭᠠᠴᠢᠯᠠᠭ᠎ᠠ ᠲᠠᠢ ᠪᠠᠷ ᠲᠡᠮᠡᠴᠡᠨ ᠣᠯᠬᠤ᠃ | ᠬᠡᠦᠬᠡᠨ ᠠᠴᠠ ᠪᠠᠨ ᠠᠷᠢᠬᠢ ᠤᠤᠭᠤᠬᠤ᠄ ᠬᠥᠪᠡᠭᠦᠨ ᠲᠠᠢ ᠠᠶᠢᠯ ᠬᠡᠦᠬᠡᠨ ᠲᠠᠢ ᠠᠶᠢᠯ ᠳᠤ ᠬᠤᠳᠠ | ᠪᠣᠯᠣᠯᠴᠠᠬᠤ ᠪᠠᠷ ᠰᠠᠨᠠᠭ᠎ᠠ ᠪᠠᠨ ᠢᠯᠡᠳᠬᠡᠵᠦ ᠠᠷᠢᠬᠢ ᠡᠷᠭᠦᠵᠦ ᠢᠷᠡᠬᠦ ᠬᠤᠷᠢᠮ ᠤᠨ ᠶᠣᠰᠣ ᠶᠢ ᠬᠡᠯᠡᠵᠦ ᠪᠤᠢ᠃ | ᠬᠡᠦᠬᠡᠨ ᠢᠶᠠᠨ ᠥᠭᠭᠦᠭᠰᠡᠨ ᠬᠥᠮᠥᠨ ᠰᠢᠢᠭᠡ ᠪᠠᠨ ᠬᠠᠷᠠᠮᠨᠠᠳᠠᠭ ᠦᠭᠡᠢ᠄ ᠶᠠᠭᠤ ᠴᠤ ᠬᠠᠷᠠᠮᠨᠠᠳᠠᠭ ᠦᠭᠡᠢ | - ᠰᠠᠶᠢᠬᠠᠨ ᠦᠭᠡ᠃ ᠨᠢᠭᠡᠨᠲᠡ ᠶᠡᠭᠡ ᠶᠠᠭᠤᠮ᠎ᠠ ᠥᠭᠭᠦᠭᠰᠡᠨ ᠶᠤᠮ ᠴᠢᠨᠢ ᠵᠢᠵᠢᠭ ᠰᠠᠵᠢᠭ ᠶᠠᠭᠤᠮ᠎ᠠ ᠪᠠᠨ ᠴᠤ | ᠬᠠᠷᠠᠮᠨᠠᠬᠤ ᠦᠭᠡᠢ᠃ | ᠬᠡᠦᠬᠡᠨ ᠳᠤ ᠬᠡᠯᠡᠬᠦᠯ᠎ᠡ ᠪᠡᠷᠢ ᠰᠣᠨᠣᠰᠳᠠᠭ᠄ ᠥᠭᠡᠷ᠎ᠡ ᠶᠠᠭᠤᠮ᠎ᠠ ᠪᠠᠷ ᠳᠠᠮᠵᠢᠭᠤᠯᠵᠤ ᠥᠪᠡᠷ ᠤᠨ | ᠦᠭᠡ ᠪᠠᠨ ᠮᠡᠳᠡᠭᠦᠯᠬᠦ᠃ ᠬᠡᠯᠡᠭᠰᠡᠨ ᠦᠭᠡ ᠪᠦᠭᠦᠨ ᠰᠤᠷᠠᠭ ᠵᠠᠩᠭᠢ ᠪᠣᠯᠵᠤ ᠠᠮᠠ ᠳᠠᠮᠵᠢᠨ ᠶᠠᠷᠢᠭᠳᠠᠳᠠᠭ ᠲᠤᠯᠠ | ᠦᠭᠡ ᠶᠠᠷᠢᠶ᠎ᠠ ᠪᠠᠨ ᠠᠩᠬᠠᠷᠴᠤ ᠬᠡᠷᠰᠡᠦ ᠪᠣᠯᠭᠤᠮᠵᠢᠲᠠᠢ ᠪᠠᠶᠢᠬᠤ᠃ | ᠬᠡᠦᠬᠡᠳ ᠭᠢᠴᠢᠭ ᠬᠤᠶᠠᠷ ᠤᠨ ᠠᠮᠠᠨ ᠰᠤᠯᠠ ᠦᠭᠡᠢ᠄ ᠶᠠᠭᠤᠮ᠎ᠠ ᠶᠢ ᠨᠢᠭᠤᠵᠤ ᠴᠢᠳᠠᠬᠤ ᠦᠭᠡᠢ᠃ | ᠬᠡᠦᠬᠡᠳ ᠨᠣᠬᠠᠢ ᠬᠤᠶᠠᠷ ᠤᠨ ᠬᠤᠩᠰᠢᠶᠠᠷ ᠶᠠᠭᠤᠮᠠᠨ ᠳᠤ ᠬᠠᠨᠤᠳᠠᠭ ᠦᠭᠡᠢ᠄ ᠶᠠᠭᠤᠮ᠎ᠠ ᠨᠢᠭᠤᠵᠤ | ᠴᠢᠳᠠᠬᠤ ᠦᠭᠡᠢ᠂ ᠶᠡᠭᠡ ᠦᠭᠡ ᠲᠠᠢ᠃ ᠬᠡᠵᠢᠶᠡᠳᠡ ᠢᠳᠡᠵᠦ ᠤᠤᠭᠤᠬᠤ ᠶᠢ ᠪᠤᠳᠣᠵᠣ ᠪᠠᠶᠢᠳᠠᠭ᠃ | ᠬᠡᠰᠢᠭ ᠨᠢ ᠢᠷᠡᠬᠦ᠄ ᠠᠯᠢᠪᠠ ᠨᠢ ᠪᠦᠲᠦᠮᠵᠢᠲᠡᠢ᠃ | ᠬᠡᠰᠢᠭ ᠨᠢ ᠢᠷᠡᠭᠡᠳ ᠭᠶᠢᠮᠠ ᠭᠤᠯᠢᠶᠠᠬᠤ᠄ ᠬᠡᠷᠡᠭ ᠨᠢ ᠪᠦᠲᠦᠵᠦ ᠶᠡᠭᠡ ᠯᠨ ᠬᠠᠨᠤᠯᠲᠠ ᠲᠠᠢ ᠪᠠᠶᠢᠬᠤ᠃ | | ᠬᠡᠰᠢᠭ ᠢᠶᠠᠨ ᠪᠠᠷᠠᠬᠤ᠄ ᠠᠵᠠ ᠦᠭᠡᠶᠢᠳᠡᠬᠦ᠂ ᠤᠷᠤᠭᠤᠳᠠᠨ ᠳᠣᠷᠣᠶᠢᠲᠠᠬᠤ᠃ ︵ᠬᠤᠢ᠂ ᠲᠠᠷᠠ | ᠬᠡᠰᠢᠭ ᠢᠶᠠᠨ ᠨᠢᠭᠡ ᠯᠠ ᠳᠣᠣᠷ᠎ᠠ ᠪᠠᠷᠠᠴᠢᠬᠠᠯ᠎ᠠ᠃ - ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ | P.94︶ | ᠬᠡᠰᠢᠭ ᠢᠶᠠᠨ ᠭᠡᠯᠡ ᠪᠠᠷ ᠢᠶᠠᠨ ᠲᠦᠯᠬᠢᠬᠦ᠄ ᠵᠠᠪ ᠳᠣᠭᠢᠶᠠᠯ ᠢ ᠥᠪᠡᠷ ᠲᠡᠭᠡᠨ ᠠᠯᠳᠠᠬᠤ᠃ ︵ | ᠬᠡᠰᠢᠭ ᠢᠶᠠᠨ ᠭᠡᠯᠡ ᠪᠠᠷ ᠢᠶᠠᠨ ᠲᠦᠯᠬᠢᠭᠰᠡᠨ ᠮᠠᠭᠤ ᠪᠠᠳᠢᠷᠴᠢ ᠲᠤᠯᠤᠭᠠᠨ ᠦᠶ᠎ᠡ ᠪᠠᠷ ᠢᠶᠠᠨ ᠦᠭᠡᠶᠢᠷᠡᠵᠦ | ᠪᠠᠶᠢᠭᠰᠠᠨ ᠢᠶᠠᠨ ᠮᠡᠳᠡᠵᠤ ᠪᠠᠶᠢᠨ᠎ᠠ ᠤᠤ︖ - ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P. | 213︶ | ᠬᠡᠰᠢᠭ ᠪᠤᠶᠠᠨ ᠢᠶᠠᠨ ᠪᠠᠷᠠᠬᠤ᠄ ᠥᠪᠡᠷ ᠤᠨ ᠮᠠᠭᠤ ᠠᠴᠠ ᠪᠣᠯᠵᠤ ᠬᠤᠬᠢᠷᠠᠵᠤ ᠳᠣᠷᠣᠶᠢᠲᠠᠬᠤ᠃ ︵ | ᠵᠤᠩᠭᠤᠷᠤᠪ ᠵᠠᠯᠠᠨ ᠦᠨᠡᠭᠡᠷᠡᠨ ᠨᠢᠭᠡ ᠯᠠ ᠳᠣᠣᠷ᠎ᠠ ᠬᠡᠰᠢᠭ ᠪᠤᠶᠠᠨ ᠢᠶᠠᠨ ᠪᠠᠷᠠᠪᠠ᠃ - ᠫᠤ · ᠪᠠᠳᠮᠠᠷ᠎ᠠ᠄ ︽ | ᠬᠠᠯᠠ ᠪᠠᠷ ᠬᠠᠯᠲᠤᠷᠢᠭᠰᠠᠨ ᠵᠠᠶᠠᠭ᠎ᠠ︾᠂ P.94︶ | ᠬᠡᠷᠡᠭᠯᠡᠭᠦᠯᠦᠯᠡ ᠳᠠᠯᠠᠢ ᠭᠠᠲᠤᠯᠬᠤ᠄ ᠪᠠᠴᠢᠮ ᠲᠣᠬᠢᠶᠠᠯᠳᠤᠯ ᠳᠤ ᠲᠤᠰᠠᠯᠠᠬᠤ ᠶᠢ ᠭᠤᠶᠤᠬᠤ ᠳᠤ | ᠵᠣᠷᠢᠭᠤᠳᠠ ᠶᠡᠬᠡᠷᠬᠡᠨ ᠶᠠᠮᠪᠠᠯᠠᠵᠤ ᠠᠭᠠᠰᠢᠯᠠᠬᠤ ᠬᠥᠮᠥᠨ ᠢ ᠶᠥᠭᠡᠳᠡᠭᠰᠡᠨ ᠬᠡᠯᠡᠯᠭᠡ᠃ |