﹇ᠤᠷᠠᠨ ᠵᠣᠬᠢᠶᠠᠯ﹈ ᠲᠠᠯ᠎ᠠ ᠶᠢᠨ ᠭᠤᠷᠪᠠᠨ ᠭᠥᠷᠥᠭᠡᠰᠦ
ᠨᠡᠶᠢᠲᠡᠯᠡᠭᠰᠡᠨ ᠴᠠᠭ᠄
2025/5/8
ᠭᠦ᠊᠆ · ᠺᠦᠶᠧ                                    - ᠲᠠᠯ᠎ᠠ ᠶᠢᠨ ᠭᠤᠷᠪᠠᠨ ᠭᠥᠷᠥᠭᠡᠰᠦ                    ᠳᠡᠯᠭᠡᠷ ᠬᠠᠩᠭᠠᠢ ᠳᠤ ᠪᠠᠭᠲᠠᠵᠤ ᠶᠠᠳᠠᠨ᠎ᠠ                                 ᠵᠠᠳᠠᠷᠠᠯ                                         ︵ᠵᠣᠬᠢᠶᠠᠭᠴᠢ ᠶᠢᠨ ᠡᠪᠦᠷ ᠲᠡᠮᠳᠡᠭᠯᠡᠯ︶          ᠨᠠᠪᠴᠢ ᠴᠡᠴᠡᠭ ᠳᠡᠯᠭᠡᠷᠡᠭᠰᠡᠨ ᠨᠠᠯᠠᠭᠠᠷ ᠨᠠᠮᠤᠷ ᠤᠨ ᠡᠬᠢ ᠪᠠᠷ ᠪᠠᠷᠠᠭᠤᠨ ᠬᠢᠵᠠᠭᠠᠷ ᠤᠨ ᠲᠠᠪᠢᠯᠭᠠᠳᠣ ᠬᠤᠳᠠ ᠶᠢᠨ ᠪᠠᠶᠠᠨ ᠵᠣᠴᠢᠳ ᠤᠨ ᠪᠠᠭᠤᠳᠠᠯ ᠤᠨ ᠲᠢᠩᠬᠢᠮ ᠳᠤ ᠤᠯᠠᠨ ᠤᠯᠤᠰ ᠤᠨ ᠲᠠᠸᠠᠷ ᠤᠨ ᠦᠵᠡᠭᠦᠯᠭᠡ ᠳᠡᠯᠭᠡᠭᠳᠡᠭᠰᠡᠨ ᠶᠠᠪᠤᠳᠠᠯ ᠨᠢ ᠲᠠᠷᠠᠭ ᠠᠶᠢᠷᠠᠭ ᠤᠨ ᠦᠨᠦᠷ ᠲᠠᠢ᠂ ᠲᠠᠩᠰᠤᠭ ᠢᠳᠡᠭᠡᠨ ᠤ ᠳᠡᠭᠡᠵᠢ ᠲᠠᠢ᠂ ᠣᠢ ᠳᠤᠨᠢ ᠰᠢᠷᠭᠤᠭᠰᠠᠨ ᠲᠠᠶᠢᠭ᠎ᠠ ᠲᠥᠭᠡᠷᠢᠮ᠎ᠡ᠂ ᠣᠰᠣᠨ ᠳᠤᠨᠢ ᠱᠤᠮᠪᠠᠭᠰᠠᠨ ᠵᠢᠭᠠᠰᠤ ᠶᠠᠳᠠᠷᠠᠮ᠎ᠠ ᠰᠦᠷᠯᠢᠭ ᠰᠠᠶᠢᠬᠠᠨ ᠰᠢᠲᠦᠭᠡᠨᠲᠦ ᠠᠭᠤᠯᠠ ᠬᠠᠶᠢᠷᠬᠠᠳ᠂ ᠨᠤᠲᠤᠭ ᠪᠡᠯᠴᠢᠭᠡᠷ᠂ ᠰᠦᠰᠦᠭᠲᠦ ᠭᠤᠣᠯ ᠮᠥᠷᠡᠨ᠂ ᠨᠠᠭᠤᠷ ᠪᠦᠷᠢᠳᠦ ᠪᠠᠨ ᠣᠷᠭᠢᠭᠠᠳ᠂ ᠮᠠᠯ ᠰᠦᠷᠦᠭ ᠢᠶᠠᠨ ᠪᠤᠰᠤᠳ ᠲᠤ ᠳᠠᠭᠠᠭᠠᠴᠢᠯᠠᠭᠤᠯᠵᠤ ᠦᠭᠭᠦᠴᠢᠭᠡᠭᠡᠳ᠂ ᠲᠡᠷᠡ ᠴᠦ ᠮᠦᠷᠳᠡᠯ᠎ᠠ ᠪᠠᠨ ᠬᠤᠲᠠᠴᠢᠯᠠᠬᠤ ᠠᠮᠢᠳᠤᠷᠠᠯ ᠬᠥᠭᠡᠭᠡᠴᠡᠯᠳᠦᠵᠦ ᠬᠤᠳᠠ ᠳᠤ ᠣᠷᠣᠵᠤ ᠰᠠᠭᠤᠴᠢᠬᠠᠭᠠᠳ᠂ ᠪᠡᠷᠢᠶᠡᠳ ᠤᠨ ᠬᠢᠨᠢ ᠪᠥᠭᠰᠡ ᠨᠢ ᠪᠦᠳᠦᠭᠦᠷᠡᠵᠦ᠂ ᠪᠠᠭᠠᠴᠤᠤᠯ ᠬᠡᠦᠬᠡᠳ ᠤᠨ ᠬᠢᠨᠢ ᠭᠡᠯᠡ ᠨᠢ ᠬᠠᠵᠠᠶᠢᠴᠢᠬᠠᠭᠰᠠᠨ᠂ ᠰᠠᠭᠠᠯᠢ ᠶᠢᠨ ᠦᠬᠡᠷ ᠤᠨ ᠳᠡᠯᠡᠩ ᠨᠢ ᠴᠢᠨᠦᠷᠡᠵᠦ᠂ ᠰᠠᠶ᠋ᠢᠭ ᠰᠠᠭᠠᠷᠠᠯ ᠮᠣᠷᠢ ᠨᠢ ᠡᠮᠨᠢᠭᠰᠢᠨ᠂ ᠠᠶᠢᠷᠠᠭ ᠲᠠᠷᠠᠭ ᠤᠨ ᠬᠥᠨᠥᠭ ᠤᠨ ᠢᠷᠤᠭᠠᠷ ᠨᠢ ᠬᠤᠭᠤᠰᠤᠷᠠᠵᠤ᠂ ᠠᠷᠠᠰᠤᠨ ᠠᠷᠭᠠᠮᠵᠢ ᠵᠡᠯ᠎ᠡ ᠨᠢ ᠲᠠᠰᠤᠷᠠᠴᠢᠬᠠᠭᠠᠳ ᠤᠯᠠᠮᠵᠢᠯᠠᠯᠲᠤ ᠨᠡᠭᠦᠳᠡᠯ ᠠᠮᠢᠳᠤᠷᠠᠯ ᠠᠴᠠ ᠪᠠᠨ ᠰᠠᠯᠵᠤ ᠶᠠᠪᠤᠭ᠎ᠠ ᠲᠠᠪᠢᠯᠭᠠᠳᠣ ᠬᠤᠳᠠ ᠶᠢᠨ ᠴᠥᠭᠡᠬᠡᠨ ᠯᠡ ᠬᠡᠳᠦᠨ ᠮᠣᠩᠭᠤᠯ ᠳᠤ ᠠᠪᠴᠤ ᠬᠡᠯᠡᠪᠡᠯ᠂ ᠠᠷᠤ ᠥᠪᠥᠷ ᠮᠣᠩᠭᠤᠯ ᠤᠨ ᠪᠠᠷᠠᠭ᠎ᠠ ᠲᠠᠸᠠᠷ ᠬᠤᠳᠠᠯᠳᠤᠨ ᠠᠪᠬᠤ᠂ ᠮᠣᠩᠭᠤᠯ ᠬᠤᠳᠠᠯᠳᠤᠭᠠᠴᠢᠳ ᠲᠠᠢ ᠪᠠᠨ ᠲᠠᠨᠢᠯᠴᠠᠬᠤ᠂ ᠠᠷᠠᠯᠵᠢᠶ᠎ᠠ ᠮᠠᠶᠢᠮᠠᠢ ᠬᠢᠬᠦ᠂ ᠲᠤᠷᠰᠢᠯᠭ᠎ᠠ ᠰᠤᠷᠭᠠᠮᠵᠢ ᠪᠠᠨ ᠰᠣᠯᠢᠯᠴᠠᠬᠤ ᠬᠤᠪᠣᠷ ᠨᠠᠨᠳᠢᠨ ᠵᠠᠪᠰᠢᠶᠠᠨ ᠪᠣᠯᠵᠠᠢ᠃          - ᠵᠠ᠂ ᠡᠨᠡ ᠪᠣᠯ ᠰᠢᠯᠢ ᠶᠢᠨ ᠭᠤᠣᠯ ᠤᠨ ᠪᠠᠶᠢᠭᠠᠯᠢᠯᠢᠭ ᠪᠣᠬᠢᠷᠳᠤᠯ ᠦᠭᠡᠢ ᠴᠠᠭᠠᠨ ᠢᠳᠡᠭᠡᠨ᠂ ᠶᠠᠮᠠᠷᠴᠤ ᠡᠳ᠋ ᠬᠤᠯᠢᠭᠰᠠᠨ ᠦᠭᠡᠢ᠂ ᠠᠷᠪᠢᠨ ᠠᠪᠤᠪᠠᠯ ᠬᠢᠮᠳᠠᠷᠠᠯ ᠲᠠᠢ ᠁          - ᠡᠨᠡ ᠪᠣᠯ ᠣᠷᠳᠣᠰ ᠤᠨ ᠴᠠᠭᠠᠨ ᠢᠳᠡᠭᠡᠨ᠂ ᠠᠮᠲᠠᠲᠠᠢ ᠮᠥᠷᠲᠡᠭᠡᠨ ᠰᠢᠮ᠎ᠡ ᠲᠡᠵᠢᠭᠡᠯ ᠢᠶᠠᠷ ᠳᠡᠭᠡᠷ᠎ᠡ᠂ ᠪᠠᠶᠢᠭᠠᠯᠢᠯᠢᠭ᠂ ᠪᠣᠬᠢᠷᠳᠤᠯ ᠦᠭᠡᠢ ᠁          - ᠵᠠ᠂ ᠡᠨᠡ ᠪᠣᠯ ᠬᠤᠷᠴᠢᠨ ᠤ ᠴᠠᠭᠠᠨ ᠢᠳᠡᠭᠡᠨ᠂ ᠬᠤᠷᠴᠢᠨ ᠤ ᠲᠠᠯ᠎ᠠ ᠨᠤᠲᠤᠭ ᠤᠨ ᠦᠨᠢᠶᠡᠨ ᠰᠦ ᠪᠠᠷ ᠡᠳ᠋ᠰᠢᠭᠦᠯᠦᠨ ᠪᠣᠯᠪᠠᠰᠤᠷᠠᠭᠤᠯᠤᠭᠰᠠᠨ ᠢᠳᠡᠭᠡᠨ᠃          - ᠡᠨᠡ ᠱᠦᠭᠦᠷᠮᠡᠭ ᠵᠢᠩ ᠳᠡᠭᠡᠨ ᠬᠡᠳᠦᠢ ᠲᠥᠭᠦᠷᠢᠭ ᠪᠤᠢ︖          - ᠦᠨ᠎ᠡ ᠲᠠᠢ ᠪᠠᠶᠢᠨ᠎ᠠ ᠳ᠋ᠠ᠂ ᠬᠢᠮᠳᠠᠷᠠᠭᠤᠯᠪᠠᠯ ᠠᠪᠤᠶ᠎ᠠ︕          ᠁          ᠦᠵᠡᠭᠦᠯᠭᠡ ᠶᠢᠨ ᠲᠢᠩᠬᠢᠮ ᠳᠤ ᠲᠠᠪᠢᠯᠭᠠᠳᠣ ᠬᠤᠳᠠ ᠶᠢᠨ ᠠᠰᠠᠷ ᠲᠠᠭᠲᠤ ᠠᠴᠠ ᠪᠠᠨ ᠪᠠᠭᠤᠵᠤ ᠦᠶᠡᠷ ᠤᠨ ᠤᠰᠤ ᠰᠢᠭ᠋ ᠨᠥᠷᠢᠨ ᠢᠷᠡᠭᠰᠡᠨ ᠴᠥᠭᠡᠨ ᠮᠣᠩᠭᠤᠯᠴᠤᠳ ᠳᠠᠪᠤᠰᠤᠨ ᠳᠤ ᠡᠷᠭᠢᠬᠦ ᠠᠳᠤᠭᠤ ᠰᠢᠭ᠋ ᠴᠠᠭᠠᠨ ᠢᠳᠡᠭᠡᠨ ᠤ ᠳᠡᠭᠡᠷ᠎ᠡ ᠬᠤᠷᠠᠵᠤ᠂ ᠠᠷᠠᠯᠵᠢᠶᠠᠴᠢᠨ ᠤ ᠦᠢᠯᠡᠳᠬᠦᠨ ᠢᠶᠠᠨ ᠲᠠᠨᠢᠯᠴᠠᠭᠤᠯᠬᠤ ᠰᠥᠭᠡᠩᠭᠢ ᠳᠠᠭᠤ᠂ ᠡᠷᠭᠢᠨ ᠦᠵᠡᠭᠴᠢ ᠶᠢᠨ ᠦᠨ᠎ᠡ ᠠᠰᠠᠭᠤᠬᠤ ᠳᠣᠣᠷᠠᠬᠠᠨ ᠳᠠᠭᠤ ᠭᠦᠭ ᠨᠡᠶᠢᠯᠡᠵᠦ ᠨᠠᠶᠢᠷᠠᠯ ᠬᠥᠭᠵᠢᠮ ᠡᠭᠦᠰᠬᠡᠨ᠎ᠡ᠃          ᠰᠤᠭᠤᠨ ᠳᠠᠭᠠᠨ ᠬᠠᠷ᠎ᠠ ᠠᠷᠠᠰᠤᠨ ᠪᠣᠭᠴᠣ ᠰᠤᠭᠤᠪᠴᠢᠯᠠᠵᠤ᠂ ᠨᠢᠳᠦᠨ ᠳᠡᠭᠡᠨ ᠥᠷᠭᠡᠨ ᠬᠦᠷᠢᠶᠡᠲᠦ ᠬᠠᠷ᠎ᠠ ᠨᠢᠳᠦᠨ ᠰᠢᠯ ᠵᠡᠭᠦᠭᠰᠡᠨ ᠭᠤᠴᠢᠭᠠᠳ ᠨᠠᠰᠣᠨ ᠤ ᠨᠢᠭᠡ ᠵᠠᠯᠠᠭᠤ ᠰᠢᠯᠢ ᠶᠢᠨ ᠭᠤᠣᠯ ᠤᠨ ᠴᠠᠭᠠᠨ ᠢᠳᠡᠭᠡᠨ ᠤ ᠳᠡᠯᠭᠡᠴᠡ ᠶᠢᠨ ᠡᠮᠦᠨ᠎ᠡ ᠬᠦᠷᠬᠦ ᠳᠤ᠂ ᠳᠡᠯᠭᠡᠴᠡ ᠶᠢᠨ ᠡᠵᠡᠨ ᠲᠣᠯᠣᠭᠠᠢ ᠳᠣᠬᠢᠨ ᠬᠠᠰ ᠴᠠᠭᠠᠨ ᠰᠢᠳᠦ ᠪᠠᠨ ᠢᠷᠠᠯᠵᠠᠭᠤᠯᠤᠨ ᠢᠨᠢᠶᠡᠵᠦ᠄          - ᠲᠠ ᠮᠠᠨ ᠤ ᠳᠡᠯᠭᠡᠴᠡ ᠳᠤ ᠮᠣᠷᠢᠯᠠᠨ ᠰᠠᠭᠠᠲᠠᠭᠰᠠᠨ ᠢ ᠪᠠᠶᠠᠷᠯᠠᠨ ᠤᠭᠲᠤᠵᠤ ᠪᠠᠶᠢᠨ᠎ᠠ ᠭᠡᠵᠦ ᠨᠢᠮᠭᠡᠨ ᠬᠢᠯᠠᠭᠠᠷ ᠪᠡᠭᠡᠯᠡᠢ ᠵᠡᠭᠦᠭᠰᠡᠨ ᠭᠠᠷ ᠢᠶᠠᠷ ᠢᠶᠠᠨ ᠴᠠᠭᠠᠨ ᠢᠳᠡᠭᠡᠨ ᠠᠴᠠ ᠪᠠᠨ ᠠᠪᠴᠤ ᠠᠮᠰᠠᠭᠤᠯᠤᠨ᠄          - ᠡᠨᠡ ᠪᠣᠯ ᠰᠢᠯᠢ ᠶᠢᠨ ᠭᠤᠣᠯ ᠤᠨ ᠲᠠᠯ᠎ᠠ ᠨᠤᠲᠤᠭ ᠤᠨ ᠪᠡᠯᠴᠢᠭᠡᠷ ᠤᠨ ᠢᠩᠭᠡᠨ ᠰᠦ ᠪᠠᠷ ᠨᠠᠷᠢᠯᠢᠭ ᠡᠳ᠋ᠰᠢᠭᠦᠯᠦᠨ ᠪᠣᠯᠪᠠᠰᠤᠷᠠᠭᠤᠯᠤᠭᠰᠠᠨ ᠴᠠᠭᠠᠨ ᠢᠳᠡᠭᠡᠨ᠂ ᠶᠠᠮᠠᠷᠴᠤ ᠬᠤᠯᠢᠮᠠᠭ ᠡᠳ᠋ ᠦᠭᠡᠢ᠂ ᠢᠳᠡᠬᠦ ᠳᠤ ᠠᠮᠲᠠᠲᠠᠢ ᠮᠥᠷᠲᠡᠭᠡᠨ ᠰᠢᠮ᠎ᠡ ᠲᠡᠵᠢᠭᠡᠯ ᠢᠶᠠᠷ ᠰᠠᠶᠢᠨ ᠪᠠᠶᠢᠳᠠᠭ ᠶᠤᠮ᠃ ᠮᠠᠨ ᠤ ᠰᠢᠯᠢ ᠶᠢᠨ ᠭᠤᠣᠯ ᠤᠨ ᠴᠠᠭᠠᠨ ᠢᠳᠡᠭᠡᠨ ᠤᠷᠢᠳ ᠬᠤᠵᠢᠳ ᠤᠯᠤᠰ ᠤᠨ ᠲᠠᠷᠢᠶᠠᠯᠠᠩ ᠤᠨ ᠪᠦᠲᠦᠭᠡᠭᠳᠡᠬᠦᠨ ᠤ ᠭᠠᠵᠠᠷ ᠵᠦᠢ ᠶᠢᠨ ᠢᠯᠡᠷᠬᠡᠶᠢᠯᠡᠯᠲᠦ ᠪᠦᠲᠦᠭᠡᠭᠳᠡᠬᠦᠨ ᠪᠠ ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠲᠦ ᠲᠠᠸᠠᠷ ᠤᠨ ᠲᠡᠮᠳᠡᠭ ᠢᠶᠠᠷ ᠳᠠᠩᠰᠠᠯᠠᠭᠤᠯᠵᠤ ᠥᠩᠭᠡᠷᠡᠭᠰᠡᠨ ᠪᠦᠲᠦᠭᠡᠭᠳᠡᠬᠦᠨ ᠪᠣᠯᠣᠨ᠎ᠠ᠃ ᠣᠷᠳᠣᠰ ᠤᠨ ᠴᠠᠭᠠᠨ ᠢᠳᠡᠭᠡ ᠭᠠᠰᠢᠭᠤᠨ ᠮᠥᠷᠲᠡᠭᠡᠨ ᠴᠢᠭᠢᠭᠯᠢᠭ ᠪᠠᠶᠢᠳᠠᠭ᠃ ᠬᠤᠷᠴᠢᠨ ᠤ ᠴᠠᠭᠠᠨ ᠢᠳᠡᠭᠡᠨ ᠬᠤᠯᠢᠮᠠᠭ ᠡᠳ᠋ ᠲᠠᠢ ᠁ ᠭᠡᠵᠦ ᠥᠪᠡᠷ ᠤᠨ ᠪᠠ ᠦᠰᠦᠳ ᠤᠨ ᠴᠠᠭᠠᠨ ᠢᠳᠡᠭᠡ ᠶᠢ ᠲᠠᠨᠢᠯᠴᠠᠭᠤᠯᠤᠨ᠎ᠠ᠃ ᠠᠷᠠᠰᠤᠨ ᠪᠣᠭᠴᠣ ᠰᠤᠭᠤᠪᠴᠢᠯᠠᠭᠰᠠᠨ ᠬᠠᠷ᠎ᠠ ᠨᠢᠳᠦᠨ ᠰᠢᠯ ᠲᠠᠢ ᠵᠠᠯᠠᠭᠤ ᠪᠣᠭᠴᠣ ᠪᠠᠨ ᠠᠭᠤᠳᠠᠯᠵᠤ ᠨᠡᠷ᠎ᠡ ᠶᠢᠨ ᠺᠠᠷᠲ ᠭᠠᠷᠭᠠᠨ ᠳᠡᠯᠭᠡᠴᠡ ᠶᠢᠨ ᠡᠵᠡᠨ ᠳᠤ ᠭᠠᠷᠳᠠᠭᠤᠯᠵᠤ᠄          - ᠨᠠᠮᠠᠶᠢ ᠴᠢᠯᠠᠭᠤ ᠭᠡᠳᠡᠭ᠃ ᠲᠤᠰ ᠬᠤᠳᠠ ᠳᠤ ᠤᠯᠠᠭᠠᠨ ᠢᠳᠡᠭᠡᠨ ᠤ ᠡᠵᠡᠩᠨᠡᠯᠲᠡ ᠬᠢᠵᠦ ᠪᠠᠶᠢᠨ᠎ᠠ᠃ ᠲᠠ ᠨᠠᠷ ᠲᠠᠢ ᠲᠠᠨᠢᠯᠴᠠᠭᠰᠠᠨ ᠳᠠᠭᠠᠨ ᠮᠠᠰᠢ ᠪᠠᠶᠠᠷᠯᠠᠵᠤ ᠪᠠᠶᠢᠨ᠎ᠠ᠃ ᠪᠢᠳᠡ ᠨᠢᠭᠡ ᠵᠠᠮ ᠤᠨ ᠬᠥᠮᠥᠰ ᠶᠤᠮ ᠴᠢᠨᠢ ᠵᠠᠪᠰᠢᠶᠠᠨ ᠪᠠᠶᠢᠪᠠᠯ ᠤᠯᠠᠮ ᠨᠢᠭᠡ ᠠᠯᠬᠤᠮ ᠲᠠᠨᠢᠯᠴᠠᠶ᠎ᠠ ᠭᠡᠬᠦ ᠳᠤ ᠰᠢᠯᠢ ᠶᠢᠨ ᠭᠤᠣᠯ ᠤᠨ ᠴᠠᠭᠠᠨ ᠢᠳᠡᠭᠡ ᠡᠵᠡᠩᠨᠡᠭᠴᠢ ᠲᠣᠯᠣᠭᠠᠢ ᠳᠣᠬᠢᠨ ᠪᠥᠬᠦᠶᠢᠵᠦ ᠶᠡᠭᠡᠯᠠ ᠪᠠᠶᠠᠷ ᠲᠠᠢ ᠪᠠᠷ᠄          - ᠵᠠ︕ ᠴᠢᠩᠭᠢᠶ᠎ᠡ᠂ ᠨᠠᠮᠠᠶᠢ ᠰᠣᠶᠣᠯᠲᠤ ᠭᠡᠳᠡᠭ᠂ ᠳᠦᠭᠦᠮ ᠪᠣᠯ ᠤᠲᠠᠰᠤᠨ ᠳ᠋ᠤᠭᠠᠷ ᠢᠶᠠᠨ ᠁ ᠭᠡᠬᠦ ᠳᠤ ᠴᠢᠯᠠᠭᠤ ᠴᠤ ᠪᠠᠶᠠᠷ ᠲᠠᠢ ᠪᠠᠷ ᠰᠣᠶᠣᠯᠲᠤ ᠲᠠᠢ ᠤᠲᠠᠰᠤᠨ ᠳ᠋ᠤᠭᠠᠷ ᠢᠶᠠᠨ ᠠᠪᠤᠯᠴᠠᠯ᠎ᠠ᠃          ᠴᠢᠯᠠᠭᠤ ᠰᠢᠯᠢ ᠶᠢᠨ ᠭᠤᠣᠯ ᠤᠨ ᠴᠠᠭᠠᠨ ᠢᠳᠡᠭᠡ ᠬᠤᠳᠠᠯᠳᠤᠬᠤ ᠳᠡᠯᠭᠡᠴᠡ ᠠᠴᠠ ᠰᠠᠯᠵᠤ᠂ ᠣᠷᠳᠣᠰ ᠤᠨ ᠴᠠᠭᠠᠨ ᠢᠳᠡᠭᠡᠨ ᠤ ᠳᠡᠯᠭᠡᠴᠡ ᠶᠢᠨ ᠡᠮᠦᠨ᠎ᠡ ᠬᠦᠷᠬᠦ ᠳᠤ᠂ ᠣᠷᠳᠣᠰ ᠵᠠᠯᠠᠭᠤ ᠶᠡᠭᠡᠯᠠ ᠶᠣᠰᠣᠷᠬᠠᠭ ᠢᠶᠠᠷ ᠤᠬᠤᠰᠬᠢᠵᠦ ᠴᠢᠯᠠᠭᠤ ᠥᠭᠡᠳᠡ ᠲᠣᠯᠣᠭᠠᠢ ᠳᠣᠬᠢᠵᠤ ᠢᠨᠢᠶᠡᠮᠰᠦᠭᠯᠡᠨ᠄          - ᠲᠠᠨ ᠳᠤ ᠠᠮᠤᠷ ᠠᠶᠢᠯᠠᠳᠬᠠᠶ᠎ᠠ︕ ᠭᠡᠵᠦ ᠡᠮᠦᠨᠡᠬᠢ ᠴᠠᠭᠠᠨ ᠢᠳᠡᠭᠡ ᠠᠴᠠ ᠪᠠᠨ ᠠᠪᠴᠤ ᠴᠢᠯᠠᠭᠤ ᠳᠤ ᠠᠮᠰᠠᠭᠤᠯᠤᠨ᠄          - ᠡᠨᠡ ᠪᠣᠯ ᠣᠷᠳᠣᠰ ᠤᠨ ᠥᠨᠳᠦᠷᠯᠢᠭ ᠤᠨ ᠨᠤᠲᠤᠭ ᠤᠨ ᠢᠮᠠᠭᠠᠨ ᠰᠦ ᠪᠠᠷ ᠨᠠᠷᠢᠯᠢᠭ ᠪᠣᠯᠪᠠᠰᠤᠷᠠᠭᠤᠯᠤᠭᠰᠠᠨ ᠴᠠᠭᠠᠨ ᠢᠳᠡᠭᠡ ᠪᠣᠯᠣᠨ᠎ᠠ᠂ ᠣᠷᠳᠣᠰ ᠤᠨ ᠣᠨᠴᠠ ᠭᠠᠷᠤᠯᠲᠠ᠂ ᠰᠢᠮ᠎ᠡ ᠲᠡᠵᠢᠭᠡᠯ ᠢᠶᠠᠷ ᠰᠠᠶᠢᠨ ᠮᠥᠷᠲᠡᠭᠡᠨ ᠣᠯᠠᠨ ᠵᠦᠢᠯ ᠤᠨ ᠡᠮᠴᠢᠯᠡᠭᠡ ᠶᠢᠨ ᠦᠢᠯᠡᠳᠦᠯ ᠲᠠᠢ᠂ ᠵᠢᠩᠬᠢᠨᠢ ᠪᠠᠶᠢᠭᠠᠯᠢᠯᠢᠭ᠂ ᠪᠣᠬᠢᠷᠳᠤᠯ ᠦᠭᠡᠢ ᠡᠳ᠋ ᠰᠢᠤ ᠁᠃ ᠰᠢᠯᠢ ᠶᠢᠨ ᠭᠤᠣᠯ ᠤᠨ ᠬᠢᠨ ᠦᠨᠢᠶᠡᠨ ᠰᠦᠨ ᠤ ᠬᠤᠷᠤᠳ ᠲᠣᠰᠣ ᠪᠠᠨ ᠢᠩᠭᠡᠨ ᠰᠦᠨ ᠤ ᠪᠦᠲᠦᠭᠡᠭᠳᠡᠬᠦᠨ ᠬᠡᠮᠡᠨ ᠪᠣᠷᠣᠯᠠᠭᠤᠯᠳᠠᠭ᠃ ᠬᠤᠷᠴᠢᠨ ᠤ ᠴᠠᠭᠠᠨ ᠢᠳᠡᠭᠡ ᠨᠢ ᠪᠤᠭᠤᠳᠠᠢ ᠶᠢᠨ ᠭᠤᠯᠢᠷ ᠤᠨ ᠬᠤᠯᠢᠮᠠᠭ ᠲᠠᠢ᠂ ᠬᠢᠴᠢᠶᠡᠬᠦ ᠦᠭᠡᠢ ᠪᠣᠯ ᠲᠠ ᠮᠡᠬᠡᠯᠡᠭᠳᠡᠨ᠎ᠡ ᠰᠢᠤ︕ ᠭᠡᠵᠦ ᠳᠣᠣᠷ᠎ᠠ ᠲᠠᠭᠤ ᠪᠠᠷ ᠬᠡᠯᠡᠭᠡᠳ ᠨᠠᠭᠠᠰᠢ ᠴᠠᠭᠠᠰᠢ ᠬᠠᠷᠠᠭᠤᠯᠳᠠᠪᠠ᠃ ᠴᠢᠯᠠᠭᠤ ᠶᠠᠭᠤ ᠨᠢᠭᠡ ᠶᠢ ᠪᠤᠳᠣᠪᠠ ᠪᠤᠯᠣᠯᠳᠠᠢ ᠬᠡᠰᠡᠭ ᠲᠠᠭᠤ ᠦᠭᠡᠢ ᠵᠣᠭᠰᠣᠭᠰᠠᠨ ᠢᠶᠠᠨ ᠮᠥᠨ ᠪᠣᠭᠴᠣᠨ ᠠᠴᠠ ᠪᠠᠨ ᠨᠡᠷ᠎ᠡ ᠶᠢᠨ ᠺᠠᠷᠲ ᠭᠠᠷᠭᠠᠨ ᠣᠷᠳᠣᠰ ᠵᠠᠯᠠᠭᠤ ᠳᠤ ᠭᠠᠷᠳᠠᠭᠤᠯᠵᠤ᠄          - ᠮᠢᠨᠤ ᠨᠡᠷ᠎ᠡ ᠴᠢᠯᠠᠭᠤ᠂ ᠲᠤᠰ ᠬᠤᠳᠠ ᠳᠤ ᠁ ᠭᠡᠵᠦ ᠥᠪᠡᠷ ᠤᠨ ᠪᠡᠶ᠎ᠡ ᠪᠠᠨ ᠲᠠᠨᠢᠯᠴᠠᠭᠤᠯᠬᠤ ᠳᠤ ᠣᠷᠳᠣᠰ ᠵᠠᠯᠠᠭᠤ ᠶᠡᠭᠡ ᠯᠠ ᠶᠣᠰᠣᠷᠬᠠᠭ ᠢᠶᠠᠷ ᠢᠨᠢᠶᠡᠮᠰᠦᠭᠯᠡᠨ᠄          - ᠪᠠᠶᠠᠷᠯᠠᠯ᠎ᠠ ᠪᠠᠶᠠᠷᠯᠠᠯ᠎ᠠ᠂ ᠨᠠᠮᠠᠶᠢ ᠠᠯᠳᠠᠷ ᠭᠡᠳᠡᠭ᠃ ᠲᠠᠨ ᠯᠤᠭ᠎ᠠ ᠲᠠᠨᠢᠯᠴᠠᠭᠰᠠᠨ ᠳᠠᠭᠠᠨ ᠮᠠᠰᠢ ᠪᠠᠶᠠᠷᠯᠠᠵᠤ ᠪᠠᠶᠢᠨ᠎ᠠ ᠭᠡᠬᠦ ᠳᠤ ᠴᠢᠯᠠᠭᠤ ᠠᠯᠳᠠᠷ ᠤᠨ ᠭᠠᠷ ᠢ ᠴᠢᠩᠭᠠᠬᠠᠨ ᠠᠳᠬᠤᠵᠤ᠄          - ᠲᠠᠷᠠᠭ᠎ᠠ ᠪᠠᠷ ᠤᠯᠠᠮ ᠨᠢᠭᠡ ᠠᠯᠬᠤᠮ ᠭᠦᠨᠵᠡᠭᠡᠢ ᠲᠠᠨᠢᠯᠴᠠᠶ᠎ᠠ ᠭᠡᠯ᠎ᠡ᠃          ᠴᠢᠯᠠᠭᠤ ᠬᠤᠷᠴᠢᠨ ᠤ ᠴᠠᠭᠠᠨ ᠢᠳᠡᠭᠡᠨ ᠤ ᠳᠡᠯᠭᠡᠴᠡ ᠳᠤ ᠭᠦᠷᠦᠯ᠎ᠡ᠃ ᠬᠤᠷᠴᠢᠨ ᠤ ᠴᠠᠭᠠᠨ ᠢᠳᠡᠭᠡᠨ ᠤ ᠳᠡᠯᠭᠡᠴᠡ ᠶᠢᠨ ᠡᠵᠡᠨ ᠶᠡᠭᠡᠯᠠ ᠶᠣᠰᠣᠷᠬᠠᠭ ᠢᠶᠠᠷ ᠲᠣᠯᠣᠭᠠᠢ ᠳᠣᠬᠢᠨ ᠢᠨᠢᠶᠡᠮᠰᠦᠭᠯᠡᠯ ᠪᠡᠯᠡᠭᠯᠡᠵᠦ᠄          - ᠵᠠ︕ ᠰᠠᠶᠢᠬᠠᠨ ᠠᠬ᠎ᠠ ᠮᠢᠨᠢ ᠰᠠᠶᠢᠨ ᠪᠠᠶᠢᠨ᠎ᠠ ᠤᠤ︖ ᠭᠡᠵᠦ ᠮᠡᠨᠳᠦᠴᠢᠯᠡᠭᠰᠡᠨ ᠢᠶᠠᠨ ᠲᠤᠩ ᠪᠣᠯᠭᠤᠮᠵᠢᠲᠠᠢ ᠪᠠᠷ ᠡᠮᠦᠨᠡᠬᠢ ᠴᠠᠭᠠᠨ ᠢᠳᠡᠭᠡᠨ ᠠᠴᠠ ᠪᠠᠨ ᠠᠪᠴᠤ ᠴᠢᠯᠠᠭᠤ ᠳᠤ ᠠᠮᠲᠠᠯᠠᠭᠤᠯᠵᠤ᠄          - ᠡᠨᠡ ᠪᠣᠯ ᠮᠠᠨ ᠤ ᠬᠤᠷᠴᠢᠨ ᠤ ᠲᠠᠯ᠎ᠠ ᠨᠤᠲᠤᠭ ᠲᠠᠬᠢ ᠨᠤᠲᠤᠭ ᠤᠨ ᠦᠨᠢᠶᠡᠨ ᠰᠦ ᠪᠠᠷ ᠢᠶᠠᠨ ᠪᠠᠵᠠᠭᠠᠭᠰᠠᠨ ᠴᠠᠭᠠᠨ ᠢᠳᠡᠭᠡ ᠰᠢᠤ᠂ ᠦᠨ᠎ᠡ ᠨᠢ ᠬᠢᠮᠳᠠ ᠮᠥᠷᠲᠡᠭᠡᠨ ᠠᠮᠲᠠᠲᠠᠢ᠂ ᠰᠢᠮ᠎ᠡ ᠲᠡᠵᠢᠭᠡᠯ ᠢᠶᠠᠷ ᠳᠡᠭᠡᠷ᠎ᠡ᠂ ᠨᠠᠰᠤᠲᠠᠢ ᠬᠥᠮᠥᠰ ᠪᠤᠶᠤ ᠡᠬᠡ ᠨᠢᠯᠬᠠᠰ ᠲᠤ ᠪᠦᠷ ᠵᠣᠬᠢᠨ᠎ᠠ᠂ ᠶᠣᠰᠣᠲᠠᠢ ᠣᠷᠬᠤᠳᠠᠢ ᠠᠳᠠᠯᠢ ᠠᠶᠤᠮᠠᠷ ᠭᠤᠶᠣ ᠡᠳ᠋ ᠰᠢᠤ︕ ᠭᠡᠵᠦ ᠲᠠᠸᠠᠷ ᠢᠶᠠᠨ ᠮᠠᠭᠲᠠᠭᠰᠠᠨ ᠢᠶᠠᠨ ᠳᠣᠣᠷ᠎ᠠ ᠲᠠᠭᠤ ᠪᠠᠷ᠄          - ᠵᠠ᠂ ᠰᠢᠯᠢ ᠶᠢᠨ ᠭᠤᠣᠯ᠂ ᠣᠷᠳᠣᠰ ᠤᠨ ᠬᠢᠨ ᠪᠦᠷ ᠦᠨᠢᠶᠡᠨ ᠰᠦᠨ ᠤ ᠪᠦᠲᠦᠭᠡᠭᠳᠡᠬᠦᠨ ᠢᠶᠠᠨ ᠢᠩᠭᠡᠨ ᠰᠦᠨ ᠤ ᠱᠦᠭᠦᠷᠮᠡᠭ ᠲᠣᠰᠣ᠂ ᠢᠮᠠᠭᠠᠨ ᠰᠦᠨ ᠤ ᠴᠠᠭᠠᠨ ᠢᠳᠡᠭᠡ ᠭᠡᠵᠦ ᠬᠥᠮᠥᠨ ᠳᠡᠯᠡᠰᠴᠦ ᠬᠤᠳᠠᠯᠳᠤᠳᠠᠭ ᠰᠢᠤ᠃ ᠦᠨᠡᠨ ᠢ ᠬᠡᠯᠡᠪᠡᠯ ᠲᠡᠷᠡ ᠴᠢᠨᠢ ᠯᠠ ᠁ ᠰᠢᠣ︕ ᠪᠣᠯᠭᠤᠮᠵᠢᠯᠠᠬᠤ ᠦᠭᠡᠢ ᠪᠣᠯ ᠲᠠ ᠮᠡᠬᠡᠯᠡᠭᠳᠡᠵᠦ ᠮᠡᠳᠡᠨ᠎ᠡ ᠳ᠋ᠠ ᠭᠡᠵᠦ ᠶᠠᠷᠢᠭᠰᠠᠨ ᠢᠶᠠᠨ ᠴᠢᠯᠠᠭᠤ ᠶᠢ ᠰᠢᠷᠳᠡᠵᠤ᠄᠄          - ᠪᠢ ᠰᠢᠳᠠᠷ ᠬᠥᠬᠡᠨᠠᠭᠤᠷ ᠤᠨ ᠭᠤᠣᠯᠮᠣᠳ ᠬᠤᠳᠠ ᠳᠤ ᠪᠠᠶᠢᠬᠤ ᠬᠤᠭᠤᠴᠠᠭᠠᠨ ᠳᠠᠭᠠᠨ ᠲᠠᠨ ᠤ ᠡ᠊ᠨᠳᠡ ᠨᠢᠭᠡ ᠬᠡᠰᠡᠭ ᠬᠤᠱᠣᠳ ᠮᠣᠩᠭᠤᠯ ᠪᠠᠶᠢᠨ᠎ᠠ ᠭᠡᠵᠦ ᠰᠣᠨᠣᠰᠤᠯ᠎ᠠ᠂ ᠲᠡᠶᠢᠮᠤ ᠤᠤ︖ ᠭᠡᠵᠦ ᠰᠢᠨᠤᠯᠲᠠᠶᠢᠬᠠᠨ ᠠᠰᠠᠭᠤᠨ᠎ᠠ᠃ ᠴᠢᠯᠠᠭᠤ ᠬᠤᠷᠴᠢᠨ ᠵᠠᠯᠠᠭᠤ ᠶᠢ ᠪᠣᠯᠭᠤᠮᠵᠢᠯᠠᠨ ᠬᠠᠷᠠᠭᠰᠠᠨ ᠢᠶᠠᠨ ᠲᠣᠯᠣᠭᠠᠢ ᠳᠣᠬᠢᠵᠤ᠄          - ᠲᠡᠶᠢᠮᠤ ᠲᠡᠶᠢᠮᠤ᠂ ᠪᠢ ᠳᠠᠷᠤᠢ ᠬᠤᠱᠣᠳ ᠮᠣᠩᠭᠤᠯ ᠰᠢᠤ ᠭᠡᠬᠦ ᠳᠤ ᠬᠤᠷᠴᠢᠨ ᠵᠠᠯᠠᠭᠤ ᠶᠢᠨ ᠴᠢᠷᠠᠢ ᠳᠤ ᠪᠠᠶᠠᠰᠤᠯ ᠲᠣᠳᠣᠷᠠᠵᠤ᠄          - ᠪᠢ ᠪᠤᠣ ᠣᠪᠣᠭ ᠲᠠᠢ ᠬᠤᠷᠴᠢᠨ ᠮᠣᠩᠭᠤᠯ ᠪᠣᠯᠣᠨ᠎ᠠ᠂ ᠮᠢᠨᠤ ᠨᠡᠷ᠎ᠡ ᠪᠤᠤ ᠸᠧᠨ ᠬᠤᠸᠠ ᠭᠡᠳᠡᠭ᠃ ᠪᠢᠳᠡ ᠪᠦᠷ ᠬᠠᠪᠤᠲᠤ ᠬᠠᠰᠠᠷ ᠤᠨ ᠦᠷ᠎ᠡ ᠬᠤᠶᠢᠴᠢᠰ ᠪᠠᠶᠢᠨ᠎ᠠ ᠰᠢᠣ᠃ ᠡᠨᠡ ᠴᠢᠨᠢ ᠶᠣᠰᠣᠲᠠᠢ ᠲᠥᠭᠡᠷᠢᠵᠦ ᠶᠠᠪᠤᠭᠠᠳ ᠲᠥᠷᠥᠯ ᠢᠶᠠᠨ ᠣᠯᠣᠨ᠎ᠠ ᠭᠡᠳᠡᠭ ᠡᠨᠡ ᠪᠣᠯᠣᠯ᠎ᠠ᠃ ᠵᠠ᠂ ᠡᠪᠦᠭᠡ ᠳᠡᠭᠡᠳᠦᠰ ᠨᠢᠭᠡᠲᠡᠢ ᠲᠠᠨ ᠯᠤᠭ᠎ᠠ ᠲᠠᠨᠢᠯᠴᠠᠭᠰᠠᠨ ᠳᠠᠭᠠᠨ ᠮᠠᠰᠢ ᠪᠠᠶᠠᠷᠯᠠᠵᠤ ᠪᠠᠶᠢᠨ᠎ᠠ᠂ ᠶᠠᠮᠠᠷ ᠭᠤᠶᠣ ᠶᠤᠮ ᠪᠤᠢ᠂ ᠲᠠᠨ ᠳᠤ ᠬᠢᠮᠳᠠ ᠪᠠᠷ ᠦᠭᠭᠦᠶ᠎ᠡ ᠭᠡᠵᠦ ᠴᠠᠭᠠᠨ ᠢᠳᠡᠭᠡ ᠪᠠᠨ ᠰᠦᠯᠢᠶᠥᠦ ᠤᠭᠤᠲᠠ ᠳᠤ ᠰᠠᠪᠠᠯᠠᠬᠤ ᠳᠤ ᠴᠢᠯᠠᠭᠤ ᠴᠤ ᠠᠷᠠᠰᠤᠨ ᠪᠣᠭᠴᠣ ᠪᠠᠨ ᠣᠩᠭᠢᠴᠢᠵᠤ ᠡᠬᠢᠯᠡᠯ᠎ᠡ᠃          ᠲᠠᠪᠢᠯᠭᠠᠳᠣ ᠬᠤᠳᠠ ᠳᠤ ᠬᠡᠳᠦᠨ ᠵᠢᠯ ᠤᠯᠠᠭᠠᠨ ᠢᠳᠡᠭᠡᠨ ᠤ ᠡᠵᠡᠩᠨᠡᠯᠲᠡ ᠬᠢᠬᠦ ᠳᠡᠭᠡᠨ ᠪᠤᠰᠤᠳ ᠠᠴᠠ ᠬᠤᠳᠠ ᠶᠢᠨ ᠵᠡᠭᠦᠨ ᠲᠣᠭᠤᠷᠢᠭ ᠢᠶᠠᠷ ᠲᠠᠬᠢᠶᠠᠨ ᠮᠢᠬᠠᠨ ᠳᠤ ᠣᠰᠣᠨ ᠵᠡᠭᠦᠦ ᠲᠠᠷᠢᠵᠤ ᠪᠠᠷᠠᠭᠤᠨ ᠲᠣᠭᠤᠷᠢᠭ ᠲᠤ ᠬᠦᠷᠭᠡᠵᠦ ᠬᠤᠳᠠᠯᠳᠤᠭᠠᠳ ᠠᠰᠢᠭ ᠣᠯᠳᠠᠭ ᠬᠡᠮᠡᠬᠦ ︽ᠬᠢᠴᠢᠶᠡᠯ︾ ᠰᠣᠨᠣᠰᠴᠤ ᠪᠠᠶᠢᠭᠰᠠᠨ ᠴᠢᠯᠠᠭᠤ ᠴᠣ᠋ ᠨᠦᠭᠦᠭᠡ ᠬᠡᠳᠦᠭᠦᠯᠡ ᠠᠴᠠ ᠬᠤᠴᠣᠷᠬᠤ ᠭᠠᠶᠢᠬᠠᠯ ᠪᠢᠰᠢ ᠠᠵᠢ᠃          ᠣᠷᠣᠢ ᠨᠢ ᠴᠢᠯᠠᠭᠤ ᠲᠠᠪᠢᠯᠭᠠᠳᠣ ᠬᠤᠳᠠ ᠶᠢᠨ ᠪᠠᠶᠠᠨ ᠵᠣᠴᠢᠳ ᠤᠨ ᠪᠠᠭᠤᠳᠠᠯ ᠤᠨ ︽ᠡᠵᠡᠨ︾ ᠦᠷᠦᠭᠡ ᠳᠤ ᠰᠢᠷᠡᠭᠡ ᠵᠠᠰᠠᠵᠤ ᠥᠨᠥᠳᠥᠷ ᠲᠠᠨᠢᠯᠴᠠᠭᠰᠠᠨ ᠬᠡᠳᠦᠨ ᠨᠠᠶᠢᠵᠠ ᠪᠠᠨ ᠲᠣᠭᠤᠯ᠎ᠠ ︵ᠳᠠᠶᠢᠯᠠᠯ᠎ᠠ︶᠃ ᠴᠢᠯᠠᠭᠤ ᠬᠤᠨᠳᠠᠭ᠎ᠠ ᠪᠠᠨ ᠠᠪᠤᠨ ᠪᠣᠰᠴᠤ ᠵᠣᠭᠰᠣᠭᠠᠳ ᠬᠦᠷᠦᠯᠴᠡᠨ ᠢᠷᠡᠭᠰᠡᠨ ᠬᠥᠮᠥᠰ ᠢᠶᠠᠨ ᠨᠢᠭᠡ ᠡᠷᠭᠢᠭᠦᠯᠦᠨ ᠬᠠᠷᠠᠭᠰᠠᠨ ᠢᠶᠠᠨ᠄          - ᠪᠢᠳᠡ ᠥᠨᠥᠳᠥᠷ ᠦᠵᠡᠭᠦᠯᠭᠡ ᠶᠢᠨ ᠭᠠᠵᠠᠷ ᠠᠭᠤᠯᠵᠠᠵᠤ ᠨᠡᠷ᠎ᠡ ᠤᠰᠤ ᠪᠠᠨ ᠮᠡᠳᠡᠯᠴᠡᠨ ᠤᠲᠠᠰᠤᠨ ᠳ᠋ᠤᠭᠠᠷ ᠢᠶᠠᠨ ᠠᠪᠤᠯᠴᠠᠵᠤ ᠲᠠᠨᠢᠯᠴᠠᠭᠰᠠᠨ ᠪᠢᠯᠡ᠃ ︽ᠢᠷᠦᠭᠡᠯ ᠲᠠᠢ ᠳᠠᠭᠠᠨ ᠤᠴᠠᠷᠠᠵᠤ᠂ ᠢᠷᠤᠭᠠᠯ ᠲᠠᠢ ᠳᠠᠭᠠᠨ ᠲᠣᠭᠲᠠᠨ᠎ᠠ︾ ᠭᠡᠳᠡᠭ ᠡᠨᠡ ᠪᠠᠶᠢᠬ᠎ᠠ᠃ ᠡᠨᠡ ᠤᠳᠠᠭ᠎ᠠ ᠲᠠᠨᠠᠷ ᠤᠨ ᠢᠷᠡᠭᠰᠡᠨ ᠵᠠᠪᠰᠢᠶᠠᠨ ᠢᠶᠠᠷ ᠲᠠᠨᠢᠯᠴᠠᠭᠰᠠᠨ ᠳᠠᠭᠠᠨ ᠮᠠᠰᠢ ᠪᠠᠶᠠᠷᠯᠠᠵᠤ ᠪᠠᠶᠢᠨ᠎ᠠ᠂ ᠲᠡᠭᠡᠭᠡᠳ ᠪᠠᠶᠠᠷᠯᠠᠭᠰᠠᠨ ᠰᠡᠳᠬᠢᠯ ᠢᠶᠠᠨ ᠢᠯᠡᠳᠬᠡᠵᠦ᠂ ᠡᠨᠡ ᠣᠷᠣᠢ ᠡ᠊ᠨᠳᠡ ᠳᠥᠭᠦᠮ ᠰᠢᠷᠡᠭᠡ ᠵᠠᠰᠠᠵᠤ᠂ ᠲᠠᠨᠠᠷ ᠲᠠᠢ ᠪᠠᠨ ᠤᠯᠠᠮ ᠨᠢᠭᠡ ᠠᠯᠬᠤᠮ ᠲᠠᠨᠢᠯᠴᠠᠶ᠎ᠠ ᠭᠡᠵᠦ ᠪᠤᠳᠣᠬᠰᠠᠨ ᠶᠤᠮ᠂ ᠲᠠᠨᠢᠯᠴᠠᠭᠰᠠᠨ ᠤ ᠠᠩᠬᠠᠨ ᠤ ᠬᠤᠨᠳᠠᠭ᠎ᠠ ᠪᠠᠨ ᠬᠠᠮᠲᠤᠳᠠ ᠪᠠᠯᠭᠤᠶ᠎ᠠ ᠭᠡᠵᠦ ᠬᠤᠨᠳᠠᠭ᠎ᠠ ᠮᠥᠷᠭᠦᠯᠳᠦᠭᠦᠯᠵᠦ ︽ᠭᠤᠯᠳ᠋︾ ᠭᠡᠲᠡᠯ᠎ᠡ ᠪᠠᠯᠭᠤᠯ᠎ᠠ᠃          - ᠪᠠᠶᠠᠷᠯᠠᠵᠤ ᠪᠠᠶᠢᠨ᠎ᠠ᠂ ᠪᠠᠶᠠᠷᠯᠠᠵᠤ ᠪᠠᠶᠢᠨ᠎ᠠ᠃ ᠠᠷᠪᠠᠨ ᠬᠥᠮᠥᠨ ᠤ ᠲᠣᠭᠤᠷᠢᠭ ᠰᠢᠷᠡᠭᠡ ᠶᠢ ᠬᠠᠪᠴᠢᠨ ᠰᠠᠭᠤᠭᠰᠠᠨ ᠬᠡᠳᠦᠭᠦᠯᠡ ᠪᠦᠭᠦᠳᠡᠭᠡᠷ ᠬᠤᠨᠳᠠᠭ᠎ᠠ ᠡᠷᠭᠦᠨ᠎ᠡ᠃ ᠬᠡᠰᠡᠭ ᠪᠠᠶᠢᠭᠰᠠᠨ ᠢᠶᠠᠨ ᠴᠢᠯᠠᠭᠤ ᠡᠮᠦᠨᠡᠬᠢ ᠬᠤᠨᠳᠠᠭ᠎ᠠ ᠪᠠᠨ ᠠᠪᠴᠤ᠄          - ᠲᠠᠨᠠᠷ ᠤᠨ ᠲᠤᠷᠰᠢᠯᠭ᠎ᠠ ᠰᠤᠷᠭᠠᠮᠵᠢ ᠠᠴᠠ ᠰᠣᠷᠣᠯᠴᠠᠨ᠂ ᠬᠤᠶᠢᠰᠢᠳᠠ ᠪᠠᠰᠠ ᠴᠠᠭᠠᠨ ᠢᠳᠡᠭᠡᠨ ᠤ ᠡᠵᠡᠩᠨᠡᠯᠲᠡ ᠭᠢᠶ᠎ᠡ ᠭᠡᠵᠦ ᠪᠤᠳᠣᠵᠤ ᠪᠠᠶᠢᠨ᠎ᠠ᠃ ᠲᠠᠨᠠᠷ ᠲᠤᠷᠰᠢᠯᠭ᠎ᠠ ᠰᠤᠷᠭᠠᠮᠵᠢ ᠠᠴᠠ ᠪᠠᠨ ᠢᠯᠡᠭᠦᠬᠡᠨ ᠵᠢᠭᠠᠨ ᠵᠢᠯᠤᠭᠤᠳᠬᠤ ᠶᠢ ᠬᠦᠰᠡᠵᠦ ᠪᠠᠶᠢᠨ᠎ᠠ᠃ ᠬᠤᠶᠠᠳᠠᠭᠢ ᠬᠤᠨᠳᠠᠭ᠎ᠠ ᠪᠠᠨ ᠲᠠᠨᠠᠷ ᠲᠠᠭᠠᠨ ᠪᠠᠷᠢᠶ᠎ᠠ᠃          - ᠪᠠᠶᠠᠷᠯᠠᠯ᠎ᠠ᠃          ᠬᠤᠨᠳᠠᠭ᠎ᠠ ᠮᠥᠷᠭᠦᠯᠳᠦᠭᠦᠯᠬᠦ ᠲᠠᠭᠤ ᠲᠠᠰᠣᠷᠠᠯᠳᠠ ᠦᠭᠡᠢ ᠦᠷᠭᠦᠯᠵᠢᠯᠡᠵᠤ᠂ ᠡᠨᠡ ᠣᠷᠣᠢ ᠬᠠᠮᠲᠤ ᠰᠠᠭᠤᠭᠰᠠᠨ ᠬᠡᠳᠦᠭᠦᠯᠡ ᠶᠢᠨ ᠬᠤᠨᠳᠠᠭ᠎ᠠ ᠳᠠᠬᠢ ᠬᠤᠳᠣᠷᠠᠩ ᠬᠠᠷ᠎ᠠ ᠬᠤᠳᠣᠭᠤᠳᠤ ᠤᠷᠤᠭᠤ ᠣᠷᠣᠬᠤ ᠳᠤ᠂ ᠪᠠᠯᠭᠤᠭᠰᠠᠨ ᠬᠡᠳᠦᠭᠦᠯᠡ ᠶᠢᠨ ᠬᠤᠳᠣᠭᠤᠳᠤ ᠨᠢ ᠬᠠᠯᠠᠵᠤ᠂ ᠬᠤᠭᠤᠰᠤᠨ ᠶᠠᠷᠢᠶ᠎ᠠ ᠨᠢ ᠣᠯᠠᠰᠢᠷᠠᠨ᠎ᠠ᠃ ᠴᠢᠷᠠᠢ ᠨᠢ ᠭᠦᠷᠡᠩᠳᠤᠷᠡᠨ ᠤᠯᠠᠶᠢᠵᠤ ᠭᠡᠯᠡ ᠨᠢ ᠴᠤᠯᠴᠠᠷᠢᠭᠰᠠᠨ ᠴᠢᠯᠠᠭᠤ᠄          - ᠪᠢᠳᠡᠡ ᠪᠦᠷ ᠨᠢᠭᠡ ᠵᠠᠮ ᠤᠨ ᠬᠥᠮᠥᠰ ᠶᠤᠮ ᠴᠢᠨᠢ ᠡᠷᠡᠭᠡ ᠵᠢᠷᠤᠭ᠎ᠠ ᠦᠭᠡᠢ ᠶᠠᠷᠢᠯᠴᠠᠵᠤ ᠰᠠᠭᠤᠶ᠎ᠠ᠂ ᠮᠠᠨ ᠤ ᠡ᠊ᠨᠳᠡᠭᠢ ᠶᠢᠨ ᠨᠥᠬᠦᠴᠡᠯ ᠴᠤ ᠪᠦᠷ ᠡᠶᠢᠮᠦ ᠯᠠ ᠶᠤᠮ᠂ ᠲᠠᠨᠠᠷ ᠬᠤᠳᠠ ︵ᠬᠤᠭᠤᠯᠠ︶  ᠠᠴᠠ ᠪᠠᠨ ᠲᠠᠪᠠ ᠪᠠᠷ ᠵᠣᠭᠤᠭᠯᠠᠵᠤ᠂ ᠠᠷᠢᠬᠢ ᠰᠠᠷᠬᠤᠳ ᠠᠴᠠ ᠪᠠᠨ ᠶᠠᠩ ᠦᠭᠡᠢ ᠪᠠᠯᠭᠤᠵᠤ ᠲᠠᠭᠠᠲᠠᠢ ᠰᠠᠭᠤᠭᠠᠳ ᠲᠠᠪᠠᠲᠠᠢ ᠱᠤᠤᠭᠢᠭᠲᠤᠨ ᠭᠡᠯ᠎ᠡ᠃          ᠰᠢᠯ ᠲᠠᠢ ᠠᠷᠢᠬᠢ ᠶᠢᠨ ᠲᠦᠪᠰᠢᠨ ᠳᠣᠷᠣᠭᠰᠢᠯᠠᠬᠤ ᠶᠢ ᠳᠠᠭᠠᠯᠳᠤᠨ ᠠᠪᠤ ᠶᠢᠨ ᠬᠦᠦ ᠶᠢᠨ ᠲᠠᠭᠤ ᠨᠢ ᠳᠡᠭᠡᠭᠰᠢᠯᠡᠵᠦ ᠦᠭᠡ ᠨᠢ ᠣᠯᠠᠰᠢᠷᠠᠨ᠎ᠠ᠃          ᠠᠯᠳᠠᠨ ᠤᠤ ᠬᠤᠨᠳᠠᠭᠠᠨ ᠳᠠᠭᠠᠨ          ᠠᠰᠬᠠᠷᠠᠭᠤᠯᠮᠠᠨᠵᠢᠨ ᠰᠠᠶᠢᠬᠠᠨ          ᠰᠠᠶᠢᠬᠠᠨ ᠯᠠ ᠪᠠᠶᠢᠳᠠᠭ ᠰᠠᠶᠢᠨ          ᠠᠬ᠎ᠠ ᠳᠡᠭᠦᠦ ᠲᠠ ᠨᠠᠷ ᠲᠠᠢ ᠪᠠᠨ          ᠨᠠᠶᠢᠷᠯᠠᠵᠤ ᠰᠠᠭᠤᠶ᠎ᠠ ᠭᠦ᠋          ᠵᠢᠷᠭᠠᠵᠤ ᠰᠠᠭᠤᠶ᠎ᠠ ᠭᠦ᠋          ᠁          ᠨᠠᠶᠢᠷ ᠤᠨ ᠳᠠᠭᠤᠤ ᠤᠶᠠᠩᠭᠠᠷᠠᠵᠤ᠂ ᠡᠷᠡᠭᠲᠡᠢ ᠡᠮᠡᠭᠲᠡᠢ ᠶᠢᠨ ᠲᠠᠭᠤ ᠬᠤᠯᠢᠯᠳᠤᠨ ᠴᠢᠬᠢ ᠲᠦᠷᠭᠢᠭᠦᠯᠤᠨ ᠂ ᠵᠠᠪᠰᠠᠷ ᠢᠶᠠᠷ ᠨᠢ ᠬᠤᠨᠳᠠᠭ᠎ᠠ ᠮᠥᠷᠭᠦᠯᠳᠦᠭᠦᠯᠦᠭᠰᠡᠭᠡᠷ ᠪᠠᠶᠢᠵᠤ ᠬᠠᠯᠠᠰᠠᠭᠰᠠᠨ ᠬᠡᠳᠦᠭᠦᠯᠡ ᠶᠢᠨ ᠠᠮᠠ ᠣᠷᠣᠯᠳᠣᠬᠤ ᠲᠠᠭᠤ ᠦᠷᠭᠦᠯᠵᠢᠯᠡᠨ᠎ᠡ᠃          - ᠣᠳᠣ ᠶᠢᠨ ᠤᠯᠠᠭᠠᠨ ᠢᠳᠡᠭᠡ ᠶᠢ ᠣᠷᠣᠨ ᠨᠤᠲᠤᠭ ᠤᠨ ᠪᠠᠶᠢᠭᠠᠯᠢᠯᠢᠭ ᠪᠡᠯᠴᠢᠭᠡᠷ ᠤᠨ ᠮᠠᠯ ᠤᠨ ᠮᠢᠬ᠎ᠠ ᠪᠠ ᠪᠣᠷᠳᠣᠵᠤ ᠲᠡᠵᠢᠭᠡᠭᠰᠡᠨ ᠮᠠᠯ ᠤᠨ ᠮᠢᠬ᠎ᠠ ᠭᠡᠵᠦ ᠢᠯᠭᠠᠨ᠂ ᠠᠳᠠᠯᠢ ᠪᠤᠰᠤ ᠦᠨ᠎ᠡ ᠪᠠᠷ ᠬᠤᠳᠠᠯᠳᠤᠬᠤ ᠦᠭᠡᠢ ᠪᠣᠯ ᠪᠤᠯᠬᠤ ᠦᠭᠡᠢ᠃ ᠡᠨᠡ ᠨᠢ ᠮᠠᠯᠴᠢᠳ ᠤᠨ ᠠᠰᠢᠭ ᠣᠷᠣᠯᠭ᠎ᠠ ᠲᠠᠢ ᠰᠢᠭᠤᠳ ᠬᠤᠯᠪᠣᠭᠳᠠᠨ᠎ᠠ ᠭᠡᠵᠦ ᠴᠢᠯᠠᠭᠤ ᠬᠤᠨᠳᠠᠭ᠎ᠠ ᠳᠠᠬᠢ ᠠᠷᠢᠬᠢ ᠪᠠᠨ ᠴᠠᠯᠭᠢᠭᠤᠯᠤᠨ ᠬᠡᠯᠡᠬᠦ ᠳᠤ ᠪᠤᠣ ᠸᠧᠨ ᠬᠤᠸᠠ᠄          - ᠴᠢᠨᠦ ᠬᠡᠯᠡᠬᠦ ᠲᠡᠭᠠᠷᠠᠵᠦ ᠪᠠᠶᠢᠨ᠎ᠠ᠃ ᠮᠠᠯᠴᠢᠳ ᠤᠨ ᠪᠠᠶᠢᠭᠠᠯᠢᠯᠢᠭ ᠪᠣᠬᠢᠷᠳᠤᠯ ᠦᠭᠡᠢ ᠢᠳᠡᠭᠡ ᠰᠠᠭᠠᠯᠢ ᠶᠢ ᠵᠠᠬ᠎ᠠ ᠳᠡᠯᠭᠡᠭᠦᠷ ᠲᠤ ᠭᠠᠷᠭᠠᠨ ᠪᠣᠷᠣᠯᠠᠭᠤᠯᠵᠤ ᠠᠰᠢᠭ ᠬᠤᠨᠵᠢᠪᠤᠷᠢ ᠣᠯᠬᠤ ᠲᠤᠬᠠᠢ ᠤᠬᠠᠭᠤᠯᠭ᠎ᠠ ᠶᠢ ᠰᠠᠶᠢᠲᠤᠷ ᠬᠢᠬᠦ ᠴᠢᠬᠤᠯᠠ ᠲᠠᠢ ᠪᠠᠶᠢᠨ᠎ᠠ︕ ᠭᠡᠵᠦ ᠲᠠᠶᠢᠪᠠᠯᠵᠠᠨ᠎ᠠ᠃ ᠲᠡᠭᠡᠲᠡᠯ᠎ᠡ ᠰᠢᠯᠢ ᠶᠢᠨ ᠭᠤᠣᠯ ᠤᠨ ᠰᠣᠶᠣᠯᠲᠤ          - ᠮᠠᠯᠴᠢᠳ ᠤᠨ ᠣᠷᠣᠯᠭ᠎ᠠ ᠶᠢ ᠨᠡᠮᠡᠭᠳᠡᠭᠦᠯᠦᠶ᠎ᠡ ᠭᠡᠪᠡᠯ ᠮᠠᠯᠴᠢᠳ ᠤᠨ ᠬᠤᠳᠠᠯᠳᠤᠵᠤ ᠪᠠᠶᠢᠭ᠎ᠠ ᠮᠢᠬ᠎ᠠ ᠰᠠᠭᠠᠯᠢ ᠶᠢ ᠤᠯᠠᠮ ᠨᠢᠭᠡ ᠠᠯᠬᠤᠮ ᠨᠠᠷᠢᠯᠢᠭᠵᠢᠭᠤᠯᠤᠨ ᠪᠤᠯᠪᠠᠰᠣᠷᠠᠭᠤᠯᠵᠤ ᠰᠠᠪᠠ ᠪᠣᠭᠤᠳᠠᠯ ᠢ ᠨᠢ ᠭᠤᠶᠣᠵᠢᠭᠤᠯᠤᠨ᠂ ᠥᠪᠡᠷ ᠤᠨ ᠥᠷᠳᠡᠭ ᠢ ᠨᠢ ᠳᠣᠷᠣᠭᠰᠢᠯᠠᠭᠤᠯᠵᠤ ᠨᠡᠮᠡᠯᠲᠡ ᠥᠷᠳᠡᠭ ᠢ ᠨᠡᠮᠡᠭᠳᠡᠭᠦᠯᠬᠦ ᠴᠢᠬᠤᠯᠠ ᠲᠠᠢ ᠪᠠᠶᠢᠨ᠎ᠠ︕ ᠭᠡᠵᠦ ᠴᠤᠯᠴᠠᠷᠢᠬᠤ ᠳᠤ ᠠᠯᠳᠠᠷ᠄          - ᠣᠳᠣ ᠮᠠᠯᠴᠢᠳ ᠲᠤ ᠬᠠᠮᠢᠭ᠎ᠠ ᠠᠴᠠ ᠲᠡᠶᠢᠮᠤ ᠨᠥᠬᠦᠴᠡᠯ ᠪᠠᠶᠢᠬᠤ ᠪᠤᠢ︖ ᠪᠢᠳᠡᠨ ᠶᠠᠮᠠᠷ ᠮᠡᠳᠡᠬᠦ ᠦᠭᠡᠢ ᠪᠢᠰᠢ᠃ ᠪᠢᠳᠡᠨ ᠮᠠᠯᠴᠢᠳ ᠤᠨ ᠭᠠᠷ ᠠᠴᠠ ᠠᠪᠴᠤ ᠪᠠᠶᠢᠭ᠎ᠠ ᠮᠢᠬ᠎ᠠ ᠰᠠᠭᠠᠯᠢ ᠶᠢᠨ ᠦᠨ᠎ᠡ ᠪᠠᠰᠠ ᠳᠡᠭᠡᠷ᠎ᠡ ᠪᠢᠰᠢ᠃ ᠪᠢᠳᠡᠨ ᠶᠠᠭᠠᠬᠢᠵᠤ ᠥᠪᠡᠷ ᠤᠨ ᠠᠰᠢᠭ ᠣᠷᠣᠯᠭ᠎ᠠ ᠪᠡᠨ‌ᠨᠡᠮᠡᠭᠳᠡᠭᠦᠯᠦᠶ᠎ᠡ ᠭᠡᠪᠡᠯ ᠵᠠᠪᠠᠯ ᠤᠬᠠᠭ᠎ᠠ ᠵᠠᠷᠤᠬᠤ ᠬᠡᠷᠡᠭᠲᠡᠢ ᠭᠡᠬᠦ ᠳᠤ᠂ ᠪᠤᠣ ᠸᠧᠨ ᠬᠤᠸᠠ ᠠᠯᠳᠠᠷ ᠢ ᠰᠢᠷᠳᠡᠨ᠄          - ᠲᠠ ᠨᠠᠷ ᠶᠣᠰᠣᠲᠠᠢ ᠤᠬᠠᠭ᠎ᠠ ᠵᠠᠷᠤᠵᠤ ᠥᠪᠡᠷ ᠤᠨ ᠠᠰᠢᠭ ᠣᠷᠣᠯᠭ᠎ᠠ ᠪᠠᠨ ᠨᠡᠮᠡᠭᠳᠡᠭᠦᠯᠵᠦ ᠪᠠᠶᠢᠨ᠎ᠠ ᠰᠢᠤ᠂ ᠮᠠᠯᠴᠢᠳ ᠤᠨ ᠭᠠᠷ ᠠᠴᠠ ᠬᠢᠮᠳᠠ ᠦᠨ᠎ᠡ ᠪᠠᠷ ᠠᠪᠤᠭᠰᠠᠨ ᠦᠨᠢᠶᠡᠨ ᠰᠦᠨ ᠤ ᠢᠳᠡᠭᠡᠨ ᠢᠶᠠᠨ ᠢᠩᠭᠡᠨ ᠰᠦ᠂ ᠢᠮᠠᠭᠠᠨ ᠰᠦᠨ ᠤ ᠪᠦᠲᠦᠭᠡᠭᠳᠡᠬᠦᠨ ᠭᠡᠵᠦ ᠪᠣᠷᠣᠯᠠᠭᠤᠯᠵᠤ ᠪᠠᠶᠢᠬᠤ ᠶᠤᠮ ᠴᠢᠨᠢ᠂ ᠲᠠ ᠨᠠᠷ ᠤᠨ ᠠᠰᠢᠭ ᠣᠷᠣᠯᠭ᠎ᠠ ᠮᠠᠯᠴᠢᠳ ᠤᠨ ᠠᠰᠢᠭ ᠣᠷᠣᠯᠭ᠎ᠠ ᠠᠴᠠ ᠬᠡᠳᠦᠨ ᠲᠠᠭᠢᠨ ᠳᠡᠭᠡᠷ᠎ᠡ ᠪᠠᠶᠢᠭ᠎ᠠ ᠭᠡᠬᠦ ᠳᠤ ᠰᠣᠶᠣᠯᠲᠤ ᠪᠣᠰᠴᠤ ᠵᠣᠭᠰᠣᠨ ᠪᠤᠣ ᠸᠧᠨ ᠬᠤᠸᠠ ᠶᠢ ᠦᠬᠡᠷ ᠨᠢᠳᠦ ᠪᠠᠷ ᠰᠢᠷᠳᠡᠨ᠄          - ᠠ ᠮᠠᠭᠤ ᠴᠢᠰᠤ︕ ᠴᠢ ᠥᠪᠡᠷ ᠢᠶᠠᠨ ᠪᠤᠭᠤᠳᠠᠢ ᠶᠢᠨ ᠭᠤᠯᠢᠷ ᠬᠤᠯᠢᠭᠰᠠᠨ ᠴᠢᠭᠢᠭᠯᠢᠭ ᠴᠠᠭᠠᠨ ᠢᠳᠡᠭᠡ ᠪᠠᠨ ᠬᠤᠷᠴᠢᠨ ᠤ ᠲᠠᠯ᠎ᠠ ᠨᠤᠲᠤᠭ ᠤᠨ ᠦᠨᠢᠶᠡᠨ ᠰᠦ ᠪᠠᠷ ᠪᠣᠯᠪᠠᠰᠤᠷᠠᠭᠤᠯᠤᠭᠰᠠᠨ ᠴᠡᠪᠡᠷ ᠪᠠᠶᠢᠭᠠᠯᠢᠯᠢᠭ ᠴᠠᠭᠠᠨ ᠢᠳᠡᠭᠡᠨ ᠬᠡᠮᠡᠨ ᠬᠤᠳᠠᠯ ᠢᠶᠠᠷ ᠦᠯᠢᠶᠡᠵᠦ ᠪᠣᠷᠣᠯᠠᠭᠤᠯᠤᠨ ᠪᠤᠰᠤᠳ ᠢ ᠮᠡᠬᠡᠯᠡᠵᠦ ᠠᠰᠢᠭ ᠣᠷᠣᠯᠭ᠎ᠠ ᠪᠠᠨ ᠨᠡᠮᠡᠭᠳᠡᠭᠦᠯᠵᠦ ᠪᠠᠶᠢᠭ᠎ᠠ ᠪᠠᠨ ᠡᠨᠡ ᠣᠷᠣᠢ ᠮᠠᠷᠲᠠᠵᠤ ᠣᠷᠭᠢᠪᠠ ᠤᠤ⁈ ᠭᠡᠵᠦ ᠪᠠᠷᠬᠢᠷᠠᠨ᠎ᠠ᠃ ᠣᠷᠳᠣᠰ ᠤᠨ ᠠᠯᠳᠠᠷ ᠴᠤ ᠤᠬᠤᠰᠬᠢᠨ ᠪᠣᠰᠴᠤ᠄          - ᠡᠴᠢᠭᠡ ᠶᠢᠨ ᠴᠢᠨᠢ︕ ᠨᠠᠮ᠎ᠠ ᠶᠢ ᠦᠨᠢᠶᠡᠨ ᠰᠦ ᠶᠢᠨ ᠢᠳᠡᠭᠡᠨ ᠢᠶᠠᠨ ᠢᠩᠭᠡᠨ ᠰᠦ᠂ ᠢᠮᠠᠭᠠᠨ ᠰᠦᠨ ᠤ ᠪᠦᠲᠦᠭᠡᠭᠳᠡᠬᠦᠨ ᠢᠶᠠᠷ ᠪᠣᠷᠣᠯᠠᠭᠤᠯᠵᠤ ᠪᠠᠶᠢᠨ᠎ᠠ ᠭᠡᠨ᠎ᠡ ᠤᠤ︖ ᠬᠤᠷᠴᠢᠨ ᠤ ᠬᠢᠨ ᠴᠤ ᠲᠡᠷᠡ᠂ ᠰᠢᠯᠢ ᠶᠢᠨ ᠭᠤᠣᠯ ᠤᠨ ᠬᠢᠨ ᠴᠣ᠋ ᠲᠡᠷᠡ᠂ ᠲᠠ ᠨᠠᠷ ᠪᠦᠭᠦᠳᠡ ᠯᠡ ᠬᠤᠨᠢᠨ ᠤ ᠲᠣᠯᠣᠭᠠᠢ ᠡᠯᠭᠦᠭᠡᠳ ᠨᠣᠬᠠᠢ ᠶᠢᠨ ᠮᠢᠬ᠎ᠠ ᠬᠤᠳᠠᠯᠳᠤᠵᠤ ᠪᠠᠶᠢᠭ᠎ᠠ ᠪᠠᠨ ᠡᠨᠡ ᠣᠷᠣᠢ ᠨᠢᠭᠤᠬᠤ ᠬᠡᠷᠡᠭ ᠦᠭᠡᠢ ᠭᠡᠬᠦ ᠳᠤ᠂ ᠪᠤᠣ ᠸᠧᠨ ᠬᠤᠸᠠ ᠨᠢᠳᠤᠷᠭ᠎ᠠ ᠪᠠᠨ ᠵᠠᠩᠭᠢᠳᠤᠨ᠄          - ᠶᠠᠭᠤ ᠭᠡᠨ᠎ᠡ⁈ ᠮᠠᠭᠤ ᠴᠢᠭᠢᠶᠡᠲᠦᠷᠦᠦ︕ ᠲᠠᠭᠢᠭᠠᠳ ᠭᠡᠯᠡ ᠁ ᠭᠡᠳ ᠬᠠᠰᠬᠢᠴᠢᠬᠤ ᠳᠤ ᠴᠢᠯᠠᠭᠤ ᠴᠣ᠋ ᠡᠷ᠎ᠡ ᠵᠣᠷᠢᠭ ᠠᠷᠢᠬᠢᠨ ᠤ ᠣᠮᠤᠭ ᠢᠶᠠᠨ ᠭᠠᠷᠭᠠᠨ ᠪᠣᠰᠴᠤ ᠵᠣᠭᠰᠣᠨ᠄          - ᠮᠠᠭᠤ ᠨᠣᠬᠠᠢ︕ ᠲᠠ ᠨᠠᠷ ᠠᠮᠠ ᠪᠠᠨ ᠬᠠᠪᠴᠢ︕ ᠭᠡᠵᠦ ᠬᠠᠶᠢᠬᠤᠷᠤᠨ ᠬᠦᠴᠦᠲᠡᠢ ᠭᠡᠭᠴᠢ ᠰᠢᠷᠡᠭᠡ ᠠᠯᠠᠭᠠᠳᠠᠬᠤ ᠳᠤ ᠰᠢᠷᠡᠭᠡᠨ ᠳᠡᠭᠡᠷ᠎ᠡ ᠪᠠᠶᠢᠭᠰᠠᠨ ᠰᠢᠯ ᠲᠠᠢ ᠠᠷᠢᠬᠢ᠂ ᠲᠠᠪᠠᠭ ᠲᠠᠢ ᠨᠣᠭᠤᠭ᠎ᠠ ᠭᠠᠵᠠᠷ ᠲᠤ ᠤᠨᠠᠵᠤ ᠵᠦᠭ ᠪᠦᠷᠢ ᠳᠤ ᠰᠠᠴᠤᠭᠳᠠᠯ᠎ᠠ᠃          ᠁    
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号