| ︵1999 ᠣᠨ ᠤ 4 ᠳ᠋ᠦ᠋ᠭᠡᠷ ᠰᠠᠷ᠎ᠠ ᠶᠢᠨ 29 ᠤ ᠡᠳᠦᠷ ᠶᠢᠰᠦᠳᠦᠭᠡᠷ ᠬᠤᠭᠤᠴᠠᠭᠠᠨ ᠤ ᠪᠦᠭᠦ ᠤᠯᠤᠰ | ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠶᠢᠰᠦᠳᠦᠭᠡᠷ | ᠬᠤᠷᠠᠯᠳᠤᠭᠠᠨ ᠠᠴᠠ ᠪᠠᠲᠤᠯᠠᠪᠠ 2009 ᠣᠨ ᠤ 8 ᠳ᠋ᠤᠭᠠᠷ ᠰᠠᠷ᠎ᠠ ᠶᠢᠨ 27 ᠤ ᠡᠳᠦᠷ ᠤᠨ ᠠᠷᠪᠠᠨ ᠨᠢᠭᠡᠳᠦᠭᠡᠷ | ᠬᠤᠭᠤᠴᠠᠭᠠᠨ ᠤ ᠪᠦᠭᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ | ᠬᠤᠷᠢᠶᠠᠨ ᠤ ᠠᠷᠪᠠᠳᠤᠭᠠᠷ ᠬᠤᠷᠠᠯᠳᠤᠭᠠᠨ ᠤ ︽ᠬᠡᠰᠡᠭ ᠬᠠᠤᠯᠢ ᠴᠠᠭᠠᠵᠠ ᠳᠤ ᠵᠠᠰᠠᠪᠤᠷᠢ ᠣᠷᠣᠭᠤᠯᠬᠤ ᠲᠤᠬᠠᠢ | ᠲᠣᠭᠲᠠᠭᠠᠯ︾ ᠢ ᠦᠨᠳᠦᠰᠦᠯᠡᠨ ᠠᠩᠬ᠎ᠠ ᠤᠳᠠᠭ᠎ᠠ ᠵᠠᠰᠠᠪᠤᠷᠢ ᠣᠷᠣᠭᠤᠯᠪᠠ 2017 ᠣᠨ ᠤ 9 ᠳ᠋ᠦ᠋ᠭᠡᠷ ᠰᠠᠷ᠎ᠠ ᠶᠢᠨ | 1 ᠤ ᠡᠳᠦᠷ ᠤᠨ ᠠᠷᠪᠠᠨ ᠬᠤᠶᠠᠳᠤᠭᠠᠷ ᠬᠤᠭᠤᠴᠠᠭᠠᠨ ᠤ ᠪᠦᠭᠦ ᠤᠯᠤᠰ ᠤᠨ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠤᠷᠢ ᠶᠢᠰᠦᠳᠦᠭᠡᠷ ᠬᠤᠷᠠᠯᠳᠤᠭᠠᠨ ᠤ ︽︿ᠪᠦᠭᠦᠳᠡ ᠨᠠᠶᠢᠷᠠᠮᠳᠠᠬᠤ | ᠳᠤᠮᠳᠠᠳᠤ ᠠᠷᠠᠳ ᠤᠯᠤᠰ ᠤᠨ ᠬᠠᠤᠯᠢ ᠶᠢᠨ ᠲᠤᠰᠢᠶᠠᠯᠲᠠᠨ ᠤ ᠬᠠᠤᠯᠢ﹀ ᠵᠡᠷᠭᠡ ᠨᠠᠢᠮᠠᠨ ᠬᠠᠤᠯᠢ﹀ ᠳᠤ ᠵᠠᠰᠠᠪᠤᠷᠢ | ᠣᠷᠣᠭᠤᠯᠬᠤ ᠲᠤᠬᠠᠢ ᠲᠣᠭᠲᠠᠭᠠᠯ︾ ᠢ ᠦᠨᠳᠦᠰᠦᠯᠡᠵᠦ ᠬᠤᠶᠠᠳᠤᠭᠠᠷ ᠤᠳᠠᠭ᠎ᠠ 2013 ᠣᠨ ᠤ 9 ᠳ᠋ᠦ᠋ᠭᠡᠷ ᠰᠠᠷ᠎ᠠ | ᠶᠢᠨ 1 ᠤ ᠡᠳᠦᠷ ᠤᠨ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠠᠷᠠᠳ ᠤᠨ ᠲᠥᠯᠥᠭᠡᠯᠡᠭᠴᠢᠳ | ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠠᠪᠤᠳᠤᠭᠠᠷ ᠬᠤᠷᠠᠯᠳᠤᠭᠠᠨ ᠠᠴᠠ ᠵᠠᠰᠠᠪᠤᠷᠢ ᠣᠷᠣᠭᠤᠯᠪᠠ︶ | ᠨᠢᠭᠡᠳᠦᠭᠡᠷ ᠪᠦᠯᠦᠭ ᠶᠡᠷᠦᠩᠬᠡᠢ ᠳᠦᠷᠢᠮ | ᠨᠢᠭᠡᠳᠦᠭᠡᠷ ᠵᠦᠢᠯ ᠬᠠᠤᠯᠢ ᠶᠢ ᠵᠥᠷᠢᠴᠡᠭᠰᠡᠨ ᠪᠤᠶᠤ ᠵᠦᠢ ᠵᠣᠬᠢᠰ ᠦᠭᠡᠢ ᠵᠠᠰᠠᠭ ᠵᠠᠬᠢᠷᠭᠠᠨ ᠤ ᠦᠢᠯᠡ | ᠠᠵᠢᠯᠯᠠᠭ᠎ᠠ ᠶᠢ ᠰᠡᠷᠭᠡᠶᠢᠯᠡᠨ ᠵᠠᠯᠠᠷᠠᠭᠤᠯᠵᠤ᠂ ᠠᠷᠠᠳ ᠢᠷᠭᠡᠨ᠂ ᠬᠠᠤᠯᠢ ᠶᠢᠨ ᠬᠥᠮᠥᠨ ᠪᠠ ᠪᠤᠰᠤᠳ ᠵᠣᠬᠢᠶᠠᠨ | ᠪᠠᠶᠢᠭᠤᠯᠤᠯᠲᠠ ᠶᠢᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠨ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ | ᠬᠠᠤᠯᠢ ᠶᠣᠰᠣᠭᠠᠷ ᠡᠷᠬᠡ ᠲᠤᠰᠢᠶᠠᠯ ᠢᠶᠠᠨ ᠬᠡᠷᠡᠭᠵᠢᠭᠦᠯᠬᠦ ᠳᠤ ᠬᠢᠨᠠᠯᠲᠠ ᠲᠠᠯᠪᠢᠬᠤ ᠪᠠ ᠲᠡᠭᠦᠨ ᠢ ᠪᠠᠲᠤᠯᠠᠵᠤ᠂ ᠵᠠᠰᠠᠭ | ᠵᠠᠬᠢᠷᠭᠠᠨ ᠢᠶᠠᠷ ᠲᠠᠬᠢᠨ ᠵᠥᠪᠯᠡᠭᠦᠯᠵᠦ ᠵᠠᠰᠠᠭ ᠵᠠᠬᠢᠷᠭᠠᠨ ᠤ ᠮᠠᠷᠭᠤᠯᠳᠤᠭᠠᠨ ᠢ ᠠᠷᠢᠯᠭᠠᠬᠤ ᠭᠤᠣᠯ ᠠᠷᠭ᠎ᠠ ᠵᠠᠮ ᠤᠨ | ᠦᠢᠯᠡᠳᠦᠯ ᠢ ᠪᠠᠳᠠᠷᠠᠭᠤᠯᠵᠤ᠂ ᠬᠠᠤᠯᠢ ᠪᠠᠷ ᠵᠠᠰᠠᠭᠯᠠᠬᠤ ᠵᠠᠰᠠᠭ ᠤᠨ ᠣᠷᠳᠣᠨ ᠤ ᠪᠠᠶᠢᠭᠤᠯᠤᠯᠲᠠ ᠶᠢ ᠲᠦᠯᠬᠢᠨ | ᠠᠬᠢᠭᠤᠯᠬᠤ ᠵᠣᠷᠢᠯᠭ᠎ᠠ ᠪᠠᠷ᠂ ᠦᠨᠳᠦᠰᠦᠨ ᠬᠠᠤᠯᠢ ᠶᠢ ᠦᠨᠳᠦᠰᠦᠯᠡᠨ ᠲᠤᠰ ᠬᠠᠤᠯᠢ ᠶᠢ ᠲᠣᠭᠲᠠᠭᠠᠪᠠ᠃ | ᠬᠤᠶᠠᠳᠤᠭᠠᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ | ᠠᠴᠠ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠨᠢ ᠲᠡᠭᠦᠨ ᠤ ᠬᠠᠤᠯᠢ | ᠶᠣᠰᠣᠨ ᠤ ᠡᠷᠬᠡ ᠠᠰᠢᠭ ᠲᠤ ᠬᠠᠯᠳᠠᠭᠰᠠᠨ ᠭᠡᠵᠦ ᠦᠵᠡᠭᠡᠳ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠵᠤ᠂ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠰᠢᠢᠳᠪᠦᠷᠢᠯᠡᠬᠦ ᠳᠤ | ᠲᠤᠰ ᠬᠠᠤᠯᠢ ᠶᠢ ᠬᠡᠷᠡᠭᠯᠡᠨ᠎ᠡ᠃ | ᠡᠮᠦᠨᠡᠬᠢ ᠪᠠᠳᠠᠭ ᠲᠤ ᠬᠡᠯᠡᠵᠦ ᠪᠠᠶᠢᠭ᠎ᠠ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠭᠡᠳᠡᠭ ᠲᠤ ᠬᠠᠤᠯᠢ | ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠠᠴᠠ ᠡᠷᠬᠡ ᠣᠯᠭᠤᠭᠰᠠᠨ ᠵᠣᠬᠢᠶᠠᠨ ᠪᠠᠶᠢᠭᠤᠯᠤᠯᠲᠠ ᠶᠢᠨ | ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠪᠠᠭᠲᠠᠨ᠎ᠠ᠃ | ᠭᠤᠷᠪᠠᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠠᠵᠢᠯ ᠳᠤ ᠳᠤᠮᠳᠠᠳᠤ ᠤᠯᠤᠰ ᠤᠨ ᠡᠪ | ᠬᠠᠮᠲᠤ ᠨᠠᠮ ᠤᠨ ᠤᠳᠤᠷᠢᠳᠤᠯᠭ᠎ᠠ ᠶᠢ ᠪᠠᠷᠢᠮᠲᠠᠯᠠᠨ᠎ᠠ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ ᠡᠭᠦᠷᠭᠡ | ᠬᠠᠷᠢᠭᠤᠴᠠᠯᠭ᠎ᠠ ᠪᠠᠨ ᠭᠦᠢᠴᠡᠳᠬᠡᠬᠦ ᠳᠡᠭᠡᠨ᠂ ᠬᠠᠤᠯᠢ ᠶᠣᠰᠣᠨ ᠤ᠂ ᠲᠥᠪ ᠭᠤᠥᠯᠴᠢ᠂ ᠢᠯᠡ ᠲᠣᠳᠣ᠂ ᠥᠨᠳᠥᠷ | ᠦᠷ᠎ᠡ ᠠᠰᠢᠭ ᠲᠠᠢ᠂ ᠠᠷᠠᠳ ᠲᠤ ᠲᠥᠬᠦᠮ ᠦᠵᠡᠭᠦᠯᠬᠦ᠂ ᠠᠷᠠᠳ ᠤᠨ ᠲᠥᠯᠥᠭᠡ ᠪᠠᠶᠢᠬᠤ ᠵᠠᠷᠴᠢᠮ ᠢ ᠵᠢᠷᠤᠮᠯᠠᠵᠤ᠂ | ᠪᠤᠷᠤᠭᠤ ᠪᠠᠶᠢᠪᠠᠯ ᠵᠠᠪᠠᠯ ᠵᠠᠯᠠᠷᠠᠭᠤᠯᠬᠤ ᠶᠢ ᠪᠠᠷᠢᠮᠲᠠᠯᠠᠨ᠂ ᠬᠠᠤᠯᠢ ᠴᠠᠭᠠᠵᠠ᠂ ᠬᠠᠤᠯᠢ ᠲᠣᠭᠲᠠᠭᠠᠯ ᠤᠨ ᠵᠥᠪ | ᠬᠡᠷᠡᠭᠵᠢᠭᠦᠯᠦᠭᠳᠡᠬᠦ ᠶᠢ ᠪᠠᠲᠤᠯᠠᠬᠤ ᠬᠡᠷᠡᠭᠲᠡᠢ᠃ | ᠳᠥᠷᠪᠡᠳᠦᠭᠡᠷ ᠵᠦᠢᠯ ᠰᠢᠶᠠᠨ ᠤ ᠱᠠᠲᠤᠨ ᠠᠴᠠ ᠳᠡᠭᠡᠭᠰᠢᠬᠢ ᠡᠯ᠎ᠡ ᠱᠠᠲᠤᠨ ᠤ ᠠᠷᠠᠳ ᠤᠨ ᠵᠠᠰᠠᠭ ᠤᠨ | ᠣᠷᠳᠣᠨ ᠵᠢᠴᠢ ᠲᠤᠰ ᠬᠠᠤᠯᠢ ᠶᠢᠨ ᠶᠣᠰᠣᠭᠠᠷ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠲᠤᠰᠢᠶᠠᠯ ᠬᠠᠷᠢᠭᠤᠴᠠᠯᠭ᠎ᠠ | ᠶᠢ ᠭᠦᠢᠴᠡᠳᠬᠡᠬᠦ ᠪᠤᠰᠤᠳ ᠵᠠᠰᠠᠭ ᠵᠠᠬᠢᠷᠭᠠᠨ ᠤ ᠪᠠᠶᠢᠭᠤᠯᠭ᠎ᠠ ᠪᠣᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠪᠠᠶᠢᠭᠤᠯᠭ᠎ᠠ ᠮᠥᠨ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠵᠦᠢᠯᠡᠰ ᠢ ᠰᠢᠢᠳᠪᠦᠷᠢᠯᠡᠬᠦ ᠪᠠᠶᠢᠭᠤᠯᠤᠮᠵᠢ ᠪᠣᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠤᠮᠵᠢ ᠪᠣᠯᠣᠨ᠎ᠠ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠤᠮᠵᠢ ᠨᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠵᠠᠷᠭᠤ ᠬᠦᠯᠢᠶᠡᠬᠦ ᠵᠦᠢᠯᠡᠰ ᠢ ᠬᠠᠮᠲᠤ ᠳᠤᠨᠢ ᠵᠣᠬᠢᠶᠠᠨ ᠪᠠᠶᠢᠭᠤᠯᠵᠤ | ᠰᠢᠢᠳᠪᠦᠷᠢᠯᠡᠨ᠎ᠡ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯ ᠢ | ᠴᠢᠩᠭᠠᠳᠬᠠᠵᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠶᠢᠨ ᠬᠠᠤᠯᠢ ᠶᠣᠰᠣᠭᠠᠷ ᠡᠭᠦᠷᠭᠡ | ᠬᠠᠷᠢᠭᠤᠴᠠᠯᠭ᠎ᠠ ᠪᠠᠨ ᠭᠦᠢᠴᠡᠳᠬᠡᠬᠦ ᠶᠢ ᠳᠡᠮᠵᠢᠨ ᠪᠠᠲᠤᠯᠠᠬᠤ ᠬᠡᠷᠡᠭᠲᠡᠢ᠃ ᠳᠡᠭᠡᠳᠦ ᠱᠠᠲᠤᠨ ᠤ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠤᠮᠵᠢ ᠨᠢ ᠳᠣᠣᠷᠠᠳᠤ ᠱᠠᠲᠤᠨ ᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠪᠠᠶᠢᠭᠤᠯᠤᠮᠵᠢ ᠶᠢᠨ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠠᠵᠢᠯ ᠢ ᠵᠢᠯᠤᠭᠤᠳᠴᠤ᠂ ᠲᠡᠭᠦᠨ ᠳᠤ ᠬᠢᠨᠠᠯᠲᠠ | ᠲᠠᠯᠪᠢᠨ᠎ᠠ᠃ | ᠲᠥᠷᠥ ᠶᠢᠨ ᠶᠠᠪᠤᠳᠠᠯ ᠤᠨ ᠬᠤᠷᠢᠶᠠᠨ ᠤ ᠵᠠᠰᠠᠭ ᠵᠠᠬᠢᠷᠭᠠᠨ ᠤ ᠳᠠᠭᠢᠨ ᠵᠥᠪᠳᠡᠬᠦ ᠪᠠᠶᠢᠭᠤᠯᠤᠮᠵᠢ ᠨᠢ ᠵᠠᠰᠠᠭ | ᠵᠠᠬᠢᠷᠭᠠᠨ ᠤ ᠳᠠᠭᠢᠨ ᠵᠥᠪᠯᠡᠬᠦ ᠶᠢᠨ ᠵᠢᠯᠤᠭᠤᠳᠬᠤ ᠴᠢᠨᠠᠷᠲᠠᠢ ᠬᠡᠷᠡᠭ ᠤᠨ ᠵᠢᠱᠢᠶ᠎ᠡ ᠶᠢ ᠨᠡᠶᠢᠲᠡᠯᠡᠵᠦ ᠪᠣᠯᠣᠨ᠎ᠠ᠃ | ᠲᠠᠪᠤᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ ᠢᠶᠠᠷ ᠳᠠᠪᠲᠠᠨ | ᠶᠠᠷᠢᠯᠴᠠᠭᠤᠯᠬᠤ ᠬᠡᠷᠡᠭ ᠢ ᠰᠢᠢᠳᠪᠦᠷᠢᠯᠡᠬᠦ ᠳᠡᠭᠡᠨ ᠡᠶᠡᠳᠡᠭᠦᠯᠵᠦ ᠪᠣᠯᠣᠨ᠎ᠠ᠃ | ᠡᠶᠡᠳᠡᠭᠦᠯᠬᠦ ᠳᠡᠭᠡᠨ ᠬᠠᠤᠯᠢ ᠳᠤ ᠨᠡᠶᠢᠴᠡᠬᠦ᠂ ᠰᠠᠶᠢᠨ ᠳᠤᠷ᠎ᠠ ᠶᠢᠨ ᠪᠠᠶᠢᠬᠤ ᠵᠠᠷᠴᠢᠮ ᠢ ᠵᠢᠷᠤᠮᠯᠠᠬᠤ ᠬᠡᠷᠡᠭᠲᠡᠢ᠂ | ᠤᠯᠤᠰ ᠣᠷᠣᠨ ᠤ ᠠᠰᠢᠭ ᠲᠤᠰᠠ᠂ ᠨᠡᠶᠢᠭᠡᠮ ᠨᠡᠶᠢᠲᠡ ᠶᠢᠨ ᠠᠰᠢᠭ ᠲᠤᠰᠠ ᠪᠠ ᠪᠤᠰᠤᠳ ᠬᠥᠮᠥᠨ ᠤ ᠬᠠᠤᠯᠢ | ᠶᠣᠰᠣᠨ ᠤ ᠡᠷᠬᠡ ᠠᠰᠢᠭ ᠢ ᠬᠤᠬᠢᠷᠠᠭᠤᠯᠵᠤ ᠪᠣᠯᠬᠤ ᠦᠭᠡᠢ᠂ ᠬᠠᠤᠯᠢ ᠴᠠᠭᠠᠵᠠ᠂ ᠬᠠᠤᠯᠢ ᠲᠣᠭᠲᠠᠭᠠᠯ ᠤᠨ | ᠠᠯᠪᠠᠳᠠᠯᠭ᠎ᠠ ᠶᠢᠨ ᠴᠢᠨᠠᠷᠲᠠᠢ ᠲᠣᠭᠲᠠᠭᠠᠯ ᠢ ᠵᠥᠷᠢᠴᠡᠵᠦ ᠪᠣᠯᠬᠤ ᠦᠭᠡᠢ᠃ | ᠵᠢᠷᠭᠤᠳᠤᠭᠠᠷ ᠵᠦᠢᠯ ᠤᠯᠤᠰ ᠠᠴᠠ ᠲᠤᠰᠬᠠᠶᠢᠵᠢᠭᠰᠠᠨ᠂ ᠠᠵᠢᠯ ᠮᠡᠷᠭᠡᠵᠢᠭᠰᠡᠨ ᠵᠠᠰᠠᠭ ᠵᠠᠬᠢᠷᠭᠠᠨ ᠤ ᠳᠠᠬᠢᠨ | ᠵᠥᠪᠯᠡᠬᠦ ᠠᠵᠢᠯᠲᠠᠨ ᠤ ᠡᠩᠨᠡᠭᠡ ᠶᠢ ᠪᠠᠶᠢᠭᠤᠯᠤᠨ᠎ᠠ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠳᠤ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯ ᠢ | ᠠᠩᠬ᠎ᠠ ᠤᠳᠠᠭ᠎ᠠ ᠬᠢᠵᠦ ᠪᠠᠶᠢᠭ᠎ᠠ ᠠᠵᠢᠯᠲᠠᠨ ᠤᠯᠤᠰ ᠤᠨ ᠨᠢᠭᠡᠳᠦᠯᠲᠡᠢ ᠬᠠᠤᠯᠢ ᠴᠠᠭᠠᠵᠠ ᠶᠢᠨ ᠠᠵᠢᠯ ᠮᠡᠷᠭᠡᠵᠢᠯ ᠤᠨ | ᠬᠢᠷᠢ ᠬᠡᠮ ᠤᠨ ᠰᠢᠯᠭᠠᠯᠲᠠ ᠪᠠᠷ ᠳᠡᠮᠵᠢᠨ ᠬᠠᠤᠯᠢ ᠴᠠᠭᠠᠵᠠ ᠶᠢᠨ ᠠᠵᠢᠯ ᠮᠡᠷᠭᠡᠵᠢᠯ ᠤᠨ ᠬᠢᠷᠢ ᠬᠡᠮ ᠣᠯᠬᠤ ᠶᠢᠨ | ᠬᠠᠮᠲᠤ ᠨᠢᠭᠡᠳᠦᠯᠲᠡᠢ ᠠᠵᠢᠯ ᠳᠤ ᠣᠷᠣᠬᠤ ᠠᠴᠠ ᠡᠮᠦᠨᠡᠬᠢ ᠰᠤᠷᠭᠠᠯᠲᠠ ᠳᠤ ᠣᠷᠣᠯᠴᠠᠬᠤ ᠬᠡᠷᠡᠭᠲᠡᠢ᠃ | ᠳᠥᠷᠦ ᠶᠢᠨ ᠶᠠᠪᠤᠳᠠᠯ ᠤᠨ ᠬᠤᠷᠢᠶᠠᠨ ᠤ ᠵᠠᠰᠠᠭ ᠵᠠᠬᠢᠷᠭᠠᠨ ᠤ ᠲᠡᠬᠢᠠ ᠵᠥᠪᠯᠡᠬᠦ ᠪᠠᠶᠢᠭᠤᠯᠤᠮᠵᠢ ᠨᠢ | ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠵᠠᠰᠠᠭ ᠵᠠᠬᠢᠷᠭᠠᠨ ᠤ ᠲᠡᠬᠢᠠ ᠵᠥᠪᠯᠡᠬᠦ ᠠᠵᠢᠯᠲᠠᠨ ᠤ ᠠᠵᠢᠯ | ᠤᠨ ᠵᠢᠷᠤᠮᠵᠢᠯ ᠢ ᠲᠣᠭᠲᠠᠭᠠᠵᠤ᠂ ᠵᠠᠰᠠᠭ ᠵᠠᠬᠢᠷᠭᠠᠨ ᠤ ᠲᠡᠬᠢᠠ ᠵᠥᠪᠯᠡᠬᠦ ᠠᠵᠢᠯᠲᠠᠨ ᠤ ᠲᠤᠬᠠᠶᠢᠯᠠᠭᠰᠠᠨ ᠠᠵᠢᠯ ᠤᠨ | ᠬᠢᠨᠠᠨ ᠰᠢᠯᠭᠠᠯᠲᠠ ᠪᠠ ᠬᠠᠮᠢᠶᠠᠷᠤᠯᠲᠠ ᠶᠢ ᠴᠢᠩᠭᠠᠳᠬᠠᠬᠤ ᠬᠡᠷᠡᠭᠲᠡᠢ᠃ | ᠳᠣᠯᠣᠳᠤᠭᠠᠷ ᠵᠦᠢᠯ ᠵᠠᠰᠠᠭ ᠵᠠᠬᠢᠷᠭᠠᠨ ᠤ ᠳᠠᠭᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ ᠳᠠᠭᠢᠨ | ᠵᠥᠪᠯᠡᠬᠦ ᠪᠠᠶᠢᠭᠤᠯᠤᠮᠵᠢ ᠶᠢᠨ ᠠᠵᠢᠯᠲᠠᠨ ᠢ ᠵᠣᠬᠢᠴᠠᠭᠤᠯᠬᠤ ᠬᠢᠭᠡᠳ ᠡᠭᠦᠷᠭᠡᠯᠡᠵᠦ ᠪᠦᠬᠦᠢ ᠠᠵᠢᠯ ᠤᠨ ᠡᠭᠦᠷᠭᠡ ᠯᠦᠭᠡ | ᠨᠢ ᠲᠣᠬᠢᠷᠠᠯᠴᠠᠭᠤᠯᠬᠤ ᠶᠢ ᠦᠨᠡᠨᠬᠦ ᠪᠠᠲᠤᠯᠠᠵᠤ᠂ ᠵᠠᠰᠠᠭ ᠵᠠᠬᠢᠷᠭᠠᠨ ᠤ ᠳᠠᠭᠢᠨ ᠵᠥᠪᠯᠡᠬᠦ ᠠᠵᠢᠯᠲᠠᠨ ᠤ ᠲᠤᠰᠬᠠᠢ | ᠮᠡᠷᠭᠡᠵᠢᠯ ᠤᠨ ᠬᠡᠪ ᠴᠢᠨᠠᠷ ᠢ ᠳᠡᠭᠡᠭᠰᠢᠯᠡᠭᠦᠯᠦᠨ᠂ ᠠᠵᠢᠯ ᠤᠨ ᠬᠡᠷᠡᠭᠴᠡᠭᠡ ᠪᠠᠨ ᠦᠨᠳᠦᠰᠦᠯᠡᠨ ᠬᠡᠷᠡᠭ ᠰᠢᠢᠳᠪᠦᠷᠢᠯᠡᠬᠦ | ᠲᠠᠯᠠᠪᠤᠷ᠂ ᠲᠣᠨᠤᠭ ᠲᠥᠬᠦᠭᠡᠷᠦᠮᠵᠢ ᠵᠡᠷᠭᠡ ᠪᠡᠯᠡᠳᠬᠡᠮᠵᠢ ᠶᠢ ᠪᠠᠲᠤᠯᠠᠬᠤ ᠬᠡᠷᠡᠭᠲᠡᠢ᠃ ᠰᠢᠶᠠᠩ ᠤ ᠱᠠᠲᠤᠨ ᠠᠴᠠ | ᠳᠡᠭᠡᠭᠰᠢᠬᠢ ᠡᠯ᠎ᠡ ᠱᠠᠲᠤᠨ ᠤ ᠠᠷᠠᠳ ᠤᠨ ᠵᠠᠰᠠᠭ ᠤᠨ ᠣᠷᠳᠣᠨ ᠨᠤᠭᠤᠳ ᠵᠠᠰᠠᠭ ᠵᠠᠬᠢᠷᠭᠠᠨ ᠤ ᠳᠠᠭᠢᠨ ᠵᠥᠪᠯᠡᠬᠦ | ᠠᠵᠢᠯ ᠤᠨ ᠵᠠᠷᠤᠳᠠᠯ ᠢ ᠲᠤᠰ ᠱᠠᠲᠤᠨ ᠤ ᠲᠥᠰᠥᠪ ᠲᠡᠭᠡᠨ ᠣᠷᠣᠭᠤᠯᠬᠤ ᠬᠡᠷᠡᠭᠲᠡᠢ᠃ | ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠮᠡᠳᠡᠭᠡ ᠵᠠᠩᠭᠢᠵᠢᠯᠲᠠ ᠶᠢᠨ | ᠪᠠᠶᠢᠭᠤᠯᠤᠯᠲᠠ ᠪᠠᠨ ᠴᠢᠩᠭᠠᠳᠬᠠᠵᠤ᠂ ᠣᠳᠣᠬᠢᠴᠢᠯᠠᠭᠰᠠᠨ ᠮᠡᠳᠡᠭᠡ ᠵᠠᠩᠭᠢ ᠶᠢᠨ ᠮᠡᠷᠭᠡᠵᠢᠯ ᠢ ᠬᠡᠷᠡᠭᠯᠡᠨ᠂ ᠠᠷᠠᠳ | ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠶᠢᠨ ᠵᠠᠰᠠᠭ ᠵᠠᠬᠢᠷᠭᠠᠨ ᠤ ᠳᠠᠬᠢᠨ | ᠵᠥᠪᠯᠡᠬᠦ ᠶᠢ ᠭᠤᠶᠤᠴᠢᠯᠠᠬᠤ ᠪᠠ ᠲᠡᠭᠦᠨ ᠳᠤ ᠣᠷᠣᠯᠴᠠᠬᠤ ᠳᠤ ᠲᠥᠬᠦᠮ ᠦᠵᠡᠭᠦᠯᠵᠦ᠂ ᠠᠵᠢᠯ ᠤᠨ ᠶᠠᠰᠤ ᠴᠢᠨᠠᠷ | ᠪᠠ ᠦᠷ᠎ᠡ ᠪᠦᠲᠦᠮᠵᠢ ᠶᠢ ᠳᠡᠭᠡᠭᠰᠢᠯᠡᠭᠦᠯᠬᠦ ᠬᠡᠷᠡᠭᠲᠡᠢ᠃ | ᠶᠢᠰᠦᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯ ᠤᠨ ᠳᠤᠮᠳᠠ ᠢᠯᠡᠳᠲᠡ ᠠᠮᠵᠢᠯᠲᠠ | ᠪᠦᠲᠦᠮᠵᠢ ᠭᠠᠷᠭᠠᠭᠰᠠᠨ ᠨᠢᠭᠡᠴᠢ ᠪᠠ ᠬᠤᠪᠢ ᠬᠥᠮᠥᠨ ᠢ ᠤᠯᠤᠰ ᠤᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ | ᠰᠠᠶᠢᠰᠢᠶᠠᠨ ᠬᠥᠬᠢᠭᠦᠯᠬᠦ ᠪᠠ ᠱᠠᠩᠨᠠᠨ᠎ᠠ᠃ | ᠠᠷᠪᠠᠳᠤᠭᠠᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ | ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠢ ᠵᠥᠪᠰᠢᠶᠡᠷᠡᠬᠦ ᠦᠭᠡᠢ ᠪᠣᠯ ︽ᠪᠥᠬᠦᠳᠡ ᠨᠠᠶᠢᠷᠠᠮᠳᠠᠬᠤ | ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ ᠵᠠᠷᠭᠤ ᠶᠢᠨ ᠬᠠᠤᠯᠢ︾ ᠶᠢᠨ ᠲᠣᠭᠲᠠᠭᠠᠯ ᠶᠣᠰᠣᠭᠠᠷ ᠠᠷᠠᠳ | ᠤᠨ ᠰᠢᠭᠦᠬᠦ ᠬᠤᠷᠢᠶᠠᠨ ᠳᠤ ᠵᠠᠰᠠᠭ ᠵᠠᠬᠢᠷᠭᠠᠨ ᠤ ᠵᠠᠷᠭᠤ ᠬᠢᠵᠦ ᠪᠣᠯᠣᠨ᠎ᠠ᠂ ᠭᠡᠪᠡᠴᠦ ᠬᠠᠤᠯᠢ ᠴᠠᠭᠠᠵᠠ ᠳᠤ ᠵᠠᠰᠠᠭ | ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠢ ᠡᠴᠦᠰ ᠤᠨ ᠲᠣᠭᠲᠠᠭᠠᠯᠲᠠ ᠭᠡᠵᠦ ᠲᠣᠭᠲᠠᠭᠠᠭᠰᠠᠨ ᠪᠠᠶᠢᠪᠠᠯ | ᠡᠭᠦᠨ ᠳᠤ ᠪᠠᠭᠲᠠᠬᠤ ᠦᠭᠡᠢ᠃ | ᠬᠤᠶᠠᠳᠤᠭᠠᠷ ᠪᠦᠯᠦᠭ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ | ᠨᠢᠭᠡᠳᠦᠭᠡᠷ ᠬᠡᠰᠡᠭ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠦᠷᠢᠶ᠎ᠡ ᠬᠡᠪᠴᠢᠶ᠎ᠡ | ᠠᠷᠪᠠᠨ ᠨᠢᠭᠡᠳᠦᠭᠡᠷ ᠵᠦᠢᠯ ᠳᠠᠷᠠᠭᠠᠬᠢ ᠵᠢᠭᠰᠠᠭᠠᠭᠰᠠᠨ ᠪᠠᠶᠢᠳᠠᠯ ᠤᠳ ᠤᠨ ᠨᠢᠭᠡ ᠨᠢ ᠪᠠᠶᠢᠪᠠᠯ᠂ ᠠᠷᠠᠳ | ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠲᠤᠰ ᠬᠠᠤᠯᠢ ᠶᠢᠨ ᠶᠣᠰᠣᠭᠠᠷ ᠵᠠᠰᠠᠭ | ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠵᠤ ᠪᠣᠯᠣᠨ᠎ᠠ᠄ | ︵ᠨᠢᠭᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠵᠠᠰᠠᠭ ᠵᠠᠬᠢᠷᠭᠠᠨ ᠤᠰᠢᠢᠳᠬᠡᠯ ᠤᠨ | ᠲᠣᠭᠲᠠᠭᠠᠯ ᠢ ᠦᠯᠦ ᠵᠥᠪᠰᠢᠶᠡᠷᠡᠬᠦ︔ | ︵ᠬᠤᠶᠠᠷ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠵᠠᠰᠠᠭ ᠵᠠᠬᠢᠷᠭᠠᠨ ᠤ ᠠᠯᠪᠠᠳᠠᠯᠭ᠎ᠠ ᠶᠢᠨ | ᠠᠷᠭ᠎ᠠ ᠬᠡᠮᠵᠢᠶ᠎ᠡ᠂ ᠵᠠᠰᠠᠭ ᠵᠠᠬᠢᠷᠭᠠᠨ ᠤ ᠠᠯᠪᠠᠳᠠᠨ ᠭᠦᠢᠴᠡᠳᠬᠡᠭᠦᠯᠬᠦ ᠲᠣᠭᠲᠠᠭᠠᠯ ᠢ ᠦᠯᠦ ᠵᠥᠪᠰᠢᠶᠡᠷᠡᠬᠦ︔ | ︵ᠭᠤᠷᠪᠠ︶ ᠵᠠᠰᠠᠭ ᠵᠠᠬᠢᠷᠭᠠᠨ ᠤ ᠵᠥᠪᠰᠢᠶᠡᠷᠡᠯ ᠠᠪᠬᠤ ᠪᠠᠷ ᠭᠤᠶᠤᠴᠢᠯᠠᠬᠤ ᠳᠤ ᠵᠠᠰᠠᠭ ᠵᠠᠬᠢᠷᠭᠠᠨ ᠤ | ᠪᠠᠶᠢᠭᠤᠯᠭ᠎ᠠ ᠲᠡᠪᠴᠢᠭᠰᠡᠨ ᠪᠤᠶᠤ ᠬᠠᠤᠯᠢ ᠳᠤ ᠲᠣᠭᠲᠠᠭᠠᠭᠰᠠᠨ ᠬᠤᠭᠤᠴᠠᠭᠠᠨ ᠤ ᠳᠣᠲᠣᠷ᠎ᠠ ᠬᠠᠷᠢᠭᠤᠯᠲᠠ | ᠥᠭᠭᠦᠭᠰᠡᠨ ᠦᠭᠡᠢ᠂ ᠡᠰᠡᠬᠦᠯ᠎ᠡ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠵᠠᠰᠠᠭ ᠵᠠᠬᠢᠷᠭᠠᠨ ᠤ | ᠵᠥᠪᠰᠢᠶᠡᠷᠡᠯ ᠳᠤ ᠬᠤᠯᠪᠣᠭᠳᠠᠬᠤ ᠪᠤᠰᠤᠳ ᠲᠣᠭᠲᠠᠭᠠᠯ ᠢ ᠦᠯᠦ ᠵᠥᠪᠰᠢᠶᠡᠷᠡᠬᠦ︔ | ︵ᠳᠥᠷᠪᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠪᠠᠶᠢᠭᠠᠯᠢ ᠶᠢᠨ ᠡᠬᠢ ᠪᠠᠶᠠᠯᠢᠭ ᠤᠨ | ᠥᠮᠴᠢᠯᠡᠬᠦ ᠡᠷᠬᠡ ᠪᠤᠶᠤ ᠬᠡᠷᠡᠭᠯᠡᠬᠦ ᠡᠷᠬᠡ ᠶᠢ ᠨᠤᠲᠠᠯᠠᠬᠤ ᠲᠣᠭᠲᠠᠭᠠᠯ ᠢ ᠦᠯᠦ ᠵᠥᠪᠰᠢᠶᠡᠷᠡᠬᠦ︔ | ︵ᠲᠠᠪᠤ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠲᠠᠲᠠᠪᠤᠷᠢᠯᠠᠨ ᠬᠡᠷᠡᠭᠯᠡᠬᠦ ᠲᠣᠭᠲᠠᠭᠠᠯ ᠵᠢᠴᠢ | ᠲᠡᠭᠦᠨ ᠳᠤ ᠨᠥᠬᠦᠪᠦᠷᠢ ᠣᠯᠭᠤᠬᠤ ᠲᠣᠭᠲᠠᠭᠠᠯ ᠢ ᠦᠯᠦ ᠵᠥᠪᠰᠢᠶᠡᠷᠡᠬᠦ︔ | ︵ᠵᠢᠷᠭᠤᠭ᠎ᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠲᠥᠯᠥᠪᠦᠷᠢ ᠶᠢᠨ ᠲᠣᠭᠲᠠᠭᠠᠯ ᠪᠤᠶᠤ | ᠲᠥᠯᠥᠪᠦᠷᠢ ᠦᠯᠦ ᠣᠯᠭᠤᠬᠤ ᠲᠣᠭᠲᠠᠭᠠᠯ ᠢ ᠦᠯᠦ ᠵᠥᠪᠰᠢᠶᠡᠷᠡᠬᠦ︔ | ︵ᠲᠤᠯᠤᠭ᠎ᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠠᠵᠢᠯ ᠠᠴᠠ ᠪᠣᠯᠤᠭᠰᠠᠨ ᠭᠡᠮᠲᠦᠯ ᠢ | ᠮᠠᠭᠠᠳᠯᠠᠨ ᠲᠣᠭᠲᠠᠭᠠᠯᠭᠠᠬᠤ ᠭᠤᠶᠤᠴᠢᠯᠠᠯ ᠢ ᠦᠯᠦ ᠬᠦᠯᠢᠶᠡᠨ ᠠᠪᠴᠤ ᠰᠢᠢᠳᠪᠦᠷᠢᠯᠡᠬᠦ ᠲᠣᠭᠲᠠᠭᠠᠯ ᠪᠤᠶᠤ ᠠᠵᠢᠯ | ᠠᠴᠠ ᠪᠣᠯᠤᠭᠰᠠᠨ ᠭᠡᠮᠲᠦᠯ ᠢ ᠮᠠᠭᠠᠳᠯᠠᠨ ᠲᠣᠭᠲᠠᠭᠠᠭᠰᠠᠨ ᠳ᠋ᠦᠩᠨᠡᠯᠲᠡ ᠶᠢ ᠦᠯᠦ ᠵᠥᠪᠰᠢᠶᠡᠷᠡᠬᠦ︔ | ︵ᠨᠠᠢᠮᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢ ᠡᠵᠡᠩᠨᠡᠯᠲᠡ ᠶᠢᠨ ᠡᠵᠡᠨ ᠮᠡᠳᠡᠬᠦ ᠡᠷᠬᠡ ᠪᠤᠶᠤ ᠬᠥᠳᠡᠭᠡ | ᠲᠣᠰᠬᠤᠨ ᠤ ᠭᠠᠵᠠᠷ ᠰᠢᠷᠣᠢ ᠶᠢ ᠳᠠᠭᠠᠭᠠᠴᠢᠯᠠᠨ ᠡᠵᠡᠩᠨᠡᠬᠦ ᠡᠷᠬᠡ᠂ ᠬᠥᠳᠡᠭᠡ ᠲᠣᠰᠬᠤᠨ ᠤ ᠭᠠᠵᠠᠷ ᠰᠢᠷᠣᠢ ᠶᠢ | ᠡᠵᠡᠩᠨᠡᠬᠦ ᠡᠷᠬᠡ ᠳᠤ ᠬᠠᠯᠳᠠᠭᠰᠠᠨ ᠭᠡᠵᠦ ᠦᠵᠡᠬᠦ︔ | ︵ᠶᠢᠰᠦ︶ ᠵᠠᠰᠠᠭ ᠵᠠᠬᠢᠷᠭᠠᠨ ᠤ ᠪᠠᠶᠢᠭᠤᠯᠭ᠎ᠠ ᠶᠢ ᠵᠠᠰᠠᠭ ᠵᠠᠬᠢᠷᠭᠠᠨ ᠤ ᠡᠷᠬᠡ ᠪᠠᠨ ᠳᠤᠷ᠎ᠠ ᠮᠡᠳᠡᠨ | ᠬᠡᠷᠡᠭᠯᠡᠵᠦ ᠥᠷᠢᠰᠦᠯᠳᠦᠭᠡᠨ ᠢ ᠠᠷᠢᠯᠭᠠᠭᠰᠠᠨ ᠪᠤᠶᠤ ᠬᠢᠵᠠᠭᠠᠷᠯᠠᠭᠰᠠᠨ ᠭᠡᠵᠦ ᠦᠵᠡᠬᠦ︔ | ︵ᠠᠷᠪᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢ ᠬᠠᠤᠯᠢ ᠶᠢ ᠵᠥᠷᠢᠴᠡᠵᠦ ᠪᠡᠯᠡ ᠮᠥᠩᠭᠦ | ᠴᠤᠭᠯᠠᠭᠤᠯᠤᠭᠰᠠᠨ᠂ ᠵᠠᠷᠤᠳᠠᠯ ᠲᠡᠰᠬᠡᠨ ᠲᠠᠲᠠᠪᠤᠷᠢᠯᠠᠭᠰᠠᠨ ᠪᠤᠶᠤ ᠬᠠᠤᠯᠢ ᠶᠢ ᠵᠥᠷᠢᠴᠡᠵᠦ ᠪᠤᠰᠤᠳ ᠡᠭᠦᠷᠭᠡ | ᠭᠦᠢᠴᠡᠳᠬᠡᠭᠦᠯᠬᠦ ᠪᠠᠷ ᠱᠠᠭᠠᠷᠳᠠᠭᠰᠠᠨ ᠭᠡᠵᠦ ᠦᠵᠡᠬᠦ︔ | ︵ᠠᠷᠪᠠᠨ ᠨᠢᠭᠡ︶ ᠵᠠᠰᠠᠭ ᠵᠠᠬᠢᠷᠭᠠᠨ ᠤ ᠪᠠᠶᠢᠭᠤᠯᠭ᠎ᠠ ᠳᠤ ᠬᠥᠮᠥᠨ ᠤ ᠪᠡᠶ᠎ᠡ ᠶᠢᠨ ᠡᠷᠬᠡ᠂ ᠡᠳ᠋ ᠬᠥᠷᠥᠩᠭᠡ | ᠶᠢᠨ ᠡᠷᠬᠡ᠂ ᠰᠤᠷᠭᠠᠨ ᠬᠥᠮᠦᠵᠢᠯ ᠬᠦᠷᠳᠡᠬᠦ ᠡᠷᠬᠡ ᠵᠡᠷᠭᠡ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠬᠠᠤᠯᠢ | ᠪᠠᠷ ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠶᠢ ᠨᠢ ᠭᠦᠢᠴᠡᠳᠬᠡᠭᠦᠯᠬᠦ ᠪᠠᠷ ᠭᠤᠶᠤᠴᠢᠯᠠᠬᠤ ᠳᠤ ᠵᠠᠰᠠᠭ ᠵᠠᠬᠢᠷᠭᠠᠨ | ᠤ ᠪᠠᠶᠢᠭᠤᠯᠭ᠎ᠠ ᠭᠦᠢᠴᠡᠳᠬᠡᠬᠦ ᠶᠢ ᠲᠡᠪᠴᠢᠭᠰᠡᠨ᠂ ᠬᠠᠤᠯᠢ ᠶᠣᠰᠣᠭᠠᠷ ᠭᠦᠢᠴᠡᠳᠬᠡᠭᠰᠡᠨ ᠦᠭᠡᠢ ᠪᠤᠶᠤ ᠬᠠᠷᠢᠭᠤᠯᠲᠠ | ᠥᠭᠭᠦᠭᠰᠡᠨ ᠦᠭᠡᠢ︔ | ︵ᠠᠷᠪᠠᠨ ᠬᠤᠶᠠᠷ︶ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠠᠰᠠᠷᠠᠮᠵᠢ ᠶᠢᠨ ᠮᠥᠩᠭᠦ᠂ ᠨᠡᠶᠢᠭᠡᠮ ᠤᠨ | ᠳᠠᠭᠠᠳᠬᠠᠯ ᠤᠨ ᠬᠠᠷᠠᠭᠠᠯᠵᠠᠯ ᠪᠤᠶᠤ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠵᠡᠷᠭᠡ ᠨᠡᠶᠢᠭᠡᠮ ᠤᠨ | ᠪᠠᠲᠤᠯᠠᠭ᠎ᠠ ᠶᠢ ᠬᠠᠤᠯᠢ ᠶᠣᠰᠣᠭᠠᠷ ᠥᠭᠭᠦᠭᠦᠯᠬᠦ ᠪᠠᠷ ᠭᠤᠶᠤᠴᠢᠯᠠᠬᠤ ᠳᠤ ᠵᠠᠰᠠᠭ ᠵᠠᠬᠢᠷᠭᠠᠨ ᠤ ᠪᠠᠶᠢᠭᠤᠯᠭ᠎ᠠ ᠬᠠᠤᠯᠢ | ᠶᠣᠰᠣᠭᠠᠷ ᠥᠭᠭᠦᠭᠰᠡᠨ ᠦᠭᠡᠢ︔ | ︵ᠠᠷᠪᠠᠨ ᠭᠤᠷᠪᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢ ᠵᠠᠰᠠᠭ ᠤᠨ ᠣᠷᠳᠣᠨ ᠤ ᠣᠨᠴᠠ | ᠵᠥᠪᠰᠢᠶᠡᠷᠡᠭᠰᠡᠨ ᠡᠵᠡᠩᠨᠡᠯᠲᠡ ᠶᠢᠨ ᠬᠡᠯᠡᠯᠴᠡᠭᠡᠷ᠂ ᠭᠠᠵᠠᠷ ᠰᠢᠷᠣᠢ ᠭᠡᠷ ᠪᠠᠶᠢᠰᠢᠩ ᠢ ᠲᠠᠲᠠᠪᠤᠷᠢᠯᠠᠬᠤ ᠨᠥᠬᠦᠪᠦᠷᠢ ᠶᠢᠨ | ᠬᠡᠯᠡᠯᠴᠡᠭᠡᠷ ᠵᠡᠷᠭᠡ ᠵᠠᠰᠠᠭ ᠵᠠᠬᠢᠷᠭᠠᠨ ᠤ ᠬᠡᠯᠡᠯᠴᠡᠭᠡᠷ ᠢ ᠬᠠᠤᠯᠢ ᠶᠣᠰᠣᠭᠠᠷ ᠲᠣᠭᠲᠠᠭᠠᠭᠰᠠᠨ ᠦᠭᠡᠢ᠂ ᠬᠠᠤᠯᠢ | ᠶᠣᠰᠣᠭᠠᠷ ᠭᠦᠢᠴᠡᠳᠬᠡᠭᠰᠡᠨ ᠦᠭᠡᠢ᠂ ᠪᠣᠯᠵᠣᠯ ᠶᠣᠰᠣᠭᠠᠷ ᠭᠦᠢᠴᠡᠳᠬᠡᠭᠰᠡᠨ ᠦᠭᠡᠢ ᠪᠤᠶᠤ ᠬᠠᠤᠯᠢ ᠶᠢ ᠵᠥᠷᠢᠴᠡᠨ | ᠬᠤᠪᠢᠷᠠᠭᠤᠯᠤᠭᠰᠠᠨ᠂ ᠬᠦᠴᠦᠨ ᠦᠭᠡᠢ ᠪᠣᠯᠭᠠᠭᠰᠠᠨ ᠭᠡᠵᠦ ᠦᠵᠡᠭᠰᠡᠨ︔ | ︵ᠠᠷᠪᠠᠨ ᠳᠥᠷᠪᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢ ᠵᠠᠰᠠᠭ ᠤᠨ ᠣᠷᠳᠣᠨ ᠤ ᠮᠡᠳᠡᠭᠡ ᠵᠠᠩᠭᠢ ᠶᠢ | ᠢᠯᠠ ᠲᠣᠳᠣ ᠪᠠᠶᠢᠯᠭᠠᠬᠤ ᠠᠵᠢᠯ ᠤᠨ ᠳᠤᠮᠳᠠ ᠲᠡᠭᠦᠨ ᠤ ᠬᠠᠤᠯᠢ ᠶᠣᠰᠣᠨ ᠤ ᠡᠷᠬᠡ ᠠᠰᠢᠭ ᠲᠤ ᠬᠠᠯᠳᠠᠭᠰᠠᠨ | ᠭᠡᠵᠦ ᠦᠵᠡᠬᠦ︔ | ︵ᠠᠷᠪᠠᠨ ᠲᠠᠪᠤ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠪᠤᠰᠤᠳ ᠵᠠᠰᠠᠭ ᠵᠠᠬᠢᠷᠭᠠᠨ ᠤ ᠤᠢᠢᠯᠠ | ᠠᠵᠢᠯᠯᠠᠭ᠎ᠠ ᠶᠢ ᠬᠠᠤᠯᠢ ᠶᠣᠰᠣᠨ ᠤ ᠡᠷᠬᠡ ᠠᠰᠢᠭ ᠲᠤᠨᠢ ᠬᠠᠯᠳᠠᠭᠰᠠᠨ ᠭᠡᠵᠦ ᠦᠵᠡᠬᠦ᠃ | ᠠᠷᠪᠠᠨ ᠬᠤᠶᠠᠳᠤᠭᠠᠷ ᠵᠦᠢᠯ ᠳᠣᠣᠷᠠᠬᠢ ᠵᠦᠢᠯ ᠤᠳ ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠪᠴᠢᠶᠡᠨ ᠳᠤ | ᠪᠠᠭᠲᠠᠬᠤ ᠦᠭᠡᠢ᠄ | ︵ᠨᠢᠭᠡ︶ ᠤᠯᠤᠰ ᠤᠨ ᠪᠠᠲᠤᠯᠠᠨ ᠬᠠᠮᠠᠭᠠᠯᠠᠯᠲᠠ᠂ ᠭᠠᠳᠠᠭᠠᠳᠤ ᠬᠠᠷᠢᠯᠴᠠᠭ᠎ᠠ ᠵᠡᠷᠭᠡ ᠲᠦᠷᠦ ᠶᠢᠨ | ᠠᠵᠢᠯᠯᠠᠭ᠎ᠠ︔ | ︵ᠬᠤᠶᠠᠷ︶ ᠵᠠᠰᠠᠭ ᠵᠠᠬᠢᠷᠭᠠᠨ ᠤ ᠬᠠᠤᠯᠢ ᠲᠣᠭᠲᠠᠭᠠᠯ᠂ ᠳᠦᠷᠢᠮ ᠲᠣᠭᠲᠠᠭᠠᠯ ᠪᠤᠶᠤ ᠵᠠᠰᠠᠭ ᠵᠠᠬᠢᠷᠭᠠᠨ | ᠤ ᠪᠠᠶᠢᠭᠤᠯᠤᠯᠭ᠎ᠠ ᠶᠢᠨ ᠲᠣᠭᠲᠠᠭᠠᠭᠰᠠᠨ᠂ ᠨᠡᠶᠢᠲᠡᠯᠡᠭᠰᠡᠨ ᠨᠡᠶᠢᠳᠡᠮ ᠬᠢᠵᠠᠭᠠᠷᠯᠠᠬᠤ ᠬᠦᠴᠦᠨ ᠪᠦᠬᠦᠢ ᠲᠣᠭᠲᠠᠭᠠᠯ᠂ | ᠵᠠᠷᠯᠢᠭ ᠵᠡᠷᠭᠡ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ︔ | ︵ᠭᠤᠷᠪᠠ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠠᠵᠢᠯᠲᠠᠨ ᠢ | ᠱᠠᠩᠨᠠᠬᠤ᠂ ᠰᠢᠢᠳᠬᠡᠬᠦ᠂ ᠲᠣᠮᠢᠯᠠᠬᠤ ᠪᠠᠭᠤᠯᠭᠠᠬᠤ ᠵᠡᠷᠭᠡ ᠲᠣᠭᠲᠠᠭᠠᠯ︔ | ︵ᠳᠥᠷᠪᠡ︶ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠢᠷᠭᠡᠨ ᠤ ᠬᠡᠷᠡᠭ ᠤᠨ ᠵᠢᠭᠤᠷᠠᠯᠳᠤᠭᠠᠨ ᠳᠤ ᠬᠢᠭᠰᠡᠨ | ᠡᠶᠡᠳᠡᠭᠦᠯᠭᠡ᠃ | ᠠᠷᠪᠠᠨ ᠭᠤᠷᠪᠠᠳᠤᠭᠠᠷ ᠵᠦᠢᠯ ᠠᠷᠠᠳ ᠢᠷᠭᠡᠨ᠂ ᠬᠠᠤᠯᠢ ᠶᠢᠨ ᠡᠷᠬᠡᠲᠡᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠠᠴᠠ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢᠨ | ᠦᠨᠳᠦᠰᠦ ᠪᠠᠷᠢᠮᠲᠠ ᠪᠣᠯᠭᠠᠭᠰᠠᠨ ᠳᠠᠷᠠᠭᠠᠬᠢ ᠵᠢᠭᠰᠠᠭᠠᠭᠰᠠᠨ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠢ | ᠬᠠᠤᠯᠢ ᠳᠤ ᠨᠡᠶᠢᠴᠡᠬᠦ ᠦᠭᠡᠢ ᠭᠡᠵᠦ ᠦᠵᠡᠪᠡᠯ᠂ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠵᠠᠰᠠᠭ ᠵᠠᠬᠢᠷᠭᠠᠨ | ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠬᠤ ᠳᠠᠭᠠᠨ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠳᠤ | ᠲᠣᠰ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠢ ᠳᠠᠭᠠᠯᠳᠤᠭᠤᠯᠤᠨ ᠬᠢᠨᠠᠨ ᠪᠠᠶᠢᠴᠠᠭᠠᠯᠭᠠᠬᠤ ᠪᠠᠷ ᠬᠠᠮᠲᠤ ᠳᠤᠨᠢ | ᠭᠤᠶᠤᠴᠢᠯᠠᠵᠤ ᠪᠣᠯᠣᠨ᠎ᠠ᠄ | ︵ᠨᠢᠭᠡ︶ ᠲᠦᠷᠦ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠥᠴᠢᠷ ᠤᠨ ᠵᠢᠷᠤᠮᠵᠢᠯ ᠤᠨ ᠴᠢᠨᠠᠷᠲᠠᠢ | ᠪᠢᠴᠢᠭ ᠮᠠᠲ᠋ᠧᠷᠢᠶᠠᠯ︔ | ︵ᠬᠤᠶᠠᠷ︶ ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠡᠯ᠎ᠡ ᠱᠠᠲᠤᠨ ᠤ ᠠᠷᠠᠳ ᠤᠨ | ᠵᠠᠰᠠᠭ ᠤᠨ ᠣᠷᠳᠣᠨ ᠵᠢᠴᠢ ᠲᠡᠭᠦᠨ ᠤ ᠠᠵᠢᠯᠯᠠᠬᠤ ᠰᠠᠯᠠᠭ᠎ᠠ ᠮᠥᠴᠢᠷ ᠤᠨ ᠵᠢᠷᠤᠮᠵᠢᠯ ᠤᠨ ᠴᠢᠨᠠᠷᠲᠠᠢ ᠪᠢᠴᠢᠭ | ᠮᠠᠲ᠋ᠧᠷᠢᠶᠠᠯ︔ | ︵ᠭᠤᠷᠪᠠ︶ ᠰᠢᠶᠠᠩ᠂ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠤ ᠵᠢᠷᠤᠮᠵᠢᠯ ᠤᠨ ᠴᠢᠨᠠᠷᠲᠠᠢ | ᠪᠢᠴᠢᠭ ᠮᠠᠲ᠋ᠧᠷᠢᠶᠠᠯ︔ | ︵ᠳᠥᠷᠪᠡ︶ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠠᠴᠠ ᠡᠷᠬᠡ ᠣᠯᠭᠤᠭᠰᠠᠨ | ᠵᠣᠬᠢᠶᠠᠨ ᠪᠠᠶᠢᠭᠤᠯᠤᠯᠲᠠ ᠶᠢᠨ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ᠃ | ᠡᠮᠦᠨᠡᠬᠢ ᠪᠠᠳᠠᠭ ᠲᠤ ᠵᠢᠭᠰᠠᠭᠠᠭᠰᠠᠨ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠳᠤ ᠳᠦᠷᠢᠮ | ᠲᠣᠭᠲᠠᠭᠠᠯ ᠪᠠᠭᠲᠠᠬᠤ ᠦᠭᠡᠢ᠃ ᠳᠦᠷᠢᠮ ᠲᠣᠭᠲᠠᠭᠠᠯ ᠢ ᠬᠢᠨᠠᠨ ᠪᠠᠶᠢᠴᠠᠭᠠᠬᠤ ᠠᠵᠢᠯ ᠢ ᠬᠠᠤᠯᠢ ᠴᠠᠭᠠᠵᠠ᠂ ᠵᠠᠰᠠᠭ | ᠵᠠᠬᠢᠷᠭᠠᠨ ᠤ ᠬᠠᠤᠯᠢ ᠲᠣᠭᠲᠠᠭᠠᠯ ᠤᠨ ᠶᠣᠰᠣᠭᠠᠷ ᠭᠦᠢᠴᠡᠳᠬᠡᠨ᠎ᠡ᠃ | ᠬᠤᠶᠠᠳᠤᠭᠠᠷ ᠬᠡᠰᠡᠭ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ ᠣᠷᠣᠯᠴᠠᠭᠰᠠᠳ | ᠠᠷᠪᠠᠨ ᠳᠥᠷᠪᠡᠳᠦᠭᠡᠷ ᠵᠦᠢᠯ ᠲᠤᠰ ᠬᠠᠤᠯᠢ ᠶᠢᠨ ᠶᠣᠰᠣᠭᠠᠷ ᠵᠠᠰᠠᠭ ᠵᠠᠬᠢᠷᠭᠠᠨ ᠢᠶᠠᠷ ᠳᠠᠪᠲᠠᠨ | ᠶᠠᠷᠢᠯᠴᠠᠭᠤᠯᠬᠤ ᠪᠠᠷ ᠭᠤᠶᠤᠴᠢᠯᠠᠭᠰᠠᠨ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠪᠣᠯ ᠭᠤᠶᠤᠴᠢᠯᠠᠭᠴᠢ ᠮᠥᠨ᠃ | ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ ᠭᠤᠶᠤᠴᠢᠯᠠᠬᠤ ᠡᠷᠬᠡ ᠲᠠᠢ ᠠᠷᠠᠳ ᠢᠷᠭᠡᠨ | ᠦᠬᠦᠭᠰᠡᠠ ᠪᠠᠶᠢᠪᠠᠯ᠂ ᠲᠡᠭᠦᠨ ᠤ ᠣᠶᠢᠷ᠎ᠠ ᠳᠥᠷᠦᠯ ᠰᠡᠳᠦᠠ ᠨᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠪᠠᠷ ᠭᠤᠶᠤᠴᠢᠯᠠᠵᠤ ᠪᠣᠯᠣᠨ᠎ᠠ᠃ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠬᠤ ᠡᠷᠬᠡ ᠲᠠᠢ | ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠳᠠᠭᠤᠰᠤᠭᠰᠠᠨ ᠪᠠᠶᠢᠪᠠᠯ᠂ ᠲᠡᠭᠦᠨ ᠤ ᠡᠷᠬᠡ | ᠡᠭᠦᠷᠭᠡ ᠶᠢ ᠳᠠᠭᠠᠭᠠᠨ ᠬᠦᠯᠢᠶᠡᠭᠴᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠵᠤ ᠪᠣᠯᠣᠨ᠎ᠠ᠃ | | ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ ᠭᠤᠶᠤᠴᠢᠯᠠᠬᠤ ᠡᠷᠬᠡ ᠲᠠᠢ ᠠᠷᠠᠳ ᠢᠷᠭᠡᠨ ᠨᠢ | ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠦᠭᠡᠢ ᠬᠥᠮᠥᠨ ᠪᠤᠶᠤ ᠢᠷᠭᠡᠨ ᠤ ᠬᠡᠷᠡᠭ ᠤᠨ ᠬᠢᠵᠠᠭᠠᠷᠲᠤ | ᠠᠵᠢᠯᠯᠠᠭ᠎ᠠ ᠶᠢᠨ ᠴᠢᠳᠠᠪᠤᠷᠢ ᠲᠠᠢ ᠬᠥᠮᠥᠨ ᠪᠠᠶᠢᠪᠠᠯ᠂ ᠲᠡᠭᠦᠨ ᠤ ᠬᠠᠤᠯᠢ ᠪᠠᠷ ᠲᠣᠭᠲᠠᠭᠠᠭᠰᠠᠨ ᠣᠷᠣᠯᠠᠭᠴᠢ ᠨᠢ | ᠲᠡᠭᠦᠨ ᠢ ᠣᠷᠣᠯᠠᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ ᠭᠤᠶᠤᠴᠢᠯᠠᠵᠤ ᠪᠣᠯᠣᠨ᠎ᠠ᠃ | ᠠᠷᠪᠠᠨ ᠲᠠᠪᠤᠳᠤᠭᠠᠷ ᠵᠦᠢᠯ ᠠᠳᠠᠯᠢ ᠨᠢᠭᠡᠨ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠡᠷᠡᠭ ᠤᠨ | ᠭᠤᠶᠤᠴᠢᠯᠠᠭᠴᠢ ᠶᠢᠨ ᠬᠥᠮᠥᠨ ᠤ ᠲᠤᠭ᠎ᠠ ᠨᠢ ᠣᠯᠠᠨ ᠪᠠᠶᠢᠪᠠᠯ᠂ ᠭᠤᠶᠤᠴᠢᠯᠠᠭᠴᠢ ᠠᠴᠠ ᠲᠥᠯᠥᠭᠡᠯᠡᠭᠴᠢ ᠰᠣᠩᠭᠤᠨ | ᠭᠠᠷᠭᠠᠵᠤ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠳᠤ ᠣᠷᠣᠯᠴᠠᠭᠤᠯᠵᠤ ᠪᠣᠯᠣᠨ᠎ᠠ᠃ | ᠲᠥᠯᠥᠭᠡᠯᠡᠭᠴᠢ ᠶᠢᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠠᠵᠢᠯᠯᠠᠭ᠎ᠠ ᠳᠤ ᠣᠷᠣᠯᠴᠠᠭᠰᠠᠨ | ᠠᠵᠢᠯᠯᠠᠭ᠎ᠠ ᠨᠢ ᠲᠡᠭᠦᠨ ᠤ ᠲᠥᠯᠥᠭᠡᠯᠡᠭᠰᠡᠨ ᠭᠤᠶᠤᠴᠢᠯᠠᠭᠴᠢ ᠳᠤ ᠬᠦᠴᠦᠨ ᠲᠠᠢ ᠪᠣᠯᠣᠨ᠎ᠠ᠂ ᠭᠡᠪᠡᠴᠦ | ᠲᠥᠯᠥᠭᠡᠯᠡᠭᠴᠢ ᠨᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢᠶᠠᠨ ᠬᠤᠪᠢᠷᠠᠭᠤᠯᠬᠤ᠂ ᠵᠠᠰᠠᠭ | ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢᠶᠠᠨ ᠪᠤᠴᠠᠭᠠᠬᠤ᠂ ᠭᠤᠷᠪᠠᠳᠠᠭᠢ ᠬᠥᠮᠥᠨ ᠤ ᠭᠤᠶᠤᠴᠢᠯᠠᠯ ᠢ | ᠮᠡᠳᠡᠷᠡᠬᠦ ᠳᠤ ᠬᠦᠷᠪᠡᠯ᠂ ᠲᠥᠯᠥᠭᠡᠯᠡᠭᠳᠡᠭᠰᠡᠨ ᠭᠤᠶᠤᠴᠢᠯᠠᠭᠴᠢ ᠶᠢᠨ ᠵᠥᠪᠰᠢᠶᠡᠷᠡᠯ ᠢ ᠣᠯᠬᠤ ᠬᠡᠷᠡᠭᠲᠡᠢ᠃ | ᠠᠷᠪᠠᠨ ᠵᠢᠷᠭᠤᠳᠤᠭᠠᠷ ᠵᠦᠢᠯ ᠭᠤᠶᠤᠴᠢᠯᠠᠭᠴᠢ ᠠᠴᠠ ᠭᠠᠳᠠᠨᠠᠬᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ | ᠪᠠᠷ ᠭᠤᠶᠤᠴᠢᠯᠠᠭᠳᠠᠭᠰᠠᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠪᠤᠶᠤ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠬᠡᠷᠡᠭ ᠢ ᠰᠢᠢᠳᠪᠦᠷᠢᠯᠡᠭᠰᠡᠨ ᠦᠷ᠎ᠡ ᠳ᠋ᠦᠩ ᠯᠦᠭᠡ ᠠᠰᠢᠭ ᠬᠤᠣᠷ ᠤᠨ ᠬᠠᠷᠢᠴᠠᠭ᠎ᠠ ᠲᠠᠢ ᠠᠷᠠᠳ ᠢᠷᠭᠡᠨ | ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠨᠢ ᠭᠤᠷᠪᠠᠳᠠᠭᠢ ᠡᠲᠡᠭᠡᠳ ᠤᠨ ᠬᠤᠪᠢ ᠪᠠᠷ | ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠳᠤ ᠣᠷᠣᠯᠴᠠᠬᠤ ᠪᠠᠷ ᠭᠤᠶᠤᠴᠢᠯᠠᠵᠤ ᠪᠣᠯᠣᠨ᠎ᠠ᠂ ᠡᠰᠡᠬᠦᠯ᠎ᠡ ᠵᠠᠰᠠᠭ | ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠠᠴᠠ ᠲᠡᠭᠦᠨ ᠳᠤ ᠮᠡᠳᠡᠭᠳᠡᠵᠦ ᠭᠤᠷᠪᠠᠳᠠᠭᠢ ᠡᠲᠡᠭᠡᠳ ᠤᠨ ᠬᠤᠪᠢ | ᠪᠠᠷ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ ᠳᠤ ᠣᠷᠣᠯᠴᠠᠭᠤᠯᠤᠨ᠎ᠠ᠃ | ᠭᠤᠷᠪᠠᠳᠠᠭᠢ ᠬᠥᠮᠥᠨ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ ᠣᠷᠣᠯᠴᠠᠬᠤ ᠦᠭᠡᠢ ᠪᠠᠶᠢᠬᠤ ᠨᠢ ᠵᠠᠰᠠᠭ | ᠵᠠᠬᠢᠷᠭᠠᠨ ᠤ ᠳᠠᠬᠢᠨ ᠵᠥᠪᠯᠡᠬᠦ ᠬᠡᠷᠡᠭ ᠤᠨ ᠰᠢᠭᠦᠨ ᠰᠢᠢᠳᠪᠦᠷᠢᠯᠡᠬᠦ ᠶᠢ ᠨᠥᠯᠥᠭᠡᠯᠡᠬᠦ ᠦᠭᠡᠢ᠃ | ᠠᠷᠪᠠᠨ ᠳᠣᠯᠣᠳᠤᠭᠠᠷ ᠵᠦᠢᠯ ᠭᠤᠶᠤᠴᠢᠯᠠᠭᠴᠢ᠂ ᠭᠤᠷᠪᠠᠳᠠᠭᠢ ᠬᠥᠮᠥᠨ ᠨᠢᠭᠡ ᠠᠴᠠ ᠬᠤᠶᠠᠷ ᠨᠡᠷᠡᠰ | ᠬᠠᠤᠯᠢᠴᠢ᠂ ᠦᠨᠳᠦᠰᠦᠨ ᠱᠠᠲᠤᠨ ᠤ ᠬᠠᠤᠯᠢ ᠴᠠᠭᠠᠵᠠ ᠶᠢᠨ ᠦᠢᠯᠡᠴᠢᠯᠡᠭᠡᠨ ᠤ ᠠᠵᠢᠯᠲᠠᠨ ᠪᠤᠶᠤ ᠪᠤᠰᠤᠳ | ᠣᠷᠣᠯᠠᠭᠴᠢ ᠳᠤ ᠨᠠᠶᠢᠳᠠᠵᠤ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ ᠣᠷᠣᠯᠠᠨ ᠣᠷᠣᠯᠴᠠᠭᠤᠯᠵᠤ ᠪᠣᠯᠣᠨ᠎ᠠ᠃ | ᠭᠤᠶᠤᠴᠢᠯᠠᠭᠴᠢ᠂ ᠭᠤᠷᠪᠠᠳᠠᠭᠢ ᠬᠥᠮᠥᠨ ᠣᠷᠣᠯᠠᠭᠴᠢ ᠳᠤ ᠨᠠᠶᠢᠳᠠᠭᠰᠠᠨ ᠪᠠᠶᠢᠪᠠᠯ᠂ ᠵᠠᠰᠠᠭ ᠵᠠᠬᠢᠷᠭᠠᠨ ᠤ | ᠳᠠᠬᠢᠨ ᠵᠥᠪᠯᠡᠬᠦ ᠪᠠᠶᠢᠭᠤᠯᠤᠮᠵᠢ ᠳᠤ ᠡᠷᠬᠡ ᠣᠯᠭᠤᠭᠰᠠᠨ ᠨᠠᠶᠢᠳᠠᠯᠭ᠎ᠠ ᠶᠢᠨ ᠪᠢᠴᠢᠭ᠂ ᠨᠠᠶᠢᠳᠠᠭᠴᠢ ᠵᠢᠴᠢ | ᠨᠠᠶᠢᠳᠠᠭᠳᠠᠭᠴᠢ ᠶᠢᠨ ᠪᠡᠶ᠎ᠡ ᠶᠢᠨ ᠬᠢᠷᠢ ᠬᠡᠮ ᠢ ᠭᠡᠷᠡᠴᠢᠯᠡᠬᠦ ᠪᠢᠴᠢᠭ ᠮᠠᠲ᠋ᠧᠷᠢᠶᠠᠯ ᠢ ᠲᠤᠰᠢᠶᠠᠬᠤ ᠬᠡᠷᠡᠭᠲᠡᠢ᠃ ᠡᠷᠬᠡ | ᠣᠯᠭᠤᠬᠤ ᠨᠠᠶᠢᠳᠠᠯᠭ᠎ᠠ ᠶᠢᠨ ᠪᠢᠴᠢᠭ ᠲᠤ ᠨᠠᠶᠢᠳᠠᠭᠰᠠᠨ ᠵᠦᠢᠯ᠂ ᠡᠷᠬᠡ ᠶᠢᠨ ᠬᠡᠪᠴᠢᠶ᠎ᠡ ᠪᠠ ᠬᠤᠭᠤᠴᠠᠭ᠎ᠠ ᠶᠢ | ᠲᠣᠳᠣᠷᠬᠠᠢ ᠪᠢᠴᠢᠬᠦ ᠬᠡᠷᠡᠭᠲᠡᠢ᠃ ᠭᠤᠶᠤᠴᠢᠯᠠᠭᠴᠢ᠂ ᠭᠤᠷᠪᠠᠳᠠᠭᠢ ᠬᠥᠮᠥᠨ ᠣᠷᠣᠯᠠᠭᠴᠢ ᠶᠢᠨ ᠡᠷᠬᠡ ᠶᠢᠨ | ᠬᠡᠪᠴᠢᠶ᠎ᠡ ᠶᠢ ᠬᠤᠪᠢᠷᠠᠭᠤᠯᠬᠤ ᠪᠤᠶᠤ ᠬᠦᠴᠦᠨ ᠦᠭᠡᠢ ᠪᠣᠯᠭᠠᠬᠤ ᠳᠤ ᠭᠦᠷᠪᠡᠯ᠂ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠤᠮᠵᠢ ᠳᠤ ᠪᠢᠴᠢᠭ ᠢᠶᠠᠷ ᠮᠡᠳᠡᠭᠳᠡᠬᠦ ᠬᠡᠷᠡᠭᠲᠡᠢ᠃ | ᠠᠷᠪᠠᠨ ᠨᠠᠢᠮᠠᠳᠤᠭᠠᠷ ᠵᠦᠢᠯ ᠬᠠᠤᠯᠢ ᠴᠠᠭᠠᠵᠠ ᠶᠢᠨ ᠲᠤᠰᠠᠯᠠᠮᠵᠢ ᠶᠢᠨ ᠨᠥᠬᠦᠴᠡᠯ ᠳᠤ ᠨᠡᠶᠢᠴᠡᠬᠦ ᠵᠠᠰᠠᠭ | ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠴᠢ ᠬᠠᠤᠯᠢ ᠴᠠᠭᠠᠵᠠ ᠶᠢᠨ ᠲᠤᠰᠠᠯᠠᠮᠵᠢ ᠭᠤᠶᠤᠴᠢᠯᠠᠭᠰᠠᠨ | ᠪᠠᠶᠢᠪᠠᠯ᠂ ᠬᠠᠤᠯᠢ ᠴᠠᠭᠠᠵᠠ ᠶᠢᠨ ᠲᠤᠰᠠᠯᠠᠮᠵᠢ ᠶᠢᠨ ᠪᠠᠶᠢᠭᠤᠯᠤᠮᠵᠢ ᠨᠢ ᠲᠡᠭᠦᠨ ᠳᠤ ᠬᠠᠤᠯᠢ ᠶᠣᠰᠣᠭᠠᠷ ᠬᠠᠤᠯᠢ | ᠴᠠᠭᠠᠵᠠ ᠶᠢᠨ ᠲᠤᠰᠠᠯᠠᠮᠵᠢ ᠬᠠᠩᠭᠠᠬᠤ ᠬᠡᠷᠡᠭᠲᠡᠢ᠃ | ᠠᠷᠪᠠ ᠶᠢᠰᠦᠳᠦᠭᠡᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠵᠥᠪᠰᠢᠶᠡᠷᠡᠬᠦ ᠦᠭᠡᠢ ᠪᠠᠶᠢᠵᠤ ᠵᠠᠰᠠᠭ ᠵᠠᠬᠢᠷᠭᠠᠨ ᠢᠶᠠᠷ | ᠳᠠᠪᠲᠠᠨ ᠶᠠᠷᠢᠯᠴᠠᠭᠤᠯᠬᠤ ᠪᠠᠷ ᠭᠤᠶᠤᠴᠢᠯᠠᠭᠰᠠᠨ ᠪᠠᠶᠢᠪᠠᠯ᠂ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠢᠭᠰᠡᠨ | ᠵᠠᠰᠠᠭ ᠵᠠᠬᠢᠷᠭᠠᠨ ᠤ ᠪᠠᠶᠢᠭᠤᠯᠭ᠎ᠠ ᠪᠤᠶᠤ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠠᠴᠠ | ᠡᠷᠬᠡ ᠣᠯᠭᠤᠭᠰᠠᠨ ᠵᠣᠬᠢᠶᠠᠨ ᠪᠠᠶᠢᠭᠤᠯᠤᠯᠲᠠ ᠨᠢ ᠭᠤᠶᠤᠴᠢᠯᠠᠭᠳᠠᠭᠴᠢ ᠪᠣᠯᠣᠨ᠎ᠠ᠃ | ᠬᠤᠶᠠᠷ ᠠᠴᠠ ᠳᠡᠭᠡᠭᠰᠢᠬᠢ ᠵᠠᠰᠠᠭ ᠵᠠᠬᠢᠷᠭᠠᠨ ᠤ ᠪᠠᠶᠢᠭᠤᠯᠭ᠎ᠠ ᠬᠠᠮᠲᠤ ᠶᠢᠨ ᠨᠡᠷ᠎ᠡ ᠪᠠᠷ ᠠᠳᠠᠯᠢ ᠨᠢᠭᠡᠨ ᠵᠠᠰᠠᠭ | ᠵᠠᠬᠢᠷᠭᠠᠨ ᠤ ᠤᠢᠢᠯᠠ ᠠᠵᠢᠯᠯᠠᠭ᠎ᠠ ᠶᠢ ᠬᠢᠭᠰᠡᠨ ᠪᠠᠶᠢᠪᠠᠯ᠂ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠠᠮᠲᠤ ᠪᠠᠷ | ᠬᠢᠭᠰᠡᠨ ᠵᠠᠰᠠᠭ ᠵᠠᠬᠢᠷᠭᠠᠨ ᠤ ᠪᠠᠶᠢᠭᠤᠯᠭ᠎ᠠ ᠨᠢ ᠭᠤᠶᠤᠴᠢᠯᠠᠭᠳᠠᠭᠴᠢ ᠮᠥᠨ᠃ | ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠨᠠᠶᠢᠳᠠᠭᠰᠠᠨ ᠵᠣᠬᠢᠶᠠᠨ ᠪᠠᠶᠢᠭᠤᠯᠤᠯᠲᠠ ᠵᠠᠰᠠᠭ ᠵᠠᠬᠢᠷᠭᠠᠨ ᠤ ᠦᠢᠯᠡ | ᠠᠵᠢᠯᠯᠠᠭ᠎ᠠ ᠬᠢᠭᠰᠡᠨ ᠪᠠᠶᠢᠪᠠᠯ᠂ ᠨᠠᠶᠢᠳᠠᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠨᠢ ᠭᠤᠶᠤᠴᠢᠯᠠᠭᠳᠠᠭᠴᠢ ᠮᠥᠨ᠃ | ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠬᠢᠭᠰᠡᠨ ᠵᠠᠰᠠᠭ ᠵᠠᠬᠢᠷᠭᠠᠨ ᠤ ᠪᠠᠶᠢᠭᠤᠯᠭ᠎ᠠ ᠨᠢ ᠬᠠᠰᠤᠭᠳᠠᠭᠰᠠᠨ | ᠪᠤᠶᠤ ᠡᠷᠬᠡ ᠲᠤᠰᠢᠶᠠᠯ ᠢᠶᠠᠨ ᠬᠤᠪᠢᠷᠠᠭᠤᠯᠤᠭᠰᠠᠨ ᠪᠠᠶᠢᠪᠠᠯ᠂ ᠲᠡᠭᠦᠨ ᠤ ᠡᠷᠬᠡ ᠲᠤᠰᠢᠶᠠᠯ ᠢ ᠦᠷᠭᠦᠯᠵᠢᠯᠡᠨ | ᠬᠡᠷᠡᠭᠵᠢᠭᠦᠯᠬᠦ ᠵᠠᠰᠠᠭ ᠵᠠᠬᠢᠷᠭᠠᠨ ᠤ ᠪᠠᠶᠢᠭᠤᠯᠭ᠎ᠠ ᠨᠢ ᠭᠤᠶᠤᠴᠢᠯᠠᠭᠳᠠᠭᠴᠢ ᠪᠣᠯᠣᠨ᠎ᠠ᠃ | ᠭᠤᠷᠪᠠᠳᠤᠭᠠᠷ ᠬᠡᠰᠡᠭ ᠭᠤᠶᠤᠴᠢᠯᠠᠯ ᠭᠠᠷᠭᠠᠬᠤ | ᠬᠤᠷᠢᠳᠤᠭᠠᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ | ᠠᠴᠠ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠨᠢ ᠲᠡᠭᠦᠨ ᠤ ᠬᠠᠤᠯᠢ ᠶᠣᠰᠣᠨ ᠤ ᠡᠷᠬᠡ ᠠᠰᠢᠭ ᠲᠤ ᠬᠠᠯᠳᠠᠭᠰᠠᠨ | ᠭᠡᠵᠦ ᠦᠵᠡᠪᠡᠯ᠂ ᠲᠤᠰ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠮᠡᠳᠡᠭᠰᠡᠨ ᠪᠤᠶᠤ ᠮᠡᠳᠡᠬᠦ ᠶᠣᠰᠣᠲᠠᠢ ᠡᠳᠦᠷ | ᠠᠴᠠ ᠡᠬᠢᠯᠡᠨ ᠵᠢᠷᠠᠨ ᠡᠳᠦᠷ ᠤᠨ ᠳᠣᠲᠣᠷ᠎ᠠ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ | ᠭᠠᠷᠭᠠᠵᠤ ᠪᠣᠯᠣᠨ᠎ᠠ︔ ᠭᠡᠪᠡᠴᠦ ᠬᠠᠤᠯᠢ ᠴᠠᠭᠠᠵᠠ ᠳᠤ ᠲᠣᠭᠲᠠᠭᠠᠭᠰᠠᠨ ᠭᠤᠶᠤᠴᠢᠯᠠᠯ ᠭᠠᠷᠭᠠᠬᠤ ᠬᠤᠭᠤᠴᠠᠭ᠎ᠠ ᠨᠢ | ᠵᠢᠷᠠᠨ ᠡᠳᠦᠷ ᠠᠴᠠ ᠬᠡᠲᠦᠷᠡᠭᠰᠡᠨ ᠪᠠᠶᠢᠪᠠᠯ ᠡᠭᠦᠨ ᠳᠤ ᠪᠠᠭᠲᠠᠬᠤ ᠦᠭᠡᠢ᠃ | ᠡᠰᠡᠷᠭᠦᠴᠡᠰᠢ ᠦᠭᠡᠢ ᠬᠦᠴᠦᠨ ᠪᠤᠶᠤ ᠪᠤᠰᠤᠳ ᠵᠦᠢ ᠶᠣᠰᠣᠨ ᠤ ᠰᠢᠯᠲᠠᠭᠠᠨ ᠠᠴᠠ ᠪᠣᠯᠵᠤ ᠬᠠᠤᠯᠢ ᠪᠠᠷ | ᠲᠣᠭᠲᠠᠭᠠᠭᠰᠠᠨ ᠭᠤᠶᠤᠴᠢᠯᠠᠬᠤ ᠬᠤᠭᠤᠴᠠᠭ᠎ᠠ ᠶᠢ ᠰᠠᠭᠠᠲᠠᠭᠠᠭᠰᠠᠨ ᠪᠠᠶᠢᠪᠠᠯ᠂ ᠭᠤᠶᠤᠴᠢᠯᠠᠬᠤ ᠬᠤᠭᠤᠴᠠᠭ᠎ᠠ ᠶᠢ | ᠬᠠᠷᠰᠢ ᠰᠠᠭᠠᠳ ᠢ ᠠᠷᠢᠯᠭᠠᠭᠰᠠᠨ ᠡᠳᠦᠷ ᠠᠴᠠ ᠡᠬᠢᠯᠡᠨ ᠦᠷᠭᠦᠯᠵᠢᠯᠡᠭᠦᠯᠵᠦ ᠪᠤᠳᠤᠨ᠎ᠠ᠃ | ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠵᠠᠬᠢᠷᠭᠠᠨ ᠤ ᠠᠵᠢᠯᠯᠠᠭ᠎ᠠ ᠭᠦᠢᠴᠡᠳᠬᠡᠬᠦ ᠦᠶ᠎ᠡ ᠳᠤ᠂ ᠠᠷᠠᠳ | ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠳᠤ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠪᠠᠷ ᠭᠤᠶᠤᠴᠢᠯᠠᠬᠤ ᠡᠷᠬᠡ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠪᠠ ᠭᠤᠶᠤᠴᠢᠯᠠᠬᠤ | ᠬᠤᠭᠤᠴᠠᠭ᠎ᠠ ᠶᠢ ᠬᠡᠯᠡᠵᠦ ᠥᠭᠭᠦᠭᠰᠡᠨ ᠦᠭᠡᠢ ᠪᠠᠶᠢᠪᠠᠯ᠂ ᠭᠤᠶᠤᠴᠢᠯᠠᠬᠤ ᠬᠤᠭᠤᠴᠠᠭ᠎ᠠ ᠶᠢ ᠠᠷᠠᠳ ᠢᠷᠭᠡᠨ᠂ | ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠶᠢᠨ ᠵᠠᠰᠠᠭ ᠵᠠᠬᠢᠷᠭᠠᠨ ᠢᠶᠠᠷ ᠳᠠᠪᠲᠠᠨ | ᠶᠠᠷᠢᠯᠴᠠᠭᠤᠯᠬᠤ ᠪᠠᠷ ᠭᠤᠶᠤᠴᠢᠯᠠᠬᠤ ᠡᠷᠬᠡ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠪᠠ | ᠭᠤᠶᠤᠴᠢᠯᠠᠬᠤ ᠬᠤᠭᠤᠴᠠᠭ᠎ᠠ ᠶᠢ ᠮᠡᠳᠡᠭᠰᠡᠨ ᠪᠤᠶᠤ ᠮᠡᠳᠡᠬᠦ ᠶᠣᠰᠣᠲᠠᠢ ᠡᠳᠦᠷ ᠠᠴᠠ ᠡᠬᠢᠯᠡᠵᠦ ᠪᠤᠳᠦᠨ᠎ᠡ᠂ ᠭᠡᠪᠡᠴᠦ | ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢᠨ ᠠᠭᠤᠯᠭ᠎ᠠ ᠶᠢ ᠮᠡᠳᠡᠭᠰᠡᠨ ᠪᠤᠶᠤ ᠮᠡᠳᠡᠬᠦ ᠶᠣᠰᠣᠲᠠᠢ ᠡᠳᠦᠷ ᠠᠴᠠ | ᠡᠬᠢᠯᠡᠨ ᠬᠠᠮᠤᠭ ᠤᠨ ᠤᠷᠳᠦ ᠳᠠᠭᠠᠨ ᠨᠢᠭᠡ ᠵᠢᠯ ᠠᠴᠠ ᠬᠡᠲᠦᠷᠡᠭᠦᠯᠵᠦ ᠪᠣᠯᠬᠤ ᠦᠭᠡᠢ᠃ | ᠬᠤᠷᠢᠨ ᠨᠢᠭᠡᠳᠦᠭᠡᠷ ᠵᠦᠢᠯᠦᠯᠦ ᠬᠥᠳᠡᠯᠬᠦ ᠬᠥᠷᠥᠩᠭᠡ ᠶᠢᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠭᠤᠶᠤᠴᠢᠯᠠᠯ ᠨᠢ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢ ᠬᠢᠭᠰᠡᠨ ᠡᠳᠦᠷ ᠠᠴᠠ ᠡᠬᠢᠯᠡᠨ ᠬᠤᠷᠢᠨ ᠵᠢᠯ ᠠᠴᠠ | ᠬᠡᠲᠦᠷᠡᠵᠦ᠂ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠤᠰᠤᠳ ᠭᠤᠶᠤᠴᠢᠯᠠᠯ ᠨᠢ ᠵᠠᠰᠠᠭ ᠵᠠᠬᠢᠷᠭᠠᠨ ᠤ | ᠦᠢᠯᠡ ᠠᠵᠢᠯᠯᠠᠭ᠎ᠠ ᠶᠢ ᠬᠢᠭᠰᠡᠨ ᠡᠳᠦᠷ ᠠᠴᠠ ᠡᠬᠢᠯᠡᠨ ᠲᠠᠪᠤᠨ ᠵᠢᠯ ᠠᠴᠠ ᠬᠡᠲᠦᠷᠡᠭᠰᠡᠨ ᠪᠠᠶᠢᠪᠠᠯ᠂ ᠵᠠᠰᠠᠭ ᠵᠠᠬᠢᠷᠭᠠᠨ | ᠤ ᠳᠠᠪᠲᠠᠨ ᠶᠠᠷᠢᠯᠴᠠᠬᠤ ᠪᠠᠶᠢᠭᠤᠯᠭ᠎ᠠ ᠬᠦᠯᠢᠶᠡᠨ ᠠᠪᠴᠤ ᠰᠢᠢᠳᠪᠦᠷᠢᠯᠡᠬᠦ ᠦᠭᠡᠢ᠃ | ᠬᠤᠷᠢᠨ ᠬᠤᠶᠠᠳᠤᠭᠠᠷ ᠵᠦᠢᠯ ᠭᠤᠶᠤᠴᠢᠯᠠᠭᠴᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ | ᠭᠤᠶᠤᠴᠢᠯᠠᠬᠤ ᠳᠠᠭᠠᠨ ᠪᠢᠴᠢᠭ ᠢᠶᠠᠷ ᠭᠤᠶᠤᠴᠢᠯᠠᠵᠤ ᠪᠣᠯᠣᠨ᠎ᠠ︔ ᠪᠢᠴᠢᠭ ᠢᠶᠠᠷ ᠭᠤᠶᠤᠴᠢᠯᠠᠬᠤ ᠳᠤ ᠬᠦᠴᠢᠷ ᠲᠠᠢ | ᠪᠣᠯ ᠪᠠᠰᠠ ᠠᠮᠠ ᠪᠠᠷ ᠭᠤᠶᠤᠴᠢᠯᠠᠵᠤ ᠪᠣᠯᠣᠨ᠎ᠠ᠃ | ᠪᠢᠴᠢᠭ ᠢᠶᠠᠷ ᠭᠤᠶᠤᠴᠢᠯᠠᠭᠰᠠᠨ ᠪᠠᠶᠢᠪᠠᠯ᠂ ᠰᠢᠤᠳᠠᠨ ᠢᠶᠠᠷ ᠢᠯᠡᠭᠡᠬᠦ ᠪᠤᠶᠤ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠭ᠎ᠠ ᠶᠢᠨ ᠵᠢᠭᠠᠨ ᠲᠣᠭᠲᠠᠭᠠᠭᠰᠠᠨ ᠢᠨᠲ᠋ᠧᠷ ᠰᠦᠯᠵᠢᠶᠡᠨ ᠤ ᠠᠷᠭ᠎ᠠ ᠵᠠᠮ ᠵᠡᠷᠭᠡ ᠠᠷᠭ᠎ᠠ ᠮᠠᠶ᠋ᠢᠭ | ᠢᠶᠠᠷ ᠳᠠᠮᠵᠢᠭᠤᠯᠤᠨ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠪᠢᠴᠢᠭ ᠢᠶᠠᠨ ᠲᠤᠰᠢᠶᠠᠵᠤ | ᠪᠣᠯᠣᠨ᠎ᠠ᠂ ᠪᠠᠰᠠ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠪᠢᠴᠢᠭ ᠢᠶᠠᠨ ᠨᠢᠭᠤᠷᠲᠠᠨ | ᠲᠤᠰᠢᠶᠠᠵᠤ ᠪᠣᠯᠣᠨ᠎ᠠ᠃ ᠵᠠᠰᠠᠭ ᠵᠠᠬᠢᠷᠭᠠᠨ ᠤ ᠪᠠᠶᠢᠭᠤᠯᠭ᠎ᠠ ᠢᠨᠲ᠋ᠧᠷ ᠰᠦᠯᠵᠢᠶᠡᠨ ᠤ ᠠᠷᠭ᠎ᠠ ᠵᠠᠮ ᠢᠶᠠᠷ | ᠳᠠᠮᠵᠢᠭᠤᠯᠤᠨ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢᠨ ᠲᠣᠭᠲᠠᠭᠠᠯ ᠤᠨ ᠪᠢᠴᠢᠭ ᠢ ᠬᠦᠷᠭᠡᠭᠰᠡᠨ ᠪᠠᠶᠢᠪᠠᠯ᠂ | ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠤᠨ ᠪᠢᠴᠢᠭ ᠲᠤᠰᠢᠶᠠᠬᠤ ᠢᠨᠲ᠋ᠧᠷ ᠰᠦᠯᠵᠢᠶᠡᠨ ᠤ | ᠠᠷᠭ᠎ᠠ ᠵᠠᠮ ᠢ ᠬᠠᠮᠲᠤ ᠳᠤᠨᠢ ᠬᠠᠩᠭᠠᠬᠤ ᠬᠡᠷᠡᠭᠲᠡᠢ᠃ | ᠠᠮᠠ ᠪᠠᠷ ᠭᠤᠶᠤᠴᠢᠯᠠᠭᠰᠠᠨ ᠪᠠᠶᠢᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ | ᠭᠤᠶᠤᠴᠢᠯᠠᠭᠴᠢ ᠶᠢᠨ ᠦᠨᠳᠦᠰᠦᠨ ᠪᠠᠶᠢᠳᠠᠯ᠂ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ᠂ ᠵᠠᠰᠠᠭ | ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠰᠠᠨ ᠭᠤᠣᠯ ᠪᠣᠳᠠᠲᠤ ᠶᠠᠪᠤᠳᠠᠯ᠂ ᠤᠴᠢᠷ ᠰᠢᠯᠲᠠᠭᠠᠨ ᠪᠠ | ᠴᠠᠭ ᠬᠤᠭᠤᠴᠠᠭ᠎ᠠ ᠶᠢ ᠲᠤᠬᠠᠢ ᠶᠢᠨ ᠲᠠᠯᠠᠪᠤᠷ ᠲᠤᠨᠢ ᠲᠡᠮᠳᠡᠭᠯᠡᠬᠦ ᠬᠡᠷᠡᠭᠲᠡᠢ᠃ | ᠭᠤᠶᠤᠴᠢᠯᠠᠭᠴᠢ ᠨᠢ ᠬᠤᠶᠠᠷ ᠠᠴᠠ ᠳᠡᠭᠡᠭᠰᠢ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠵᠥᠪᠰᠢᠶᠡᠷᠡᠬᠦ | ᠦᠭᠡᠢ ᠪᠠᠶᠢᠪᠠᠯ᠂ ᠵᠠᠰᠠᠭ ᠵᠠᠬᠢᠷᠭᠠᠨ ᠢᠶᠠᠷ ᠲᠡᠬᠢᠠ ᠵᠥᠪᠯᠡᠭᠦᠯᠬᠦ ᠪᠠᠷ ᠲᠤᠰ ᠲᠤᠰ ᠭᠤᠶᠤᠴᠢᠯᠠᠬᠤ ᠬᠡᠷᠡᠭᠲᠡᠢ᠃ | ᠬᠤᠷᠢᠨ ᠭᠤᠷᠪᠠᠳᠤᠭᠠᠷ ᠵᠦᠢᠯ ᠳᠠᠷᠠᠭᠠᠬᠢ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ | ᠭᠤᠶᠤᠴᠢᠯᠠᠭᠴᠢ ᠨᠢ ᠤᠷᠢᠳᠠᠪᠠᠷ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ | ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠬᠤ ᠬᠡᠷᠡᠭᠲᠡᠢ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ | ᠲᠣᠭᠲᠠᠭᠠᠯ ᠢ ᠵᠥᠪᠰᠢᠶᠡᠷᠡᠬᠦ ᠦᠭᠡᠢ ᠪᠣᠯ ᠬᠠᠤᠯᠢ ᠶᠣᠰᠣᠭᠠᠷ ᠠᠷᠠᠳ ᠤᠨ ᠰᠢᠭᠦᠬᠦ ᠬᠤᠷᠢᠶᠠᠨ ᠳᠤ ᠵᠠᠰᠠᠭ ᠵᠠᠬᠢᠷᠭᠠᠨ | ᠤ ᠵᠠᠷᠭᠤ ᠬᠢᠵᠦ ᠪᠣᠯᠣᠨ᠎ᠠ᠄ | ︵ᠨᠢᠭᠡ︶ ᠲᠤᠬᠠᠢ ᠶᠢᠨ ᠲᠠᠯᠠᠪᠤᠷ ᠲᠤ ᠭᠠᠷᠭᠠᠭᠰᠠᠨ ᠵᠠᠰᠠᠭ ᠵᠠᠬᠢᠷᠭᠠᠨ ᠤᠰᠢᠢᠳᠬᠡᠯ ᠤᠨ ᠲᠣᠭᠲᠠᠭᠠᠯ ᠢ | ᠦᠯᠦ ᠵᠥᠪᠰᠢᠶᠡᠷᠡᠬᠦ︔ | ︵ᠬᠤᠶᠠᠷ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷᠭᠠᠭᠰᠠᠨ ᠨᠢᠭᠡᠨᠲᠡ ᠬᠠᠤᠯᠢ ᠶᠣᠰᠣᠭᠠᠷ ᠣᠯᠣᠭᠰᠠᠨ | ᠪᠠᠶᠢᠭᠠᠯᠢ ᠶᠢᠨ ᠡᠬᠢ ᠪᠠᠶᠠᠯᠢᠭ ᠤᠨ ᠥᠮᠴᠢᠯᠡᠬᠦ ᠡᠷᠬᠡ ᠪᠤᠶᠤ ᠬᠡᠷᠡᠭᠯᠡᠬᠦ ᠡᠷᠬᠡ ᠳᠤ ᠬᠠᠯᠳᠠᠭᠰᠠᠨ ᠲᠣᠭᠲᠠᠭᠠᠯ ᠢ ᠦᠯᠦ | ᠵᠥᠪᠰᠢᠶᠡᠷᠡᠬᠦ︔ | ︵ᠭᠤᠷᠪᠠ︶ ᠵᠠᠰᠠᠭ ᠵᠠᠬᠢᠷᠭᠠᠨ ᠤ ᠪᠠᠶᠢᠭᠤᠯᠭ᠎ᠠ ᠳᠤ ᠲᠤᠰ ᠬᠠᠤᠯᠢ ᠶᠢᠨ ᠠᠷᠪᠠᠨ ᠨᠢᠭᠡᠳᠦᠭᠡᠷ ᠵᠦᠢᠯ ᠳᠤ | ᠲᠣᠭᠲᠠᠭᠠᠭᠰᠠᠨ ᠬᠠᠤᠯᠢ ᠪᠠᠷ ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠪᠠᠨ ᠦᠯᠦ ᠭᠦᠢᠴᠡᠳᠬᠡᠭᠰᠡᠨ ᠪᠠᠶᠢᠳᠠᠯ | ᠣᠷᠣᠰᠢᠵᠤ ᠪᠠᠶᠢᠨ᠎ᠠ ᠭᠡᠵᠦ ᠦᠵᠡᠭᠰᠡᠨ︔ | ︵ᠳᠥᠷᠪᠡ︶ ᠵᠠᠰᠠᠭ ᠤᠨ ᠣᠷᠳᠣᠨ ᠤ ᠮᠡᠳᠡᠭᠡ ᠵᠠᠩᠭᠢ ᠶᠢ ᠢᠯᠠ ᠲᠣᠳᠣ ᠪᠠᠶᠢᠯᠭᠠᠬᠤ ᠶᠢ ᠭᠤᠶᠤᠴᠢᠯᠠᠬᠤ | ᠳᠤ᠂ ᠵᠠᠰᠠᠭ ᠵᠠᠬᠢᠷᠭᠠᠨ ᠤ ᠪᠠᠶᠢᠭᠤᠯᠭ᠎ᠠ ᠢᠯᠠ ᠲᠣᠳᠣ ᠪᠠᠶᠢᠯᠭᠠᠬᠤ ᠦᠭᠡᠢ︔ | ︵ᠲᠠᠪᠤ︶ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠤᠷᠢᠳᠠᠪᠠᠷ ᠵᠠᠰᠠᠭ ᠵᠠᠬᠢᠷᠭᠠᠨ | ᠤ ᠳᠠᠪᠲᠠᠨ ᠶᠠᠷᠢᠯᠴᠠᠬᠤ ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ ᠭᠤᠶᠤᠴᠢᠯᠠᠬᠤ | ᠬᠡᠷᠡᠭᠲᠡᠢ ᠭᠡᠵᠦ ᠲᠣᠭᠲᠠᠭᠠᠭᠰᠠᠨ ᠪᠤᠰᠤᠳ ᠪᠠᠶᠢᠳᠠᠯ ᠤᠳ᠃ | ᠡᠮᠦᠨᠡᠬᠢ ᠪᠠᠳᠠᠭ ᠲᠤ ᠲᠣᠭᠲᠠᠭᠠᠭᠰᠠᠨ ᠪᠠᠶᠢᠳᠠᠯ ᠳᠤ ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠵᠠᠬᠢᠷᠭᠠᠨ ᠤ | ᠤᠢᠢᠯᠠ ᠠᠵᠢᠯᠯᠠᠭ᠎ᠠ ᠭᠦᠢᠴᠡᠳᠬᠡᠬᠦ ᠳᠡᠭᠡᠨ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠳᠤ ᠤᠷᠢᠳᠠᠪᠠᠷ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ | ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠬᠤ ᠶᠢ ᠮᠡᠳᠡᠭᠳᠡᠬᠦ ᠬᠡᠷᠡᠭᠲᠡᠢ᠃ | ᠳᠥᠷᠪᠡᠳᠦᠭᠡᠷ ᠬᠡᠰᠡᠭ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠠᠷᠢᠶᠠᠯᠠᠯ | ᠬᠤᠷᠢᠨ ᠳᠥᠷᠪᠡᠳᠦᠭᠡᠷ ᠵᠦᠢᠯ ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠡᠯ᠎ᠡ ᠱᠠᠲᠤᠨ ᠤ | ᠠᠷᠠᠳ ᠤᠨ ᠵᠠᠰᠠᠭ ᠤᠨ ᠣᠷᠳᠣᠨ ᠳᠠᠷᠠᠭᠠᠬᠢ ᠵᠢᠭᠰᠠᠭᠠᠭᠰᠠᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠬᠡᠷᠡᠭ ᠢ | ︵ᠨᠢᠭᠡ︶ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ ᠤ ᠠᠵᠢᠯ ᠤᠨ ᠰᠠᠯᠠᠭ᠎ᠠ ᠮᠥᠴᠢᠷ ᠤᠨ | ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠥᠯᠥ ᠵᠥᠪᠰᠢᠶᠡᠷᠡᠬᠦ︔ | ︵ᠬᠤᠶᠠᠷ︶ ᠳᠣᠣᠷ᠎ᠠ ᠨᠢᠭᠡ ᠱᠠᠲᠤᠨ ᠤ ᠠᠷᠠᠳ ᠤᠨ ᠵᠠᠰᠠᠭ ᠤᠨ ᠣᠷᠳᠣᠨ ᠤ ᠬᠢᠭᠰᠡᠨ ᠵᠠᠰᠠᠭ ᠵᠠᠬᠢᠷᠭᠠᠨ ᠤ | ᠤᠢᠢᠯᠠ ᠠᠵᠢᠯᠯᠠᠭ᠎ᠠ ᠶᠢ ᠥᠯᠥ ᠵᠥᠪᠰᠢᠶᠡᠷᠡᠬᠦ︔ | ︵ᠭᠤᠷᠪᠠ︶ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ ᠤ ᠬᠠᠤᠯᠢ ᠶᠣᠰᠣᠭᠠᠷ ᠪᠠᠶᠢᠭᠤᠯᠤᠭᠰᠠᠨ | ᠲᠣᠮᠢᠯᠠᠭᠰᠠᠨ ᠪᠠᠶᠢᠭᠤᠯᠭ᠎ᠠ ᠶᠢᠨ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠥᠯᠥ ᠵᠥᠪᠰᠢᠶᠡᠷᠡᠬᠦ︔ | ︵ᠳᠥᠷᠪᠡ︶ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ ᠪᠤᠶᠤ ᠲᠡᠭᠦᠨ ᠤ ᠠᠵᠢᠯ ᠤᠨ ᠰᠠᠯᠠᠭ᠎ᠠ | ᠮᠥᠴᠢᠷ ᠤᠨ ᠬᠠᠮᠢᠶᠠᠷᠴᠤ ᠪᠠᠶᠢᠭ᠎ᠠ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠠᠴᠠ ᠡᠷᠬᠡ | ᠣᠯᠭᠤᠭᠰᠠᠨ ᠵᠣᠬᠢᠶᠠᠨ ᠪᠠᠶᠢᠭᠤᠯᠤᠯᠲᠠ ᠶᠢᠨ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠥᠯᠥ | ᠵᠥᠪᠰᠢᠶᠡᠷᠡᠬᠦ᠃ | ᠡᠮᠦᠨᠡᠬᠢ ᠪᠠᠳᠠᠭ ᠤᠨ ᠲᠣᠭᠲᠠᠭᠠᠯ ᠢ ᠭᠠᠷᠭᠠᠪᠠᠯ᠂ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ | ᠬᠠᠷᠢᠶ᠎ᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠲᠤᠰ ᠪᠠᠶᠢᠭᠤᠯᠭ᠎ᠠ ᠶᠢᠨ ᠬᠢᠭᠰᠡᠨ ᠵᠠᠰᠠᠭ ᠵᠠᠬᠢᠷᠭᠠᠨ ᠤ | ᠤᠢᠢᠯᠠ ᠠᠵᠢᠯᠯᠠᠭ᠎ᠠ ᠶᠢ ᠵᠥᠪᠰᠢᠶᠡᠷᠡᠬᠦ ᠦᠭᠡᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠬᠠᠮᠲᠤ | ᠳᠤᠨᠢ ᠬᠠᠮᠢᠶᠠᠷᠤᠨ᠎ᠠ᠃ | ᠮᠤᠵᠢ᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠬᠠᠤᠯᠢ ᠶᠣᠰᠣᠭᠠᠷ | ᠪᠠᠶᠢᠭᠤᠯᠤᠭᠰᠠᠨ ᠲᠣᠮᠢᠯᠠᠭᠰᠠᠨ ᠪᠠᠶᠢᠭᠤᠯᠭ᠎ᠠ ᠨᠢ ᠲᠣᠭᠤᠷᠢᠭ ᠪᠠᠶᠢᠭᠤᠯᠤᠭᠰᠠᠨ ᠬᠤᠳᠠ ᠶᠢᠨ ᠱᠠᠲᠤᠨ ᠤ ᠠᠷᠠᠳ ᠤᠨ | ᠵᠠᠰᠠᠭ ᠤᠨ ᠣᠷᠳᠣᠨ ᠤ ᠲᠤᠰᠢᠶᠠᠯ ᠬᠠᠷᠢᠭᠤᠴᠠᠯᠭ᠎ᠠ ᠶᠢᠨ ᠡᠷᠬᠡ ᠶᠢᠨ ᠬᠡᠪᠴᠢᠶ᠎ᠡ ᠪᠠᠷ ᠯᠠᠪᠯᠠᠯᠲᠠ ᠪᠣᠯᠭᠠᠵᠤ᠂ | ᠬᠤᠯᠪᠣᠭᠳᠠᠯ ᠪᠦᠬᠦᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ ᠢ ᠬᠠᠷᠢᠶᠠᠯᠠᠨ᠎ᠠ᠃ | ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠡᠯ᠎ᠡ ᠱᠠᠲᠤᠨ ᠤ ᠠᠷᠠᠳ ᠤᠨ ᠵᠠᠰᠠᠭ ᠤᠨ | ᠣᠷᠳᠣᠨ ᠤ ᠠᠵᠢᠯ ᠤᠨ ᠰᠠᠯᠠᠭ᠎ᠠ ᠮᠥᠴᠢᠷ ᠤᠨ ᠬᠠᠤᠯᠢ ᠶᠣᠰᠣᠭᠠᠷ ᠪᠠᠶᠢᠭᠤᠯᠤᠭᠰᠠᠨ ᠲᠣᠮᠢᠯᠠᠭᠰᠠᠨ ᠪᠠᠶᠢᠭᠤᠯᠤᠮᠵᠢ | ᠶᠢᠨ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠤᠨ ᠲᠣᠭᠲᠠᠭᠠᠯ ᠶᠣᠰᠣᠭᠠᠷ᠂ ᠲᠣᠮᠢᠯᠠᠭᠰᠠᠨ | ᠪᠠᠶᠢᠭᠤᠯᠤᠮᠵᠢ ᠶᠢᠨ ᠨᠡᠷ᠎ᠡ ᠪᠠᠷ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠵᠥᠪᠰᠢᠶᠡᠷᠡᠬᠦ ᠦᠭᠡᠢ ᠵᠠᠰᠠᠭ | ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ | ᠬᠠᠷᠢᠶᠠᠯᠠᠨ᠎ᠠ︔ ᠡᠭᠦᠨ ᠳᠤ ᠰᠢᠭᠤᠳ ᠬᠠᠷᠢᠶ᠎ᠠ ᠬᠤᠲᠠ᠂ ᠲᠣᠭᠤᠷᠢᠭ ᠪᠠᠶᠢᠭᠤᠯᠤᠭᠰᠠᠨ ᠬᠤᠳᠠ ᠶᠢᠨ ᠠᠷᠠᠳ ᠤᠨ | ᠵᠠᠰᠠᠭ ᠤᠨ ᠣᠷᠳᠣᠨ ᠤ ᠠᠵᠢᠯ ᠤᠨ ᠰᠠᠯᠠᠭ᠎ᠠ ᠮᠥᠴᠢᠷ ᠤᠨ ᠵᠠᠰᠠᠭ ᠵᠠᠬᠢᠷᠭᠠᠨ ᠤ ᠣᠷᠣᠨ ᠤ ᠬᠤᠪᠢᠶᠠᠷᠢᠯᠠᠯ | ᠶᠣᠰᠣᠭᠠᠷ ᠪᠠᠶᠢᠭᠤᠯᠤᠭᠰᠠᠨ ᠲᠣᠮᠢᠯᠠᠭᠰᠠᠨ ᠪᠠᠶᠢᠭᠤᠯᠤᠮᠵᠢ ᠶᠢᠨ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ | ᠵᠥᠪᠰᠢᠶᠡᠷᠡᠬᠦ ᠦᠭᠡᠢ ᠪᠠᠶᠢᠪᠠᠯ᠂ ᠲᠡᠭᠦᠨ ᠤ ᠪᠠᠶᠢᠭ᠎ᠠ ᠭᠠᠵᠠᠷ ᠤᠨ ᠠᠷᠠᠳ ᠤᠨ ᠵᠠᠰᠠᠭ ᠤᠨ ᠣᠷᠳᠣᠨ ᠠᠴᠠ | ᠬᠠᠮᠢᠶᠠᠷᠤᠭᠰᠠᠨ ᠴᠤ ᠪᠣᠯᠣᠨ᠎ᠠ᠃ | ᠬᠤᠷᠢᠨ ᠲᠠᠪᠤᠳᠤᠭᠠᠷ ᠵᠦᠢᠯ ᠳᠥᠷᠦ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠥᠴᠢᠷ ᠳᠠᠷᠠᠭᠠᠬᠢ | ᠵᠢᠭᠰᠠᠭᠠᠭᠰᠠᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠤᠳ ᠢ | ︵ᠨᠢᠭᠡ︶ ᠲᠤᠰ ᠰᠠᠯᠠᠭ᠎ᠠ ᠮᠥᠴᠢᠷ ᠤᠨ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠥᠯᠥ | ᠵᠥᠪᠰᠢᠶᠡᠷᠡᠬᠦ︔ | ︵ᠬᠤᠶᠠᠷ︶ ᠲᠤᠰ ᠰᠠᠯᠠᠭ᠎ᠠ ᠮᠥᠴᠢᠷ ᠤᠨ ᠬᠠᠤᠯᠢ ᠶᠣᠰᠣᠭᠠᠷ ᠪᠠᠶᠢᠭᠤᠯᠤᠭᠰᠠᠨ ᠲᠣᠮᠢᠯᠠᠭᠰᠠᠨ | ᠪᠠᠶᠢᠭᠤᠯᠤᠮᠵᠢ ᠶᠢᠨ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ᠂ ᠰᠠᠯᠠᠭ᠎ᠠ ᠮᠥᠴᠢᠷ ᠤᠨ ᠳᠦᠷᠢᠮ | ᠲᠣᠭᠲᠠᠭᠠᠯ ᠤᠨ ᠲᠣᠭᠲᠠᠭᠠᠯ ᠶᠣᠰᠣᠭᠠᠷ ᠲᠣᠮᠢᠯᠠᠭᠰᠠᠨ ᠪᠠᠶᠢᠭᠤᠯᠤᠮᠵᠢ ᠶᠢᠨ ᠨᠡᠷ᠎ᠡ ᠪᠠᠷ ᠬᠢᠭᠰᠡᠨ ᠵᠠᠰᠠᠭ ᠵᠠᠬᠢᠷᠭᠠᠨ ᠤ | ᠦᠢᠯᠡ ᠠᠵᠢᠯᠯᠠᠭ᠎ᠠ ᠶᠢ ᠦᠯᠦ ᠵᠥᠪᠰᠢᠶᠡᠷᠡᠬᠦ︔ | ︵ᠭᠤᠷᠪᠠ︶ ᠲᠤᠰ ᠰᠠᠯᠠᠭ᠎ᠠ ᠮᠥᠴᠢᠷ ᠤᠨ ᠬᠠᠮᠢᠶᠠᠷᠴᠤ ᠪᠠᠶᠢᠭ᠎ᠠ ᠬᠠᠤᠯᠢ ᠴᠠᠭᠠᠵᠠ᠂ ᠵᠠᠰᠠᠭ ᠵᠠᠬᠢᠷᠭᠠᠨ ᠤ | ᠬᠠᠤᠯᠢ ᠲᠣᠭᠲᠠᠭᠠᠯ᠂ ᠰᠠᠯᠠᠭ᠎ᠠ ᠮᠥᠴᠢᠷ ᠤᠨ ᠳᠦᠷᠢᠮ ᠲᠣᠭᠲᠠᠭᠠᠯ ᠠᠴᠠ ᠡᠷᠬᠡ ᠣᠯᠭᠤᠭᠰᠠᠨ ᠵᠣᠬᠢᠶᠠᠨ | ᠪᠠᠶᠢᠭᠤᠯᠤᠯᠲᠠ ᠶᠢᠨ ᠬᠢᠭᠰᠡᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠥᠯᠥ ᠵᠥᠪᠰᠢᠶᠡᠷᠡᠬᠦ᠃ | ᠬᠤᠷᠢᠨ ᠵᠢᠷᠭᠤᠳᠤᠭᠠᠷ ᠵᠦᠢᠯ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠶᠢᠨ | ᠠᠷᠠᠳ ᠤᠨ ᠵᠠᠰᠠᠭ ᠤᠨ ᠣᠷᠳᠣᠨ ᠤ ᠲᠤᠰ ᠬᠠᠤᠯᠢ ᠶᠢᠨ ᠬᠤᠷᠢᠨ ᠳᠥᠷᠪᠡᠳᠦᠭᠡᠷ ᠵᠦᠢᠯ ᠤᠨ ᠬᠤᠶᠠᠳᠤᠭᠠᠷ ᠪᠠᠳᠠᠭ | ᠤᠨ ᠲᠣᠭᠲᠠᠭᠠᠯ ᠢ ᠦᠨᠳᠦᠰᠦᠯᠡᠨ᠂ ᠲᠦᠷᠦ ᠶᠢᠨ ᠶᠠᠪᠤᠳᠠᠯ ᠤᠨ ᠬᠤᠷᠢᠶᠠᠨ ᠤ ᠰᠠᠯᠠᠭ᠎ᠠ ᠮᠥᠴᠢᠷ ᠤᠨ ᠲᠤᠰ ᠬᠠᠤᠯᠢ | ᠶᠢᠨ ᠬᠤᠷᠢᠨ ᠲᠠᠪᠤᠳᠤᠭᠠᠷ ᠵᠦᠢᠯ ᠤᠨ ᠨᠢᠭᠡᠳᠦᠭᠡᠷ ᠵᠤᠷᠪᠤᠰ ᠤᠨ ᠲᠣᠭᠲᠠᠭᠠᠯ ᠢ ᠦᠨᠳᠦᠰᠦᠯᠡᠨ ᠭᠠᠷᠭᠠᠭᠰᠠᠨ ᠵᠠᠰᠠᠭ | ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠢ ᠵᠥᠪᠰᠢᠶᠡᠷᠡᠬᠦ ᠦᠭᠡᠢ ᠪᠠᠶᠢᠪᠠᠯ᠂ ᠠᠷᠠᠳ ᠤᠨ ᠰᠢᠭᠦᠬᠦ | ᠬᠤᠷᠢᠶᠠᠨ ᠳᠤ ᠵᠠᠰᠠᠭ ᠵᠠᠬᠢᠷᠭᠠᠨ ᠤ ᠵᠠᠷᠭᠤ ᠬᠢᠵᠦ ᠪᠣᠯᠣᠨ᠎ᠠ︔ ᠳᠥᠷᠦ ᠶᠢᠨ ᠶᠠᠪᠤᠳᠠᠯ ᠤᠨ ᠬᠤᠷᠢᠶᠠᠨ ᠳᠤ | ᠲᠣᠭᠲᠠᠭᠠᠯᠲᠠ ᠭᠠᠷᠭᠠᠭᠤᠯᠬᠤ ᠪᠠᠷ ᠭᠤᠶᠤᠴᠢᠯᠠᠭᠰᠠᠨ ᠴᠤ ᠪᠣᠯᠣᠨ᠎ᠠ᠂ ᠳᠥᠷᠦ ᠶᠢᠨ ᠶᠠᠪᠤᠳᠠᠯ ᠤᠨ ᠬᠤᠷᠢᠶ᠎ᠠ ᠲᠤᠰ | ᠬᠠᠤᠯᠢ ᠶᠢᠨ ᠲᠣᠭᠲᠠᠭᠠᠯ ᠶᠣᠰᠣᠭᠠᠷ ᠡᠴᠦᠰ ᠤᠨ ᠲᠣᠭᠲᠠᠭᠠᠯᠲᠠ ᠭᠠᠷᠭᠠᠨ᠎ᠠ᠃ | ᠬᠤᠷᠢᠨ ᠳᠣᠯᠣᠳᠤᠭᠠᠷ ᠵᠦᠢᠯ ᠪᠣᠭᠤᠮᠲᠠ᠂ ᠮᠥᠩᠭᠦᠨ ᠭᠦᠢᠯᠭᠡᠭᠡ᠂ ᠭᠠᠳᠠᠭᠠᠳᠤ ᠭᠤᠪᠢᠭᠤᠯᠭ᠎ᠠ ᠶᠢᠨ | ᠬᠠᠮᠢᠶᠠᠷᠤᠯᠲᠠ ᠵᠡᠷᠭᠡ ᠳᠤ ᠰᠢᠭᠤᠳ ᠤᠳᠤᠷᠢᠳᠤᠯᠭ᠎ᠠ ᠶᠠᠪᠤᠭᠤᠯᠵᠤ ᠪᠠᠶᠢᠭ᠎ᠠ ᠵᠠᠰᠠᠭ ᠵᠠᠬᠢᠷᠭᠠᠨ ᠤ ᠪᠠᠶᠢᠭᠤᠯᠭ᠎ᠠ᠂ | ᠭᠠᠶᠢᠯᠢ ᠶᠢᠨ ᠶᠠᠪᠤᠳᠠᠯ ᠪᠠ ᠤᠯᠤᠰ ᠤᠨ ᠠᠮᠤᠷ ᠲᠦᠪᠰᠢᠨ ᠢ ᠬᠠᠮᠠᠭᠠᠯᠠᠬᠤ ᠪᠠᠶᠢᠭᠤᠯᠭ᠎ᠠ ᠶᠢᠨ ᠵᠠᠰᠠᠭ ᠵᠠᠬᠢᠷᠭᠠᠨ ᠤ | ᠤᠢᠢᠯᠠ ᠠᠵᠢᠯᠯᠠᠭ᠎ᠠ ᠶᠢ ᠵᠥᠪᠰᠢᠶᠡᠷᠡᠬᠦ ᠦᠭᠡᠢ ᠪᠠᠶᠢᠪᠠᠯ᠂ ᠳᠡᠭᠡᠷ᠎ᠡ ᠨᠢᠭᠡ ᠱᠠᠲᠤᠨ ᠤ ᠡᠷᠬᠢᠯᠡᠠ ᠬᠠᠮᠢᠶᠠᠷᠬᠤ ᠰᠠᠯᠠᠭ᠎ᠠ | ᠮᠥᠴᠢᠷ ᠲᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠨ᠎ᠠ᠃ | ᠬᠤᠷᠢᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠳᠠᠭᠢᠨ ᠵᠥᠪᠯᠡᠬᠦ ᠪᠠᠶᠢᠭᠤᠯᠤᠮᠵᠢ ᠶᠢᠨ ᠡᠭᠦᠷᠭᠡ | ᠬᠠᠷᠢᠭᠤᠴᠠᠯᠭ᠎ᠠ ᠶᠢ ᠭᠦᠢᠴᠡᠳᠬᠡᠵᠦ ᠪᠠᠶᠢᠭ᠎ᠠ ᠣᠷᠣᠨ ᠨᠤᠲᠤᠭ ᠤᠨ ᠠᠷᠠᠳ ᠤᠨ ᠵᠠᠰᠠᠭ ᠤᠨ ᠣᠷᠳᠣᠨ ᠤ ᠬᠠᠤᠯᠢ | ᠴᠠᠭᠠᠵᠠ ᠶᠢᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠤᠨ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢ | ᠵᠥᠪᠰᠢᠶᠡᠷᠡᠬᠦ ᠦᠭᠡᠢ ᠪᠣᠯ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ ᠳᠤ ᠵᠠᠰᠠᠭ ᠵᠠᠬᠢᠷᠭᠠᠨ ᠢᠶᠠᠷ ᠳᠠᠭᠢᠨ | ᠵᠥᠪᠯᠡᠭᠦᠯᠬᠦ ᠪᠠᠷ ᠭᠤᠶᠤᠴᠢᠯᠠᠵᠤ ᠪᠣᠯᠣᠨ᠎ᠠ᠂ ᠳᠡᠭᠡᠷ᠎ᠡ ᠨᠢᠭᠡ ᠱᠠᠲᠤᠨ ᠤ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ | ᠰᠠᠯᠠᠭ᠎ᠠ ᠮᠥᠴᠢᠷ ᠲᠤ ᠵᠠᠰᠠᠭ ᠵᠠᠬᠢᠷᠭᠠᠨ ᠢᠶᠠᠷ ᠳᠠᠭᠢᠨ ᠵᠥᠪᠯᠡᠭᠦᠯᠬᠦ ᠪᠠᠷ ᠭᠤᠶᠤᠴᠢᠯᠠᠵᠤ ᠪᠠᠰᠠ ᠪᠣᠯᠣᠨ᠎ᠠ᠃ | ᠬᠤᠷᠢ ᠶᠢᠰᠦᠳᠦᠭᠡᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠶᠢᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠨᠢᠭᠡᠨᠲᠡ ᠬᠠᠤᠯᠢ ᠶᠣᠰᠣᠭᠠᠷ ᠰᠢᠢᠳᠪᠦᠷᠢᠯᠡᠬᠦ ᠪᠠᠷ ᠭᠥᠯᠢᠶᠡᠨ ᠠᠪᠤᠭᠰᠠᠨ ᠪᠠᠶᠢᠪᠠᠯ᠂ ᠵᠠᠰᠠᠭ | ᠵᠠᠬᠢᠷᠭᠠᠨ ᠢᠶᠠᠷ ᠳᠠᠪᠲᠠᠨ ᠶᠠᠷᠢᠯᠴᠠᠬᠤ ᠬᠤᠭᠤᠴᠠᠭᠠᠨ ᠳᠤ ᠠᠷᠠᠳ ᠤᠨ ᠰᠢᠭᠦᠬᠦ ᠬᠤᠷᠢᠶᠠᠨ ᠳᠤ ᠵᠠᠰᠠᠭ ᠵᠠᠬᠢᠷᠭᠠᠨ ᠤ | ᠵᠠᠷᠭᠤ ᠬᠢᠵᠦ ᠪᠣᠯᠬᠤ ᠦᠭᠡᠢ᠃ | ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠠᠷᠠᠳ ᠤᠨ ᠰᠢᠭᠦᠬᠦ | ᠬᠤᠷᠢᠶᠠᠨ ᠳᠤ ᠵᠠᠰᠠᠭ ᠵᠠᠬᠢᠷᠭᠠᠨ ᠤ ᠵᠠᠷᠭᠤ ᠭᠦᠢᠴᠡᠳᠬᠡᠬᠦ ᠳᠤ ᠠᠷᠠᠳ ᠤᠨ ᠰᠢᠭᠦᠬᠦ ᠬᠤᠷᠢᠶ᠎ᠠ ᠨᠢᠭᠡᠨᠲᠡ ᠬᠠᠤᠯᠢ | ᠶᠣᠰᠣᠭᠠᠷ ᠰᠢᠢᠳᠪᠦᠷᠢᠯᠡᠬᠦ ᠪᠠᠷ ᠭᠥᠯᠢᠶᠡᠨ ᠠᠪᠤᠭᠰᠠᠨ ᠪᠠᠶᠢᠪᠠᠯ᠂ ᠵᠠᠰᠠᠭ ᠵᠠᠬᠢᠷᠭᠠᠨ ᠢᠶᠠᠷ ᠲᠡᠬᠢᠠ ᠵᠥᠪᠯᠡᠭᠦᠯᠬᠦ ᠪᠠᠷ | ᠭᠤᠶᠤᠴᠢᠯᠠᠵᠤ ᠪᠣᠯᠬᠤ ᠦᠭᠡᠢ᠃ | ᠭᠤᠷᠪᠠᠳᠤᠭᠠᠷ ᠪᠦᠯᠦᠭ ᠵᠠᠰᠠᠭ ᠵᠠᠬᠢᠷᠭᠠᠨ ᠢᠶᠠᠷ ᠳᠠᠭᠢᠨ ᠵᠥᠪᠯᠡᠭᠦᠯᠬᠦ ᠶᠢ ᠭᠥᠯᠢᠶᠡᠨ ᠠᠪᠴᠤ ᠰᠢᠢᠳᠪᠦᠷᠢᠯᠡᠬᠦ | ᠭᠤᠴᠢᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ᠵᠠᠰᠠᠭ ᠵᠠᠬᠢᠷᠭᠠᠨ ᠢᠶᠠᠷ | ᠳᠠᠪᠲᠠᠨ ᠶᠠᠷᠢᠯᠴᠠᠭᠤᠯᠬᠤ ᠭᠤᠶᠤᠴᠢᠯᠠᠯ ᠢ ᠣᠯᠣᠭᠰᠠᠨ ᠤ ᠲᠡᠷᠠᠭ᠎ᠠ ᠲᠠᠪᠤᠨ ᠡᠳᠦᠷ ᠤᠨ ᠳᠣᠲᠣᠷ᠎ᠠ ᠬᠢᠨᠠᠨ | ᠪᠠᠶᠢᠴᠠᠭᠠᠬᠤ ᠬᠡᠷᠡᠭᠲᠡᠢ᠃ ᠳᠣᠣᠷᠠᠬᠢ ᠲᠣᠭᠲᠠᠭᠠᠯ ᠳᠤ ᠨᠡᠶᠢᠴᠡᠪᠡᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ | ᠪᠠᠶᠢᠭᠤᠯᠭ᠎ᠠ ᠨᠢ ᠭᠥᠯᠢᠶᠡᠨ ᠠᠪᠴᠤ ᠰᠢᠢᠳᠪᠦᠷᠢᠯᠡᠬᠦ ᠬᠡᠷᠡᠭᠲᠡᠢ᠄ | ︵ᠨᠢᠭᠡ︶ ᠲᠣᠳᠣᠷᠬᠠᠢ ᠭᠤᠶᠤᠴᠢᠯᠠᠭᠴᠢ ᠪᠠ ᠲᠤᠰ ᠬᠠᠤᠯᠢ ᠶᠢᠨ ᠲᠣᠭᠲᠠᠭᠠᠯ ᠳᠤ ᠨᠡᠶᠢᠴᠡᠭᠰᠡᠨ | ᠭᠤᠶᠤᠴᠢᠯᠠᠭᠳᠠᠭᠴᠢ ᠲᠠᠢ ᠪᠠᠶᠢᠬᠤ︔ | ︵ᠬᠤᠶᠠᠷ︶ ᠭᠤᠶᠤᠴᠢᠯᠠᠭᠴᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠳᠠᠭᠰᠠᠨ | ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠲᠠᠢ ᠠᠰᠢᠭ ᠬᠤᠣᠷ ᠤᠨ ᠬᠠᠷᠢᠴᠠᠭ᠎ᠠ ᠲᠠᠢ ᠪᠠᠶᠢᠬᠤ︔ | ︵ᠭᠤᠷᠪᠠ︶ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠣᠳᠠᠲᠠᠢ ᠭᠤᠶᠤᠴᠢᠯᠠᠯ ᠪᠠ ᠤᠴᠢᠷ ᠰᠢᠯᠲᠠᠭᠠᠨ | ᠲᠠᠢ ᠪᠠᠶᠢᠬᠤ︔ | ︵ᠳᠥᠷᠪᠡ︶ ᠬᠠᠤᠯᠢ ᠪᠠᠷ ᠲᠣᠭᠲᠠᠭᠠᠭᠰᠠᠨ ᠭᠤᠶᠤᠴᠢᠯᠠᠯ ᠭᠠᠷᠭᠠᠬᠤ ᠬᠤᠭᠤᠴᠠᠭᠠᠨ ᠤ ᠳᠣᠲᠣᠷ᠎ᠠ | ᠳᠤᠷᠠᠳᠬᠤ︔ | ︵ᠲᠠᠪᠤ︶ ᠲᠤᠰ ᠬᠠᠤᠯᠢ ᠳᠤ ᠲᠣᠭᠲᠠᠭᠠᠭᠰᠠᠨ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠪᠴᠢᠶᠡᠨ ᠳᠤ | ᠪᠠᠭᠲᠠᠬᠤ︔ | ︵ᠵᠢᠷᠭᠤᠭ᠎ᠠ︶ ᠲᠤᠰ ᠪᠠᠶᠢᠭᠤᠯᠭ᠎ᠠ ᠶᠢᠨ ᠬᠠᠮᠢᠶᠠᠷᠬᠤ ᠬᠡᠪᠴᠢᠶᠡᠨ ᠳᠤ ᠬᠠᠷᠢᠶᠠᠯᠠᠭᠳᠠᠬᠤ︔ | ︵ᠳᠣᠯᠤᠭ᠎ᠠ︶ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠲᠣᠰ ᠭᠤᠶᠤᠴᠢᠯᠠᠭᠴᠢ ᠶᠢᠨ ᠠᠳᠠᠯᠢ | ᠨᠢᠭᠡᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢᠨ ᠲᠤᠬᠠᠢ ᠳᠤᠷᠠᠳᠤᠭᠰᠠᠨ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠭᠰᠡᠨ ᠦᠭᠡᠢ ᠮᠥᠷᠲᠡᠭᠡᠨ ᠠᠷᠠᠳ ᠤᠨ ᠰᠢᠭᠦᠬᠦ | ᠬᠤᠷᠢᠶ᠎ᠠ ᠲᠣᠰ ᠭᠤᠶᠤᠴᠢᠯᠠᠭᠴᠢ ᠶᠢᠨ ᠠᠳᠠᠯᠢ ᠨᠢᠭᠡᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢᠨ ᠲᠤᠬᠠᠢ | ᠳᠤᠷᠠᠳᠤᠭᠰᠠᠨ ᠵᠠᠰᠠᠭ ᠵᠠᠬᠢᠷᠭᠠᠨ ᠤ ᠵᠠᠷᠭᠤ ᠶᠢ ᠭᠥᠯᠢᠶᠡᠨ ᠠᠪᠴᠤ ᠰᠢᠢᠳᠪᠦᠷᠢᠯᠡᠭᠰᠡᠨ ᠦᠭᠡᠢ᠃ | ᠡᠮᠦᠨᠡᠬᠢ ᠪᠠᠳᠠᠭ ᠤᠨ ᠲᠣᠭᠲᠠᠭᠠᠯ ᠳᠤ ᠨᠡᠶᠢᠴᠡᠬᠦ ᠦᠭᠡᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠭᠤᠶᠤᠴᠢᠯᠠᠯ ᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ᠬᠢᠨᠠᠨ ᠪᠠᠶᠢᠴᠠᠭᠠᠬᠤ ᠬᠤᠭᠤᠴᠠᠭᠠᠨ ᠤ | ᠳᠣᠲᠣᠷ᠎ᠠ ᠭᠥᠯᠢᠶᠡᠨ ᠠᠪᠴᠤ ᠰᠢᠢᠳᠪᠦᠷᠢᠯᠡᠬᠦ ᠦᠭᠡᠢ ᠪᠠᠨ ᠲᠣᠭᠲᠠᠭᠠᠬᠤ ᠶᠢᠨ ᠬᠠᠮᠲᠤ ᠤᠴᠢᠷ ᠰᠢᠯᠲᠠᠭᠠᠨ ᠢᠶᠠᠨ | ᠲᠣᠳᠣᠷᠬᠠᠶᠢᠯᠠᠬᠤ ᠬᠡᠷᠡᠭᠲᠡᠢ︔ ᠲᠣᠰ ᠪᠠᠶᠢᠭᠤᠯᠭ᠎ᠠ ᠶᠢᠨ ᠬᠠᠷᠢᠶᠠᠯᠠᠯ ᠳᠤ ᠬᠠᠷᠢᠶᠠᠯᠠᠭᠳᠠᠬᠤ ᠦᠭᠡᠢ ᠪᠣᠯ᠂ ᠥᠯᠥ | ᠭᠥᠯᠢᠶᠡᠨ ᠠᠪᠴᠤ ᠰᠢᠢᠳᠪᠦᠷᠢᠯᠡᠬᠦ ᠲᠣᠭᠲᠠᠭᠠᠯ ᠤᠨ ᠳᠤᠮᠳᠠ ᠭᠤᠶᠤᠴᠢᠯᠠᠭᠴᠢ ᠳᠤ ᠬᠠᠷᠢᠶᠠᠯᠠᠯ ᠤᠨ ᠡᠷᠬᠡ ᠲᠠᠢ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠳᠤ ᠮᠡᠳᠡᠭᠳᠡᠬᠦ ᠬᠡᠷᠡᠭᠲᠡᠢ᠃ | ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠬᠢᠨᠠᠨ ᠪᠠᠶᠢᠴᠠᠭᠠᠬᠤ ᠬᠤᠭᠤᠴᠠᠭ᠎ᠠ | ᠳᠦᠭᠦᠷᠦᠭᠰᠡᠨ ᠪᠠᠶᠢᠲᠠᠯ᠎ᠠ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠠᠴᠠ ᠥᠯᠥ ᠭᠥᠯᠢᠶᠡᠨ ᠠᠪᠴᠤ | ᠰᠢᠢᠳᠪᠦᠷᠢᠯᠡᠬᠦ ᠲᠣᠭᠲᠠᠭᠠᠯ ᠭᠠᠷᠭᠠᠭᠰᠠᠨ ᠦᠭᠡᠢ ᠪᠠᠶᠢᠪᠠᠯ᠂ ᠬᠢᠨᠠᠨ ᠪᠠᠶᠢᠴᠠᠭᠠᠬᠤ ᠬᠤᠭᠤᠴᠠᠭ᠎ᠠ ᠳᠦᠭᠦᠷᠦᠭᠰᠡᠨ | ᠡᠳᠦᠷ ᠠᠴᠠ ᠡᠬᠢᠯᠡᠨ ᠭᠥᠯᠢᠶᠡᠨ ᠠᠪᠴᠤ ᠰᠢᠢᠳᠪᠦᠷᠢᠯᠡᠭᠰᠡᠨ ᠢᠶᠠᠷ ᠪᠤᠳᠤᠨ᠎ᠠ᠃ | ᠭᠤᠴᠢᠨ ᠨᠢᠭᠡᠳᠦᠭᠡᠷ ᠵᠦᠢᠯ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠰᠠᠨ ᠮᠠᠲ᠋ᠧᠷᠢᠶᠠᠯ | ᠨᠢ ᠪᠦᠷᠢᠨ ᠭᠦᠢᠴᠡᠳ ᠦᠭᠡᠢ ᠪᠤᠶᠤ ᠲᠣᠭᠠᠴᠢᠯᠲᠠ ᠨᠢ ᠲᠣᠳᠣᠷᠬᠠᠢ ᠦᠭᠡᠢ ᠪᠠᠶᠢᠵᠤ᠂ ᠵᠠᠰᠠᠭ ᠵᠠᠬᠢᠷᠭᠠᠨ ᠢᠶᠠᠷ | ᠳᠠᠬᠢᠨ ᠵᠥᠪᠯᠡᠭᠦᠯᠬᠦ ᠭᠤᠶᠤᠴᠢᠯᠠᠯ ᠨᠢ ᠲᠣᠰ ᠬᠠᠤᠯᠢ ᠶᠢᠨ ᠭᠤᠴᠢᠳᠤᠭᠠᠷ ᠵᠦᠢᠯ ᠤᠨ ᠨᠢᠭᠡᠳᠦᠭᠡᠷ ᠵᠤᠷᠪᠤᠰ ᠤᠨ | ᠲᠣᠭᠲᠠᠭᠠᠯ ᠳᠤ ᠨᠡᠶᠢᠴᠡᠬᠦ ᠡᠰᠡᠬᠦ ᠶᠢ ᠮᠠᠭᠠᠳᠯᠠᠬᠤ ᠶᠢᠨ ᠠᠷᠭ᠎ᠠ ᠦᠭᠡᠢ ᠪᠠᠶᠢᠪᠠᠯ᠂ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠭ᠎ᠠ ᠨᠢ ᠭᠤᠶᠤᠴᠢᠯᠠᠯ ᠢ ᠣᠯᠣᠭᠰᠠᠨ ᠡᠳᠦᠷ ᠠᠴᠠ ᠡᠬᠢᠯᠡᠨ ᠲᠠᠪᠤᠨ ᠡᠳᠦᠷ ᠤᠨ ᠳᠣᠲᠣᠷ᠎ᠠ | ᠭᠤᠶᠤᠴᠢᠯᠠᠭᠴᠢ ᠳᠤ ᠨᠥᠬᠦᠪᠦᠷᠢᠯᠡᠨ ᠵᠠᠯᠠᠷᠠᠭᠤᠯᠬᠤ ᠶᠢ ᠪᠢᠴᠢᠭ ᠢᠶᠠᠷ ᠮᠡᠳᠡᠭᠳᠡᠬᠦ ᠬᠡᠷᠡᠭᠲᠡᠢ᠃ ᠨᠥᠬᠦᠪᠦᠷᠢᠯᠡᠨ | ᠵᠠᠯᠠᠷᠠᠭᠤᠯᠬᠤ ᠮᠡᠳᠡᠭᠳᠡᠯ ᠳᠤ ᠨᠥᠬᠦᠪᠦᠷᠢᠯᠡᠨ ᠵᠠᠯᠠᠷᠠᠭᠤᠯᠬᠤ ᠴᠢᠬᠤᠯᠠᠲᠠᠢ ᠵᠦᠢᠯᠡᠰ ᠢ ᠨᠢᠭᠡ ᠯᠡ ᠤᠳᠠᠭ᠎ᠠ ᠳᠤ | ᠲᠣᠳᠣᠷᠬᠠᠢ ᠪᠢᠴᠢᠬᠦ ᠬᠡᠷᠡᠭᠲᠡᠢ᠃ | ᠭᠤᠶᠤᠴᠢᠯᠠᠭᠴᠢ ᠨᠥᠬᠦᠪᠦᠷᠢᠯᠡᠨ ᠵᠠᠯᠠᠷᠠᠭᠤᠯᠬᠤ ᠮᠡᠳᠡᠭᠳᠡᠯ ᠢ ᠣᠯᠣᠭᠰᠠᠨ ᠡᠳᠦᠷ ᠠᠴᠠ ᠡᠬᠢᠯᠡᠨ ᠠᠷᠪᠠᠨ | ᠡᠳᠦᠷ ᠤᠨ ᠳᠣᠲᠣᠷ᠎ᠠ ᠨᠥᠬᠦᠪᠦᠷᠢᠯᠡᠨ ᠵᠠᠯᠠᠷᠠᠭᠤᠯᠬᠤ ᠮᠠᠲ᠋ᠧᠷᠢᠶᠠᠯ ᠢᠶᠠᠨ ᠲᠤᠰᠢᠶᠠᠬᠤ ᠬᠡᠷᠡᠭᠲᠡᠢ᠃ ᠵᠦᠢ ᠶᠣᠰᠣᠨ ᠤ | ᠰᠢᠯᠲᠠᠭᠠᠨ ᠠᠴᠠ ᠪᠣᠯᠵᠤ ᠬᠤᠭᠤᠴᠠᠭ᠎ᠠ ᠶᠣᠰᠣᠭᠠᠷ ᠨᠥᠬᠦᠪᠦᠷᠢᠯᠡᠨ ᠵᠠᠯᠠᠷᠠᠭᠤᠯᠵᠤ ᠳᠡᠶᠢᠯᠬᠦ ᠦᠭᠡᠢ ᠪᠠᠶᠢᠪᠠᠯ᠂ ᠵᠠᠰᠠᠭ | ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠦᠢ ᠵᠣᠬᠢᠰᠲᠠᠢ ᠨᠥᠬᠦᠪᠦᠷᠢᠯᠡᠨ ᠵᠠᠯᠠᠷᠠᠭᠤᠯᠬᠤ ᠬᠤᠭᠤᠴᠠᠭ᠎ᠠ ᠶᠢ | ᠤᠷᠲᠤᠳᠬᠠᠵᠤ ᠪᠣᠯᠣᠨ᠎ᠠ᠃ ᠵᠦᠢ ᠶᠣᠰᠣᠨ ᠤ ᠰᠢᠯᠲᠠᠭᠠᠨ ᠦᠭᠡᠢ ᠪᠠᠷ ᠬᠤᠭᠤᠴᠠᠭ᠎ᠠ ᠬᠡᠲᠦᠷᠡᠲᠡᠯ᠎ᠡ ᠨᠥᠬᠦᠪᠦᠷᠢᠯᠡᠨ | ᠵᠠᠯᠠᠷᠠᠭᠤᠯᠬᠤ ᠦᠭᠡᠢ ᠪᠠᠶᠢᠪᠠᠯ᠂ ᠭᠤᠶᠤᠴᠢᠯᠠᠭᠴᠢ ᠶᠢᠨ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ | ᠢᠶᠠᠨ ᠬᠠᠶᠠᠭᠰᠠᠨ ᠢᠶᠠᠷ ᠦᠵᠡᠬᠦ ᠶᠢᠨ ᠬᠠᠮᠲᠤ ᠲᠡᠮᠳᠡᠭᠯᠡᠯ ᠳᠤ ᠲᠡᠮᠳᠡᠭᠯᠡᠨ᠎ᠡ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠥᠬᠦᠪᠦᠷᠢᠯᠡᠨ ᠵᠠᠯᠠᠷᠠᠭᠤᠯᠬᠤ ᠮᠠᠲ᠋ᠧᠷᠢᠶᠠᠯ ᠢ | ᠣᠯᠣᠭᠰᠠᠨ ᠤ ᠲᠡᠷᠠᠭ᠎ᠠ᠂ ᠲᠤᠰ ᠬᠠᠤᠯᠢ ᠶᠢᠨ ᠭᠤᠴᠢᠳᠤᠭᠠᠷ ᠵᠦᠢᠯ ᠤᠨ ᠲᠣᠭᠲᠠᠭᠠᠯ ᠶᠣᠰᠣᠭᠠᠷ ᠰᠢᠢᠳᠪᠦᠷᠢᠯᠡᠨ᠎ᠡ᠃ | | ᠭᠤᠴᠢᠨ ᠬᠤᠶᠠᠳᠤᠭᠠᠷ ᠵᠦᠢᠯ ᠲᠤᠬᠠᠢ ᠶᠢᠨ ᠲᠠᠯᠠᠪᠤᠷ ᠲᠤ ᠭᠠᠷᠭᠠᠭᠰᠠᠨ ᠪᠤᠶᠤ ᠡᠯᠧᠺᠲᠷᠣᠨ ᠮᠡᠷᠭᠡᠵᠢᠯ ᠤᠨ | ᠬᠢᠨᠠᠨ ᠡᠵᠡᠮᠳᠡᠬᠦ ᠲᠥᠬᠦᠭᠡᠷᠦᠮᠵᠢ ᠶᠢᠨ ᠲᠡᠮᠳᠡᠭᠯᠡᠯ ᠤᠨ ᠬᠠᠤᠯᠢ ᠶᠢ ᠵᠥᠷᠢᠴᠡᠭᠰᠡᠨ ᠪᠣᠳᠠᠲᠤ ᠬᠡᠷᠡᠭ ᠢ ᠦᠨᠳᠦᠰᠦᠯᠡᠨ | ᠭᠠᠷᠭᠠᠭᠰᠠᠨ ᠵᠠᠰᠠᠭ ᠵᠠᠬᠢᠷᠭᠠᠨ ᠤᠰᠢᠢᠳᠬᠡᠯ ᠣᠯᠭᠤᠬᠤ ᠲᠣᠭᠲᠠᠭᠠᠯ ᠢ ᠵᠥᠪᠰᠢᠶᠡᠷᠡᠬᠦ ᠦᠭᠡᠢ ᠪᠠᠶᠢᠵᠤ ᠵᠠᠰᠠᠭ | ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠰᠠᠨ ᠪᠠᠶᠢᠪᠠᠯ᠂ ᠵᠠᠰᠠᠭ ᠵᠠᠬᠢᠷᠭᠠᠨ ᠤᠰᠢᠢᠳᠬᠡᠯ ᠣᠯᠭᠤᠬᠤ | ᠲᠣᠭᠲᠠᠭᠠᠯ ᠭᠠᠷᠭᠠᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠪᠠᠷ ᠳᠠᠮᠵᠢᠭᠤᠯᠤᠨ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠭᠤᠶᠤᠴᠢᠯᠠᠯ ᠳᠡᠪᠰᠢᠭᠦᠯᠵᠦ ᠪᠣᠯᠣᠨ᠎ᠠ᠃ | ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢ | ᠣᠯᠣᠭᠰᠠᠨ ᠤ ᠲᠡᠷᠠᠭ᠎ᠠ ᠴᠠᠭ ᠲᠤᠬᠠᠢ ᠳᠤᠨᠢ ᠰᠢᠢᠳᠪᠦᠷᠢᠯᠡᠬᠦ ᠬᠡᠷᠡᠭᠲᠡᠢ︔ ᠵᠠᠰᠠᠭ ᠵᠠᠬᠢᠷᠭᠠᠨ ᠤᠰᠢᠢᠳᠬᠡᠯ | ᠲᠣᠷᠭᠠᠭᠤᠯᠢ ᠶᠢᠨ ᠲᠣᠭᠲᠠᠭᠠᠯ ᠢ ᠪᠠᠷᠢᠮᠲᠠᠯᠠᠬᠤ ᠴᠢᠬᠤᠯᠠᠲᠠᠢ ᠭᠡᠵᠦ ᠦᠵᠡᠪᠡᠯ᠂ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠭᠤᠶᠤᠴᠢᠯᠠᠯ ᠢ ᠣᠯᠣᠭᠰᠠᠨ ᠡᠳᠦᠷ ᠠᠴᠠ ᠡᠬᠢᠯᠡᠨ ᠲᠠᠪᠤᠨ ᠡᠳᠦᠷ ᠤᠨ ᠳᠣᠲᠣᠷ᠎ᠠ ᠵᠠᠰᠠᠭ ᠵᠠᠬᠢᠷᠭᠠᠨ ᠤ | ᠳᠠᠬᠢᠨ ᠵᠥᠪᠯᠡᠬᠦ ᠪᠠᠶᠢᠭᠤᠯᠭ᠎ᠠ ᠳᠤ ᠰᠢᠯᠵᠢᠭᠦᠯᠦᠨ ᠬᠦᠷᠭᠡᠬᠦ ᠬᠡᠷᠡᠭᠲᠡᠢ᠃ | ᠭᠤᠴᠢᠨ ᠭᠤᠷᠪᠠᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ | ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢ ᠰᠢᠢᠳᠪᠦᠷᠢᠯᠡᠬᠦ ᠪᠠᠷ ᠭᠥᠯᠢᠶᠡᠨ ᠠᠪᠤᠭᠰᠠᠨ ᠤ ᠲᠡᠷᠠᠭ᠎ᠠ᠂ ᠲᠤᠰ | ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠨᠢ ᠲᠤᠰ ᠬᠠᠤᠯᠢ ᠶᠢᠨ ᠭᠤᠴᠢᠳᠤᠭᠠᠷ ᠵᠦᠢᠯ ᠤᠨ | ᠨᠢᠭᠡᠳᠦᠭᠡᠷ ᠪᠠᠳᠠᠭ ᠤᠨ ᠲᠣᠭᠲᠠᠭᠠᠯ ᠳᠤ ᠨᠡᠶᠢᠴᠡᠬᠦ ᠦᠭᠡᠢ ᠪᠠᠶᠢᠬᠤ ᠶᠢ ᠣᠯᠵᠤ ᠮᠡᠳᠡᠪᠡᠯ᠂ ᠭᠤᠶᠤᠴᠢᠯᠠᠯ ᠢ | ᠨᠢᠴᠤᠭᠠᠬᠤ ᠪᠠᠷ ᠲᠣᠭᠲᠠᠭᠠᠬᠤ ᠶᠢᠨ ᠬᠠᠮᠲᠤ ᠤᠴᠢᠷ ᠰᠢᠯᠲᠠᠭᠠᠨ ᠢᠶᠠᠨ ᠲᠣᠳᠣᠷᠬᠠᠶᠢᠯᠠᠬᠤ ᠬᠡᠷᠡᠭᠲᠡᠢ᠃ | ᠭᠤᠴᠢᠨ ᠳᠥᠷᠪᠡᠳᠦᠭᠡᠷ ᠵᠦᠢᠯ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠤᠷᠢᠳᠠᠪᠠᠷ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠳᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠭᠤᠶᠤᠴᠢᠯᠠᠯ ᠭᠠᠷᠭᠠᠵᠤ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠢ ᠵᠥᠪᠰᠢᠶᠡᠷᠡᠬᠦ ᠦᠭᠡᠢ ᠪᠣᠯ | ᠠᠷᠠᠳ ᠤᠨ ᠰᠢᠭᠦᠬᠦ ᠬᠤᠷᠢᠶᠠᠨ ᠳᠤ ᠵᠠᠰᠠᠭ ᠵᠠᠬᠢᠷᠭᠠᠨ ᠤ ᠵᠠᠷᠭᠤ ᠭᠦᠢᠴᠡᠳᠬᠡᠬᠦ ᠬᠡᠷᠡᠭᠲᠡᠢ ᠭᠡᠵᠦ ᠲᠣᠭᠲᠠᠭᠠᠭᠰᠠᠨ | ᠪᠠᠶᠢᠪᠠᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠥᠯᠥ ᠭᠥᠯᠢᠶᠡᠨ ᠠᠪᠴᠤ ᠰᠢᠢᠳᠪᠦᠷᠢᠯᠡᠬᠦ᠂ | ᠭᠤᠶᠤᠴᠢᠯᠠᠯ ᠢ ᠨᠢ ᠨᠢᠴᠤᠭᠠᠬᠤ ᠪᠤᠶᠤ ᠭᠥᠯᠢᠶᠡᠨ ᠠᠪᠴᠤ ᠰᠢᠢᠳᠪᠦᠷᠢᠯᠡᠭᠰᠡᠨ ᠤ ᠳᠠᠷᠠᠭ᠎ᠠ ᠵᠠᠰᠠᠭ ᠵᠠᠬᠢᠷᠭᠠᠨ ᠤ | ᠳᠠᠬᠢᠨ ᠵᠥᠪᠯᠡᠬᠦ ᠬᠤᠭᠤᠴᠠᠭ᠎ᠠ ᠠᠴᠠ ᠬᠡᠲᠦᠷᠡᠲᠡᠯ᠎ᠡ ᠬᠠᠷᠢᠭᠤᠯᠲᠠ ᠥᠭᠭᠦᠭᠰᠡᠨ ᠦᠭᠡᠢ ᠪᠠᠶᠢᠪᠠᠯ᠂ ᠠᠷᠠᠳ ᠢᠷᠭᠡᠨ᠂ | ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠨᠢ ᠲᠣᠭᠲᠠᠭᠠᠯ ᠤᠨ ᠪᠢᠴᠢᠭ ᠢ ᠣᠯᠣᠭᠰᠠᠨ ᠡᠳᠦᠷ | ᠠᠴᠠ ᠪᠤᠶᠤ ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭ᠎ᠠ ᠳᠦᠭᠦᠷᠦᠭᠰᠡᠨ ᠡᠳᠦᠷ ᠠᠴᠠ ᠡᠬᠢᠯᠡᠨ ᠠᠷᠪᠠᠨ | ᠲᠠᠪᠤᠨ ᠡᠳᠦᠷ ᠤᠨ ᠳᠣᠲᠣᠷ᠎ᠠ ᠬᠠᠤᠯᠢ ᠶᠣᠰᠣᠭᠠᠷ ᠠᠷᠠᠳ ᠤᠨ ᠰᠢᠭᠦᠬᠦ ᠬᠤᠷᠢᠶ᠎ᠠ ᠳᠤ ᠵᠠᠰᠠᠭ ᠵᠠᠬᠢᠷᠭᠠᠨ ᠤ ᠵᠠᠷᠭᠤ | ᠬᠢᠵᠦ ᠪᠣᠯᠣᠨ᠎ᠠ᠃ | ᠭᠤᠴᠢᠨ ᠲᠠᠪᠤᠳᠤᠭᠠᠷ ᠵᠦᠢᠯ ᠠᠷᠠᠳ ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ | ᠪᠠᠶᠢᠭᠤᠯᠤᠯᠲᠠ ᠬᠠᠤᠯᠢ ᠶᠣᠰᠣᠭᠠᠷ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠭᠠᠷᠭᠠᠭᠰᠠᠨ | ᠪᠠᠶᠢᠲᠠᠯ᠎ᠠ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠦᠢ ᠶᠣᠰᠣᠨ ᠤ ᠤᠴᠢᠷ ᠰᠢᠯᠲᠠᠭᠠᠨ ᠦᠭᠡᠢ ᠪᠠᠷ | ᠭᠥᠯᠢᠶᠡᠨ ᠠᠪᠴᠤ ᠰᠢᠢᠳᠪᠦᠷᠢᠯᠡᠬᠦ ᠦᠭᠡᠢ᠂ ᠭᠤᠶᠤᠴᠢᠯᠠᠯ ᠢ ᠨᠢ ᠨᠢᠴᠤᠭᠠᠭᠰᠠᠨ ᠪᠤᠶᠤ ᠭᠥᠯᠢᠶᠡᠨ ᠠᠪᠴᠤ | ᠰᠢᠢᠳᠪᠦᠷᠢᠯᠡᠭᠰᠡᠨ ᠤ ᠲᠡᠷᠠᠭ᠎ᠠ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭ᠎ᠠ ᠠᠴᠠ ᠬᠡᠲᠦᠷᠡᠭᠰᠡᠨ | ᠪᠠᠶᠢᠲᠠᠯ᠎ᠠ ᠬᠠᠷᠢᠭᠤᠯᠲᠠ ᠣᠯᠭᠤᠬᠤ ᠦᠭᠡᠢ ᠪᠠᠶᠢᠪᠠᠯ᠂ ᠭᠤᠶᠤᠴᠢᠯᠠᠭᠴᠢ ᠨᠢ ᠳᠡᠭᠡᠳᠦ ᠱᠠᠲᠤᠨ ᠤ ᠵᠠᠰᠠᠭ ᠵᠠᠬᠢᠷᠭᠠᠨ ᠤ | ᠪᠠᠶᠢᠭᠤᠯᠭ᠎ᠠ ᠳᠤ ᠲᠤᠰᠬᠠᠬᠤ ᠡᠷᠬᠡ ᠲᠠᠢ᠂ ᠳᠡᠭᠡᠳᠦ ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠨᠢ ᠲᠡᠭᠦᠨ ᠢ | ᠵᠠᠷᠯᠢᠭᠳᠠᠨ ᠵᠠᠯᠠᠷᠠᠭᠤᠯᠤᠭᠤᠯᠬᠤ ᠬᠡᠷᠡᠭᠲᠡᠢ︔ ᠴᠢᠬᠤᠯᠠᠲᠠᠢ ᠦᠶ᠎ᠡ ᠳᠤ᠂ ᠳᠡᠭᠡᠳᠦ ᠱᠠᠲᠤᠨ ᠤ ᠵᠠᠰᠠᠭ ᠵᠠᠬᠢᠷᠭᠠᠨ ᠤ | ᠳᠠᠬᠢᠨ ᠵᠥᠪᠯᠡᠬᠦ ᠪᠠᠶᠢᠭᠤᠯᠭ᠎ᠠ ᠠᠴᠠ ᠰᠢᠭᠤᠳ ᠭᠥᠯᠢᠶᠡᠨ ᠠᠪᠴᠤ ᠰᠢᠢᠳᠪᠦᠷᠢᠯᠡᠵᠦ ᠪᠣᠯᠣᠨ᠎ᠠ᠃ | ᠳᠥᠷᠪᠡᠳᠦᠭᠡᠷ ᠪᠦᠯᠦᠭ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠵᠦ ᠰᠢᠭᠦᠬᠦ | ᠨᠢᠭᠡᠳᠦᠭᠡᠷ ᠬᠡᠰᠡᠭ ᠡ᠊ᠩ ᠤᠨ ᠲᠣᠭᠲᠠᠭᠠᠯ | ᠭᠤᠴᠢᠨ ᠵᠢᠷᠭᠤᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ | ᠢᠶᠠᠷ ᠳᠠᠪᠲᠠᠨ ᠶᠠᠷᠢᠯᠴᠠᠭᠤᠯᠬᠤ ᠭᠤᠶᠤᠴᠢᠯᠠᠯ ᠢ ᠰᠢᠢᠳᠪᠦᠷᠢᠯᠡᠬᠦ ᠪᠠᠷ ᠭᠥᠯᠢᠶᠡᠨ ᠠᠪᠤᠭᠰᠠᠨ ᠤ ᠲᠡᠷᠠᠭ᠎ᠠ᠂ ᠲᠤᠰ | ᠬᠠᠤᠯᠢ ᠶᠢᠨ ᠶᠣᠰᠣᠭᠠᠷ ᠡᠩ ᠤᠨ ᠵᠢᠷᠤᠮ ᠪᠤᠶᠤ ᠲᠥᠭᠦᠮ ᠵᠢᠷᠤᠮ ᠢ ᠬᠡᠷᠡᠭᠯᠡᠨ ᠰᠢᠭᠦᠨ᠎ᠡ᠃ ᠵᠠᠰᠠᠭ ᠵᠠᠬᠢᠷᠭᠠᠨ ᠤ | ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯᠲᠠᠨ ᠢ ᠵᠢᠭᠠᠨ ᠲᠣᠭᠲᠠᠭᠠᠵᠤ ᠵᠠᠰᠠᠭ | ᠵᠠᠬᠢᠷᠭᠠᠨ ᠤ ᠳᠠᠬᠢᠨ ᠵᠥᠪᠯᠡᠬᠦ ᠬᠡᠷᠡᠭ ᠢ ᠬᠠᠷᠢᠭᠤᠴᠠᠭᠤᠯᠤᠨ ᠰᠢᠢᠳᠪᠦᠷᠢᠯᠡᠭᠦᠯᠬᠦ ᠬᠡᠷᠡᠭᠲᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯᠲᠠᠨ ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠷᠡᠭ ᠢ | ᠰᠢᠢᠳᠪᠦᠷᠢᠯᠡᠬᠦ ᠶᠠᠪᠤᠴᠠ ᠳᠤ ᠣᠯᠵᠤ ᠮᠡᠳᠡᠭᠰᠡᠨ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ ᠪᠠ ᠬᠤᠪᠢ | ᠬᠥᠮᠥᠨ ᠤ ᠨᠢᠭᠤᠴᠠ ᠶᠢᠨ ᠨᠢᠭᠤᠴᠠ ᠶᠢ ᠬᠠᠮᠠᠭᠠᠯᠠᠬᠤ ᠬᠡᠷᠡᠭᠲᠡᠢ᠃ | ᠭᠤᠴᠢᠨ ᠳᠣᠯᠣᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠬᠠᠤᠯᠢ ᠴᠠᠭᠠᠵᠠ᠂ | ᠬᠠᠤᠯᠢ ᠲᠣᠭᠲᠠᠭᠠᠯ᠂ ᠳᠦᠷᠢᠮ ᠲᠣᠭᠲᠠᠭᠠᠯ ᠤᠨ ᠶᠣᠰᠣᠭᠠᠷ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ ᠬᠡᠷᠡᠭ ᠢ | ᠰᠢᠭᠦᠨ ᠰᠢᠢᠳᠪᠦᠷᠢᠯᠡᠨ᠎ᠡ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ | ᠨᠤᠲᠤᠭ ᠤᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠰᠢᠭᠦᠬᠦ ᠶᠢᠨ ᠵᠡᠷᠭᠡᠴᠡᠭᠡᠪᠡᠷ ᠲᠤᠰ | ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠨᠤᠲᠤᠭ ᠤᠨ ᠥᠪᠡᠷᠲᠡᠭᠡᠨ ᠵᠠᠰᠠᠬᠤ ᠳᠦᠷᠢᠮ ᠪᠠ ᠲᠤᠰᠬᠠᠢ | ᠳᠦᠷᠢᠮ ᠢ ᠵᠢᠷᠤᠮᠯᠠᠨ᠎ᠠ᠃ | ᠭᠤᠴᠢᠨ ᠨᠠᠢᠮᠠᠳᠤᠭᠠᠷ ᠵᠦᠢᠯ ᠳᠡᠭᠡᠷ᠎ᠡ ᠱᠠᠲᠤᠨ ᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ | ᠨᠢ ᠬᠡᠷᠡᠭᠴᠡᠭᠡ ᠪᠠᠨ ᠦᠨᠳᠦᠰᠦᠯᠡᠨ ᠳᠣᠣᠷ᠎ᠠ ᠱᠠᠲᠤᠨ ᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ | ᠶᠢᠨ ᠬᠠᠷᠢᠶᠠᠨ ᠳᠠᠬᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ ᠢ ᠰᠢᠭᠦᠵᠦ ᠪᠣᠯᠣᠨ᠎ᠠ᠃ | ᠳᠣᠣᠷᠠᠳᠤ ᠱᠠᠲᠤᠨ ᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ᠥᠪᠡᠷ ᠤᠨ ᠬᠠᠷᠢᠶᠠᠯᠠᠯ | ᠳᠠᠬᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ ᠢ ᠳᠡᠭᠡᠳᠦ ᠱᠠᠲᠤᠨ ᠤ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠪᠠᠷ ᠰᠢᠭᠦᠯᠭᠡᠬᠦ ᠴᠢᠬᠤᠯᠠ ᠲᠠᠢ ᠭᠡᠵᠦ ᠦᠵᠡᠪᠡᠯ᠂ ᠳᠡᠭᠡᠳᠦ ᠱᠠᠲᠤᠨ ᠤ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠭ᠎ᠠ ᠳᠤ ᠮᠡᠳᠡᠭᠦᠯᠦᠨ ᠲᠣᠭᠲᠠᠭᠠᠯᠭᠠᠵᠤ ᠪᠣᠯᠣᠨ᠎ᠠ᠃ | ᠭᠤᠴᠢ ᠶᠢᠰᠦᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭᠠᠨ ᠳᠤ ᠳᠣᠣᠷᠠᠬᠢ ᠪᠠᠶᠢᠳᠠᠯ | ᠤᠳ ᠤᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠶᠢ ᠳᠣᠷᠭᠤᠨ ᠵᠣᠭᠰᠣᠭᠠᠨ᠎ᠠ᠄ | ︵ᠨᠢᠭᠡ︶ ᠭᠤᠶᠤᠴᠢᠯᠠᠭᠴᠢ ᠪᠣᠯᠬᠤ ᠠᠷᠠᠳ ᠢᠷᠭᠡᠨ ᠨᠢ ᠦᠬᠦᠭᠰᠡᠨ ᠪᠣᠯᠪᠠᠴᠤ ᠲᠡᠭᠦᠨ ᠤ ᠣᠶᠢᠷ᠎ᠠ | ᠲᠥᠷᠥᠯ ᠰᠠᠳᠤᠨ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ ᠣᠷᠣᠯᠴᠠᠬᠤ ᠡᠰᠡᠬᠦ ᠶᠢ ᠬᠠᠷᠠᠬᠠᠨ ᠲᠣᠭᠲᠠᠭᠠᠭᠠᠳᠤᠢ | ᠪᠠᠶᠢᠬᠤ︔ | ︵ᠬᠤᠶᠠᠷ︶ ᠭᠤᠶᠤᠴᠢᠯᠠᠭᠴᠢ ᠪᠣᠯᠬᠤ ᠠᠷᠠᠳ ᠢᠷᠭᠡᠨ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ | ᠣᠷᠣᠯᠴᠠᠬᠤ ᠠᠵᠢᠯᠯᠠᠭ᠎ᠠ ᠶᠢᠨ ᠴᠢᠳᠠᠪᠤᠷᠢ ᠪᠠᠨ ᠠᠯᠳᠠᠭᠠᠳ᠂ ᠬᠠᠤᠯᠢ ᠪᠠᠷ ᠲᠣᠭᠲᠠᠭᠠᠭᠰᠠᠨ ᠣᠷᠣᠯᠠᠭᠴᠢ ᠶᠢ ᠵᠠᠰᠠᠭ | ᠵᠠᠬᠢᠷᠭᠠᠨ ᠤ ᠳᠠᠬᠢᠨ ᠵᠥᠪᠯᠡᠬᠦ ᠳᠤ ᠣᠷᠣᠯᠴᠠᠭᠤᠯᠬᠤ ᠪᠠᠷ ᠬᠠᠷᠠᠬᠠᠨ ᠲᠣᠭᠲᠠᠭᠠᠭᠠᠳᠤᠢ ᠪᠠᠶᠢᠬᠤ︔ | ︵ᠭᠤᠷᠪᠠ︶ ᠭᠤᠶᠤᠴᠢᠯᠠᠭᠴᠢ ᠪᠣᠯᠬᠤ ᠠᠷᠠᠳ ᠢᠷᠭᠡᠨ ᠨᠢ ᠰᠤᠷᠠᠭ ᠦᠭᠡᠢ ᠪᠣᠯᠤᠭᠰᠠᠨ︔ | ︵ᠳᠥᠷᠪᠡ︶ ᠭᠤᠶᠤᠴᠢᠯᠠᠭᠴᠢ ᠪᠣᠯᠬᠤ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠨᠢ | ᠳᠠᠭᠤᠰᠤᠭᠠᠳ᠂ ᠡᠷᠬᠡ ᠡᠭᠦᠷᠭᠡ ᠶᠢᠨ ᠵᠠᠯᠭᠠᠮᠵᠢᠯᠠᠭᠴᠢ ᠶᠢ ᠬᠠᠷᠠᠬᠠᠨ ᠲᠣᠭᠲᠠᠭᠠᠭᠠᠳᠤᠢ ᠪᠠᠶᠢᠬᠤ︔ | ︵ᠲᠠᠪᠤ︶ ᠭᠤᠶᠤᠴᠢᠯᠠᠭᠴᠢ᠂ ᠭᠤᠶᠤᠴᠢᠯᠠᠭᠳᠠᠭᠴᠢ ᠡᠰᠡᠷᠭᠦᠴᠡᠰᠢ ᠦᠭᠡᠢ ᠬᠦᠴᠦᠨ ᠪᠤᠶᠤ ᠪᠤᠰᠤᠳ ᠵᠦᠢ | ᠶᠣᠰᠣᠨ ᠤ ᠰᠢᠯᠲᠠᠭᠠᠨ ᠠᠴᠠ ᠪᠣᠯᠵᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠳᠤ ᠣᠷᠣᠯᠴᠠᠵᠤ ᠪᠣᠯᠬᠤ ᠦᠭᠡᠢ︔ | ︵ᠵᠢᠷᠭᠤᠭ᠎ᠠ︶ ᠲᠤᠰ ᠬᠠᠤᠯᠢ ᠶᠢᠨ ᠲᠣᠭᠲᠠᠭᠠᠯ ᠶᠣᠰᠣᠭᠠᠷ ᠡᠶᠡᠳᠡᠭᠦᠯᠵᠦ᠂ ᠡᠶᠡᠳᠡᠬᠦ ᠳᠤ ᠭᠤᠶᠤᠴᠢᠯᠠᠭᠴᠢ | ᠪᠠ ᠭᠤᠶᠤᠴᠢᠯᠠᠭᠳᠠᠭᠴᠢ ᠨᠢ ᠲᠤᠷᠭᠤᠠ ᠵᠣᠭᠰᠣᠬᠤ ᠶᠢ ᠵᠥᠪᠰᠢᠶᠡᠷᠡᠭᠰᠡᠨ︔ | ︵ᠳᠣᠯᠤᠭ᠎ᠠ︶ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ ᠬᠡᠷᠡᠭ ᠲᠤ ᠬᠤᠯᠪᠣᠭᠳᠠᠭᠰᠠᠨ ᠬᠠᠤᠯᠢ ᠴᠠᠭᠠᠵᠠ ᠶᠢ | ᠬᠡᠷᠡᠭᠯᠡᠬᠦ ᠠᠰᠠᠭᠤᠳᠠᠯ ᠳᠤ ᠡᠷᠬᠡᠲᠦ ᠪᠠᠶᠢᠭᠤᠯᠭ᠎ᠠ ᠪᠠᠷ ᠲᠠᠶᠢᠯᠪᠤᠷᠢᠯᠠᠯᠲᠠ ᠬᠢᠯᠭᠡᠬᠦ ᠪᠤᠶᠤ ᠨᠤᠲᠠᠯᠠᠭᠤᠯᠬᠤ ᠴᠢᠬᠤᠯᠠᠲᠠᠢ | ᠪᠠᠶᠢᠬᠤ︔ | ︵ᠨᠠᠢᠮᠠ︶ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠡᠷᠡᠭ ᠢ ᠰᠢᠭᠦᠬᠦ ᠳᠤ ᠪᠤᠰᠤᠳ ᠬᠡᠷᠡᠭ ᠤᠨ | ᠰᠢᠭᠦᠯᠲᠡ ᠶᠢᠨ ᠦᠷ᠎ᠡ ᠳ᠋ᠦᠩ ᠢᠶᠠᠷ ᠦᠨᠳᠦᠰᠦᠯᠡᠯ ᠪᠣᠯᠭᠠᠬᠤ ᠴᠢᠬᠤᠯᠠᠲᠠᠢ ᠪᠣᠯᠪᠠᠴᠤ ᠪᠤᠰᠤᠳ ᠬᠡᠷᠡᠭ ᠢ ᠬᠠᠷᠠᠬᠠᠨ | ᠰᠢᠭᠦᠵᠦ ᠳᠠᠭᠤᠰᠬᠠᠭᠠᠳᠤᠢ ᠪᠠᠶᠢᠬᠤ︔ | ︵ᠶᠢᠰᠦ︶ ᠲᠤᠰ ᠬᠠᠤᠯᠢ ᠶᠢᠨ ᠲᠡᠪᠢᠠ ᠵᠢᠷᠭᠤᠳᠤᠭᠠᠷ ᠵᠦᠢᠯ ᠪᠤᠶᠤ ᠲᠡᠪᠢᠠ ᠳᠣᠯᠣᠳᠤᠭᠠᠷ ᠵᠦᠢᠯ ᠳᠤ | ᠲᠣᠭᠲᠠᠭᠠᠭᠰᠠᠨ ᠪᠠᠶᠢᠳᠠᠯ ᠲᠠᠢ ᠪᠠᠶᠢᠬᠤ︔ | ︵ᠠᠷᠪᠠ︶ ᠵᠠᠰᠠᠭ ᠵᠠᠬᠢᠷᠭᠠᠨ ᠤ ᠳᠠᠬᠢᠨ ᠵᠥᠪᠯᠡᠬᠦ ᠶᠢ ᠵᠣᠭᠰᠤᠭᠠᠬᠤ ᠴᠢᠬᠤᠯᠠᠲᠠᠢ ᠪᠤᠰᠤᠳ ᠪᠠᠶᠢᠳᠠᠯ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠶᠢ ᠲᠤᠷᠭᠤᠨ ᠵᠣᠭᠰᠣᠭᠠᠭᠰᠠᠨ ᠰᠢᠯᠲᠠᠭᠠᠨ ᠠᠷᠢᠯᠤᠭᠰᠠᠨ ᠤ | ᠲᠡᠷᠠᠭ᠎ᠠ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ ᠤᠨ ᠰᠢᠭᠦᠯᠲᠡ ᠶᠢ ᠴᠠᠭ ᠲᠤᠬᠠᠢ ᠳᠤᠨᠢ ᠰᠡᠷᠭᠦᠭᠡᠬᠦ | ᠬᠡᠷᠡᠭᠲᠡᠢ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ | ᠤᠨ ᠰᠢᠭᠦᠯᠲᠡ ᠶᠢ ᠲᠤᠷᠭᠤᠨ ᠵᠣᠭᠰᠤᠭᠠᠬᠤ ᠪᠤᠶᠤ ᠰᠡᠷᠭᠦᠭᠡᠬᠦ ᠳᠡᠭᠡᠨ ᠲᠤᠬᠠᠢ ᠶᠢᠨ ᠬᠥᠮᠥᠨ ᠳᠤ ᠪᠢᠴᠢᠭ ᠢᠶᠠᠷ | ᠮᠡᠳᠡᠭᠳᠡᠬᠦ ᠬᠡᠷᠡᠭᠲᠡᠢ᠃ | ᠳᠥᠴᠢᠳᠦᠭᠡᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭᠠᠨ ᠳᠤ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠭ᠎ᠠ ᠨᠢ ᠵᠦᠢ ᠶᠣᠰᠣᠨ ᠤ ᠤᠴᠢᠷ ᠰᠢᠯᠲᠠᠭᠠᠨ ᠦᠭᠡᠢ ᠪᠠᠷ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠶᠢ ᠲᠤᠷᠭᠤᠠ ᠵᠣᠭᠰᠣᠭᠠᠭᠰᠠᠨ ᠪᠠᠶᠢᠪᠠᠯ᠂ ᠳᠡᠭᠡᠳᠦ ᠱᠠᠲᠤᠨ ᠤ ᠵᠠᠰᠠᠭ ᠵᠠᠬᠢᠷᠭᠠᠨ ᠤ | ᠪᠠᠶᠢᠭᠤᠯᠭ᠎ᠠ ᠠᠴᠠ ᠲᠡᠭᠦᠨ ᠢ ᠵᠠᠷᠯᠢᠭᠳᠠᠵᠤ ᠪᠠᠶᠢᠭᠠᠳ ᠰᠢᠭᠦᠯᠲᠡ ᠶᠢ ᠨᠢ ᠰᠡᠷᠭᠦᠭᠡᠬᠦ ᠬᠡᠷᠡᠭᠲᠡᠢ᠃ | ᠳᠥᠴᠢᠨ ᠨᠢᠭᠡᠳᠦᠭᠡᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭᠠᠨ ᠳᠤ ᠳᠠᠷᠠᠭᠠᠬᠢ | ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠶᠢ ᠵᠣᠭᠰᠤᠭᠠᠬᠤ ᠪᠠᠷ ᠲᠣᠭᠲᠠᠭᠠᠨ᠎ᠠ᠄ | ︵ᠨᠢᠭᠡ︶ ᠭᠤᠶᠤᠴᠢᠯᠠᠭᠴᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠢᠶᠠᠨ ᠪᠤᠴᠠᠭᠠᠨ | ᠠᠪᠴᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠪᠤᠴᠠᠭᠠᠨ ᠠᠪᠬᠤ ᠶᠢ ᠵᠥᠪᠰᠢᠶᠡᠷᠡᠨ᠎ᠡ︔ | ︵ᠬᠤᠶᠠᠷ︶ ᠭᠤᠶᠤᠴᠢᠯᠠᠭᠴᠢ ᠪᠣᠯᠬᠤ ᠠᠷᠠᠳ ᠢᠷᠭᠡᠨ ᠨᠢ ᠦᠬᠦᠭᠰᠡᠨ᠂ ᠣᠶᠢᠷ᠎ᠠ ᠲᠥᠷᠥᠯ ᠰᠠᠳᠤᠨ ᠦᠭᠡᠢ | ᠪᠤᠶᠤ ᠲᠡᠭᠦᠨ ᠤ ᠣᠶᠢᠷ᠎ᠠ ᠲᠥᠷᠥᠯ ᠰᠠᠳᠤᠨ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ ᠡᠷᠬᠡ ᠠᠴᠠ | ᠲᠠᠲᠠᠭᠠᠯᠵᠠᠭᠰᠠᠨ︔ | ︵ᠭᠤᠷᠪᠠ︶ ᠭᠤᠶᠤᠴᠢᠯᠠᠭᠴᠢ ᠪᠣᠯᠬᠤ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ | ᠳᠠᠭᠤᠰᠤᠭᠰᠠᠨ᠂ ᠡᠷᠬᠡ ᠡᠭᠦᠷᠭᠡ ᠶᠢ ᠳᠠᠭᠠᠭᠠᠨ ᠬᠦᠯᠢᠶᠡᠭᠴᠢ ᠦᠭᠡᠢ ᠪᠤᠶᠤ ᠲᠡᠭᠦᠨ ᠤ ᠡᠷᠬᠡ ᠡᠭᠦᠷᠭᠡ ᠶᠢ ᠳᠠᠭᠠᠭᠠᠨ | ᠬᠦᠯᠢᠶᠡᠭᠴᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠬᠦ ᠡᠷᠬᠡ ᠠᠴᠠ ᠲᠠᠲᠠᠭᠠᠯᠵᠠᠭᠰᠠᠨ︔ | ︵ᠳᠥᠷᠪᠡ︶ ᠭᠤᠶᠤᠴᠢᠯᠠᠭᠴᠢ ᠵᠠᠰᠠᠭ ᠵᠠᠬᠢᠷᠭᠠᠨ ᠢᠶᠠᠷ ᠲᠦᠷ ᠬᠤᠷᠢᠬᠤ ᠪᠤᠶᠤ ᠪᠡᠶ᠎ᠡ ᠶᠢᠨ ᠡᠷᠬᠡ ᠴᠢᠯᠦᠭᠡ | ᠶᠢ ᠬᠢᠵᠠᠭᠠᠷᠯᠠᠬᠤ ᠵᠠᠰᠠᠭ ᠵᠠᠬᠢᠷᠭᠠᠨ ᠤ ᠠᠯᠪᠠᠳᠠᠯᠭ᠎ᠠ ᠶᠢᠨ ᠠᠷᠭ᠎ᠠ ᠬᠡᠮᠵᠢᠶ᠎ᠡ ᠶᠢ ᠵᠥᠪᠰᠢᠶᠡᠷᠡᠬᠦ ᠦᠭᠡᠢ ᠪᠠᠶᠢᠵᠤ ᠵᠠᠰᠠᠭ | ᠵᠠᠬᠢᠷᠭᠠᠨ ᠢᠶᠠᠷ ᠲᠡᠬᠢᠠ ᠵᠥᠪᠯᠡᠭᠦᠯᠬᠦ ᠪᠠᠷ ᠭᠤᠶᠤᠴᠢᠯᠠᠭᠰᠠᠨ ᠤ ᠲᠡᠷᠠᠭ᠎ᠠ᠂ ᠬᠠᠤᠯᠢ ᠶᠢ ᠵᠥᠷᠢᠴᠡᠭᠰᠡᠨ ᠠᠳᠠᠯᠢ ᠨᠢᠭᠡᠨ | ᠤᠢᠢᠯᠠ ᠠᠵᠢᠯᠯᠠᠭ᠎ᠠ ᠨᠢ ᠶᠠᠯᠠᠳᠦ ᠠᠵᠢᠯᠯᠠᠭ᠎ᠠ ᠦᠢᠯᠡᠳᠦᠭᠰᠡᠨ ᠰᠡᠵᠢᠭᠯᠡᠯᠲᠡᠢ ᠤᠴᠢᠷ ᠠᠴᠠ ᠡᠷᠡᠭᠦᠦ ᠶᠢᠨ ᠬᠡᠷᠡᠭ ᠤᠨ | ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ︔ | ︵ᠲᠠᠪᠤ︶ ᠲᠤᠰ ᠬᠠᠤᠯᠢ ᠶᠢᠨ ᠭᠤᠴᠢ ᠶᠢᠰᠦᠳᠦᠭᠡᠷ ᠵᠦᠢᠯ ᠤᠨ ᠨᠢᠭᠡᠳᠦᠭᠡᠷ ᠪᠠᠳᠠᠭ ᠤᠨ ᠨᠢᠭᠡᠳᠦᠭᠡᠷ | ᠵᠤᠷᠪᠤᠰ᠂ ᠬᠤᠶᠠᠳᠤᠭᠠᠷ ᠵᠤᠷᠪᠤᠰ᠂ ᠳᠥᠷᠪᠡᠳᠦᠭᠡᠷ ᠵᠤᠷᠪᠤᠰ ᠤᠨ ᠲᠣᠭᠲᠠᠭᠠᠯ ᠶᠣᠰᠣᠭᠠᠷ ᠵᠠᠰᠠᠭ ᠵᠠᠬᠢᠷᠭᠠᠨ ᠢᠶᠠᠷ | ᠲᠡᠬᠢᠠ ᠵᠥᠪᠯᠡᠭᠦᠯᠬᠦ ᠶᠢ ᠲᠤᠷᠭᠤᠠ ᠵᠣᠭᠰᠣᠭᠠᠭᠠᠳ ᠪᠦᠬᠦᠯᠢ ᠵᠢᠷᠠᠨ ᠡᠳᠦᠷ ᠪᠣᠯᠤᠭᠰᠠᠨ ᠪᠣᠯᠪᠠᠴᠤ ᠵᠠᠰᠠᠭ ᠵᠠᠬᠢᠷᠭᠠᠨ | ᠢᠶᠠᠷ ᠲᠡᠬᠢᠠ ᠵᠥᠪᠯᠡᠭᠦᠯᠬᠦ ᠶᠢ ᠲᠤᠷᠭᠤᠠ ᠵᠣᠭᠰᠣᠭᠠᠭᠰᠠᠨ ᠰᠢᠯᠲᠠᠭᠠᠨ ᠨᠢ ᠮᠥᠨ ᠠᠷᠢᠯᠤᠭᠠᠳᠤᠢ ᠪᠠᠶᠢᠭᠰᠠᠭᠠᠷ᠃ | ᠳᠥᠴᠢᠨ ᠬᠤᠶᠠᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭᠠᠨ ᠳᠤ ᠵᠠᠰᠠᠭ ᠵᠠᠬᠢᠷᠭᠠᠨ ᠤ | ᠦᠶᠯᠡ ᠠᠵᠢᠯᠯᠠᠭ᠎ᠠ ᠶᠢ ᠭᠦᠢᠴᠡᠳᠬᠡᠬᠦ ᠶᠢ ᠵᠣᠭᠰᠤᠭᠠᠬᠤ ᠦᠭᠡᠢ︔ ᠭᠡᠪᠡᠴᠦ ᠳᠠᠷᠠᠭᠠᠬᠢ ᠵᠢᠭᠰᠠᠭᠠᠭᠰᠠᠨ ᠪᠠᠶᠢᠳᠠᠯ | ᠤᠨ ᠨᠢᠭᠡ ᠨᠢ ᠪᠠᠶᠢᠪᠠᠯ ᠭᠦᠢᠴᠡᠳᠬᠡᠬᠦ ᠶᠢ ᠵᠣᠭᠰᠤᠭᠠᠬᠤ ᠬᠡᠷᠡᠭᠲᠡᠢ᠄ | ︵ᠨᠢᠭᠡ︶ ᠭᠤᠶᠤᠴᠢᠯᠠᠭᠳᠠᠭᠴᠢ ᠨᠢ ᠭᠦᠢᠴᠡᠳᠬᠡᠬᠦ ᠶᠢ ᠵᠣᠭᠰᠤᠭᠠᠬᠤ ᠴᠢᠬᠤᠯᠠ ᠲᠠᠢ ᠭᠡᠵᠦ ᠦᠵᠡᠭᠰᠡᠨ︔ | ︵ᠬᠤᠶᠠᠷ︶ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠠᠴᠠ ᠭᠦᠢᠴᠡᠳᠬᠡᠬᠦ ᠶᠢ ᠵᠣᠭᠰᠤᠭᠠᠬᠤ | ᠴᠢᠬᠤᠯᠠᠲᠠᠢ ᠭᠡᠵᠦ ᠦᠵᠡᠭᠰᠡᠨ︔ | ︵ᠭᠤᠷᠪᠠ︶ ᠭᠤᠶᠤᠴᠢᠯᠠᠭᠴᠢ᠂ ᠭᠤᠷᠪᠠᠳᠠᠭᠢ ᠬᠥᠮᠥᠨ ᠭᠦᠢᠴᠡᠳᠬᠡᠬᠦ ᠶᠢ ᠵᠣᠭᠰᠤᠭᠠᠬᠤ ᠪᠠᠷ | ᠭᠤᠶᠤᠴᠢᠯᠠᠭᠰᠠᠨ ᠳᠤ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠡᠭᠦᠨ ᠤ ᠱᠠᠭᠠᠷᠳᠠᠯᠭ᠎ᠠ ᠶᠢ | ᠵᠦᠢ ᠵᠣᠬᠢᠰᠲᠠᠢ ᠭᠡᠵᠦ ᠦᠵᠡᠪᠡᠯ᠂ ᠭᠦᠢᠴᠡᠳᠬᠡᠬᠦ ᠶᠢ ᠵᠣᠭᠰᠤᠭᠠᠬᠤ ᠪᠠᠷ ᠲᠣᠭᠲᠠᠭᠠᠭᠰᠠᠨ︔ | ︵ᠳᠥᠷᠪᠡ︶ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠳᠤ ᠬᠡᠷᠡᠭᠵᠢᠭᠦᠯᠬᠦ ᠶᠢ | ᠵᠣᠭᠰᠤᠭᠠᠬᠤ ᠪᠠᠷ ᠲᠣᠭᠲᠠᠭᠠᠭᠰᠠᠨ ᠪᠤᠰᠤᠳ ᠪᠠᠶᠢᠳᠠᠯ ᠤᠳ᠃ | ᠬᠤᠶᠠᠳᠤᠭᠠᠷ ᠬᠡᠰᠡᠭ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠡᠷᠡᠴᠢ ᠪᠠᠷᠢᠮᠲᠠ | ᠳᠥᠴᠢᠨ ᠭᠤᠷᠪᠠᠳᠤᠭᠠᠷ ᠵᠦᠢᠯ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠡᠷᠡᠴᠢ ᠪᠠᠷᠢᠮᠲᠠ ᠳᠤ | ᠳᠣᠣᠷᠠᠬᠢ ᠵᠦᠢᠯᠡᠰ ᠪᠠᠭᠲᠠᠨ᠎ᠠ᠄ | ︵ᠨᠢᠭᠡ︶ ᠪᠢᠴᠢᠭ ᠤᠨ ᠭᠡᠷᠡᠴᠢ︔ | ︵ᠬᠤᠶᠠᠷ︶ ᠪᠣᠳᠠᠰ ᠤᠨ ᠭᠡᠷᠡᠴᠢ︔ | ︵ᠭᠤᠷᠪᠠ︶ ᠦᠵᠡᠵᠦ ᠰᠣᠨᠣᠰᠬᠤ ᠮᠠᠲ᠋ᠧᠷᠢᠶᠠᠯ︔ | ︵ᠳᠥᠷᠪᠡ︶ ᠴᠠᠬᠢᠮ ᠲᠤᠭ᠎ᠠ ᠪᠠᠷᠢᠮᠲᠠ︔ | ︵ᠲᠠᠪᠤ︶ ᠭᠡᠷᠡᠴᠢᠯᠡᠭᠴᠢ ᠶᠢᠨ ᠭᠡᠷᠡᠴᠢ ᠦᠭᠡ︔ | ︵ᠵᠢᠷᠭᠤᠭ᠎ᠠ︶ ᠲᠤᠬᠠᠢ ᠶᠢᠨ ᠬᠥᠮᠥᠨ ᠤ ᠲᠣᠭᠠᠴᠢᠯᠲᠠ︔ | ︵ᠲᠤᠯᠤᠭ᠎ᠠ︶ ᠰᠢᠯᠭᠠᠨ ᠲᠣᠭᠲᠠᠭᠠᠭᠰᠠᠨ ᠰᠠᠨᠠᠯ︔ | ︵ᠨᠠᠢᠮᠠ︶ ᠬᠠᠶᠢᠨ ᠰᠢᠯᠭᠠᠭᠰᠠᠨ ᠲᠡᠮᠳᠡᠭᠯᠡᠯ᠂ ᠲᠤᠬᠠᠢ ᠶᠢᠨ ᠲᠠᠯᠠᠪᠤᠷ ᠤᠨ ᠲᠡᠮᠳᠡᠭᠯᠡᠯ᠃ | ᠳᠡᠭᠡᠷᠡᠬᠢ ᠭᠡᠷᠡᠴᠢ ᠪᠠᠷᠢᠮᠲᠠ ᠶᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠤᠮᠵᠢ ᠠᠴᠠ ᠬᠢᠨᠠᠨ | ᠪᠠᠶᠢᠴᠠᠭᠠᠭᠠᠳ ᠦᠨᠡᠨ ᠮᠠᠭᠠᠳ ᠪᠠᠶᠢᠪᠠᠯ ᠰᠠᠶ᠋ᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠡᠷᠡᠭ ᠤᠨ ᠪᠣᠳᠠᠲᠤ | ᠶᠠᠪᠤᠳᠠᠯ ᠢ ᠮᠠᠭᠠᠳᠯᠠᠨ ᠲᠣᠭᠲᠠᠭᠠᠬᠤ ᠦᠨᠳᠦᠰᠦ ᠪᠠᠷᠢᠮᠲᠠ ᠪᠣᠯᠭᠠᠵᠤ ᠪᠣᠯᠣᠨ᠎ᠠ᠃ | ᠳᠥᠴᠢᠨ ᠳᠥᠷᠪᠡᠳᠦᠭᠡᠷ ᠵᠦᠢᠯ ᠭᠤᠶᠤᠴᠢᠯᠠᠭᠳᠠᠭᠴᠢ ᠥᠪᠡᠷ ᠤᠨ ᠬᠢᠭᠰᠡᠨ ᠵᠠᠰᠠᠭ ᠵᠠᠬᠢᠷᠭᠠᠨ ᠤ ᠦᠢᠯᠡ | ᠠᠵᠢᠯᠯᠠᠭ᠎ᠠ ᠶᠢᠨ ᠢᠶᠠᠨ ᠬᠠᠤᠯᠢ ᠶᠣᠰᠣᠴᠢ ᠴᠢᠨᠠᠷ᠂ ᠵᠣᠬᠢᠰᠲᠠᠢ ᠴᠢᠨᠠᠷ ᠲᠤ ᠭᠡᠷᠡᠴᠢ ᠳᠤᠷᠠᠳᠬᠤ ᠬᠠᠷᠢᠭᠤᠴᠠᠯᠭ᠎ᠠ ᠲᠠᠢ | ᠃ | ᠳᠠᠷᠠᠭᠠᠬᠢ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠭᠤᠶᠤᠴᠢᠯᠠᠭᠴᠢ ᠭᠡᠷᠡᠴᠢ ᠪᠠᠷᠢᠮᠲᠠ ᠬᠠᠩᠭᠠᠬᠤ | ᠬᠡᠷᠡᠭᠲᠡᠢ᠄ | ︵ᠨᠢᠭᠡ︶ ᠭᠤᠶᠤᠴᠢᠯᠠᠭᠳᠠᠭᠴᠢ ᠶᠢ ᠬᠠᠤᠯᠢ ᠪᠠᠷ ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠪᠠᠨ | ᠭᠦᠢᠴᠡᠳᠬᠡᠬᠦ ᠦᠭᠡᠢ ᠭᠡᠵᠦ ᠦᠵᠡᠪᠡᠯ᠂ ᠭᠤᠶᠤᠴᠢᠯᠠᠭᠳᠠᠭᠴᠢ ᠶᠢ ᠬᠠᠤᠯᠢ ᠪᠠᠷ ᠲᠣᠭᠲᠠᠭᠠᠭᠰᠠᠨ ᠲᠤᠰᠢᠶᠠᠯ | ᠬᠠᠷᠢᠭᠤᠴᠠᠯᠭ᠎ᠠ ᠪᠠᠨ ᠭᠦᠢᠴᠡᠳᠬᠡᠭᠦᠯᠬᠦ ᠪᠠᠷ ᠱᠠᠭᠠᠷᠳᠠᠭᠰᠠᠨ ᠭᠡᠷᠡᠴᠢ ᠪᠠᠷᠢᠮᠲᠠ ᠶᠢ ᠬᠠᠩᠭᠠᠨ᠎ᠠ᠂ ᠭᠡᠪᠡᠴᠦ | ᠭᠤᠶᠤᠴᠢᠯᠠᠭᠳᠠᠭᠴᠢ ᠨᠢ ᠡᠷᠬᠡ ᠲᠤᠰᠢᠶᠠᠯ ᠤᠨ ᠢᠶᠠᠨ ᠶᠣᠰᠣᠭᠠᠷ ᠬᠠᠤᠯᠢ ᠪᠠᠷ ᠲᠣᠭᠲᠠᠭᠠᠭᠰᠠᠨ ᠲᠤᠰᠢᠶᠠᠯ | ᠬᠠᠷᠢᠭᠤᠴᠠᠯᠭ᠎ᠠ ᠪᠠᠨ ᠰᠠᠨᠠᠭᠠᠴᠢᠯᠠᠭ᠎ᠠ ᠠᠴᠠ ᠪᠠᠨ ᠭᠦᠢᠴᠡᠳᠬᠡᠬᠦ ᠬᠡᠷᠡᠭᠲᠡᠢ ᠪᠤᠶᠤ ᠭᠤᠶᠤᠴᠢᠯᠠᠭᠴᠢ ᠨᠢ ᠵᠦᠢ ᠶᠣᠰᠣᠨ | ᠤ ᠰᠢᠯᠲᠠᠭᠠᠨ ᠠᠴᠠ ᠪᠣᠯᠵᠤ ᠬᠠᠩᠭᠠᠵᠤ ᠴᠢᠳᠠᠬᠤ ᠦᠭᠡᠢ ᠪᠠᠶᠢᠬᠤ ᠨᠢ ᠡᠭᠦᠨ ᠳᠤ ᠪᠠᠭᠲᠠᠬᠤ ᠦᠭᠡᠢ︔ | ︵ᠬᠤᠶᠠᠷ︶ ᠵᠠᠰᠠᠭ ᠵᠠᠬᠢᠷᠭᠠᠨ ᠤ ᠲᠥᠯᠥᠪᠦᠷᠢ ᠶᠢᠨ ᠭᠤᠶᠤᠴᠢᠯᠠᠯ ᠭᠠᠷᠭᠠᠭᠰᠠᠨ ᠪᠠᠶᠢᠪᠠᠯ᠂ ᠵᠠᠰᠠᠭ | ᠵᠠᠬᠢᠷᠭᠠᠨ ᠤ ᠦᠢᠯᠡ ᠠᠵᠢᠯᠯᠠᠭ᠎ᠠ ᠶᠢᠨ ᠬᠠᠯᠳᠠᠯᠭ᠎ᠠ ᠳᠤ ᠤᠴᠠᠷᠠᠭᠰᠠᠨ ᠠᠴᠠ ᠪᠣᠯᠤᠭᠰᠠᠨ ᠬᠤᠬᠢᠷᠠᠯ ᠤᠨ ᠭᠡᠷᠡᠴᠢ | ᠪᠠᠷᠢᠮᠲᠠ ᠶᠢ ᠬᠠᠩᠭᠠᠨ᠎ᠠ᠂ ᠭᠡᠪᠡᠴᠦ ᠭᠤᠶᠤᠴᠢᠯᠠᠭᠳᠠᠭᠴᠢ ᠶᠢᠨ ᠰᠢᠯᠲᠠᠭᠠᠨ ᠠᠴᠠ ᠪᠣᠯᠵᠤ ᠭᠤᠶᠤᠴᠢᠯᠠᠭᠴᠢ ᠭᠡᠷᠡᠴᠢ | ᠳᠤᠷᠠᠳᠬᠤ ᠶᠢᠨ ᠠᠷᠭ᠎ᠠ ᠦᠭᠡᠢ ᠪᠣᠯᠤᠭᠰᠠᠨ ᠪᠠᠶᠢᠪᠠᠯ᠂ ᠭᠤᠶᠤᠴᠢᠯᠠᠭᠳᠠᠭᠴᠢ ᠭᠡᠷᠡᠴᠢ ᠳᠤᠷᠠᠳᠬᠤ ᠬᠠᠷᠢᠭᠤᠴᠠᠯᠭ᠎ᠠ | ᠶᠢ ᠡᠭᠦᠷᠭᠡᠯᠡᠨ᠎ᠡ︔ | ︵ᠭᠤᠷᠪᠠ︶ ᠬᠠᠤᠯᠢ ᠴᠠᠭᠠᠵᠠ᠂ ᠬᠠᠤᠯᠢ ᠲᠣᠭᠲᠠᠭᠠᠯ ᠳᠤ ᠭᠤᠶᠤᠴᠢᠯᠠᠭᠴᠢ ᠪᠠᠷ ᠭᠡᠷᠡᠴᠢ ᠪᠠᠷᠢᠮᠲᠠ | ᠬᠠᠩᠭᠠᠯᠭᠠᠬᠤ ᠴᠢᠬᠤᠯᠠᠲᠠᠢ ᠭᠡᠵᠦ ᠲᠣᠭᠲᠠᠭᠠᠭᠰᠠᠨ ᠪᠤᠰᠤᠳ ᠪᠠᠶᠢᠳᠠᠯ᠃ | ᠳᠥᠴᠢᠨ ᠲᠠᠪᠤᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠬᠤᠯᠪᠣᠭᠳᠠᠯ ᠪᠦᠬᠦᠢ | ᠨᠢᠭᠡᠴᠢ ᠪᠠ ᠬᠤᠪᠢ ᠬᠥᠮᠥᠨ ᠠᠴᠠ ᠪᠠᠶᠢᠴᠠᠭᠠᠨ ᠭᠡᠷᠡᠴᠢ ᠠᠪᠬᠤ᠂ ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠪᠠ | ᠮᠠᠲ᠋ᠧᠷᠢᠶᠠᠯ ᠢ ᠪᠠᠶᠢᠴᠠᠭᠠᠨ ᠦᠵᠡᠬᠦ᠂ ᠪᠠᠭᠤᠯᠭᠠᠬᠤ᠂ ᠰᠢᠯᠵᠢᠭᠦᠯᠦᠨ ᠠᠪᠬᠤ᠂ ᠬᠤᠯᠪᠣᠭᠳᠠᠯ ᠪᠦᠬᠦᠢ ᠬᠥᠮᠥᠰ ᠠᠴᠠ | ᠯᠠᠪᠯᠠᠨ ᠠᠰᠠᠭᠤᠬᠤ ᠡᠷᠬᠡ ᠲᠠᠢ᠃ | ᠪᠠᠶᠢᠴᠠᠭᠠᠯᠲᠠ ᠬᠢᠵᠦ ᠭᠡᠷᠡᠴᠢ ᠠᠪᠬᠤ ᠦᠶ᠎ᠡ ᠳᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯᠲᠠᠨ ᠨᠢ | ᠬᠤᠶᠠᠷ ᠬᠥᠮᠥᠨ ᠠᠴᠠ ᠳᠤᠲᠠᠭᠤ ᠪᠠᠶᠢᠵᠤ ᠪᠣᠯᠬᠤ ᠦᠭᠡᠢ ᠪᠥᠭᠡᠳ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯ | ᠤᠨ ᠦᠨᠡᠮᠯᠡᠯ ᠢᠶᠠᠨ ᠭᠠᠷᠭᠠᠵᠤ ᠦᠵᠡᠭᠦᠯᠬᠦ ᠬᠡᠷᠡᠭᠲᠡᠢ᠃ | ᠪᠠᠶᠢᠴᠠᠭᠠᠭᠳᠠᠵᠤ ᠭᠡᠷᠡᠴᠢ ᠠᠪᠤᠭᠰᠠᠨ ᠨᠢᠭᠡᠴᠢ ᠪᠠ ᠬᠤᠪᠢ ᠬᠥᠮᠥᠨ ᠵᠠᠰᠠᠭ ᠵᠠᠬᠢᠷᠭᠠᠨ ᠤ ᠳᠠᠬᠢᠨ ᠵᠥᠪᠯᠡᠬᠦ | ᠠᠵᠢᠯᠲᠠᠨ ᠤ ᠠᠵᠢᠯ ᠳᠤ ᠢᠳᠡᠪᠬᠢᠲᠡᠢ ᠬᠠᠮᠵᠢᠯᠴᠠᠬᠤ ᠬᠡᠷᠡᠭᠲᠡᠢ᠂ ᠲᠡᠪᠴᠢᠬᠦ ᠪᠤᠶᠤ ᠬᠠᠷᠰᠢᠯᠠᠵᠤ ᠪᠣᠯᠬᠤ ᠦᠭᠡᠢ᠃ | ᠳᠥᠴᠢᠨ ᠵᠢᠷᠭᠤᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭᠠᠨ ᠳᠤ᠂ | ᠭᠤᠶᠤᠴᠢᠯᠠᠭᠳᠠᠭᠴᠢ ᠨᠢ ᠥᠪᠡᠷ ᠢᠶᠠᠨ ᠭᠤᠶᠤᠴᠢᠯᠠᠭᠴᠢ ᠪᠠ ᠪᠤᠰᠤᠳ ᠬᠤᠯᠪᠣᠭᠳᠠᠯ ᠪᠦᠬᠦᠢ ᠨᠢᠭᠡᠴᠢ ᠪᠤᠶᠤ ᠬᠤᠪᠢ | ᠬᠥᠮᠥᠨ ᠠᠴᠠ ᠭᠡᠷᠡᠴᠢ ᠪᠠᠷᠢᠮᠲᠠ ᠴᠤᠭᠯᠠᠭᠤᠯᠵᠤ ᠪᠣᠯᠬᠤ ᠦᠭᠡᠢ︔ ᠥᠪᠡᠷᠲᠡᠭᠡᠨ ᠴᠤᠭᠯᠠᠭᠤᠯᠤᠭᠰᠠᠨ ᠭᠡᠷᠡᠴᠢ | ᠪᠠᠷᠢᠮᠲᠠ ᠶᠢ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢᠨ ᠬᠠᠤᠯᠢ ᠶᠣᠰᠣᠴᠢ ᠴᠢᠨᠠᠷ᠂ ᠵᠣᠬᠢᠰᠲᠠᠢ ᠴᠢᠨᠠᠷ ᠢ | ᠮᠠᠭᠠᠳᠯᠠᠨ ᠲᠣᠭᠲᠠᠭᠠᠬᠤ ᠦᠨᠳᠦᠰᠦᠯᠡᠯ ᠪᠣᠯᠭᠠᠬᠤ ᠦᠭᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭᠠᠨ ᠳᠤ᠂ ᠭᠤᠶᠤᠴᠢᠯᠠᠭᠴᠢ ᠪᠤᠶᠤ ᠭᠤᠷᠪᠠᠳᠠᠭᠢ ᠬᠥᠮᠥᠨ | ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠳᠠᠭᠰᠠᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ | ᠳᠤᠷᠠᠳᠬᠤ ᠳᠠᠭᠠᠨ ᠳᠤᠷᠠᠳᠤᠭᠰᠠᠨ ᠤᠴᠢᠷ ᠰᠢᠯᠲᠠᠭᠠᠨ ᠪᠤᠶᠤ ᠭᠡᠷᠡᠴᠢ ᠪᠠᠷᠢᠮᠲᠠ ᠶᠢ ᠳᠤᠷᠠᠳᠤᠭᠰᠠᠨ ᠦᠭᠡᠢ ᠪᠠᠶᠢᠪᠠᠯ᠂ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠪᠠᠷ ᠵᠥᠪᠰᠢᠶᠡᠷᠡᠭᠦᠯᠦᠭᠡᠳ ᠭᠤᠶᠤᠴᠢᠯᠠᠭᠳᠠᠭᠴᠢ ᠭᠡᠷᠡᠴᠢ | ᠪᠠᠷᠢᠮᠲᠠ ᠪᠠᠨ ᠨᠥᠬᠦᠪᠦᠷᠢᠯᠡᠵᠦ ᠪᠣᠯᠣᠨ᠎ᠠ᠃ | ᠳᠥᠴᠢᠨ ᠳᠣᠯᠣᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠬᠤᠭᠤᠴᠠᠭᠠᠨ ᠳᠤ᠂ ᠭᠤᠶᠤᠴᠢᠯᠠᠭᠴᠢ | ᠂ ᠭᠤᠷᠪᠠᠳᠠᠭᠢ ᠬᠥᠮᠥᠨ ᠵᠢᠴᠢ ᠲᠡᠭᠦᠨ ᠤ ᠨᠠᠶᠢᠳᠠᠭᠰᠠᠨ ᠣᠷᠣᠯᠠᠭᠴᠢ ᠲᠣᠭᠲᠠᠭᠠᠯ ᠶᠣᠰᠣᠭᠠᠷ ᠭᠤᠶᠤᠴᠢᠯᠠᠭᠳᠠᠭᠴᠢ | ᠶᠢᠨ ᠳᠤᠷᠠᠳᠤᠭᠰᠠᠨ ᠪᠢᠴᠢᠭ ᠤᠨ ᠬᠠᠷᠢᠭᠤᠯᠲᠠ᠂ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠬᠢᠭᠰᠡᠨ ᠭᠡᠷᠡᠴᠢ | ᠪᠠᠷᠢᠮᠲᠠ᠂ ᠦᠨᠳᠦᠰᠦ ᠪᠠᠷᠢᠮᠲᠠ ᠪᠠ ᠬᠤᠯᠪᠣᠭᠳᠠᠯ ᠪᠦᠬᠦᠢ ᠪᠤᠰᠤᠳ ᠮᠠᠲ᠋ᠧᠷᠢᠶᠠᠯ ᠢ ᠪᠠᠶᠢᠴᠠᠭᠠᠨ ᠦᠵᠡᠵᠦ᠂ | ᠪᠠᠭᠤᠯᠭᠠᠨ ᠠᠪᠴᠤ ᠬᠡᠷᠡᠭᠵᠢᠭᠦᠯᠦᠨ᠎ᠡ᠂ ᠡᠭᠦᠨ ᠳᠤ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ᠂ ᠬᠤᠪᠢ | ᠬᠥᠮᠥᠨ ᠤ ᠨᠢᠭᠤᠴᠠ ᠳᠤ ᠬᠤᠯᠪᠣᠭᠳᠠᠬᠤ ᠪᠤᠶᠤ ᠤᠯᠤᠰ ᠤᠨ ᠠᠮᠤᠷ ᠲᠦᠪᠰᠢᠨ᠂ ᠤᠯᠡᠠ ᠨᠡᠶᠢᠲᠡ ᠶᠢᠨ ᠠᠮᠤᠷ | ᠲᠦᠪᠰᠢᠨ᠂ ᠨᠡᠶᠢᠭᠡᠮ ᠤᠨ ᠲᠣᠭᠲᠠᠭᠤᠨ ᠪᠠᠶᠢᠳᠠᠯ ᠳᠤ ᠠᠶᠤᠯ ᠤᠴᠠᠷᠠᠭᠤᠯᠵᠤ ᠮᠡᠳᠡᠬᠦ ᠪᠠᠶᠢᠳᠠᠯ ᠢ ᠭᠠᠷᠭᠠᠪᠠᠯ᠂ | ᠵᠠᠰᠠᠭ ᠵᠠᠬᠢᠷᠭᠠᠨ ᠤ ᠲᠡᠬᠢᠠ ᠵᠥᠪᠯᠡᠬᠦ ᠪᠠᠶᠢᠭᠤᠯᠤᠮᠵᠢ ᠵᠥᠪᠰᠢᠶᠡᠷᠡᠬᠦ ᠬᠡᠷᠡᠭᠲᠡᠢ᠃ | ᠭᠤᠷᠪᠠᠳᠤᠭᠠᠷ ᠬᠡᠰᠡᠭ ᠡ᠊ᠩ ᠤᠨ ᠵᠢᠷᠤᠮ | ᠳᠥᠴᠢᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ | ᠢᠶᠠᠷ ᠳᠠᠬᠢᠨ ᠵᠥᠪᠯᠡᠭᠦᠯᠬᠦ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠭᠰᠡᠨ ᠡᠳᠦᠷ ᠠᠴᠠ ᠡᠬᠢᠯᠡᠨ ᠲᠤᠯᠤᠭᠠᠨ | ᠡᠳᠦᠷ ᠤᠨ ᠳᠣᠲᠣᠷ᠎ᠠ᠂ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠪᠢᠴᠢᠭ ᠤᠨ ᠬᠠᠭᠤᠯᠪᠤᠷᠢ | ᠳᠡᠪᠲᠡᠷ ᠪᠤᠶᠤ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠲᠡᠮᠳᠡᠭᠯᠡᠯ ᠤᠨ ᠬᠠᠭᠤᠯᠪᠤᠷᠢ ᠶᠢ | ᠭᠤᠶᠤᠴᠢᠯᠠᠭᠳᠠᠭᠴᠢ ᠳᠤ ᠶᠠᠪᠤᠭᠤᠯᠵᠤ ᠣᠯᠭᠤᠬᠤ ᠬᠡᠷᠡᠭᠲᠡᠢ᠃ ᠭᠤᠶᠤᠴᠢᠯᠠᠭᠳᠠᠭᠴᠢ ᠨᠢ ᠵᠠᠰᠠᠭ ᠵᠠᠬᠢᠷᠭᠠᠨ ᠢᠶᠠᠷ | ᠳᠠᠬᠢᠨ ᠵᠥᠪᠯᠡᠭᠦᠯᠬᠦ ᠭᠤᠶᠤᠴᠢᠯᠠᠯ ᠤᠨ ᠪᠢᠴᠢᠭ ᠤᠨ ᠬᠠᠭᠤᠯᠪᠤᠷᠢ ᠳᠡᠪᠲᠡᠷ ᠪᠤᠶᠤ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠭᠤᠶᠤᠴᠢᠯᠠᠯ ᠤᠨ ᠲᠡᠮᠳᠡᠭᠯᠡᠯ ᠤᠨ ᠪᠠᠭᠤᠯᠭᠠᠪᠤᠷᠢ ᠶᠢ ᠣᠯᠣᠭᠰᠠᠨ ᠡᠳᠦᠷ ᠠᠴᠠ ᠡᠬᠢᠯᠡᠨ ᠠᠷᠪᠠᠨ ᠡᠳᠦᠷ | ᠤᠨ ᠳᠣᠲᠣᠷ᠎ᠠ ᠪᠢᠴᠢᠭ ᠢᠶᠠᠷ ᠬᠠᠷᠢᠭᠤᠯᠲᠠ ᠣᠯᠭᠤᠬᠤ ᠶᠢᠨ ᠬᠠᠮᠲᠤ ᠵᠠᠰᠠᠭ ᠵᠠᠬᠢᠷᠭᠠᠨ ᠤ ᠦᠶᠯᠡ ᠠᠵᠢᠯᠯᠠᠭ᠎ᠠ | ᠬᠢᠭᠰᠡᠨ ᠭᠡᠷᠡᠴᠢ ᠪᠠᠷᠢᠮᠲᠠ᠂ ᠦᠨᠳᠦᠰᠦ ᠪᠠᠷᠢᠮᠲᠠ ᠪᠠ ᠪᠤᠰᠤᠳ ᠬᠤᠯᠪᠣᠭᠳᠠᠯ ᠪᠦᠬᠦᠢ ᠮᠠᠲ᠋ᠧᠷᠢᠶᠠᠯ ᠢᠶᠠᠨ ᠲᠤᠰᠢᠶᠠᠬᠤ | ᠬᠡᠷᠡᠭᠲᠡᠢ᠃ | ᠳᠥᠴᠢ ᠶᠢᠰᠦᠳᠦᠭᠡᠷ ᠵᠦᠢᠯ ᠡᠩ ᠤᠨ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠤ ᠳᠠᠬᠢᠨ ᠵᠥᠪᠯᠡᠬᠦ | ᠬᠡᠷᠡᠭ ᠲᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠨᠢᠭᠤᠷᠲᠠᠨ ᠪᠤᠶᠤ ᠢᠨᠲ᠋ᠧᠷ ᠰᠦᠯᠵᠢᠶ᠎ᠡ᠂ | ᠤᠲᠠᠰᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠲᠤᠬᠠᠢ ᠶᠢᠨ ᠬᠥᠮᠥᠨ ᠤ ᠰᠠᠨᠠᠯ ᠢ ᠰᠣᠨᠣᠰᠬᠤ ᠶᠢᠨ ᠬᠠᠮᠲᠤ᠂ | ᠰᠣᠨᠣᠰᠤᠭᠰᠠᠨ ᠰᠠᠨᠠᠯ ᠢᠶᠠᠨ ᠲᠡᠮᠳᠡᠭᠯᠡᠨ ᠳᠠᠩᠰᠠᠯᠠᠬᠤ ᠬᠡᠷᠡᠭᠲᠡᠢ᠃ ᠲᠤᠬᠠᠢ ᠶᠢᠨ ᠬᠥᠮᠥᠨ ᠤ ᠰᠢᠯᠲᠠᠭᠠᠨ ᠠᠴᠠ | ᠪᠣᠯᠵᠤ ᠰᠠᠨᠠᠯ ᠰᠣᠨᠣᠰᠴᠤ ᠴᠢᠳᠠᠬᠤ ᠦᠭᠡᠢ ᠪᠣᠯ ᠪᠢᠴᠢᠭ ᠢᠶᠠᠷ ᠰᠢᠭᠦᠵᠦ ᠪᠣᠯᠣᠨ᠎ᠠ᠃ | ᠲᠠᠪᠢᠳᠤᠭᠠᠷ ᠵᠦᠢᠯ ᠴᠢᠬᠤᠯᠠ ᠶᠡᠭᠡ᠂ ᠬᠦᠴᠢᠷ ᠲᠦᠪᠡᠭᠲᠡᠢ᠂ ᠨᠠᠷᠢᠨ ᠪᠤᠳᠤᠯᠢᠶᠠᠨᠲᠠᠢ ᠵᠠᠰᠠᠭ ᠵᠠᠬᠢᠷᠭᠠᠨ ᠤ | ᠳᠠᠬᠢᠨ ᠵᠥᠪᠯᠡᠬᠦ ᠬᠡᠷᠡᠭ ᠢ ᠰᠢᠭᠦᠨ ᠰᠢᠢᠳᠪᠦᠷᠢᠯᠡᠬᠦ ᠳᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ | ᠭᠡᠷᠡᠴᠢᠯᠡᠭᠡ ᠰᠣᠨᠣᠰᠬᠤ ᠶᠢ ᠵᠣᠬᠢᠶᠠᠨ ᠪᠠᠶᠢᠭᠤᠯᠬᠤ ᠬᠡᠷᠡᠭᠲᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠭᠡᠷᠡᠴᠢᠯᠡᠭᠡ ᠰᠣᠨᠣᠰᠬᠤ ᠴᠢᠬᠤᠯᠠᠲᠠᠢ ᠭᠡᠵᠦ | ᠦᠵᠡᠭᠰᠡᠨ ᠪᠤᠶᠤ ᠭᠤᠶᠤᠴᠢᠯᠠᠭᠴᠢ ᠨᠢ ᠭᠡᠷᠡᠴᠢᠯᠡᠭᠡ ᠰᠣᠨᠣᠰᠬᠤ ᠪᠠᠷ ᠭᠤᠶᠤᠴᠢᠯᠠᠭᠰᠠᠨ ᠪᠠᠶᠢᠪᠠᠯ᠂ ᠵᠠᠰᠠᠭ ᠵᠠᠬᠢᠷᠭᠠᠨ | ᠤ ᠳᠠᠬᠢᠨ ᠵᠥᠪᠯᠡᠬᠦ ᠪᠠᠶᠢᠭᠤᠯᠤᠮᠵᠢ ᠨᠢ ᠭᠡᠷᠡᠴᠢᠯᠡᠭᠡ ᠰᠣᠨᠣᠰᠬᠤ ᠶᠢ ᠵᠣᠬᠢᠶᠠᠨ ᠪᠠᠶᠢᠭᠤᠯᠵᠤ ᠪᠣᠯᠣᠨ᠎ᠠ᠃ | ᠭᠡᠷᠡᠴᠢᠯᠡᠭᠡ ᠰᠣᠨᠣᠰᠬᠤ ᠳᠤ ᠨᠢᠭᠡ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯᠲᠠᠨ ᠡᠷᠬᠢᠯᠡᠭᠴᠢ ᠶᠢᠨ | ᠲᠤᠰᠢᠶᠠᠯ ᠢ ᠡᠭᠦᠷᠭᠡᠯᠡᠵᠦ᠂ ᠬᠤᠶᠠᠷ ᠠᠴᠠ ᠳᠡᠭᠡᠭᠰᠢ ᠵᠠᠰᠠᠭ ᠵᠠᠬᠢᠷᠭᠠᠨ ᠤ ᠳᠠᠬᠢᠨ ᠵᠥᠪᠯᠡᠬᠦ ᠠᠵᠢᠯᠲᠠᠨ ᠭᠡᠷᠡᠴᠢᠯᠡᠭᠡ | ᠰᠣᠨᠣᠰᠤᠭᠴᠢ ᠶᠢᠨ ᠲᠤᠰᠢᠶᠠᠯ ᠢ ᠡᠭᠦᠷᠭᠡᠯᠡᠵᠦ᠂ ᠨᠢᠭᠡ ᠲᠡᠮᠳᠡᠭᠯᠡᠭᠴᠢ ᠭᠡᠷᠡᠴᠢᠯᠡᠭᠡ ᠰᠣᠨᠣᠰᠤᠭᠰᠠᠨ ᠲᠡᠮᠳᠡᠭᠯᠡᠯ ᠢ | ᠵᠣᠬᠢᠶᠠᠨ᠎ᠠ᠃ | ᠲᠠᠪᠢᠨ ᠨᠢᠭᠡᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠭᠡᠷᠡᠴᠢᠯᠡᠭᠡ ᠰᠣᠨᠣᠰᠬᠤ | ᠶᠢ ᠵᠣᠬᠢᠶᠠᠨ ᠪᠠᠶᠢᠭᠤᠯᠬᠤ ᠳᠤ᠂ ᠭᠡᠷᠡᠴᠢᠯᠡᠭᠡ ᠰᠣᠨᠣᠰᠬᠤ ᠠᠴᠠ ᠲᠠᠪᠤᠨ ᠡᠳᠦᠷ ᠤᠨ ᠡᠮᠦᠨ᠎ᠡ ᠭᠡᠷᠡᠴᠢᠯᠡᠭᠡ ᠰᠣᠨᠣᠰᠬᠤ | ᠴᠠᠭ᠂ ᠭᠠᠵᠠᠷ ᠣᠷᠣᠨ ᠪᠠ ᠭᠡᠷᠡᠴᠢᠯᠡᠭᠡ ᠰᠣᠨᠣᠰᠬᠤ ᠪᠠᠷ ᠪᠠᠶᠢᠭ᠎ᠠ ᠵᠦᠢᠯᠡᠰ ᠢᠶᠠᠨ ᠲᠤᠬᠠᠢ ᠶᠢᠨ ᠬᠥᠮᠥᠨ ᠳᠤ ᠪᠢᠴᠢᠭ | ᠢᠶᠠᠷ ᠮᠡᠳᠡᠭᠳᠡᠬᠦ ᠬᠡᠷᠡᠭᠲᠡᠢ᠃ | ᠭᠤᠶᠤᠴᠢᠯᠠᠭᠴᠢ ᠵᠦᠢ ᠶᠣᠰᠣᠨ ᠤ ᠤᠴᠢᠷ ᠰᠢᠯᠲᠠᠭᠠᠨ ᠦᠭᠡᠢ ᠪᠠᠷ ᠭᠡᠷᠡᠴᠢᠯᠡᠭᠡ ᠰᠣᠨᠣᠰᠬᠤ ᠳᠤ | ᠣᠷᠣᠯᠴᠠᠬᠤ ᠶᠢ ᠲᠡᠪᠴᠢᠭᠰᠡᠨ ᠪᠠᠶᠢᠪᠠᠯ᠂ ᠭᠡᠷᠡᠴᠢᠯᠡᠭᠡ ᠰᠣᠨᠣᠰᠬᠤ ᠡᠷᠬᠡ ᠠᠴᠠ ᠲᠠᠲᠠᠭᠠᠯᠵᠠᠭᠰᠠᠨ ᠢᠶᠠᠷ ᠦᠵᠡᠨ᠎ᠡ᠃ | ᠭᠤᠶᠤᠴᠢᠯᠠᠭᠳᠠᠭᠴᠢ ᠶᠢᠨ ᠬᠠᠷᠢᠭᠤᠴᠠᠯᠭᠠᠲᠠᠨ ᠨᠢ ᠰᠠᠨᠠᠯ ᠰᠣᠨᠣᠰᠤᠯᠲᠠ ᠳᠤ ᠣᠷᠣᠯᠴᠠᠬᠤ ᠬᠡᠷᠡᠭᠲᠡᠢ᠃ | ᠣᠷᠣᠯᠴᠠᠵᠤ ᠳᠡᠶᠢᠯᠬᠦ ᠦᠭᠡᠢ ᠪᠠᠶᠢᠪᠠᠯ᠂ ᠤᠴᠢᠷ ᠰᠢᠯᠲᠠᠭᠠᠨ ᠢᠶᠠᠨ ᠲᠣᠳᠣᠷᠬᠠᠶᠢᠯᠠᠬᠤ ᠬᠡᠷᠡᠭᠲᠡᠢ ᠪᠥᠭᠡᠳ | ᠵᠣᠬᠢᠴᠠᠩᠭᠤᠢ ᠠᠵᠢᠯᠲᠠᠨ ᠳᠤ ᠨᠠᠶᠢᠳᠠᠵᠤ ᠭᠡᠷᠡᠴᠢᠯᠡᠭᠡ ᠰᠣᠨᠣᠰᠬᠤ ᠳᠤ ᠣᠷᠣᠯᠴᠠᠭᠤᠯᠬᠤ ᠬᠡᠷᠡᠭᠲᠡᠢ᠃ | ᠲᠠᠪᠢᠨ ᠬᠤᠶᠠᠳᠤᠭᠠᠷ ᠵᠦᠢᠯ ᠰᠢᠶᠠᠨ ᠤ ᠱᠠᠲᠤᠨ ᠠᠴᠠ ᠳᠡᠭᠡᠭᠰᠢᠬᠢ ᠡᠯ᠎ᠡ ᠱᠠᠲᠤᠨ ᠤ ᠠᠷᠠᠳ ᠤᠨ ᠵᠠᠰᠠᠭ | ᠤᠨ ᠣᠷᠳᠣᠨ ᠨᠤᠭᠤᠳ ᠬᠤᠯᠪᠣᠭᠳᠠᠯ ᠪᠦᠬᠦᠢ ᠵᠠᠰᠠᠭ ᠤᠨ ᠣᠷᠳᠣᠨ ᠤ ᠰᠠᠯᠠᠭ᠎ᠠ ᠮᠥᠴᠢᠷ᠂ ᠲᠤᠰᠬᠠᠢ ᠮᠡᠷᠭᠡᠵᠢᠯᠲᠡᠨ | ᠂ ᠡᠷᠳᠡᠮᠲᠡᠨ ᠵᠡᠷᠭᠡ ᠶᠢᠨ ᠣᠷᠣᠯᠴᠠᠭᠰᠠᠨ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠺᠣᠮᠢᠰ ᠢ ᠪᠠᠶᠢᠭᠤᠯᠵᠤ᠂ ᠵᠠᠰᠠᠭ | ᠵᠠᠬᠢᠷᠭᠠᠨ ᠢᠶᠠᠷ ᠳᠠᠪᠲᠠᠨ ᠶᠠᠷᠢᠯᠴᠠᠬᠤ ᠬᠡᠷᠡᠭ ᠢ ᠰᠢᠢᠳᠪᠦᠷᠢᠯᠡᠬᠦ ᠳᠤ ᠵᠥᠪᠯᠡᠯᠭᠡ ᠣᠯᠭᠤᠬᠤ ᠰᠠᠨᠠᠯ ᠬᠠᠩᠭᠠᠬᠤ ᠶᠢᠨ | ᠬᠠᠮᠲᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠬᠤ ᠠᠵᠢᠯ ᠤᠨ ᠳᠤᠮᠳᠠᠬᠢ ᠴᠢᠬᠤᠯᠠ ᠶᠡᠭᠡ ᠵᠦᠢᠯᠡᠰ ᠪᠠ ᠨᠡᠶᠢᠲᠡᠴᠢ | ᠴᠢᠨᠠᠷᠲᠠᠢ ᠠᠰᠠᠭᠤᠳᠠᠯ ᠢ ᠰᠤᠳᠤᠯᠵᠤ ᠰᠠᠨᠠᠯ ᠢᠶᠠᠨ ᠳᠤᠷᠠᠳᠬᠤ ᠬᠡᠷᠡᠭᠲᠡᠢ᠃ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠺᠣᠮᠢᠰ ᠢ ᠪᠦᠷᠢᠯᠳᠦᠭᠦᠯᠬᠦ ᠪᠠ ᠠᠵᠢᠯ ᠢ ᠥᠷᠨᠢᠭᠦᠯᠬᠦ ᠪᠣᠳᠠᠲᠠᠢ ᠠᠷᠭ᠎ᠠ ᠶᠢ ᠳᠥᠷᠦ ᠶᠢᠨ ᠶᠠᠪᠤᠳᠠᠯ ᠤᠨ | ᠬᠤᠷᠢᠶᠠᠨ ᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠤᠮᠵᠢ ᠠᠴᠠ ᠲᠣᠭᠲᠠᠭᠠᠨ᠎ᠠ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠷᠡᠭ ᠢ ᠰᠢᠭᠦᠬᠦ ᠳᠤ ᠳᠣᠣᠷᠠᠬᠢ ᠪᠠᠶᠢᠳᠠᠯ ᠤᠨ ᠨᠢᠭᠡ ᠳᠤ | ᠬᠤᠯᠪᠣᠭᠳᠠᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ | ᠺᠣᠮᠢᠰ ᠲᠤ ᠵᠥᠪᠯᠡᠯᠭᠡ ᠣᠯᠭᠤᠬᠤ ᠰᠠᠨᠠᠯ ᠳᠤᠷᠠᠳᠤᠭᠤᠯᠬᠤ ᠪᠠᠷ ᠳᠡᠪᠰᠢᠭᠦᠯᠬᠦ ᠬᠡᠷᠡᠭᠲᠡᠢ᠄ | ︵ᠨᠢᠭᠡ︶ ᠬᠡᠷᠡᠭ ᠤᠨ ᠪᠠᠶᠢᠳᠠᠯ ᠨᠢ ᠬᠦᠨᠳᠦ ᠬᠡᠴᠡᠭᠦᠦ᠂ ᠬᠦᠴᠢᠷ ᠲᠦᠪᠡᠭᠲᠡᠢ᠂ ᠨᠠᠷᠢᠨ ᠪᠤᠳᠤᠯᠢᠶᠠᠨᠲᠠᠢ︔ | ︵ᠬᠤᠶᠠᠷ︶ ᠲᠤᠰᠬᠠᠢ ᠮᠡᠷᠭᠡᠵᠢᠯ ᠤᠨ ᠴᠢᠨᠠᠷ᠂ ᠮᠡᠷᠭᠡᠵᠢᠯ ᠤᠨ ᠴᠢᠨᠠᠷ ᠢᠶᠠᠷ ᠨᠡᠯᠢᠶᠡᠳ ᠴᠢᠩᠭ᠎ᠠ ᠪᠠᠶᠢᠬᠤ︔ | | ︵ᠭᠤᠷᠪᠠ︶ ᠲᠤᠰ ᠬᠠᠤᠯᠢ ᠶᠢᠨ ᠬᠤᠷᠢᠨ ᠳᠥᠷᠪᠡᠳᠦᠭᠡᠷ ᠵᠦᠢᠯ ᠤᠨ ᠬᠤᠶᠠᠳᠤᠭᠠᠷ ᠪᠠᠳᠠᠭ ᠲᠤ | ᠲᠣᠭᠲᠠᠭᠠᠭᠰᠠᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ︔ | ︵ᠳᠥᠷᠪᠡ︶ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠴᠢᠬᠤᠯᠠ ᠲᠠᠢ ᠭᠡᠵᠦ ᠦᠵᠡᠭᠰᠡᠨ᠃ | | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠤᠮᠵᠢ ᠨᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠺᠣᠮᠢᠰ ᠤᠨ ᠵᠥᠪᠯᠡᠭᠰᠡᠨ ᠰᠠᠨᠠᠯ ᠢ ᠲᠡᠮᠳᠡᠭᠯᠡᠬᠦ ᠬᠡᠷᠡᠭᠲᠡᠢ᠃ | ᠳᠥᠷᠪᠡᠳᠦᠭᠡᠷ ᠬᠡᠰᠡᠭ ᠳᠦᠭᠦᠮ ᠵᠢᠷᠤᠮ | ᠲᠠᠪᠢᠨ ᠭᠤᠷᠪᠠᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠳᠠᠷᠠᠭᠠᠬᠢ ᠬᠡᠳᠦᠨ | ᠲᠠᠯ᠎ᠠ ᠪᠠᠷ ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠷᠡᠭ ᠢ ᠰᠢᠭᠦᠬᠦ ᠳᠡᠭᠡᠨ ᠪᠣᠳᠠᠲᠤ ᠶᠠᠪᠤᠳᠠᠯ ᠨᠢ ᠲᠣᠳᠣᠷᠬᠠᠢ᠂ | ᠡᠷᠬᠡ ᠡᠭᠦᠷᠭᠡ ᠶᠢᠨ ᠬᠠᠷᠢᠴᠠᠭ᠎ᠠ ᠨᠢ ᠲᠣᠳᠣᠷᠬᠠᠢ᠂ ᠮᠠᠷᠭᠤᠯᠳᠤᠭᠠᠨ ᠶᠡᠭᠡ ᠪᠢᠰᠢ ᠭᠡᠵᠦ ᠦᠵᠡᠪᠡᠯ᠂ ᠲᠥᠬᠦᠮ ᠵᠢᠷᠤᠮ | ᠢ ᠬᠡᠷᠡᠭᠯᠡᠵᠦ ᠪᠣᠯᠣᠨ᠎ᠠ᠄ | ︵ᠨᠢᠭᠡ︶ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠳᠠᠭᠰᠠᠨ ᠵᠠᠰᠠᠭ ᠵᠠᠬᠢᠷᠭᠠᠨ ᠤ | ᠦᠶᠯᠡ ᠠᠵᠢᠯᠯᠠᠭ᠎ᠠ ᠶᠢ ᠲᠤᠬᠠᠢ ᠶᠢᠨ ᠲᠠᠯᠠᠪᠤᠷ ᠲᠤᠨᠢ ᠬᠢᠭᠰᠡᠨ ᠪᠠᠶᠢᠬᠤ︔ | ︵ᠬᠤᠶᠠᠷ︶ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠭᠳᠠᠭᠰᠠᠨ ᠵᠠᠰᠠᠭ ᠵᠠᠬᠢᠷᠭᠠᠨ ᠤ | ᠦᠶᠯᠡ ᠠᠵᠢᠯᠯᠠᠭ᠎ᠠ ᠨᠢ ᠳᠣᠩᠭᠤᠳᠬᠤ ᠪᠤᠶᠤ ᠵᠠᠷᠯᠠᠨ ᠰᠢᠭᠦᠮᠵᠢᠯᠡᠬᠦ︔ | ︵ᠭᠤᠷᠪᠠ︶ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ ᠭᠤᠷᠪᠠᠨ ᠮᠢᠩᠭᠠᠨ ᠲᠥᠭᠦᠷᠢᠭ ᠠᠴᠠ | ᠳᠣᠭᠤᠭᠰᠢ ᠪᠠᠶᠢᠬᠤ︔ | ︵ᠳᠥᠷᠪᠡ︶ ᠵᠠᠰᠠᠭ ᠤᠨ ᠣᠷᠳᠣᠨ ᠤ ᠮᠡᠳᠡᠭᠡ ᠵᠠᠩᠭᠢ ᠶᠢ ᠢᠯᠠ ᠲᠣᠳᠣ ᠪᠠᠶᠢᠯᠭᠠᠭᠰᠠᠨ ᠬᠡᠷᠡᠭ ᠲᠤ | ᠲᠣᠭᠠᠴᠠᠭᠳᠠᠨ᠎ᠠ᠃ | ᠡᠮᠦᠨᠡᠬᠢ ᠪᠠᠳᠠᠭ ᠤᠨ ᠲᠣᠭᠲᠠᠭᠠᠯ ᠠᠴᠠ ᠭᠠᠳᠠᠨᠠᠬᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠡᠷᠡᠭ ᠲᠤ | ᠲᠤᠬᠠᠢ ᠶᠢᠨ ᠬᠥᠮᠥᠨ ᠤ ᠡᠯ᠎ᠡ ᠲᠠᠯ᠎ᠠ ᠶᠢᠨ ᠬᠢᠨ ᠳᠦᠭᠦᠮ ᠵᠢᠷᠤᠮ ᠢ ᠬᠡᠷᠡᠭᠯᠡᠬᠦ ᠶᠢ ᠵᠥᠪᠰᠢᠶᠡᠷᠡᠭᠰᠡᠨ ᠪᠠᠶᠢᠪᠠᠯ᠂ | ᠳᠦᠭᠦᠮ ᠵᠢᠷᠤᠮ ᠢ ᠬᠡᠷᠡᠭᠯᠡᠵᠦ ᠪᠣᠯᠣᠨ᠎ᠠ᠃ | ᠲᠠᠪᠢᠨ ᠳᠥᠷᠪᠡᠳᠦᠭᠡᠷ ᠵᠦᠢᠯ ᠲᠥᠬᠦᠮ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠬᠡᠷᠡᠭ ᠲᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ ᠢᠶᠠᠷ ᠳᠠᠬᠢᠨ | ᠵᠥᠪᠯᠡᠭᠦᠯᠬᠦ ᠭᠤᠶᠤᠴᠢᠯᠠᠯ ᠢ ᠭᠥᠯᠢᠶᠡᠨ ᠠᠪᠤᠭᠰᠠᠨ ᠡᠳᠦᠷ ᠠᠴᠠ ᠡᠬᠢᠯᠡᠨ ᠭᠤᠷᠪᠠᠨ ᠡᠳᠦᠷ ᠤᠨ ᠳᠣᠲᠣᠷ᠎ᠠ᠂ ᠵᠠᠰᠠᠭ | ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠪᠢᠴᠢᠭ ᠤᠨ ᠬᠠᠭᠤᠯᠪᠤᠷᠢ ᠳᠡᠪᠲᠡᠷ ᠪᠤᠶᠤ ᠵᠠᠰᠠᠭ ᠵᠠᠬᠢᠷᠭᠠᠨ | ᠢᠶᠠᠷ ᠳᠠᠬᠢᠨ ᠵᠥᠪᠯᠡᠭᠦᠯᠬᠦ ᠭᠤᠶᠤᠴᠢᠯᠠᠯ ᠤᠨ ᠲᠡᠮᠳᠡᠭᠯᠡᠯ ᠤᠨ ᠪᠠᠭᠤᠯᠭᠠᠪᠤᠷᠢ ᠶᠢ ᠭᠤᠶᠤᠴᠢᠯᠠᠭᠳᠠᠭᠴᠢ ᠳᠤ | ᠶᠠᠪᠤᠭᠤᠯᠵᠤ ᠣᠯᠭᠤᠬᠤ ᠬᠡᠷᠡᠭᠲᠡᠢ᠃ ᠭᠤᠶᠤᠴᠢᠯᠠᠭᠳᠠᠭᠴᠢ ᠨᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠭᠤᠶᠤᠴᠢᠯᠠᠯ ᠤᠨ ᠪᠢᠴᠢᠭ ᠤᠨ ᠬᠠᠭᠤᠯᠪᠤᠷᠢ ᠳᠡᠪᠲᠡᠷ ᠪᠤᠶᠤ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ | ᠭᠤᠶᠤᠴᠢᠯᠠᠯ ᠤᠨ ᠲᠡᠮᠳᠡᠭᠯᠡᠯ ᠤᠨ ᠪᠠᠭᠤᠯᠭᠠᠪᠤᠷᠢ ᠶᠢ ᠣᠯᠣᠭᠰᠠᠨ ᠡᠳᠦᠷ ᠠᠴᠠ ᠡᠬᠢᠯᠡᠨ ᠲᠠᠪᠤᠨ ᠡᠳᠦᠷ ᠤᠨ | ᠳᠣᠲᠣᠷ᠎ᠠ ᠪᠢᠴᠢᠭ ᠢᠶᠠᠷ ᠬᠠᠷᠢᠭᠤᠯᠲᠠ ᠣᠯᠭᠤᠬᠤ ᠶᠢᠨ ᠬᠠᠮᠲᠤ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠬᠢᠭᠰᠡᠨ | ᠭᠡᠷᠡᠴᠢ ᠪᠠᠷᠢᠮᠲᠠ᠂ ᠦᠨᠳᠦᠰᠦ ᠪᠠᠷᠢᠮᠲᠠ ᠪᠠ ᠬᠤᠯᠪᠣᠭᠳᠠᠯ ᠪᠦᠬᠦᠢ ᠪᠤᠰᠤᠳ ᠮᠠᠲ᠋ᠧᠷᠢᠶᠠᠯ ᠢᠶᠠᠨ ᠲᠤᠰᠢᠶᠠᠬᠤ | ᠬᠡᠷᠡᠭᠲᠡᠢ᠃ | ᠳᠥᠭᠦᠮ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠡᠷᠡᠭ ᠢ ᠪᠢᠴᠢᠭ ᠢᠶᠠᠷ | ᠰᠢᠭᠦᠵᠦ ᠪᠣᠯᠣᠨ᠎ᠠ᠃ | ᠲᠠᠪᠢᠨ ᠲᠠᠪᠤᠳᠤᠭᠠᠷ ᠵᠦᠢᠯ ᠲᠥᠬᠦᠮ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠤ ᠳᠠᠬᠢᠨ ᠵᠥᠪᠯᠡᠬᠦ | ᠬᠡᠷᠡᠭ ᠢ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠠᠴᠠ ᠲᠥᠬᠦᠮ ᠵᠢᠷᠤᠮ ᠢ ᠬᠡᠷᠡᠭᠯᠡᠬᠦ ᠳᠤ ᠲᠣᠬᠢᠷᠠᠬᠤ | ᠦᠭᠡᠢ ᠭᠡᠵᠦ ᠦᠵᠡᠪᠡᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠶᠢᠨ ᠬᠠᠷᠢᠭᠤᠴᠠᠯᠭᠠᠲᠠᠨ ᠢᠶᠠᠷ | ᠵᠥᠪᠰᠢᠶᠡᠷᠡᠭᠦᠯᠦᠭᠡᠳ᠂ ᠡᠩ ᠤᠨ ᠵᠢᠷᠤᠮ ᠢᠶᠠᠷ ᠰᠢᠯᠵᠢᠭᠦᠯᠦᠨ ᠰᠢᠭᠦᠵᠦ ᠪᠣᠯᠣᠨ᠎ᠠ᠃ | ᠲᠠᠪᠤᠳᠤᠭᠠᠷ ᠬᠡᠰᠡᠭ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠳᠤ ᠳᠠᠭᠠᠯᠳᠤᠭᠤᠯᠤᠨ ᠬᠢᠨᠠᠨ ᠪᠠᠶᠢᠴᠠᠭᠠᠬᠤ | ᠲᠠᠪᠢᠨ ᠵᠢᠷᠭᠤᠳᠤᠭᠠᠷ ᠵᠦᠢᠯ ᠭᠤᠶᠤᠴᠢᠯᠠᠭᠴᠢ ᠨᠢ ᠲᠣᠰ ᠬᠠᠤᠯᠢ ᠶᠢᠨ ᠠᠷᠪᠠᠨ ᠭᠤᠷᠪᠠᠳᠤᠭᠠᠷ ᠵᠦᠢᠯ ᠤᠨ | ᠲᠣᠭᠲᠠᠭᠠᠯ ᠶᠣᠰᠣᠭᠠᠷ ᠬᠤᠯᠪᠣᠭᠳᠠᠯ ᠪᠦᠬᠦᠢ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠢ ᠳᠠᠭᠠᠯᠳᠤᠭᠤᠯᠤᠨ | ᠬᠢᠨᠠᠨ ᠪᠠᠶᠢᠴᠠᠭᠠᠯᠭᠠᠬᠤ ᠭᠤᠶᠤᠴᠢᠯᠠᠯ ᠭᠠᠷᠭᠠᠬᠤ ᠳᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ | ᠰᠢᠢᠳᠪᠦᠷᠢᠯᠡᠬᠦ ᠡᠷᠬᠡ ᠲᠠᠢ ᠪᠣᠯ᠂ ᠭᠤᠴᠢᠨ ᠡᠳᠦᠷ ᠤᠨ ᠳᠣᠲᠣᠷ᠎ᠠ ᠬᠠᠤᠯᠢ ᠶᠣᠰᠣᠭᠠᠷ ᠰᠢᠢᠳᠪᠦᠷᠢᠯᠡᠬᠦ ᠬᠡᠷᠡᠭᠲᠡᠢ︔ | ᠰᠢᠢᠳᠪᠦᠷᠢᠯᠡᠬᠦ ᠡᠷᠬᠡ ᠦᠭᠡᠢ ᠪᠣᠯ ᠰᠢᠢᠳᠪᠦᠷᠢᠯᠡᠬᠦ ᠡᠷᠬᠡ ᠪᠦᠬᠦᠢ ᠵᠠᠰᠠᠭ ᠵᠠᠬᠢᠷᠭᠠᠨ ᠤ ᠪᠠᠶᠢᠭᠤᠯᠭ᠎ᠠ ᠳᠤ ᠲᠤᠯᠦᠭᠠᠠ | ᠡᠳᠦᠷ ᠤᠨ ᠳᠣᠲᠣᠷ᠎ᠠ ᠰᠢᠯᠵᠢᠭᠦᠯᠦᠨ ᠬᠦᠷᠭᠡᠵᠦ ᠬᠠᠤᠯᠢ ᠶᠣᠰᠣᠭᠠᠷ ᠰᠢᠢᠳᠪᠦᠷᠢᠯᠡᠭᠦᠯᠬᠦ ᠬᠡᠷᠡᠭᠲᠡᠢ᠃ | ᠲᠠᠪᠢᠨ ᠳᠣᠯᠣᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠭᠤᠶᠤᠴᠢᠯᠠᠭᠳᠠᠭᠴᠢ | ᠶᠢᠨ ᠬᠢᠭᠰᠡᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠬᠢᠨᠠᠨ ᠪᠠᠶᠢᠴᠠᠭᠠᠬᠤ ᠳᠠᠭᠠᠨ᠂ ᠲᠡᠭᠦᠨ ᠤ ᠦᠨᠳᠦᠰᠦ | ᠪᠠᠷᠢᠮᠲᠠ ᠨᠢ ᠬᠠᠤᠯᠢ ᠳᠤ ᠨᠡᠶᠢᠴᠡᠬᠦ ᠦᠭᠡᠢ᠂ ᠲᠣᠰ ᠪᠠᠶᠢᠭᠤᠯᠭ᠎ᠠ ᠨᠢ ᠰᠢᠢᠳᠪᠦᠷᠢᠯᠡᠬᠦ ᠡᠷᠬᠡ ᠲᠠᠢ ᠭᠡᠵᠦ ᠦᠵᠡᠪᠡᠯ᠂ | ᠭᠤᠴᠢᠨ ᠡᠳᠦᠷ ᠤᠨ ᠳᠣᠲᠣᠷ᠎ᠠ ᠬᠠᠤᠯᠢ ᠶᠣᠰᠣᠭᠠᠷ ᠰᠢᠢᠳᠪᠦᠷᠢᠯᠡᠬᠦ ᠬᠡᠷᠡᠭᠲᠡᠢ︔ ᠰᠢᠢᠳᠪᠦᠷᠢᠯᠡᠬᠦ ᠡᠷᠬᠡ ᠦᠭᠡᠢ ᠪᠣᠯ | ᠰᠢᠢᠳᠪᠦᠷᠢᠯᠡᠬᠦ ᠡᠷᠬᠡ ᠲᠠᠢ ᠳᠥᠷᠦ ᠶᠢᠨ ᠪᠠᠶᠢᠭᠤᠯᠭ᠎ᠠ ᠳᠤ ᠲᠤᠯᠦᠭᠠᠠ ᠡᠳᠦᠷ ᠤᠨ ᠳᠣᠲᠣᠷ᠎ᠠ ᠰᠢᠯᠵᠢᠭᠦᠯᠦᠨ | ᠬᠦᠷᠭᠡᠵᠦ ᠬᠠᠤᠯᠢ ᠶᠣᠰᠣᠭᠠᠷ ᠰᠢᠢᠳᠪᠦᠷᠢᠯᠡᠭᠦᠯᠬᠦ ᠬᠡᠷᠡᠭᠲᠡᠢ᠃ | ᠲᠠᠪᠢᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠲᠣᠰ ᠬᠠᠤᠯᠢ ᠶᠢᠨ | ᠲᠠᠪᠢᠨ ᠵᠢᠷᠭᠤᠳᠤᠭᠠᠷ ᠵᠦᠢᠯ᠂ ᠲᠠᠪᠢᠨ ᠳᠣᠯᠣᠳᠤᠭᠠᠷ ᠵᠦᠢᠯ ᠤᠨ ᠲᠣᠭᠲᠠᠭᠠᠯ ᠶᠣᠰᠣᠭᠠᠷ ᠬᠤᠯᠪᠣᠭᠳᠠᠯ ᠪᠦᠬᠦᠢ | ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠪᠤᠶᠤ ᠦᠨᠳᠦᠰᠦ ᠪᠠᠷᠢᠮᠲᠠ ᠶᠢ ᠰᠢᠢᠳᠪᠦᠷᠢᠯᠡᠬᠦ ᠡᠷᠬᠡ ᠲᠠᠢ ᠪᠠᠶᠢᠪᠠᠯ᠂ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ ᠤ ᠳᠠᠬᠢᠨ ᠵᠥᠪᠯᠡᠬᠦ ᠶᠢ ᠳᠣᠷᠭᠤᠨ | ᠵᠣᠭᠰᠣᠭᠠᠭᠰᠠᠨ ᠡᠳᠦᠷ ᠠᠴᠠ ᠡᠬᠢᠯᠡᠨ ᠭᠤᠷᠪᠠᠨ ᠡᠳᠦᠷ ᠤᠨ ᠳᠣᠲᠣᠷ᠎ᠠ᠂ ᠵᠢᠷᠤᠮᠵᠢᠯ ᠤᠨ ᠴᠢᠨᠠᠷᠲᠠᠢ ᠪᠢᠴᠢᠭ | ᠮᠠᠲ᠋ᠧᠷᠢᠶᠠᠯ ᠪᠤᠶᠤ ᠦᠨᠳᠦᠰᠦᠯᠡᠯ ᠲᠣᠭᠲᠠᠭᠠᠭᠰᠠᠨ ᠪᠠᠶᠢᠭᠤᠯᠭ᠎ᠠ ᠳᠤ ᠪᠢᠴᠢᠭ ᠢᠶᠠᠷ ᠮᠡᠳᠡᠭᠳᠡᠵᠦ ᠬᠤᠯᠪᠣᠭᠳᠠᠬᠤ ᠵᠦᠢᠯ | ᠵᠤᠷᠪᠤᠰ ᠤᠨ ᠬᠠᠤᠯᠢ ᠶᠣᠰᠣᠴᠢ ᠴᠢᠨᠠᠷ ᠲᠤ ᠪᠢᠴᠢᠭ ᠢᠶᠠᠷ ᠬᠠᠷᠢᠭᠤᠯᠲᠠ ᠥᠭᠭᠦᠭᠦᠯᠬᠦ ᠬᠡᠷᠡᠭᠲᠡᠢ᠃ ᠲᠣᠭᠲᠠᠭᠠᠬᠤ | ᠪᠠᠶᠢᠭᠤᠯᠭ᠎ᠠ ᠨᠢ ᠪᠢᠴᠢᠭ ᠤᠨ ᠮᠡᠳᠡᠭᠳᠡᠯ ᠢ ᠣᠯᠣᠭᠰᠠᠨ ᠡᠳᠦᠷ ᠠᠴᠠ ᠡᠬᠢᠯᠡᠨ ᠠᠷᠪᠠᠨ ᠡᠳᠦᠷ ᠤᠨ ᠳᠣᠲᠣᠷ᠎ᠠ ᠪᠢᠴᠢᠭ | ᠤᠨ ᠬᠠᠷᠢᠭᠤᠯᠲᠠ ᠵᠢᠴᠢ ᠬᠤᠯᠪᠣᠭᠳᠠᠯ ᠪᠦᠬᠦᠢ ᠮᠠᠲ᠋ᠧᠷᠢᠶᠠᠯ ᠢᠶᠠᠨ ᠲᠤᠰᠢᠶᠠᠬᠤ ᠬᠡᠷᠡᠭᠲᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠴᠢᠬᠤᠯᠠ ᠲᠠᠢ ᠭᠡᠵᠦ ᠦᠵᠡᠪᠡᠯ᠂ ᠵᠢᠷᠤᠮᠵᠢᠯ ᠤᠨ | ᠴᠢᠨᠠᠷᠲᠠᠢ ᠪᠢᠴᠢᠭ ᠮᠠᠲ᠋ᠧᠷᠢᠶᠠᠯ ᠪᠤᠶᠤ ᠦᠨᠳᠦᠰᠦᠯᠡᠯ ᠪᠣᠯᠭᠠᠭᠰᠠᠨ ᠲᠣᠭᠲᠠᠭᠠᠬᠤ ᠪᠠᠶᠢᠭᠤᠯᠭ᠎ᠠ ᠪᠠᠷ ᠰᠢᠯᠲᠠᠭᠠᠨ ᠢᠶᠠᠨ | ᠨᠢᠭᠤᠷᠲᠠᠨ ᠲᠣᠳᠣᠷᠬᠠᠶᠢᠯᠠᠭᠤᠯᠬᠤ ᠪᠠᠷ ᠱᠠᠭᠠᠷᠳᠠᠵᠤ ᠪᠣᠯᠣᠨ᠎ᠠ᠂ ᠲᠣᠭᠲᠠᠭᠠᠬᠤ ᠪᠠᠶᠢᠭᠤᠯᠭ᠎ᠠ ᠨᠢ ᠬᠠᠮᠵᠢᠯᠴᠠᠬᠤ | ᠬᠡᠷᠡᠭᠲᠡᠢ᠃ | ᠲᠠᠪᠢ ᠶᠢᠰᠦᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠲᠣᠰ ᠬᠠᠤᠯᠢ ᠶᠢᠨ | ᠲᠠᠪᠢᠨ ᠵᠢᠷᠭᠤᠳᠤᠭᠠᠷ ᠵᠦᠢᠯ᠂ ᠲᠠᠪᠢᠨ ᠳᠣᠯᠣᠳᠤᠭᠠᠷ ᠵᠦᠢᠯ ᠤᠨ ᠲᠣᠭᠲᠠᠭᠠᠯ ᠶᠣᠰᠣᠭᠠᠷ ᠬᠤᠯᠪᠣᠭᠳᠠᠯ ᠪᠦᠬᠦᠢ | ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠪᠤᠶᠤ ᠦᠨᠳᠦᠰᠦ ᠪᠠᠷᠢᠮᠲᠠ ᠶᠢ ᠰᠢᠢᠳᠪᠦᠷᠢᠯᠡᠬᠦ ᠡᠷᠬᠡ ᠲᠠᠢ᠂ | ᠬᠤᠯᠪᠣᠭᠳᠠᠯ ᠪᠦᠬᠦᠢ ᠵᠦᠢᠯ ᠵᠤᠷᠪᠤᠰ ᠢ ᠬᠠᠤᠯᠢ ᠳᠤ ᠨᠡᠶᠢᠴᠡᠨ᠎ᠡ ᠭᠡᠵᠦ ᠦᠵᠡᠪᠡᠯ᠂ ᠵᠠᠰᠠᠭ ᠵᠠᠬᠢᠷᠭᠠᠨ ᠤ ᠳᠠᠬᠢᠨ | ᠵᠥᠪᠯᠡᠭᠰᠡᠨ ᠲᠣᠭᠲᠠᠭᠠᠯ ᠤᠨ ᠪᠢᠴᠢᠭ ᠲᠤ ᠬᠠᠮᠲᠤ ᠳᠤᠨᠢ ᠮᠡᠳᠡᠭᠳᠡᠬᠦ ᠬᠡᠷᠡᠭᠲᠡᠢ︔ ᠬᠤᠯᠪᠣᠭᠳᠠᠯ ᠪᠦᠬᠦᠢ ᠵᠦᠢᠯ | ᠪᠠᠳᠠᠭ ᠢ ᠡᠷᠬᠡ ᠶᠢᠨ ᠬᠡᠪᠴᠢᠶ᠎ᠡ ᠠᠴᠠ ᠪᠠᠨ ᠳᠠᠪᠠᠭᠰᠠᠨ ᠪᠤᠶᠤ ᠳᠡᠭᠡᠳᠦ ᠪᠠᠶᠢᠷᠢ ᠶᠢᠨ ᠬᠠᠤᠯᠢ ᠶᠢ ᠵᠥᠷᠢᠴᠡᠭᠰᠡᠨ | ᠭᠡᠵᠦ ᠦᠵᠡᠪᠡᠯ᠂ ᠲᠤᠰ ᠵᠦᠢᠯ ᠪᠠᠳᠠᠭ ᠢ ᠬᠡᠷᠡᠭᠵᠢᠭᠦᠯᠬᠦ ᠶᠢ ᠵᠣᠭᠰᠤᠭᠠᠬᠤ ᠪᠠᠷ ᠲᠣᠭᠲᠠᠭᠠᠬᠤ ᠪᠥᠭᠡᠳ | ᠲᠣᠭᠲᠠᠭᠠᠭᠰᠠᠨ ᠪᠠᠶᠢᠭᠤᠯᠭ᠎ᠠ ᠶᠢ ᠵᠠᠷᠯᠢᠭᠳᠠᠨ ᠵᠠᠯᠠᠷᠠᠭᠤᠯᠤᠭᠤᠯᠤᠨ᠎ᠠ᠃ | ᠵᠢᠷᠠᠳᠤᠭᠠᠷ ᠵᠦᠢᠯ ᠲᠤᠰ ᠬᠠᠤᠯᠢ ᠶᠢᠨ ᠲᠡᠪᠢᠠ ᠵᠢᠷᠭᠤᠳᠤᠭᠠᠷ ᠵᠦᠢᠯ᠂ ᠲᠡᠪᠢᠠ ᠳᠣᠯᠣᠳᠤᠭᠠᠷ ᠵᠦᠢᠯ ᠤᠨ | ᠲᠣᠭᠲᠠᠭᠠᠯ ᠶᠣᠰᠣᠭᠠᠷ ᠰᠢᠯᠵᠢᠭᠦᠯᠦᠨ ᠬᠦᠷᠭᠡᠬᠦ ᠶᠢ ᠭᠥᠯᠢᠶᠡᠨ ᠠᠪᠤᠭᠰᠠᠨ ᠵᠠᠰᠠᠭ ᠵᠠᠬᠢᠷᠭᠠᠨ ᠤ ᠪᠠᠶᠢᠭᠤᠯᠭ᠎ᠠ᠂ | ᠳᠥᠷᠦ ᠶᠢᠨ ᠪᠠᠶᠢᠭᠤᠯᠭ᠎ᠠ ᠨᠢ ᠰᠢᠯᠵᠢᠭᠦᠯᠦᠨ ᠬᠦᠷᠭᠡᠬᠦ ᠶᠢ ᠭᠥᠯᠢᠶᠡᠨ ᠠᠪᠤᠭᠰᠠᠨ ᠡᠳᠦᠷ ᠠᠴᠠ ᠡᠬᠢᠯᠡᠨ ᠵᠢᠷᠠᠨ | ᠡᠳᠦᠷ ᠤᠨ ᠳᠣᠲᠣᠷ᠎ᠠ ᠰᠢᠢᠳᠪᠦᠷᠢᠯᠡᠭᠰᠡᠨ ᠰᠠᠨᠠᠯ ᠢᠶᠠᠨ ᠰᠢᠯᠵᠢᠭᠦᠯᠦᠨ ᠬᠦᠷᠭᠡᠭᠰᠡᠨ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠳᠤ ᠬᠠᠷᠢᠭᠤ ᠣᠯᠭᠤᠬᠤ ᠬᠡᠷᠡᠭᠲᠡᠢ᠃ | ᠲᠠᠪᠤᠳᠤᠭᠠᠷ ᠪᠦᠯᠦᠭ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ | ᠵᠢᠷᠠᠨ ᠨᠢᠭᠡᠳᠦᠭᠡᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠲᠤᠰ ᠬᠠᠤᠯᠢ ᠶᠢᠨ | ᠶᠣᠰᠣᠭᠠᠷ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠰᠢᠭᠦᠬᠦ ᠳᠤ᠂ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠤᠮᠵᠢ ᠠᠴᠠ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠢᠨᠠᠨ ᠪᠠᠶᠢᠴᠠᠭᠠᠵᠤ᠂ ᠰᠠᠨᠠᠯ | ᠳᠤᠷᠠᠳᠴᠤ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠶᠢᠨ ᠬᠠᠷᠢᠭᠤᠴᠠᠯᠭᠠᠲᠠᠨ ᠢᠶᠠᠷ | ᠵᠥᠪᠰᠢᠶᠡᠷᠡᠭᠦᠯᠬᠦ ᠪᠤᠶᠤ ᠬᠠᠮᠲᠤ ᠪᠠᠷ ᠶᠠᠷᠢᠯᠴᠠᠭᠤᠯᠤᠨ ᠪᠠᠲᠤᠯᠠᠭᠰᠠᠨ ᠤ ᠲᠡᠷᠠᠭ᠎ᠠ᠂ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠶᠢᠨ ᠨᠡᠷ᠎ᠡ ᠪᠠᠷ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠭᠠᠷᠭᠠᠨ᠎ᠠ᠃ | ᠭᠡᠷᠡᠴᠢᠯᠡᠭᠡ ᠰᠣᠨᠣᠰᠬᠤ ᠪᠠᠷ ᠳᠠᠮᠵᠢᠭᠰᠠᠨ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠬᠡᠷᠡᠭ ᠲᠤ᠂ ᠵᠠᠰᠠᠭ | ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠭᠡᠷᠡᠴᠢᠯᠡᠭᠡ ᠰᠣᠨᠣᠰᠤᠭᠰᠠᠨ ᠲᠡᠮᠳᠡᠭᠯᠡᠯ᠂ ᠬᠢᠨᠠᠨ ᠪᠠᠶᠢᠴᠠᠭᠠᠵᠤ | ᠨᠤᠲᠠᠯᠠᠭᠰᠠᠨ ᠪᠣᠳᠠᠲᠤ ᠶᠠᠪᠤᠳᠠᠯ ᠪᠠ ᠭᠡᠷᠡᠴᠢ ᠪᠠᠷᠢᠮᠲᠠ ᠶᠢ ᠦᠨᠳᠦᠰᠦᠯᠡᠨ᠂ ᠲᠣᠰ ᠬᠠᠤᠯᠢ ᠶᠢᠨ ᠶᠣᠰᠣᠭᠠᠷ ᠵᠠᠰᠠᠭ | ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠭᠠᠷᠭᠠᠬᠤ ᠬᠡᠷᠡᠭᠲᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠺᠣᠮᠢᠰ ᠲᠤ ᠵᠥᠪᠯᠡᠯᠭᠡ ᠣᠯᠭᠤᠬᠤ ᠰᠠᠨᠠᠯ ᠳᠤᠷᠠᠳᠤᠭᠤᠯᠬᠤ ᠪᠠᠷ | ᠳᠡᠪᠰᠢᠭᠦᠯᠦᠭᠰᠡᠨ ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠷᠡᠭ ᠲᠤ᠂ ᠵᠠᠰᠠᠭ ᠵᠠᠬᠢᠷᠭᠠᠨ ᠤ ᠳᠠᠬᠢᠨ ᠵᠥᠪᠯᠡᠬᠦ | ᠪᠠᠶᠢᠭᠤᠯᠭ᠎ᠠ ᠨᠢ ᠵᠥᠪᠯᠡᠯᠭᠡ ᠣᠯᠭᠤᠬᠤ ᠰᠠᠨᠠᠯ ᠢᠶᠠᠷ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠭᠠᠷᠭᠠᠬᠤ | ᠶᠢᠨ ᠴᠢᠬᠤᠯᠠ ᠯᠠᠪᠯᠠᠬᠤ ᠦᠨᠳᠦᠰᠦᠯᠡᠯ ᠪᠣᠯᠭᠠᠬᠤ ᠬᠡᠷᠡᠭᠲᠡᠢ᠃ | ᠵᠢᠷᠠᠨ ᠬᠤᠶᠠᠳᠤᠭᠠᠷ ᠵᠦᠢᠯ ᠡᠩ ᠤᠨ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠬᠡᠷᠡᠭ ᠲᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ᠭᠤᠶᠤᠴᠢᠯᠠᠯ ᠢ ᠰᠢᠢᠳᠪᠦᠷᠢᠯᠡᠬᠦ ᠪᠠᠷ | ᠭᠥᠯᠢᠶᠡᠨ ᠠᠪᠤᠭᠰᠠᠨ ᠡᠳᠦᠷ ᠠᠴᠠ ᠡᠬᠢᠯᠡᠨ ᠵᠢᠷᠠᠨ ᠡᠳᠦᠷ ᠤᠨ ᠳᠣᠲᠣᠷ᠎ᠠ ᠵᠠᠰᠠᠭ ᠵᠠᠬᠢᠷᠭᠠᠨ ᠤ ᠳᠠᠪᠲᠠᠨ | ᠶᠠᠷᠢᠯᠴᠠᠭᠰᠠᠨ ᠲᠣᠭᠲᠠᠭᠠᠯ ᠭᠠᠷᠭᠠᠬᠤ ᠬᠡᠷᠡᠭᠲᠡᠢ︔ ᠭᠡᠪᠡᠴᠦ ᠬᠠᠤᠯᠢ ᠴᠠᠭᠠᠵᠠ ᠳᠤ ᠲᠣᠭᠲᠠᠭᠠᠭᠰᠠᠨ ᠵᠠᠰᠠᠭ | ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭ᠎ᠠ ᠶᠢ ᠵᠢᠷᠠᠨ ᠡᠳᠦᠷ ᠠᠴᠠ ᠳᠤᠲᠠᠭᠤ ᠪᠠᠶᠢᠯᠭᠠᠬᠤ ᠶᠠᠪᠤᠳᠠᠯ ᠡᠭᠦᠨ ᠳᠤ | ᠪᠠᠭᠲᠠᠬᠤ ᠦᠭᠡᠢ᠃ ᠪᠠᠶᠢᠳᠠᠯ ᠨᠢ ᠪᠤᠳᠤᠯᠢᠶᠠᠨᠲᠠᠢ᠂ ᠲᠣᠭᠲᠠᠭᠰᠠᠨ ᠬᠤᠭᠤᠴᠠᠭᠠᠨ ᠤ ᠳᠣᠲᠣᠷ᠎ᠠ ᠵᠠᠰᠠᠭ ᠵᠠᠬᠢᠷᠭᠠᠨ ᠤ | ᠳᠠᠪᠲᠠᠨ ᠶᠠᠷᠢᠯᠴᠠᠭᠰᠠᠨ ᠲᠣᠭᠲᠠᠭᠠᠯ ᠭᠠᠷᠭᠠᠵᠤ ᠳᠡᠶᠢᠯᠬᠦ ᠦᠭᠡᠢ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠤᠮᠵᠢ ᠶᠢᠨ ᠬᠠᠷᠢᠭᠤᠴᠠᠯᠭᠠᠲᠠᠨ ᠢᠶᠠᠷ ᠵᠥᠪᠰᠢᠶᠡᠷᠡᠭᠦᠯᠦᠭᠡᠳ ᠵᠣᠬᠢᠰᠲᠠᠢ ᠪᠠᠷ ᠤᠷᠲᠤᠳᠬᠠᠵᠤ | ᠪᠣᠯᠬᠤ ᠪᠥᠭᠡᠳ ᠲᠤᠬᠠᠢ ᠶᠢᠨ ᠬᠥᠮᠥᠨ ᠳᠤ ᠪᠢᠴᠢᠭ ᠢᠶᠠᠷ ᠮᠡᠳᠡᠭᠳᠡᠬᠦ ᠬᠡᠷᠡᠭᠲᠡᠢ︔ ᠭᠡᠪᠡᠴᠦ ᠤᠷᠲᠤᠳᠬᠠᠬᠤ | ᠬᠤᠭᠤᠴᠠᠭ᠎ᠠ ᠶᠢ ᠬᠠᠮᠤᠭ ᠤᠨ ᠤᠷᠳᠦ ᠳᠠᠭᠠᠨ ᠭᠤᠴᠢᠨ ᠡᠳᠦᠷ ᠠᠴᠠ ᠬᠡᠲᠦᠷᠡᠭᠦᠯᠵᠦ ᠪᠣᠯᠬᠤ ᠦᠭᠡᠢ᠃ | ᠲᠥᠬᠦᠮ ᠵᠢᠷᠤᠮ ᠢ ᠬᠡᠷᠡᠭᠯᠡᠨ ᠰᠢᠭᠦᠬᠦ ᠵᠠᠰᠠᠭ ᠵᠠᠬᠢᠷᠭᠠᠨ ᠤ ᠳᠠᠬᠢᠨ ᠵᠥᠪᠯᠡᠬᠦ ᠬᠡᠷᠡᠭ ᠲᠤ᠂ ᠵᠠᠰᠠᠭ ᠵᠠᠬᠢᠷᠭᠠᠨ | ᠤ ᠳᠠᠬᠢᠨ ᠵᠥᠪᠯᠡᠬᠦ ᠪᠠᠶᠢᠭᠤᠯᠭ᠎ᠠ ᠨᠢ ᠭᠤᠶᠤᠴᠢᠯᠠᠯ ᠢ ᠰᠢᠢᠳᠪᠦᠷᠢᠯᠡᠬᠦ ᠪᠠᠷ ᠭᠥᠯᠢᠶᠡᠨ ᠠᠪᠤᠭᠰᠠᠨ ᠡᠳᠦᠷ ᠠᠴᠠ | ᠡᠬᠢᠯᠡᠨ ᠭᠤᠴᠢᠨ ᠡᠳᠦᠷ ᠤᠨ ᠳᠣᠲᠣᠷ᠎ᠠ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠭᠠᠷᠭᠠᠬᠤ ᠬᠡᠷᠡᠭᠲᠡᠢ᠃ | | ᠵᠢᠷᠠᠨ ᠭᠤᠷᠪᠠᠳᠤᠭᠠᠷ ᠵᠦᠢᠯ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠳᠤ ᠳᠠᠷᠠᠭᠠᠬᠢ ᠵᠢᠭᠰᠠᠭᠠᠭᠰᠠᠨ | ᠪᠠᠶᠢᠳᠠᠯ ᠤᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠤᠰ ᠵᠠᠰᠠᠭ | ᠵᠠᠬᠢᠷᠭᠠᠨ ᠤ ᠤᠢᠢᠯᠠ ᠠᠵᠢᠯᠯᠠᠭ᠎ᠠ ᠶᠢ ᠬᠤᠪᠢᠷᠠᠭᠤᠯᠬᠤ ᠪᠠᠷ ᠲᠣᠭᠲᠠᠭᠠᠨ᠎ᠠ᠄ | ︵ᠨᠢᠭᠡ︶ ᠪᠣᠳᠠᠲᠤ ᠶᠠᠪᠤᠳᠠᠯ ᠨᠢ ᠲᠣᠳᠣᠷᠬᠠᠢ᠂ ᠭᠡᠷᠡᠴᠢ ᠪᠠᠷᠢᠮᠲᠠ ᠨᠢ ᠦᠨᠡᠨ ᠮᠠᠭᠠᠳ ᠲᠠᠢ᠂ ᠬᠡᠷᠡᠭᠯᠡᠭᠰᠡᠨ | ᠦᠨᠳᠦᠰᠦ ᠪᠠᠷᠢᠮᠲᠠ ᠨᠢ ᠵᠥᠪ᠂ ᠵᠢᠷᠤᠮ ᠨᠢ ᠬᠠᠤᠯᠢ ᠳᠤ ᠨᠡᠶᠢᠴᠡᠬᠦ ᠪᠣᠯᠪᠠᠴᠤ ᠠᠭᠤᠯᠭ᠎ᠠ ᠨᠢ ᠵᠣᠬᠢᠰ ᠦᠭᠡᠢ ᠪᠠᠶᠢᠬᠤ | ︔ | ︵ᠬᠤᠶᠠᠷ︶ ᠪᠣᠳᠠᠲᠤ ᠶᠠᠪᠤᠳᠠᠯ ᠨᠢ ᠲᠣᠳᠣᠷᠬᠠᠢ᠂ ᠭᠡᠷᠡᠴᠢ ᠪᠠᠷᠢᠮᠲᠠ ᠨᠢ ᠦᠨᠡᠨ ᠮᠠᠭᠠᠳ ᠲᠠᠢ᠂ ᠵᠢᠷᠤᠮ | ᠨᠢ ᠬᠠᠤᠯᠢ ᠳᠤ ᠨᠡᠶᠢᠴᠡᠭᠰᠡᠨ ᠪᠣᠯᠪᠠᠴᠤ ᠦᠨᠳᠦᠰᠦ ᠪᠠᠷᠢᠮᠲᠠ ᠶᠢ ᠨᠢ ᠵᠥᠪ ᠬᠡᠷᠡᠭᠯᠡᠭᠰᠡᠨ ᠦᠭᠡᠢ︔ | ︵ᠭᠤᠷᠪᠠ︶ ᠪᠣᠳᠠᠲᠤ ᠶᠠᠪᠤᠳᠠᠯ ᠨᠢ ᠲᠣᠳᠣᠷᠬᠠᠢ ᠦᠭᠡᠢ᠂ ᠭᠡᠷᠡᠴᠢ ᠪᠠᠷᠢᠮᠲᠠ ᠨᠢ ᠭᠦᠢᠴᠡᠳ ᠦᠭᠡᠢ᠂ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠪᠠᠷ ᠳᠡᠮᠵᠢᠨ ᠪᠣᠳᠠᠲᠤ ᠶᠠᠪᠤᠳᠠᠯ ᠪᠠ ᠭᠡᠷᠡᠴᠢ ᠪᠠᠷᠢᠮᠲᠠ ᠶᠢ | ᠪᠠᠶᠢᠴᠠᠭᠠᠨ ᠲᠣᠳᠣᠯᠠᠭᠰᠠᠨ ᠪᠠᠶᠢᠬᠤ ᠬᠡᠷᠡᠭᠲᠡᠢ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠭᠤᠶᠤᠴᠢᠯᠠᠭᠴᠢ ᠳᠤ ᠨᠠᠩ ᠠᠰᠢᠭ ᠦᠭᠡᠢ | ᠬᠤᠪᠢᠷᠠᠭᠤᠯᠬᠤ ᠲᠣᠭᠲᠠᠭᠠᠯ ᠭᠠᠷᠭᠠᠵᠤ ᠪᠣᠯᠬᠤ ᠦᠭᠡᠢ᠂ ᠭᠡᠪᠡᠴᠦ ᠭᠤᠷᠪᠠᠳᠠᠭᠢ ᠬᠥᠮᠥᠨ ᠡᠰᠡᠷᠭᠦ ᠭᠤᠶᠤᠴᠢᠯᠠᠯ | ᠭᠠᠷᠭᠠᠭᠰᠠᠨ ᠪᠠᠶᠢᠪᠠᠯ ᠡᠭᠦᠨ ᠳᠤ ᠪᠠᠭᠲᠠᠬᠤ ᠦᠭᠡᠢ᠃ | ᠵᠢᠷᠠᠨ ᠳᠥᠷᠪᠡᠳᠦᠭᠡᠷ ᠵᠦᠢᠯ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠳᠤ ᠳᠠᠷᠠᠭᠠᠬᠢ ᠵᠢᠭᠰᠠᠭᠠᠭᠰᠠᠨ | ᠪᠠᠶᠢᠳᠠᠯ ᠤᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠤᠰ ᠵᠠᠰᠠᠭ | ᠵᠠᠬᠢᠷᠭᠠᠨ ᠤ ᠤᠢᠢᠯᠠ ᠠᠵᠢᠯᠯᠠᠭ᠎ᠠ ᠶᠢ ᠬᠦᠴᠦᠨ ᠦᠭᠡᠢ ᠪᠣᠯᠭᠠᠬᠤ ᠪᠤᠶᠤ ᠨᠢᠭᠡ ᠬᠡᠰᠡᠭ ᠢ ᠨᠢ ᠬᠦᠴᠦᠨ ᠦᠭᠡᠢ | ᠪᠣᠯᠭᠠᠬᠤ ᠪᠠᠷ ᠲᠣᠭᠲᠠᠭᠠᠬᠤ ᠶᠢᠨ ᠬᠠᠮᠲᠤ ᠭᠤᠶᠤᠴᠢᠯᠠᠭᠳᠠᠭᠴᠢ ᠶᠢ ᠵᠠᠷᠯᠢᠭᠳᠠᠵᠤ ᠪᠠᠶᠢᠭᠠᠳ ᠵᠣᠬᠢᠬᠤ ᠬᠤᠭᠤᠴᠠᠭᠠᠨ | ᠤ ᠳᠣᠲᠣᠷ᠎ᠠ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠲᠡᠬᠢᠵᠦ ᠬᠢᠯᠭᠡᠵᠦ ᠪᠣᠯᠣᠨ᠎ᠠ᠄ | ︵ᠨᠢᠭᠡ︶ ᠭᠤᠣᠯ ᠪᠣᠯᠬᠤ ᠪᠣᠳᠠᠲᠤ ᠶᠠᠪᠤᠳᠠᠯ ᠨᠢ ᠲᠣᠳᠣᠷᠬᠠᠢ ᠦᠭᠡᠢ᠂ ᠭᠡᠷᠡᠴᠢ ᠪᠠᠷᠢᠮᠲᠠ ᠨᠢ ᠭᠦᠢᠴᠡᠳ | ᠦᠭᠡᠢ︔ | ︵ᠬᠤᠶᠠᠷ︶ ᠬᠠᠤᠯᠢ ᠳᠤ ᠲᠣᠭᠲᠠᠭᠠᠭᠰᠠᠨ ᠵᠢᠷᠤᠮ ᠢ ᠵᠥᠷᠢᠴᠡᠭᠰᠡᠨ︔ | ︵ᠭᠤᠷᠪᠠ︶ ᠬᠡᠷᠡᠭᠯᠡᠭᠰᠡᠨ ᠦᠨᠳᠦᠰᠦ ᠪᠠᠷᠢᠮᠲᠠ ᠨᠢ ᠬᠠᠤᠯᠢ ᠳᠤ ᠥᠯᠥ ᠨᠡᠶᠢᠴᠡᠬᠦ︔ | ︵ᠳᠥᠷᠪᠡ︶ ᠡᠷᠬᠡ ᠲᠤᠰᠢᠶᠠᠯ ᠠᠴᠠ ᠪᠠᠨ ᠳᠠᠪᠠᠭ᠋ᠤ ᠪᠤᠶᠤ ᠡᠷᠬᠡ ᠲᠤᠰᠢᠶᠠᠯ ᠢᠶᠠᠨ ᠳᠤᠷ᠎ᠠ ᠮᠡᠳᠡᠨ ᠬᠡᠷᠡᠭᠯᠡᠬᠦ | ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠭᠤᠶᠤᠴᠢᠯᠠᠭᠳᠠᠭᠴᠢ ᠶᠢ ᠵᠠᠷᠯᠢᠭᠳᠠᠵᠤ | ᠪᠠᠶᠢᠭᠠᠳ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠲᠡᠬᠢᠵᠦ ᠬᠢᠯᠭᠡᠭᠰᠡᠨ ᠪᠠᠶᠢᠪᠠᠯ᠂ ᠭᠤᠶᠤᠴᠢᠯᠠᠭᠳᠠᠭᠴᠢ ᠨᠢ | ᠮᠥᠨ ᠨᠢᠭᠡᠨ ᠪᠣᠳᠠᠲᠤ ᠬᠡᠷᠡᠭ ᠪᠠ ᠤᠴᠢᠷ ᠰᠢᠯᠲᠠᠭᠠᠨ ᠢᠶᠠᠷ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ | ᠭᠤᠶᠤᠴᠢᠯᠠᠭᠳᠠᠭᠰᠠᠨ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠲᠠᠢ ᠠᠳᠠᠯᠢ ᠪᠤᠶᠤ ᠦᠨᠳᠦᠰᠦᠨ ᠳᠡᠭᠡᠨ ᠠᠳᠠᠯᠢ | ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠢᠵᠦ ᠪᠣᠯᠬᠤ ᠦᠭᠡᠢ᠂ ᠭᠡᠪᠡᠴᠦ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠠᠴᠠ ᠬᠠᠤᠯᠢ ᠳᠤ ᠲᠣᠭᠲᠠᠭᠠᠭᠰᠠᠨ ᠵᠢᠷᠤᠮ ᠢ ᠵᠥᠷᠢᠴᠡᠭᠰᠡᠨ ᠢᠶᠠᠷ ᠰᠢᠯᠲᠠᠭᠠᠨ ᠪᠣᠯᠭᠠᠵᠤ | ᠬᠦᠴᠦᠨ ᠦᠭᠡᠢ ᠪᠣᠯᠭᠠᠬᠤ ᠪᠤᠶᠤ ᠨᠢᠭᠡ ᠬᠡᠰᠡᠭ ᠢ ᠨᠢ ᠬᠦᠴᠦᠨ ᠦᠭᠡᠢ ᠪᠣᠯᠭᠠᠬᠤ ᠪᠠᠷ ᠲᠣᠭᠲᠠᠭᠠᠭᠰᠠᠨ ᠪᠠᠶᠢᠪᠠᠯ | ᠡᠭᠦᠨ ᠳᠤ ᠪᠠᠭᠲᠠᠬᠤ ᠦᠭᠡᠢ᠃ | ᠵᠢᠷᠠᠨ ᠲᠠᠪᠤᠳᠤᠭᠠᠷ ᠵᠦᠢᠯ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠳᠤ ᠳᠠᠷᠠᠭᠠᠬᠢ ᠵᠢᠭᠰᠠᠭᠠᠭᠰᠠᠨ ᠪᠠᠶᠢᠳᠠᠯ | ᠤᠨ ᠨᠢᠭᠡ ᠨᠢ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠤᠰ ᠵᠠᠰᠠᠭ ᠵᠠᠬᠢᠷᠭᠠᠨ ᠤ | ᠤᠢᠢᠯᠠ ᠠᠵᠢᠯᠯᠠᠭ᠎ᠠ ᠶᠢ ᠬᠦᠴᠦᠨ ᠦᠭᠡᠢ ᠪᠣᠯᠭᠠᠬᠤ ᠦᠭᠡᠢ᠂ ᠭᠡᠪᠡᠴᠦ ᠲᠤᠰ ᠵᠠᠰᠠᠭ ᠵᠠᠬᠢᠷᠭᠠᠨ ᠤ ᠤᠢᠢᠯᠠ | ᠠᠵᠢᠯᠯᠠᠭ᠎ᠠ ᠶᠢ ᠬᠠᠤᠯᠢ ᠠᠴᠠ ᠵᠥᠷᠢᠴᠡᠭᠰᠡᠨ ᠢᠶᠠᠷ ᠨᠤᠲᠠᠯᠠᠨ ᠲᠣᠭᠲᠠᠭᠠᠨ᠎ᠠ᠄ | ︵ᠨᠢᠭᠡ︶ ᠬᠠᠤᠯᠢ ᠶᠣᠰᠣᠭᠠᠷ ᠬᠦᠴᠦᠨ ᠦᠭᠡᠢ ᠪᠣᠯᠭᠠᠬᠤ ᠬᠡᠷᠡᠭᠲᠡᠢ᠂ ᠭᠡᠪᠡᠴᠦ ᠬᠦᠴᠦᠨ ᠦᠭᠡᠢ ᠪᠣᠯᠭᠠᠪᠠᠯ | ᠤᠯᠤᠰ ᠣᠷᠣᠨ ᠤ ᠠᠰᠢᠭ ᠲᠤᠰᠠ᠂ ᠨᠡᠶᠢᠭᠡᠮ ᠨᠡᠶᠢᠲᠡ ᠶᠢᠨ ᠠᠰᠢᠭ ᠲᠤᠰᠠ ᠳᠤ ᠬᠦᠨᠳᠦ ᠬᠡᠴᠡᠭᠦᠦ ᠬᠤᠬᠢᠷᠠᠯ | ᠤᠴᠠᠷᠠᠭᠤᠯᠬᠤ︔ | ︵ᠬᠤᠶᠠᠷ︶ ᠵᠢᠷᠤᠮ ᠨᠢ ᠬᠠᠤᠯᠢ ᠶᠢ ᠬᠥᠩᠭᠡᠪᠲᠦᠷ ᠵᠥᠷᠢᠴᠡᠭᠰᠡᠨ ᠪᠣᠯᠪᠠᠴᠤ ᠭᠤᠶᠤᠴᠢᠯᠠᠭᠴᠢ ᠶᠢᠨ ᠡᠷᠬᠡ | ᠳᠤ ᠪᠣᠳᠠᠲᠠᠢ ᠨᠥᠯᠥᠭᠡ ᠪᠣᠯᠬᠤ ᠦᠭᠡᠢ᠃ | ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠳᠤ ᠳᠠᠷᠠᠭᠠᠬᠢ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠵᠤ᠂ | ᠬᠦᠴᠦᠨ ᠦᠭᠡᠢ ᠪᠣᠯᠭᠠᠬᠤ ᠪᠤᠶᠤ ᠵᠠᠷᠯᠢᠭᠳᠠᠨ ᠭᠦᠢᠴᠡᠳᠬᠡᠭᠦᠯᠬᠦ ᠴᠢᠬᠤᠯᠠ ᠦᠭᠡᠢ ᠪᠠᠶᠢᠪᠠᠯ᠂ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠤᠰ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠠᠤᠯᠢ ᠠᠴᠠ | ᠵᠥᠷᠢᠴᠡᠭᠰᠡᠨ ᠢᠶᠠᠷ ᠨᠤᠲᠠᠯᠠᠨ ᠲᠣᠭᠲᠠᠭᠠᠨ᠎ᠠ᠄ | ︵ᠨᠢᠭᠡ︶ ᠵᠠᠰᠠᠭ ᠵᠠᠬᠢᠷᠭᠠᠨ ᠤ ᠥᠢᠯᠡ ᠠᠵᠢᠯᠯᠠᠭ᠎ᠠ ᠨᠢ ᠬᠠᠤᠯᠢ ᠠᠴᠠ ᠵᠥᠷᠢᠴᠡᠭᠰᠡᠨ ᠪᠣᠯᠪᠠᠴᠤ ᠬᠦᠴᠦᠨ | ᠦᠭᠡᠢ ᠪᠣᠯᠭᠠᠵᠤ ᠪᠣᠯᠬᠤ ᠠᠭᠤᠯᠭ᠎ᠠ ᠦᠭᠡᠢ ᠪᠠᠶᠢᠬᠤ︔ | ︵ᠬᠤᠶᠠᠷ︶ ᠭᠤᠶᠤᠴᠢᠯᠠᠭᠳᠠᠭᠴᠢ ᠬᠠᠤᠯᠢ ᠠᠴᠠ ᠵᠥᠷᠢᠴᠡᠭᠰᠡᠨ ᠤᠤᠯ ᠤᠨ ᠵᠠᠰᠠᠭ ᠵᠠᠬᠢᠷᠭᠠᠨ ᠤ ᠦᠢᠯᠡ | ᠠᠵᠢᠯᠯᠠᠭ᠎ᠠ ᠪᠠᠨ ᠬᠤᠪᠢᠷᠠᠭᠤᠯᠤᠭᠰᠠᠨ ᠪᠠᠶᠢᠬᠤ ᠳᠤ᠂ ᠭᠤᠶᠤᠴᠢᠯᠠᠭᠴᠢ ᠮᠥᠨ ᠯᠡ ᠲᠤᠰ ᠵᠠᠰᠠᠭ ᠵᠠᠬᠢᠷᠭᠠᠨ ᠤ | ᠦᠢᠯᠡ ᠠᠵᠢᠯᠯᠠᠭ᠎ᠠ ᠶᠢᠨ ᠬᠠᠤᠯᠢ ᠠᠴᠠ ᠵᠥᠷᠢᠴᠡᠭᠰᠡᠨ ᠢ ᠬᠦᠴᠦᠨ ᠦᠭᠡᠢ ᠪᠣᠯᠭᠠᠬᠤ ᠪᠤᠶᠤ ᠨᠤᠲᠠᠯᠠᠭᠤᠯᠬᠤ ᠪᠠᠷ | ᠱᠠᠭᠠᠷᠳᠠᠭᠰᠠᠨ︔ | ︵ᠭᠤᠷᠪᠠ︶ ᠭᠤᠶᠤᠴᠢᠯᠠᠭᠳᠠᠭᠴᠢ ᠬᠠᠤᠯᠢ ᠪᠠᠷ ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠪᠠᠨ | ᠭᠦᠢᠴᠡᠳᠬᠡᠬᠦ ᠦᠭᠡᠢ ᠪᠤᠶᠤ ᠭᠦᠢᠴᠡᠳᠬᠡᠬᠦ ᠶᠢ ᠤᠳᠠᠭᠠᠰᠢᠷᠠᠭᠤᠯᠵᠤ᠂ ᠵᠠᠷᠯᠢᠭᠳᠠᠨ ᠭᠦᠢᠴᠡᠳᠬᠡᠭᠦᠯᠬᠦ ᠨᠢ ᠤᠳᠬ᠎ᠠ | ᠠᠭᠤᠯᠭ᠎ᠠ ᠦᠭᠡᠢ ᠪᠠᠶᠢᠬᠤ᠃ | ᠵᠢᠷᠠᠨ ᠵᠢᠷᠭᠤᠳᠤᠭᠠᠷ ᠵᠦᠢᠯ ᠭᠤᠶᠤᠴᠢᠯᠠᠭᠳᠠᠭᠴᠢ ᠬᠠᠤᠯᠢ ᠪᠠᠷ ᠲᠣᠭᠲᠠᠭᠠᠭᠰᠠᠨ ᠡᠭᠦᠷᠭᠡ ᠬᠠᠷᠢᠭᠤᠴᠠᠯᠭ᠎ᠠ | ᠪᠠᠨ ᠭᠦᠢᠴᠡᠳᠬᠡᠬᠦ ᠦᠭᠡᠢ ᠪᠠᠶᠢᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠠᠴᠠ ᠭᠤᠶᠤᠴᠢᠯᠠᠭᠳᠠᠭᠴᠢ | ᠶᠢ ᠵᠣᠬᠢᠬᠤ ᠬᠤᠭᠤᠴᠠᠭᠠᠨ ᠤ ᠳᠣᠲᠣᠷ᠎ᠠ ᠭᠦᠢᠴᠡᠳᠬᠡᠬᠦ ᠪᠠᠷ ᠲᠣᠭᠲᠠᠭᠠᠨ᠎ᠠ᠃ | ᠵᠢᠷᠠᠨ ᠳᠣᠯᠣᠳᠤᠭᠠᠷ ᠵᠦᠢᠯ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠳᠤ ᠬᠡᠷᠡᠭᠵᠢᠭᠦᠯᠬᠦ ᠪᠡᠶᠡᠴᠢ ᠴᠣᠭᠴᠠ | ᠨᠢ ᠵᠠᠰᠠᠭ ᠵᠠᠬᠢᠷᠭᠠᠨ ᠤ ᠪᠡᠶᠡᠴᠢ ᠴᠣᠭᠴᠠ ᠶᠢᠨ ᠬᠢᠷᠢ ᠬᠡᠮ ᠦᠭᠡᠢ ᠪᠤᠶᠤ ᠦᠨᠳᠦᠰᠦ ᠪᠠᠷᠢᠮᠲᠠ ᠦᠭᠡᠢ ᠵᠡᠷᠭᠡ | ᠬᠦᠨᠳᠦ ᠬᠡᠴᠡᠭᠦᠦ ᠪᠥᠭᠡᠳ ᠢᠯᠡᠷᠬᠡᠢ ᠬᠠᠤᠯᠢ ᠠᠴᠠ ᠵᠥᠷᠢᠴᠡᠭᠰᠡᠨ ᠪᠠᠶᠢᠳᠠᠯ ᠲᠠᠢ ᠪᠠᠶᠢᠵᠤ᠂ ᠭᠤᠶᠤᠴᠢᠯᠠᠭᠴᠢ ᠨᠢ | ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠬᠦᠴᠦᠨ ᠦᠭᠡᠢ ᠪᠠᠷ ᠨᠤᠲᠠᠯᠠᠭᠤᠯᠬᠤ ᠪᠠᠷ ᠭᠤᠶᠤᠴᠢᠯᠠᠭᠰᠠᠨ ᠪᠠᠶᠢᠪᠠᠯ᠂ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠠᠴᠠ ᠲᠣᠰ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ | ᠬᠦᠴᠦᠨ ᠦᠭᠡᠢ ᠪᠠᠷ ᠨᠤᠲᠠᠯᠠᠨ᠎ᠠ᠃ | ᠵᠢᠷᠠᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢᠨ ᠮᠠᠭᠠᠳᠯᠠᠨ ᠲᠣᠭᠲᠠᠭᠠᠭᠰᠠᠨ | ᠪᠣᠳᠠᠲᠤ ᠶᠠᠪᠤᠳᠠᠯ ᠨᠢ ᠲᠣᠳᠣᠷᠬᠠᠢ᠂ ᠭᠡᠷᠡᠴᠢ ᠪᠠᠷᠢᠮᠲᠠ ᠨᠢ ᠦᠨᠡᠨ ᠮᠠᠭᠠᠳ ᠲᠠᠢ᠂ ᠬᠡᠷᠡᠭᠯᠡᠭᠰᠡᠨ ᠦᠨᠳᠦᠰᠦ ᠪᠠᠷᠢᠮᠲᠠ | ᠨᠢ ᠵᠥᠪ᠂ ᠵᠢᠷᠤᠮ ᠨᠢ ᠬᠠᠤᠯᠢ ᠳᠤ ᠨᠡᠶᠢᠴᠡᠵᠦ᠂ ᠠᠭᠤᠯᠭ᠎ᠠ ᠨᠢ ᠲᠣᠬᠢᠷᠠᠮᠵᠢᠲᠠᠢ ᠪᠠᠶᠢᠪᠠᠯ᠂ ᠵᠠᠰᠠᠭ ᠵᠠᠬᠢᠷᠭᠠᠨ ᠤ | ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠲᠤᠰ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠡᠪ ᠢᠶᠠᠷ ᠪᠠᠶᠢᠯᠭᠠᠬᠤ | ᠪᠠᠷ ᠲᠣᠭᠲᠠᠭᠠᠨ᠎ᠠ᠃ | ᠵᠢᠷᠠ ᠶᠢᠰᠦᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠭᠤᠶᠤᠴᠢᠯᠠᠭᠳᠠᠭᠴᠢ ᠶᠢᠨ | ᠬᠠᠤᠯᠢ ᠪᠠᠷ ᠲᠣᠭᠲᠠᠭᠠᠭᠰᠠᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠭᠡᠢ ᠭᠡᠵᠦ ᠦᠵᠡᠭᠰᠡᠨ ᠵᠠᠰᠠᠭ | ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠢ ᠭᠥᠯᠢᠶᠡᠨ ᠠᠪᠤᠭᠰᠠᠨ ᠤ ᠳᠠᠷᠠᠭ᠎ᠠ᠂ ᠭᠤᠶᠤᠴᠢᠯᠠᠭᠳᠠᠭᠴᠢ ᠨᠢ | ᠵᠣᠬᠢᠴᠠᠩᠭᠤᠢ ᠬᠠᠤᠯᠢ ᠪᠠᠷ ᠲᠣᠭᠲᠠᠭᠠᠭᠰᠠᠨ ᠡᠭᠦᠷᠭᠡ ᠬᠠᠷᠢᠭᠤᠴᠠᠯᠭ᠎ᠠ ᠦᠭᠡᠢ ᠪᠤᠶᠤ ᠭᠥᠯᠢᠶᠡᠨ ᠠᠪᠴᠤ | ᠰᠢᠢᠳᠪᠦᠷᠢᠯᠡᠬᠦ ᠠᠴᠠ ᠡᠮᠦᠨ᠎ᠡ ᠬᠠᠤᠯᠢ ᠪᠠᠷ ᠲᠣᠭᠲᠠᠭᠠᠭᠰᠠᠨ ᠡᠭᠦᠷᠭᠡ ᠬᠠᠷᠢᠭᠤᠴᠠᠯᠭ᠎ᠠ ᠪᠠᠨ ᠨᠢᠭᠡᠨᠲᠡ | ᠭᠦᠢᠴᠡᠳᠬᠡᠭᠰᠡᠨ ᠢ ᠣᠯᠵᠤ ᠮᠡᠳᠡᠪᠡᠯ᠂ ᠭᠤᠶᠤᠴᠢᠯᠠᠭᠴᠢ ᠶᠢᠨ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ | ᠭᠤᠶᠤᠴᠢᠯᠠᠯ ᠢ ᠨᠢᠴᠤᠭᠠᠬᠤ ᠪᠠᠷ ᠲᠣᠭᠲᠠᠭᠠᠨ᠎ᠠ᠃ | ᠳᠠᠯᠠᠳᠤᠭᠠᠷ ᠵᠦᠢᠯ ᠭᠤᠶᠤᠴᠢᠯᠠᠭᠳᠠᠭᠴᠢ ᠲᠤᠰ ᠬᠠᠤᠯᠢ ᠶᠢᠨ ᠳᠥᠴᠢᠨ ᠨᠠᠢᠮᠠᠳᠤᠭᠠᠷ ᠵᠦᠢᠯ᠂ ᠲᠠᠪᠢᠨ | ᠳᠥᠷᠪᠡᠳᠦᠭᠡᠷ ᠵᠦᠢᠯ ᠤᠨ ᠲᠣᠭᠲᠠᠭᠠᠯ ᠶᠣᠰᠣᠭᠠᠷ ᠪᠢᠴᠢᠭ ᠢᠶᠠᠷ ᠬᠠᠷᠢᠭᠤᠯᠲᠠ ᠥᠭᠭᠦᠭᠰᠡᠨ ᠦᠭᠡᠢ᠂ ᠵᠠᠰᠠᠭ | ᠵᠠᠬᠢᠷᠭᠠᠨ ᠤ ᠦᠢᠯᠡ ᠠᠵᠢᠯᠯᠠᠭ᠎ᠠ ᠬᠢᠭᠰᠡᠨ ᠭᠡᠷᠡᠴᠢ ᠪᠠᠷᠢᠮᠲᠠ᠂ ᠦᠨᠳᠦᠰᠦ ᠪᠠᠷᠢᠮᠲᠠ ᠪᠠ ᠪᠤᠰᠤᠳ ᠬᠤᠯᠪᠣᠭᠳᠠᠯ | ᠪᠦᠬᠦᠢ ᠮᠠᠲ᠋ᠧᠷᠢᠶᠠᠯ ᠢᠶᠠᠨ ᠲᠤᠰᠢᠶᠠᠭᠰᠠᠨ ᠦᠭᠡᠢ ᠪᠠᠶᠢᠪᠠᠯ᠂ ᠲᠣᠰ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ | ᠭᠡᠷᠡᠴᠢ ᠪᠠᠷᠢᠮᠲᠠ᠂ ᠦᠨᠳᠦᠰᠦ ᠪᠠᠷᠢᠮᠲᠠ ᠦᠭᠡᠢ ᠪᠠᠷ ᠦᠵᠡᠵᠦ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ | ᠠᠴᠠ ᠲᠣᠰ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠬᠦᠴᠦᠨ ᠦᠭᠡᠢ ᠪᠣᠯᠭᠠᠬᠤ᠂ ᠨᠢᠭᠡ ᠬᠡᠰᠡᠭ ᠢ ᠨᠢ | ᠬᠦᠴᠦᠨ ᠦᠭᠡᠢ ᠪᠣᠯᠭᠠᠬᠤ᠂ ᠲᠣᠰ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠬᠠᠤᠯᠢ ᠠᠴᠠ ᠵᠥᠷᠢᠴᠡᠭᠰᠡᠨ᠂ | ᠬᠦᠴᠦᠨ ᠦᠭᠡᠢ ᠪᠠᠷ ᠨᠤᠲᠠᠯᠠᠬᠤ ᠪᠤᠶᠤ ᠭᠤᠶᠤᠴᠢᠯᠠᠭᠳᠠᠭᠴᠢ ᠶᠢ ᠵᠣᠬᠢᠬᠤ ᠬᠤᠭᠤᠴᠠᠭᠠᠨ ᠤ ᠳᠣᠲᠣᠷ᠎ᠠ | ᠭᠦᠢᠴᠡᠳᠬᠡᠬᠦ ᠪᠠᠷ ᠲᠣᠭᠲᠠᠭᠠᠨ᠎ᠠ᠂ ᠭᠡᠪᠡᠴᠦ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠨᠢ ᠭᠤᠷᠪᠠᠳᠠᠭᠢ ᠬᠥᠮᠥᠨ ᠤ | ᠬᠠᠤᠯᠢ ᠶᠣᠰᠣᠨ ᠤ ᠡᠷᠬᠡ ᠠᠰᠢᠭ ᠲᠤ ᠬᠤᠯᠪᠣᠭᠳᠠᠵᠤ᠂ ᠭᠤᠷᠪᠠᠳᠠᠭᠢ ᠬᠥᠮᠥᠨ ᠭᠡᠷᠡᠴᠢ ᠪᠠᠷᠢᠮᠲᠠ ᠬᠠᠩᠭᠠᠭᠰᠠᠨ | ᠪᠠᠶᠢᠪᠠᠯ ᠡᠭᠦᠨ ᠳᠤ ᠪᠠᠭᠲᠠᠬᠤ ᠦᠭᠡᠢ᠃ | ᠳᠠᠯᠠᠨ ᠨᠢᠭᠡᠳᠦᠭᠡᠷ ᠵᠦᠢᠯ ᠭᠤᠶᠤᠴᠢᠯᠠᠭᠳᠠᠭᠴᠢ ᠬᠠᠤᠯᠢ ᠶᠣᠰᠣᠭᠠᠷ ᠲᠣᠭᠲᠠᠭᠠᠭᠰᠠᠨ ᠦᠭᠡᠢ᠂ ᠬᠠᠤᠯᠢ | ᠶᠣᠰᠣᠭᠠᠷ ᠭᠦᠢᠴᠡᠳᠬᠡᠭᠰᠡᠨ ᠦᠭᠡᠢ᠂ ᠪᠣᠯᠵᠣᠯ ᠶᠣᠰᠣᠭᠠᠷ ᠭᠦᠢᠴᠡᠳᠬᠡᠭᠰᠡᠨ ᠦᠭᠡᠢ ᠪᠤᠶᠤ ᠬᠠᠤᠯᠢ ᠠᠴᠠ ᠵᠥᠷᠢᠴᠡᠨ | ᠵᠠᠰᠠᠭ ᠵᠠᠬᠢᠷᠭᠠᠨ ᠤ ᠬᠡᠯᠡᠯᠴᠡᠭᠡᠷ ᠢ ᠬᠤᠪᠢᠷᠠᠭᠤᠯᠤᠭᠰᠠᠨ᠂ ᠴᠤᠴᠠᠯᠤᠭᠰᠠᠨ ᠪᠠᠶᠢᠪᠠᠯ᠂ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠭ᠎ᠠ ᠠᠴᠠ ᠭᠤᠶᠤᠴᠢᠯᠠᠭᠳᠠᠭᠴᠢ ᠶᠢ ᠬᠠᠤᠯᠢ ᠶᠣᠰᠣᠭᠠᠷ ᠲᠣᠭᠲᠠᠭᠠᠬᠤ᠂ ᠦᠷᠭᠦᠯᠵᠢᠯᠡᠨ | ᠭᠦᠢᠴᠡᠳᠬᠡᠬᠦ᠂ ᠨᠥᠬᠦᠪᠦᠷᠢᠯᠡᠬᠦ ᠠᠷᠭ᠎ᠠ ᠬᠡᠮᠵᠢᠶ᠎ᠡ ᠠᠪᠬᠤ ᠪᠤᠶᠤ ᠬᠤᠬᠢᠷᠠᠯ ᠢ ᠲᠥᠯᠥᠬᠦ ᠵᠡᠷᠭᠡ ᠬᠠᠷᠢᠭᠤᠴᠠᠯᠭ᠎ᠠ | ᠡᠭᠦᠷᠭᠡᠯᠡᠭᠦᠯᠬᠦ ᠪᠠᠷ ᠲᠣᠭᠲᠠᠭᠠᠨ᠎ᠠ᠃ | ᠭᠤᠶᠤᠴᠢᠯᠠᠭᠳᠠᠭᠴᠢ ᠶᠢᠨ ᠵᠠᠰᠠᠭ ᠵᠠᠬᠢᠷᠭᠠᠨ ᠤ ᠬᠡᠯᠡᠯᠴᠡᠭᠡᠷ ᠢ ᠬᠤᠪᠢᠷᠠᠭᠤᠯᠬᠤ᠂ ᠬᠦᠴᠦᠨ ᠦᠭᠡᠢ ᠪᠣᠯᠭᠠᠬᠤ | ᠨᠢ ᠬᠠᠤᠯᠢ ᠳᠤ ᠨᠡᠶᠢᠴᠡᠬᠦ ᠪᠣᠯᠪᠠᠴᠤ ᠬᠠᠤᠯᠢ ᠶᠣᠰᠣᠭᠠᠷ ᠨᠥᠬᠦᠪᠦᠷᠢ ᠥᠭᠭᠦᠭᠰᠡᠨ ᠦᠭᠡᠢ ᠪᠤᠶᠤ ᠨᠥᠬᠦᠪᠦᠷᠢ | ᠥᠭᠭᠦᠭᠰᠡᠨ ᠨᠢ ᠵᠦᠢ ᠵᠣᠬᠢᠰ ᠦᠭᠡᠢ ᠪᠠᠶᠢᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠠᠴᠠ | ᠭᠤᠶᠤᠴᠢᠯᠠᠭᠳᠠᠭᠴᠢ ᠶᠢ ᠬᠠᠤᠯᠢ ᠶᠣᠰᠣᠭᠠᠷ ᠵᠦᠢ ᠵᠣᠬᠢᠰᠲᠠᠢ ᠨᠥᠬᠦᠪᠦᠷᠢ ᠥᠭᠭᠦᠭᠦᠯᠬᠦ ᠪᠠᠷ ᠲᠣᠭᠲᠠᠭᠠᠨ᠎ᠠ᠃ | ᠲᠠᠯᠠᠨ ᠬᠤᠶᠠᠳᠤᠭᠠᠷ ᠵᠦᠢᠯ ᠭᠤᠶᠤᠴᠢᠯᠠᠭᠴᠢ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠪᠠᠷ | ᠭᠤᠶᠤᠴᠢᠯᠠᠬᠤ ᠳᠠᠭᠠᠨ ᠵᠠᠰᠠᠭ ᠵᠠᠬᠢᠷᠭᠠᠨ ᠤ ᠲᠥᠯᠥᠪᠦᠷᠢ ᠶᠢᠨ ᠭᠤᠶᠤᠴᠢᠯᠠᠯ ᠢ ᠬᠠᠮᠲᠤ ᠳᠤᠨᠢ ᠳᠤᠷᠠᠳᠴᠤ᠂ ᠵᠠᠰᠠᠭ | ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠨᠢ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ | ᠤᠯᠤᠰ ᠤᠨ ᠲᠥᠯᠥᠪᠦᠷᠢ ᠶᠢᠨ ᠬᠠᠤᠯᠢ︾ ᠶᠢᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠲᠥᠯᠥᠪᠦᠷᠢ | ᠣᠯᠭᠤᠬᠤ ᠦᠭᠡᠢ ᠪᠠᠶᠢᠪᠠᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠭᠠᠷᠭᠠᠬᠤ ᠳᠠᠭᠠᠨ ᠵᠠᠰᠠᠭ | ᠵᠠᠬᠢᠷᠭᠠᠨ ᠤ ᠲᠥᠯᠥᠪᠦᠷᠢ ᠶᠢᠨ ᠭᠤᠶᠤᠴᠢᠯᠠᠯ ᠢ ᠨᠢᠴᠤᠭᠠᠬᠤ ᠪᠠᠷ ᠬᠠᠮᠲᠤ ᠳᠤᠨᠢ ᠲᠣᠭᠲᠠᠭᠠᠬᠤ ᠬᠡᠷᠡᠭᠲᠡᠢ︔ ︽ | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠯᠤᠰ ᠤᠨ ᠲᠥᠯᠥᠪᠦᠷᠢ ᠶᠢᠨ ᠬᠠᠤᠯᠢ︾ ᠶᠢᠨ | ᠬᠤᠯᠪᠣᠭᠳᠠᠯ ᠪᠦᠬᠦᠢ ᠲᠣᠭᠲᠠᠭᠠᠯ ᠳᠤ ᠨᠡᠶᠢᠴᠡᠵᠦ ᠲᠥᠯᠥᠪᠦᠷᠢ ᠣᠯᠭᠤᠬᠤ ᠶᠣᠰᠣᠲᠠᠢ ᠪᠠᠶᠢᠪᠠᠯ᠂ ᠵᠠᠰᠠᠭ ᠵᠠᠬᠢᠷᠭᠠᠨ ᠤ | ᠦᠢᠯᠡ ᠠᠵᠢᠯᠯᠠᠭ᠎ᠠ ᠶᠢ ᠬᠦᠴᠦᠨ ᠦᠭᠡᠢ ᠪᠣᠯᠭᠠᠬᠤ ᠪᠤᠶᠤ ᠬᠡᠰᠡᠭ ᠢ ᠨᠢ ᠬᠦᠴᠦᠨ ᠦᠭᠡᠢ ᠪᠣᠯᠭᠠᠬᠤ᠂ | ᠬᠤᠪᠢᠷᠠᠭᠤᠯᠬᠤ ᠪᠠᠷ ᠲᠣᠭᠲᠠᠭᠠᠬᠤ ᠪᠤᠶᠤ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢᠨ ᠬᠠᠤᠯᠢ ᠶᠢ ᠵᠥᠷᠢᠴᠡᠭᠰᠡᠨ᠂ | ᠬᠦᠴᠦᠨ ᠦᠭᠡᠢ ᠪᠣᠯᠤᠭᠰᠠᠨ ᠢ ᠨᠤᠲᠠᠯᠠᠬᠤ ᠦᠶ᠎ᠡ ᠳᠤ᠂ ᠭᠤᠶᠤᠴᠢᠯᠠᠭᠳᠠᠭᠴᠢ ᠶᠢ ᠬᠠᠤᠯᠢ ᠶᠣᠰᠣᠭᠠᠷ ᠲᠥᠯᠥᠪᠦᠷᠢ | ᠥᠭᠭᠦᠭᠦᠯᠬᠦ ᠪᠠᠷ ᠬᠠᠮᠲᠤ ᠳᠤᠨᠢ ᠲᠣᠭᠲᠠᠭᠠᠬᠤ ᠬᠡᠷᠡᠭᠲᠡᠢ︔ ᠵᠠᠰᠠᠭ ᠵᠠᠬᠢᠷᠭᠠᠨ ᠤ ᠦᠢᠯᠡ ᠠᠵᠢᠯᠯᠠᠭ᠎ᠠ ᠶᠢ ᠬᠠᠤᠯᠢ | ᠠᠴᠠ ᠵᠥᠷᠢᠴᠡᠭᠰᠡᠨ ᠢᠶᠠᠷ ᠨᠤᠲᠠᠯᠠᠭᠰᠠᠨ ᠪᠠᠶᠢᠪᠠᠯ᠂ ᠪᠠᠰᠠ ᠭᠤᠶᠤᠴᠢᠯᠠᠭᠳᠠᠭᠴᠢ ᠶᠢ ᠬᠠᠮᠲᠤ ᠳᠤᠨᠢ ᠵᠠᠷᠯᠢᠭᠳᠠᠨ | ᠨᠥᠬᠦᠪᠦᠷᠢᠯᠡᠬᠦ ᠠᠷᠭ᠎ᠠ ᠬᠡᠮᠵᠢᠶ᠎ᠡ ᠠᠪᠤᠭᠤᠯᠵᠤ ᠪᠣᠯᠣᠨ᠎ᠠ᠃ | ᠭᠤᠶᠤᠴᠢᠯᠠᠭᠴᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠬᠤ ᠳᠠᠭᠠᠨ ᠵᠠᠰᠠᠭ | ᠵᠠᠬᠢᠷᠭᠠᠨ ᠤ ᠲᠥᠯᠥᠪᠦᠷᠢ ᠠᠪᠬᠤ ᠭᠤᠶᠤᠴᠢᠯᠠᠯ ᠳᠤᠷᠠᠳᠤᠭᠰᠠᠨ ᠦᠭᠡᠢ ᠪᠠᠶᠢᠪᠠᠯ᠂ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠭ᠎ᠠ ᠠᠴᠠ ᠬᠠᠤᠯᠢ ᠶᠣᠰᠣᠭᠠᠷ ᠲᠣᠷᠭᠠᠭᠤᠯᠢ ᠶᠢᠨ ᠵᠣᠭᠤᠰ ᠢ ᠬᠦᠴᠦᠨ ᠦᠭᠡᠢ ᠪᠣᠯᠭᠠᠬᠤ ᠪᠤᠶᠤ | ᠨᠢᠭᠡ ᠬᠡᠰᠡᠭ ᠢ ᠬᠦᠴᠦᠨ ᠦᠭᠡᠢ ᠪᠣᠯᠭᠠᠬᠤ᠂ ᠬᠤᠪᠢᠷᠠᠭᠤᠯᠬᠤ ᠪᠠᠷ ᠲᠣᠭᠲᠠᠭᠠᠵᠤ᠂ ᠬᠠᠤᠯᠢ ᠶᠢ ᠵᠥᠷᠢᠴᠡᠵᠦ ᠪᠡᠯᠡ | ᠴᠤᠭᠯᠠᠭᠤᠯᠬᠤ᠂ ᠡᠳ᠋ ᠬᠤᠭᠰᠢᠯ ᠢ ᠬᠤᠷᠢᠶᠠᠨ ᠠᠪᠬᠤ᠂ ᠲᠠᠲᠠᠪᠤᠷᠢᠯᠠᠨ ᠬᠡᠷᠡᠭᠯᠡᠬᠦ᠂ ᠵᠠᠷᠤᠳᠠᠯ ᠲᠡᠰᠬᠡᠨ ᠲᠠᠲᠠᠪᠤᠷᠢᠯᠠᠬᠤ | ᠵᠢᠴᠢ ᠡᠳ᠋ ᠬᠥᠷᠥᠩᠭᠡ ᠶᠢ ᠪᠠᠶᠢᠴᠠᠭᠠᠨ ᠪᠢᠲᠡᠭᠦᠮᠵᠢᠯᠡᠬᠦ᠂ ᠳᠠᠷᠤᠵᠤ ᠠᠪᠬᠤ᠂ ᠴᠡᠪᠳᠡᠭᠯᠡᠬᠦ ᠵᠡᠷᠭᠡ ᠵᠠᠰᠠᠭ ᠵᠠᠬᠢᠷᠭᠠᠨ ᠤ | ᠦᠢᠯᠡ ᠠᠵᠢᠯᠯᠠᠭ᠎ᠠ ᠶᠢ ᠬᠦᠴᠦᠨ ᠦᠭᠡᠢ ᠪᠣᠯᠭᠠᠬᠤ ᠪᠤᠶᠤ ᠨᠢᠭᠡ ᠬᠡᠰᠡᠭ ᠢ ᠨᠢ ᠬᠦᠴᠦᠨ ᠦᠭᠡᠢ ᠪᠣᠯᠭᠠᠬᠤ ᠦᠶ᠎ᠡ | ᠳᠤ᠂ ᠬᠠᠮᠲᠤ ᠳᠤᠨᠢ ᠭᠤᠶᠤᠴᠢᠯᠠᠭᠳᠠᠭᠴᠢ ᠶᠢ ᠵᠠᠷᠯᠢᠭᠳᠠᠵᠤ ᠪᠠᠶᠢᠭᠠᠳ ᠡᠳ᠋ ᠬᠥᠷᠥᠩᠭᠡ ᠶᠢ ᠨᠢ ᠪᠤᠴᠠᠭᠠᠯᠭᠠᠵᠤ᠂ ᠡᠳ᠋ | ᠬᠥᠷᠥᠩᠭᠡ ᠶᠢ ᠪᠠᠶᠢᠴᠠᠭᠠᠨ ᠪᠢᠲᠡᠭᠦᠮᠵᠢᠯᠡᠬᠦ᠂ ᠳᠠᠷᠤᠵᠤ ᠠᠪᠬᠤ᠂ ᠴᠡᠪᠳᠡᠭᠯᠡᠬᠦ ᠠᠷᠭ᠎ᠠ ᠬᠡᠮᠵᠢᠶ᠎ᠡ ᠶᠢ ᠬᠦᠴᠦᠨ ᠦᠭᠡᠢ | ᠪᠣᠯᠭᠠᠬᠤ ᠪᠤᠶᠤ ᠵᠣᠬᠢᠴᠠᠩᠭᠤᠢ ᠦᠨ᠎ᠡ ᠶᠢᠨ ᠵᠣᠭᠤᠰ ᠢ ᠲᠥᠯᠥᠭᠦᠯᠬᠦ ᠬᠡᠷᠡᠭᠲᠡᠢ᠃ | ᠲᠡᠯᠡᠠ ᠭᠤᠷᠪᠠᠳᠤᠭᠠᠷ ᠵᠦᠢᠯ ᠲᠤᠬᠠᠢ ᠶᠢᠨ ᠬᠥᠮᠥᠨ ᠡᠶᠡᠳᠡᠭᠦᠯᠦᠭᠡᠳ ᠬᠡᠯᠡᠯᠴᠡᠭᠡᠷ ᠲᠣᠭᠲᠠᠭᠰᠠᠨ ᠪᠠᠶᠢᠪᠠᠯ᠂ | ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ | ᠡᠶᠡᠳᠡᠭᠦᠯᠭᠡ ᠶᠢᠨ ᠪᠢᠴᠢᠭ ᠵᠣᠬᠢᠶᠠᠵᠤ᠂ ᠡᠯ᠎ᠡ ᠲᠠᠯ᠎ᠠ ᠶᠢᠨ ᠲᠤᠬᠠᠢ ᠶᠢᠨ ᠬᠥᠮᠥᠨ ᠭᠠᠷ ᠤᠨ ᠦᠰᠦᠭ ᠵᠢᠷᠤᠬᠤ ᠪᠤᠶᠤ | ᠭᠠᠷ ᠤᠨ ᠦᠰᠦᠭ ᠵᠢᠷᠤᠵᠤ ᠲᠠᠮᠠᠭ᠎ᠠ ᠳᠠᠷᠤᠬᠤ ᠶᠢᠨ ᠬᠠᠮᠲᠤ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ | ᠶᠢᠨ ᠲᠠᠮᠠᠭ᠎ᠠ ᠶᠢ ᠳᠠᠷᠤᠪᠠᠯ ᠳᠠᠷᠤᠢ ᠬᠠᠤᠯᠢ ᠶᠢᠨ ᠬᠦᠴᠦᠨ ᠲᠠᠢ ᠪᠣᠯᠣᠨ᠎ᠠ᠃ | ᠡᠶᠡᠳᠡᠭᠦᠯᠦᠭᠡᠳ ᠬᠡᠯᠡᠯᠴᠡᠭᠡᠷ ᠲᠣᠭᠲᠠᠵᠤ ᠴᠢᠳᠠᠭᠰᠠᠨ ᠦᠭᠡᠢ ᠪᠤᠶᠤ ᠡᠶᠡᠳᠡᠭᠦᠯᠭᠡ ᠶᠢᠨ ᠪᠢᠴᠢᠭ ᠬᠦᠴᠦᠨ ᠲᠠᠢ | ᠪᠣᠯᠬᠤ ᠠᠴᠠ ᠡᠮᠦᠨ᠎ᠡ ᠨᠢᠭᠡ ᠲᠠᠯ᠎ᠠ ᠨᠢ ᠦᠭᠡ ᠪᠠᠨ ᠪᠤᠴᠠᠭᠰᠠᠨ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ | ᠶᠠᠷᠢᠯᠴᠠᠬᠤ ᠪᠠᠶᠢᠭᠤᠯᠭ᠎ᠠ ᠨᠢ ᠬᠠᠤᠯᠢ ᠶᠣᠰᠣᠭᠠᠷ ᠬᠢᠨᠠᠨ ᠪᠠᠶᠢᠴᠠᠭᠠᠬᠤ ᠪᠤᠶᠤ ᠵᠠᠰᠠᠭ ᠵᠠᠬᠢᠷᠭᠠᠨ ᠤ ᠳᠠᠪᠲᠠᠨ | ᠶᠠᠷᠢᠯᠴᠠᠭᠰᠠᠨ ᠲᠣᠭᠲᠠᠭᠠᠯ ᠢ ᠴᠠᠭ ᠲᠤᠬᠠᠢ ᠳᠤᠨᠢ ᠭᠠᠷᠭᠠᠬᠤ ᠬᠡᠷᠡᠭᠲᠡᠢ᠃ | ᠲᠡᠯᠡᠠ ᠳᠥᠷᠪᠡᠳᠦᠭᠡᠷ ᠵᠦᠢᠯ ᠲᠤᠬᠠᠢ ᠶᠢᠨ ᠬᠥᠮᠥᠨ ᠨᠢ ᠵᠠᠰᠠᠭ ᠵᠠᠬᠢᠷᠭᠠᠨ ᠤ ᠲᠡᠬᠢᠠ ᠵᠥᠪᠯᠡᠭᠰᠡᠨ | ᠲᠣᠭᠲᠠᠭᠠᠯ ᠭᠠᠷᠭᠠᠬᠤ ᠠᠴᠠ ᠡᠮᠦᠨ᠎ᠡ ᠰᠠᠶᠢᠨ ᠳᠤᠷ᠎ᠠ ᠠᠴᠠ ᠪᠠᠨ ᠡᠶᠡᠳᠡᠵᠦ ᠪᠣᠯᠣᠨ᠎ᠠ᠂ ᠡᠶᠡᠳᠡᠯ ᠤᠨ ᠠᠭᠤᠯᠭ᠎ᠠ ᠨᠢ | ᠤᠯᠤᠰ ᠣᠷᠣᠨ ᠤ ᠠᠰᠢᠭ ᠲᠤᠰᠠ᠂ ᠨᠡᠶᠢᠭᠡᠮ ᠨᠡᠶᠢᠲᠡ ᠶᠢᠨ ᠠᠰᠢᠭ ᠲᠤᠰᠠ ᠪᠠ ᠪᠤᠰᠤᠳ ᠬᠥᠮᠥᠨ ᠤ ᠬᠠᠤᠯᠢ | ᠶᠣᠰᠣᠨ ᠤ ᠡᠷᠬᠡ ᠠᠰᠢᠭ ᠢ ᠬᠤᠬᠢᠷᠠᠭᠤᠯᠵᠤ ᠪᠣᠯᠬᠤ ᠦᠭᠡᠢ᠂ ᠬᠠᠤᠯᠢ ᠴᠠᠭᠠᠵᠠ᠂ ᠬᠠᠤᠯᠢ ᠲᠣᠭᠲᠠᠭᠠᠯ ᠤᠨ | ᠠᠯᠪᠠᠳᠠᠯᠭ᠎ᠠ ᠶᠢᠨ ᠴᠢᠨᠠᠷᠲᠠᠢ ᠲᠣᠭᠲᠠᠭᠠᠯ ᠢ ᠵᠥᠷᠢᠴᠡᠵᠦ ᠪᠣᠯᠬᠤ ᠦᠭᠡᠢ᠃ | ᠲᠤᠬᠠᠢ ᠶᠢᠨ ᠬᠥᠮᠥᠨ ᠨᠢ ᠡᠶᠡᠳᠡᠭᠰᠡᠨ ᠤ ᠳᠠᠷᠠᠭ᠎ᠠ᠂ ᠭᠤᠶᠤᠴᠢᠯᠠᠭᠴᠢ ᠨᠢ ᠵᠠᠰᠠᠭ ᠵᠠᠬᠢᠷᠭᠠᠨ ᠤ ᠳᠠᠬᠢᠨ | ᠵᠥᠪᠯᠡᠬᠦ ᠪᠠᠶᠢᠭᠤᠯᠤᠮᠵᠢ ᠠᠴᠠ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ ᠢᠶᠠᠨ ᠪᠤᠴᠠᠭᠠᠨ ᠠᠪᠤᠨ᠎ᠠ᠃ | ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠤᠮᠵᠢ ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ | ᠭᠤᠶᠤᠴᠢᠯᠠᠯ ᠢᠶᠠᠨ ᠪᠤᠴᠠᠭᠠᠬᠤ ᠶᠢ ᠵᠥᠪᠰᠢᠶᠡᠷᠡᠵᠦ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ | ᠵᠠᠬᠢᠷᠭᠠᠨ ᠢᠶᠠᠷ ᠳᠠᠬᠢᠨ ᠵᠥᠪᠯᠡᠬᠦ ᠶᠢ ᠳᠠᠭᠤᠰᠬᠠᠬᠤ ᠪᠠᠷ ᠲᠣᠭᠲᠠᠭᠰᠠᠨ ᠪᠠᠶᠢᠪᠠᠯ᠂ ᠭᠤᠶᠤᠴᠢᠯᠠᠭᠴᠢ ᠳᠠᠭᠢᠵᠤ ᠠᠳᠠᠯᠢ | ᠨᠢᠭᠡᠨ ᠪᠣᠳᠠᠲᠤ ᠶᠠᠪᠤᠳᠠᠯ ᠪᠠ ᠤᠴᠢᠷ ᠰᠢᠯᠲᠠᠭᠠᠨ ᠢᠶᠠᠷ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠭᠤᠶᠤᠴᠢᠯᠠᠯ | ᠭᠠᠷᠭᠠᠵᠤ ᠪᠣᠯᠬᠤ ᠦᠭᠡᠢ᠃ ᠭᠡᠪᠡᠴᠦ ᠭᠤᠶᠤᠴᠢᠯᠠᠭᠴᠢ ᠠᠴᠠ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ | ᠭᠤᠶᠤᠴᠢᠯᠠᠯ ᠢᠶᠠᠨ ᠪᠤᠴᠠᠭᠠᠬᠤ ᠨᠢ ᠲᠡᠭᠦᠨ ᠤ ᠦᠨᠡᠨ ᠰᠠᠨᠠᠭ᠎ᠠ ᠠᠴᠠ ᠵᠥᠷᠢᠴᠡᠭᠰᠡᠨ ᠢ ᠭᠡᠷᠡᠴᠢᠯᠡᠵᠦ ᠳᠡᠶᠢᠯᠬᠦ ᠨᠢ | ᠡᠭᠦᠨ ᠳᠤ ᠪᠠᠭᠲᠠᠬᠤ ᠦᠭᠡᠢ | ᠳᠠᠯᠠᠨ ᠲᠠᠪᠤᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠤ | ᠳᠠᠬᠢᠨ ᠵᠥᠪᠯᠡᠭᠰᠡᠨ ᠲᠣᠭᠲᠠᠭᠠᠯ ᠭᠠᠷᠭᠠᠬᠤ ᠳᠠᠭᠠᠨ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠤᠨ | ᠪᠢᠴᠢᠭ ᠵᠣᠬᠢᠶᠠᠬᠤ ᠶᠢᠨ ᠬᠠᠮᠲᠤ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠶᠢᠨ ᠲᠠᠮᠠᠭ᠎ᠠ ᠶᠢ ᠳᠠᠷᠤᠬᠤ | ᠬᠡᠷᠡᠭᠲᠡᠢ᠃ | ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠤᠨ ᠪᠢᠴᠢᠭ ᠢ ᠬᠦᠷᠭᠡᠵᠦ ᠥᠭᠭᠦᠮᠡᠭᠴᠡ ᠳᠠᠷᠤᠢ | ᠬᠠᠤᠯᠢ ᠶᠢᠨ ᠬᠦᠴᠦᠨ ᠲᠠᠢ ᠪᠣᠯᠣᠨ᠎ᠠ᠃ | ᠳᠠᠯᠠᠨ ᠵᠢᠷᠭᠤᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠢᠶᠠᠷ | ᠳᠠᠬᠢᠨ ᠵᠥᠪᠯᠡᠭᠦᠯᠬᠦ ᠬᠡᠷᠡᠭ ᠢ ᠰᠢᠢᠳᠪᠦᠷᠢᠯᠡᠬᠦ ᠶᠠᠪᠤᠴᠠ ᠳᠤ᠂ ᠭᠤᠶᠤᠴᠢᠯᠠᠭᠳᠠᠭᠴᠢ ᠪᠤᠶᠤ ᠪᠤᠰᠤᠳ ᠳᠣᠣᠷᠠᠳᠤ | ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠬᠤᠯᠪᠣᠭᠳᠠᠯ ᠪᠦᠬᠦᠢ ᠵᠠᠰᠠᠭ ᠵᠠᠬᠢᠷᠭᠠᠨ ᠤ ᠦᠶᠯᠡ ᠠᠵᠢᠯᠯᠠᠭ᠎ᠠ | ᠨᠢ ᠬᠠᠤᠯᠢ ᠠᠴᠠ ᠵᠥᠷᠢᠴᠡᠭᠰᠡᠨ ᠪᠤᠶᠤ ᠵᠣᠬᠢᠰ ᠦᠭᠡᠢ ᠪᠠᠶᠢᠬᠤ ᠶᠢ ᠣᠯᠵᠤ ᠮᠡᠳᠡᠪᠡᠯ᠂ ᠲᠡᠭᠦᠨ ᠳᠤ ᠵᠠᠰᠠᠭ ᠵᠠᠬᠢᠷᠭᠠᠨ | ᠢᠶᠠᠷ ᠳᠠᠬᠢᠨ ᠵᠥᠪᠯᠡᠭᠦᠯᠬᠦ ᠰᠠᠨᠠᠯ ᠤᠨ ᠪᠢᠴᠢᠭ ᠵᠣᠬᠢᠶᠠᠵᠤ ᠥᠭᠴᠦ ᠪᠣᠯᠣᠨ᠎ᠠ᠃ ᠬᠤᠯᠪᠣᠭᠳᠠᠯ ᠪᠦᠬᠦᠢ ᠪᠠᠶᠢᠭᠤᠯᠭ᠎ᠠ | ᠨᠢ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠰᠠᠨᠠᠯ ᠤᠨ ᠪᠢᠴᠢᠭ ᠢ ᠣᠯᠣᠭᠰᠠᠨ ᠡᠳᠦᠷ ᠠᠴᠠ ᠡᠬᠢᠯᠡᠨ ᠵᠢᠷᠠᠨ | ᠡᠳᠦᠷ ᠤᠨ ᠳᠣᠲᠣᠷ᠎ᠠ᠂ ᠬᠤᠯᠪᠣᠭᠳᠠᠬᠤ ᠬᠠᠤᠯᠢ ᠠᠴᠠ ᠵᠥᠷᠢᠴᠡᠭᠰᠡᠨ ᠪᠤᠶᠤ ᠵᠦᠢ ᠵᠣᠬᠢᠰ ᠦᠭᠡᠢ ᠵᠠᠰᠠᠭ ᠵᠠᠬᠢᠷᠭᠠᠨ | ᠤ ᠦᠶᠯᠡ ᠠᠵᠢᠯᠯᠠᠭ᠎ᠠ ᠶᠢ ᠵᠠᠯᠠᠷᠠᠭᠤᠯᠤᠭᠰᠠᠨ ᠪᠠᠶᠢᠳᠠᠯ ᠢᠶᠠᠨ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠳᠤ | ᠮᠡᠳᠡᠭᠦᠯᠦᠨ ᠬᠦᠷᠭᠡᠬᠦ ᠬᠡᠷᠡᠭᠲᠡᠢ᠃ | ᠳᠠᠯᠠᠨ ᠳᠣᠯᠣᠳᠤᠭᠠᠷ ᠵᠦᠢᠯ ᠭᠤᠶᠤᠴᠢᠯᠠᠭᠳᠠᠭᠴᠢ ᠨᠢ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ | ᠤᠨ ᠪᠢᠴᠢᠭ᠂ ᠡᠶᠡᠳᠡᠭᠦᠯᠭᠡ ᠶᠢᠨ ᠪᠢᠴᠢᠭ᠂ ᠰᠠᠨᠠᠯ ᠤᠨ ᠪᠢᠴᠢᠭ ᠢ ᠭᠦᠢᠴᠡᠳᠬᠡᠬᠦ ᠬᠡᠷᠡᠭᠲᠡᠢ᠃ | ᠭᠤᠶᠤᠴᠢᠯᠠᠭᠳᠠᠭᠴᠢ ᠨᠢ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠤᠨ ᠪᠢᠴᠢᠭ᠂ ᠡᠶᠡᠳᠡᠭᠦᠯᠭᠡ | ᠶᠢᠨ ᠪᠢᠴᠢᠭ᠂ ᠰᠠᠨᠠᠯ ᠤᠨ ᠪᠢᠴᠢᠭ ᠢ ᠭᠦᠢᠴᠡᠳᠬᠡᠬᠦ ᠦᠭᠡᠢ ᠪᠤᠶᠤ ᠵᠦᠢ ᠶᠣᠰᠣᠨ ᠤ ᠤᠴᠢᠷ ᠰᠢᠯᠲᠠᠭᠠᠨ ᠦᠭᠡᠢ ᠪᠠᠷ | ᠬᠤᠶᠢᠰᠢᠯᠠᠭᠤᠯᠤᠨ ᠭᠦᠢᠴᠡᠳᠬᠡᠭᠰᠡᠨ ᠪᠠᠶᠢᠪᠠᠯ᠂ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠪᠤᠶᠤ | ᠬᠤᠯᠪᠣᠭᠳᠠᠯ ᠪᠦᠬᠦᠢ ᠳᠡᠭᠡᠳᠦ ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠲᠡᠭᠦᠨ ᠢ ᠵᠠᠷᠯᠢᠭᠳᠠᠵᠤ | ᠪᠠᠶᠢᠭᠠᠳ ᠬᠤᠭᠤᠴᠠᠭ᠎ᠠ ᠲᠣᠭᠲᠠᠭᠠᠨ ᠭᠦᠢᠴᠡᠳᠬᠡᠭᠦᠯᠬᠦ ᠶᠢᠨ ᠬᠠᠮᠲᠤ ᠭᠤᠶᠤᠴᠢᠯᠠᠭᠳᠠᠭᠴᠢ ᠶᠢᠨ ᠬᠤᠯᠪᠣᠭᠳᠠᠯ ᠪᠦᠬᠦᠢ | ᠬᠠᠷᠢᠭᠤᠴᠠᠯᠭᠠᠲᠠᠨ ᠲᠠᠢ ᠪᠣᠯᠵᠣᠨ ᠶᠠᠷᠢᠯᠴᠠᠬᠤ ᠪᠤᠶᠤ ᠵᠠᠷᠯᠠᠨ ᠰᠢᠭᠦᠮᠵᠢᠯᠡᠵᠦ ᠪᠣᠯᠣᠨ᠎ᠠ᠃ | ᠳᠠᠯᠠᠨ ᠨᠠᠢᠮᠠᠳᠤᠭᠠᠷ ᠵᠦᠢᠯ ᠭᠤᠶᠤᠴᠢᠯᠠᠭᠴᠢ᠂ ᠭᠤᠷᠪᠠᠳᠠᠭᠢ ᠬᠥᠮᠥᠨ ᠬᠤᠭᠤᠴᠠᠭ᠎ᠠ ᠬᠡᠲᠦᠷᠡᠲᠡᠯ᠎ᠡ | ᠵᠠᠭᠠᠯᠳᠤᠬᠤ ᠦᠭᠡᠢ ᠮᠥᠷᠲᠡᠭᠡᠨ ᠵᠠᠰᠠᠭ ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠤᠨ ᠪᠢᠴᠢᠭ᠂ ᠡᠶᠡᠳᠡᠭᠦᠯᠭᠡ | ᠶᠢᠨ ᠪᠢᠴᠢᠭ ᠢ ᠭᠦᠢᠴᠡᠳᠬᠡᠬᠦ ᠦᠭᠡᠢ᠂ ᠡᠰᠡᠬᠦᠯ᠎ᠡ ᠡᠴᠦᠰ ᠤᠨ ᠲᠠᠰᠤᠯᠤᠯᠲᠠ ᠶᠢᠨ ᠵᠠᠰᠠᠭ ᠵᠠᠬᠢᠷᠭᠠᠨ ᠤ ᠳᠠᠬᠢᠨ | ᠵᠥᠪᠯᠡᠭᠰᠡᠨ ᠲᠣᠭᠲᠠᠭᠠᠯ ᠢ ᠭᠦᠢᠴᠡᠳᠬᠡᠬᠦ ᠦᠭᠡᠢ ᠪᠠᠶᠢᠪᠠᠯ᠂ ᠳᠣᠣᠷᠠᠬᠢ ᠲᠣᠭᠲᠠᠭᠠᠯ ᠶᠣᠰᠣᠭᠠᠷ ᠲᠣᠰ ᠲᠣᠰ ᠲᠤᠨᠢ | ᠰᠢᠢᠳᠪᠦᠷᠢᠯᠡᠨ᠎ᠡ᠄ | ︵ᠨᠢᠭᠡ︶ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠡᠪ ᠢᠶᠠᠷ ᠪᠠᠶᠢᠯᠭᠠᠬᠤ ᠵᠠᠰᠠᠭ ᠵᠠᠬᠢᠷᠭᠠᠨ ᠤ | ᠳᠠᠪᠲᠠᠨ ᠶᠠᠷᠢᠯᠴᠠᠭᠰᠠᠨ ᠲᠣᠭᠲᠠᠭᠠᠯ ᠤᠨ ᠪᠢᠴᠢᠭ ᠢ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠢᠭᠰᠡᠨ ᠵᠠᠰᠠᠭ | ᠵᠠᠬᠢᠷᠭᠠᠨ ᠤ ᠪᠠᠶᠢᠭᠤᠯᠭ᠎ᠠ ᠠᠴᠠ ᠬᠠᠤᠯᠢ ᠶᠣᠰᠣᠭᠠᠷ ᠠᠯᠪᠡᠳᠡᠠ ᠭᠦᠢᠴᠡᠳᠬᠡᠭᠦᠯᠦᠨ᠎ᠡ᠂ ᠡᠰᠡᠬᠦᠯ᠎ᠡ ᠠᠷᠠᠳ ᠤᠨ | ᠰᠢᠭᠦᠬᠦ ᠬᠤᠷᠢᠶᠠᠨ ᠳᠤ ᠭᠤᠶᠤᠴᠢᠯᠠᠵᠤ ᠠᠯᠪᠡᠳᠡᠠ ᠭᠦᠢᠴᠡᠳᠬᠡᠭᠦᠯᠦᠨ᠎ᠡ︔ | ︵ᠬᠤᠶᠠᠷ︶ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠶᠢ ᠬᠤᠪᠢᠷᠠᠭᠤᠯᠬᠤ ᠵᠠᠰᠠᠭ ᠵᠠᠬᠢᠷᠭᠠᠨ ᠤ ᠳᠠᠪᠲᠠᠨ | ᠶᠠᠷᠢᠯᠴᠠᠭᠰᠠᠨ ᠲᠣᠭᠲᠠᠭᠠᠯ ᠤᠨ ᠪᠢᠴᠢᠭ ᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠬᠠᠤᠯᠢ | ᠶᠣᠰᠣᠭᠠᠷ ᠠᠯᠪᠡᠳᠡᠠ ᠭᠦᠢᠴᠡᠳᠬᠡᠭᠦᠯᠦᠨ᠎ᠡ᠂ ᠡᠰᠡᠬᠦᠯ᠎ᠡ ᠠᠷᠠᠳ ᠤᠨ ᠰᠢᠭᠦᠬᠦ ᠬᠤᠷᠢᠶᠠᠨ ᠳᠤ ᠭᠤᠶᠤᠴᠢᠯᠠᠵᠤ | ᠠᠯᠪᠡᠳᠡᠠ ᠭᠦᠢᠴᠡᠳᠬᠡᠭᠦᠯᠦᠨ᠎ᠡ︔ | ︵ᠭᠤᠷᠪᠠ︶ ᠵᠠᠰᠠᠭ ᠵᠠᠬᠢᠷᠭᠠᠨ ᠤ ᠳᠠᠬᠢᠨ ᠵᠥᠪᠯᠡᠬᠦ ᠡᠶᠡᠳᠡᠭᠦᠯᠭᠡ ᠶᠢᠨ ᠪᠢᠴᠢᠭ ᠢ ᠵᠠᠰᠠᠭ ᠵᠠᠬᠢᠷᠭᠠᠨ ᠤ | ᠳᠠᠬᠢᠨ ᠵᠥᠪᠯᠡᠬᠦ ᠪᠠᠶᠢᠭᠤᠯᠭ᠎ᠠ ᠠᠴᠠ ᠬᠠᠤᠯᠢ ᠶᠣᠰᠣᠭᠠᠷ ᠠᠯᠪᠠᠳᠠᠯᠭ᠎ᠠ ᠪᠠᠷ ᠬᠡᠷᠡᠭᠵᠢᠭᠦᠯᠬᠦ ᠪᠤᠶᠤ ᠠᠷᠠᠳ ᠤᠨ ᠰᠢᠭᠦᠬᠦ | ᠬᠤᠷᠢᠶ᠎ᠠ ᠳᠤ ᠭᠤᠶᠤᠴᠢᠯᠠᠵᠤ ᠠᠯᠪᠠᠳᠠᠯᠭ᠎ᠠ ᠪᠠᠷ ᠬᠡᠷᠡᠭᠵᠢᠭᠦᠯᠦᠨ᠎ᠡ᠃ | ᠳᠠᠯ᠎ᠠ ᠶᠢᠰᠦᠳᠦᠭᠡᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠢᠶᠠᠷ | ᠳᠠᠬᠢᠨ ᠵᠥᠪᠯᠡᠭᠦᠯᠬᠦ ᠪᠠᠷ ᠭᠤᠶᠤᠴᠢᠯᠠᠭᠳᠠᠭᠰᠠᠨ ᠵᠠᠰᠠᠭ ᠵᠠᠬᠢᠷᠭᠠᠨ ᠤ ᠦᠶᠯᠡ ᠠᠵᠢᠯᠯᠠᠭ᠎ᠠ ᠶᠢ ᠢᠯᠠ ᠲᠣᠳᠣ | ᠪᠠᠶᠢᠯᠭᠠᠭᠰᠠᠨ ᠪᠠᠶᠢᠳᠠᠯ ᠢ ᠦᠨᠳᠦᠰᠦᠯᠡᠨ᠂ ᠤᠯᠤᠰ ᠤᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠵᠠᠰᠠᠭ | ᠵᠠᠬᠢᠷᠭᠠᠨ ᠤ ᠳᠠᠬᠢᠨ ᠵᠥᠪᠯᠡᠭᠰᠡᠨ ᠲᠣᠭᠲᠠᠭᠠᠯ ᠤᠨ ᠪᠢᠴᠢᠭ ᠢ ᠨᠡᠶᠢᠭᠡᠮ ᠳᠤ ᠢᠯᠠ ᠲᠣᠳᠣ ᠪᠠᠶᠢᠯᠭᠠᠨ᠎ᠠ᠃ | ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠡᠯ᠎ᠡ ᠱᠠᠲᠤᠨ ᠤ ᠠᠷᠠᠳ ᠤᠨ ᠵᠠᠰᠠᠭ ᠤᠨ | ᠣᠷᠳᠣᠨ ᠲᠤᠰ ᠱᠠᠲᠤᠨ ᠤ ᠠᠷᠠᠳ ᠤᠨ ᠵᠠᠰᠠᠭ ᠤᠨ ᠣᠷᠳᠣᠨ ᠤ ᠠᠵᠢᠯ ᠤᠨ ᠰᠠᠯᠠᠭ᠎ᠠ ᠮᠥᠴᠢᠷ ᠢᠶᠠᠷ | ᠭᠤᠶᠤᠴᠢᠯᠠᠭᠳᠠᠭᠴᠢ ᠪᠣᠯᠭᠠᠭᠰᠠᠨ ᠵᠠᠰᠠᠭ ᠵᠠᠬᠢᠷᠭᠠᠨ ᠢᠶᠠᠷ ᠳᠠᠪᠲᠠᠨ ᠶᠠᠷᠢᠯᠴᠠᠭᠤᠯᠬᠤ ᠬᠡᠷᠡᠭ ᠢ ᠰᠢᠢᠳᠪᠦᠷᠢᠯᠡᠬᠦ ᠳᠡᠭᠡᠨ | ᠬᠠᠤᠯᠢ ᠴᠠᠭᠠᠵᠠ ᠶᠢᠨ ᠬᠦᠴᠦᠨ ᠲᠠᠢ ᠪᠣᠯᠤᠭᠰᠠᠨ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ ᠤᠨ | ᠪᠢᠴᠢᠭ᠂ ᠰᠠᠨᠠᠯ ᠤᠨ ᠪᠢᠴᠢᠭ ᠢ ᠬᠠᠮᠲᠤ ᠳᠤᠨᠢ ᠭᠤᠶᠤᠴᠢᠯᠠᠭᠳᠠᠭᠴᠢ ᠶᠢᠨ ᠳᠡᠭᠡᠷ᠎ᠡ ᠨᠢᠭᠡ ᠱᠠᠲᠤᠨ ᠤ ᠡᠷᠬᠢᠯᠡᠠ | ᠬᠠᠮᠢᠶᠠᠷᠬᠤ ᠰᠠᠯᠠᠭ᠎ᠠ ᠮᠥᠴᠢᠷ ᠲᠤ ᠬᠠᠭᠤᠯᠤᠨ ᠮᠡᠳᠡᠭᠳᠡᠬᠦ ᠬᠡᠷᠡᠭᠲᠡᠢ᠃ | ᠵᠢᠷᠭᠤᠳᠤᠭᠠᠷ ᠪᠦᠯᠦᠭ ᠬᠠᠤᠯᠢ ᠶᠢᠨ ᠬᠠᠷᠢᠭᠤᠴᠠᠯᠭ᠎ᠠ | ᠨᠠᠶᠠᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠲᠤᠰ ᠬᠠᠤᠯᠢ ᠶᠢᠨ ᠲᠣᠭᠲᠠᠭᠠᠯ | ᠶᠣᠰᠣᠭᠠᠷ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠭᠡᠢ | ᠪᠠᠶᠢᠪᠠᠯ᠂ ᠬᠠᠷᠢᠭᠤᠴᠠᠯᠭ᠎ᠠ ᠲᠠᠢ ᠤᠳᠤᠷᠢᠳᠬᠤ ᠬᠥᠮᠥᠨ ᠪᠠ ᠰᠢᠭᠤᠳ ᠬᠠᠷᠢᠭᠤᠴᠠᠯᠭ᠎ᠠ ᠲᠠᠢ ᠬᠥᠮᠥᠨ ᠳᠤ ᠬᠠᠤᠯᠢ | ᠶᠣᠰᠣᠭᠠᠷ ᠰᠡᠷᠡᠮᠵᠢ ᠣᠯᠭᠤᠬᠤ᠂ ᠣᠰᠣᠯ ᠲᠡᠮᠳᠡᠭᠯᠡᠬᠦ᠂ ᠶᠡᠭᠡ ᠣᠰᠣᠯ ᠲᠡᠮᠳᠡᠭᠯᠡᠬᠦᠰᠢᠢᠳᠬᠡᠯ ᠣᠯᠭᠤᠨ᠎ᠠ︔ ᠬᠢᠨᠠᠯᠲᠠ | ᠲᠠᠯᠪᠢᠬᠤ ᠡᠷᠬᠡ ᠲᠠᠢ ᠪᠠᠶᠢᠭᠤᠯᠭ᠎ᠠ ᠠᠴᠠ ᠰᠢᠪᠠᠳᠠᠭᠰᠠᠨ ᠪᠠᠶᠢᠲᠠᠯ᠎ᠠ ᠮᠥᠨ ᠯᠡ ᠵᠠᠯᠠᠷᠠᠭᠤᠯᠬᠤ ᠦᠭᠡᠢ ᠪᠤᠶᠤ ᠬᠦᠨᠳᠦ | ᠨᠣᠴᠢᠲᠠᠢ ᠤᠷᠰᠢᠭ ᠲᠠᠲᠠᠭᠰᠠᠨ ᠪᠠᠶᠢᠪᠠᠯ᠂ ᠬᠠᠤᠯᠢ ᠶᠣᠰᠣᠭᠠᠷ ᠵᠡᠷᠭᠡ ᠳᠡᠰ ᠢ ᠨᠢ ᠪᠠᠭᠤᠷᠠᠭᠤᠯᠬᠤ᠂ ᠲᠤᠰᠢᠶᠠᠯ ᠠᠴᠠ | ᠨᠢ ᠤᠭᠴᠠᠷᠠᠭᠤᠯᠬᠤ᠂ ᠠᠵᠢᠯ ᠠᠴᠠ ᠨᠢ ᠬᠥᠭᠡᠭᠡᠬᠦᠰᠢᠢᠳᠬᠡᠯ ᠣᠯᠭᠤᠨ᠎ᠠ᠃ | ᠨᠠᠶᠠᠨ ᠨᠢᠭᠡᠳᠦᠭᠡᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠶᠢᠨ ᠠᠵᠢᠯᠲᠠᠨ ᠵᠠᠰᠠᠭ | ᠵᠠᠬᠢᠷᠭᠠᠨ ᠤ ᠳᠠᠪᠲᠠᠨ ᠶᠠᠷᠢᠯᠴᠠᠬᠤ ᠠᠵᠢᠯᠯᠠᠭ᠎ᠠ ᠶᠢᠨ ᠳᠤᠮᠳᠠ ᠬᠤᠪᠢ ᠶᠢᠨ ᠨᠠᠶᠢᠷ ᠬᠠᠷᠠᠵᠤ ᠬᠠᠤᠯᠢ ᠶᠣᠰᠣ ᠶᠢ | ᠵᠥᠷᠢᠴᠡᠭᠰᠡᠨ ᠪᠤᠶᠤ ᠲᠤᠰᠢᠶᠠᠯ ᠢᠶᠠᠨ ᠭᠤᠲᠤᠭᠠᠭᠰᠠᠨ᠂ ᠬᠠᠷᠢᠭᠤᠴᠠᠯᠭ᠎ᠠ ᠪᠠᠨ ᠠᠯᠳᠠᠭᠰᠠᠨ ᠪᠤᠰᠤᠳ ᠤᠢᠢᠯᠠ | ᠠᠵᠢᠯᠯᠠᠭ᠎ᠠ ᠲᠠᠢ ᠪᠠᠶᠢᠪᠠᠯ᠂ ᠬᠠᠤᠯᠢ ᠶᠣᠰᠣᠭᠠᠷ ᠰᠡᠷᠡᠮᠵᠢ ᠣᠯᠭᠤᠬᠤ᠂ ᠣᠰᠣᠯ ᠲᠡᠮᠳᠡᠭᠯᠡᠬᠦ᠂ ᠶᠡᠭᠡ ᠣᠰᠣᠯ | ᠲᠡᠮᠳᠡᠭᠯᠡᠬᠦᠰᠢᠢᠳᠬᠡᠯ ᠣᠯᠭᠤᠨ᠎ᠠ︔ ᠤᠢᠢᠯᠠ ᠪᠠᠶᠢᠳᠠᠯ ᠨᠢ ᠬᠦᠨᠳᠦ ᠨᠣᠴᠢᠲᠠᠢ ᠪᠠᠶᠢᠪᠠᠯ᠂ ᠬᠠᠤᠯᠢ ᠶᠣᠰᠣᠭᠠᠷ ᠵᠡᠷᠭᠡ | ᠳᠡᠰ ᠢ ᠨᠢ ᠪᠠᠭᠤᠷᠠᠭᠤᠯᠬᠤ᠂ ᠲᠤᠰᠢᠶᠠᠯ ᠠᠴᠠ ᠨᠢ ᠤᠭᠴᠠᠷᠠᠭᠤᠯᠬᠤ᠂ ᠠᠵᠢᠯ ᠠᠴᠠ ᠨᠢ ᠬᠥᠭᠡᠭᠡᠬᠦᠰᠢᠢᠳᠬᠡᠯ | ᠣᠯᠭᠤᠨ᠎ᠠ︔ ᠶᠠᠯ᠎ᠠ ᠪᠣᠯᠵᠤ ᠪᠦᠷᠢᠯᠳᠦᠭᠰᠡᠨ ᠪᠠᠶᠢᠪᠠᠯ ᠬᠠᠤᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ | ᠬᠦᠯᠢᠶᠡᠯᠭᠡᠨ᠎ᠡ᠃ | ᠨᠠᠶᠠᠨ ᠬᠤᠶᠠᠳᠤᠭᠠᠷ ᠵᠦᠢᠯ ᠭᠤᠶᠤᠴᠢᠯᠠᠭᠳᠠᠭᠴᠢ ᠲᠤᠰ ᠬᠠᠤᠯᠢ ᠶᠢᠨ ᠲᠣᠭᠲᠠᠭᠠᠯ ᠢ ᠵᠥᠷᠢᠴᠡᠵᠦ᠂ ᠪᠢᠴᠢᠭ | ᠢᠶᠠᠷ ᠬᠠᠷᠢᠭᠤᠯᠲᠠ ᠣᠯᠭᠤᠬᠤ ᠦᠭᠡᠢ ᠪᠤᠶᠤ ᠵᠠᠰᠠᠭ ᠵᠠᠬᠢᠷᠭᠠᠨ ᠤ ᠤᠢᠢᠯᠠ ᠠᠵᠢᠯᠯᠠᠭ᠎ᠠ ᠬᠢᠭᠰᠡᠨ ᠭᠡᠷᠡᠴᠢ ᠪᠠᠷᠢᠮᠲᠠ᠂ | ᠦᠨᠳᠦᠰᠦ ᠪᠠᠷᠢᠮᠲᠠ ᠪᠠ ᠬᠤᠯᠪᠣᠭᠳᠠᠯ ᠪᠦᠬᠦᠢ ᠪᠤᠰᠤᠳ ᠮᠠᠲ᠋ᠧᠷᠢᠶᠠᠯ ᠢ ᠲᠤᠰᠢᠶᠠᠬᠤ ᠦᠭᠡᠢ᠂ ᠡᠰᠡᠬᠦᠯ᠎ᠡ ᠠᠷᠠᠳ | ᠢᠷᠭᠡᠨ᠂ ᠬᠠᠤᠯᠢ ᠶᠢᠨ ᠬᠥᠮᠥᠨ ᠪᠤᠶᠤ ᠪᠤᠰᠤᠳ ᠵᠣᠬᠢᠶᠠᠨ ᠪᠠᠶᠢᠭᠤᠯᠤᠯᠲᠠ ᠶᠢᠨ ᠬᠠᠤᠯᠢ ᠶᠣᠰᠣᠭᠠᠷ ᠵᠠᠰᠠᠭ ᠵᠠᠬᠢᠷᠭᠠᠨ | ᠢᠶᠠᠷ ᠲᠡᠬᠢᠠ ᠵᠥᠪᠯᠡᠭᠦᠯᠬᠦ ᠪᠠᠷ ᠭᠤᠶᠤᠴᠢᠯᠠᠬᠤ ᠶᠢ ᠬᠠᠷᠰᠢᠯᠠᠵᠤ᠂ ᠬᠡᠯᠪᠡᠷᠢ ᠶᠢ ᠨᠢ ᠥᠭᠡᠷᠡᠲᠦᠭᠦᠯᠦᠨ ᠬᠠᠷᠰᠢᠯᠠᠭᠰᠠᠨ | ᠪᠠᠶᠢᠪᠠᠯ᠂ ᠬᠠᠷᠢᠭᠤᠴᠠᠯᠭ᠎ᠠ ᠲᠠᠢ ᠤᠳᠤᠷᠢᠳᠬᠤ ᠬᠥᠮᠥᠨ ᠪᠠ ᠰᠢᠭᠤᠳ ᠬᠠᠷᠢᠭᠤᠴᠠᠯᠭ᠎ᠠ ᠲᠠᠢ ᠬᠥᠮᠥᠨ ᠳᠤ ᠬᠠᠤᠯᠢ | ᠶᠣᠰᠣᠭᠠᠷ ᠰᠡᠷᠡᠮᠵᠢ ᠣᠯᠭᠤᠬᠤ᠂ ᠣᠰᠣᠯ ᠲᠡᠮᠳᠡᠭᠯᠡᠬᠦ᠂ ᠶᠡᠭᠡ ᠣᠰᠣᠯ ᠲᠡᠮᠳᠡᠭᠯᠡᠬᠦᠰᠢᠢᠳᠬᠡᠯ ᠣᠯᠭᠤᠨ᠎ᠠ︔ ᠬᠠᠷᠢᠭᠤ | ᠠᠪᠴᠤ ᠬᠤᠣᠷᠯᠠᠭᠰᠠᠨ ᠪᠠᠶᠢᠪᠠᠯ᠂ ᠬᠠᠤᠯᠢ ᠶᠣᠰᠣᠭᠠᠷ ᠵᠡᠷᠭᠡ ᠳᠡᠰ ᠢ ᠨᠢ ᠪᠠᠭᠤᠷᠠᠭᠤᠯᠬᠤ᠂ ᠲᠤᠰᠢᠶᠠᠯ ᠠᠴᠠ ᠨᠢ | ᠤᠭᠴᠠᠷᠠᠭᠤᠯᠬᠤ᠂ ᠠᠵᠢᠯ ᠠᠴᠠ ᠨᠢ ᠬᠥᠭᠡᠭᠡᠬᠦᠰᠢᠢᠳᠬᠡᠯ ᠣᠯᠭᠤᠨ᠎ᠠ︔ ᠶᠠᠯ᠎ᠠ ᠪᠣᠯᠵᠤ ᠪᠦᠷᠢᠯᠳᠦᠭᠰᠡᠨ ᠪᠠᠶᠢᠪᠠᠯ | ᠬᠠᠤᠯᠢ ᠶᠣᠰᠣᠭᠠᠷ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠨ᠎ᠡ᠃ | ᠨᠠᠶᠠᠨ ᠭᠤᠷᠪᠠᠳᠤᠭᠠᠷ ᠵᠦᠢᠯ ᠭᠤᠶᠤᠴᠢᠯᠠᠭᠳᠠᠭᠴᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠭᠰᠠᠨ ᠲᠣᠭᠲᠠᠭᠠᠯ | ᠤᠨ ᠪᠢᠴᠢᠭ᠂ ᠡᠶᠡᠳᠡᠭᠦᠯᠭᠡ ᠶᠢᠨ ᠪᠢᠴᠢᠭ᠂ ᠰᠠᠨᠠᠯ ᠤᠨ ᠪᠢᠴᠢᠭ ᠢ ᠭᠦᠢᠴᠡᠳᠬᠡᠬᠦ ᠦᠭᠡᠢ ᠪᠤᠶᠤ ᠵᠦᠢ ᠶᠣᠰᠣᠨ ᠤ | ᠤᠴᠢᠷ ᠰᠢᠯᠲᠠᠭᠠᠨ ᠦᠭᠡᠢ ᠪᠠᠷ ᠬᠤᠶᠢᠰᠢᠯᠠᠭᠤᠯᠤᠨ ᠭᠦᠢᠴᠡᠳᠬᠡᠭᠰᠡᠨ ᠪᠠᠶᠢᠪᠠᠯ᠂ ᠬᠠᠷᠢᠭᠤᠴᠠᠯᠭ᠎ᠠ ᠲᠠᠢ ᠤᠳᠤᠷᠢᠳᠬᠤ | ᠬᠥᠮᠥᠨ ᠪᠠ ᠰᠢᠭᠤᠳ ᠬᠠᠷᠢᠭᠤᠴᠠᠯᠭ᠎ᠠ ᠲᠠᠢ ᠬᠥᠮᠥᠨ ᠳᠤ ᠬᠠᠤᠯᠢ ᠶᠣᠰᠣᠭᠠᠷ ᠰᠡᠷᠡᠮᠵᠢ ᠣᠯᠭᠤᠬᠤ᠂ ᠣᠰᠣᠯ | ᠲᠡᠮᠳᠡᠭᠯᠡᠬᠦ᠂ ᠶᠡᠭᠡ ᠣᠰᠣᠯ ᠲᠡᠮᠳᠡᠭᠯᠡᠬᠦᠰᠢᠢᠳᠬᠡᠯ ᠣᠯᠭᠤᠨ᠎ᠠ︔ ᠭᠦᠢᠴᠡᠳᠬᠡᠭᠦᠯᠬᠦ ᠪᠠᠷ ᠵᠠᠷᠯᠢᠭᠳᠠᠭᠰᠠᠨ ᠪᠠᠶᠢᠲᠠᠯ᠎ᠠ | ᠮᠥᠨ ᠭᠦᠢᠴᠡᠳᠬᠡᠬᠦ ᠶᠢ ᠲᠡᠪᠴᠢᠭᠰᠡᠨ ᠪᠠᠶᠢᠪᠠᠯ᠂ ᠬᠠᠤᠯᠢ ᠶᠣᠰᠣᠭᠠᠷ ᠲᠡᠰ ᠪᠠᠭᠤᠷᠠᠭᠤᠯᠬᠤ᠂ ᠲᠤᠰᠢᠶᠠᠯ ᠠᠴᠠ ᠨᠢ | ᠤᠭᠴᠠᠷᠠᠭᠤᠯᠬᠤ᠂ ᠠᠵᠢᠯ ᠠᠴᠠ ᠨᠢ ᠬᠥᠭᠡᠭᠡᠬᠦᠰᠢᠢᠳᠬᠡᠯ ᠣᠯᠭᠤᠨ᠎ᠠ᠃ | ᠨᠠᠶᠠᠨ ᠳᠥᠷᠪᠡᠳᠦᠭᠡᠷ ᠵᠦᠢᠯ ᠵᠠᠰᠠᠭ ᠵᠠᠬᠢᠷᠭᠠᠨ ᠤ ᠲᠡᠬᠢᠠ ᠵᠥᠪᠯᠡᠬᠦ ᠠᠵᠢᠯᠲᠠᠨ ᠤ ᠪᠠᠶᠢᠴᠠᠭᠠᠯᠲᠠ ᠬᠢᠵᠦ | ᠭᠡᠷᠡᠴᠢ ᠠᠪᠬᠤ ᠶᠢ ᠲᠡᠪᠴᠢᠵᠦ᠂ ᠬᠠᠷᠰᠢᠯᠠᠵᠤ᠂ ᠵᠠᠰᠠᠭ ᠵᠠᠬᠢᠷᠭᠠᠨ ᠤ ᠲᠡᠬᠢᠠ ᠵᠥᠪᠯᠡᠬᠦ ᠠᠵᠢᠯ ᠤᠨ ᠡᠮᠬᠢ ᠵᠢᠷᠤᠮ ᠢ | ᠵᠣᠷᠢᠭᠤᠳᠠ ᠰᠠᠮᠠᠭᠤᠷᠠᠭᠤᠯᠤᠭᠰᠠᠨ ᠪᠠᠶᠢᠪᠠᠯ᠂ ᠬᠠᠤᠯᠢ ᠶᠣᠰᠣᠭᠠᠷᠰᠢᠢᠳᠬᠡᠯ ᠥᠭᠴᠦ᠂ ᠠᠮᠤᠷ ᠢ ᠬᠠᠮᠠᠭᠠᠯᠠᠬᠤ | ᠬᠠᠮᠢᠶᠠᠷᠤᠯᠲᠠ ᠵᠢᠨᠰᠢᠢᠳᠬᠡᠯ ᠣᠯᠭᠤᠨ᠎ᠠ︔ ᠶᠠᠯ᠎ᠠ ᠪᠣᠯᠵᠤ ᠪᠦᠷᠢᠯᠳᠦᠭᠰᠡᠨ ᠪᠠᠶᠢᠪᠠᠯ ᠬᠠᠤᠯᠢ ᠶᠣᠰᠣᠭᠠᠷ ᠡᠷᠡᠭᠦᠦ | ᠶᠢᠨ ᠬᠠᠷᠢᠭᠤᠴᠠᠯᠭ᠎ᠠ ᠬᠦᠯᠢᠶᠡᠯᠭᠡᠨ᠎ᠡ᠃ | ᠨᠠᠶᠠᠨ ᠲᠠᠪᠤᠳᠤᠭᠠᠷ ᠵᠦᠢᠯ ᠵᠠᠰᠠᠭ ᠵᠠᠬᠢᠷᠭᠠᠨ ᠤ ᠪᠠᠶᠢᠭᠤᠯᠭ᠎ᠠ ᠵᠢᠴᠢ ᠲᠡᠭᠦᠨ ᠤ ᠠᠵᠢᠯᠲᠠᠨ ᠲᠤᠰ ᠬᠠᠤᠯᠢ | ᠶᠢᠨ ᠲᠣᠭᠲᠠᠭᠠᠯ ᠢ ᠵᠥᠷᠢᠴᠡᠭᠰᠡᠨ ᠪᠠᠶᠢᠪᠠᠯ᠂ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠠᠴᠠ ᠬᠢᠨᠠᠨ | ᠪᠠᠶᠢᠴᠠᠭᠠᠬᠤ ᠪᠠᠶᠢᠭᠤᠯᠭ᠎ᠠ ᠪᠤᠶᠤ ᠠᠯᠪᠠᠨ ᠲᠤᠰᠢᠶᠠᠯᠲᠠᠨ ᠢ ᠲᠣᠮᠢᠯᠠᠵᠤ ᠪᠠᠭᠤᠯᠭᠠᠬᠤ ᠪᠠᠶᠢᠭᠤᠯᠭ᠎ᠠ᠂ ᠨᠢᠭᠡᠴᠢ ᠳᠤ | ᠬᠤᠯᠪᠣᠭᠳᠠᠯ ᠪᠦᠬᠦᠢ ᠠᠵᠢᠯᠲᠠᠨ ᠤ ᠬᠠᠤᠯᠢ ᠶᠢ ᠵᠥᠷᠢᠴᠡᠭᠰᠡᠨ ᠪᠣᠳᠠᠲᠤ ᠬᠡᠷᠡᠭ ᠤᠨ ᠮᠠᠲ᠋ᠧᠷᠢᠶᠠᠯ ᠢ ᠰᠢᠯᠵᠢᠭᠦᠯᠦᠨ | ᠬᠦᠷᠭᠡᠵᠦ ᠪᠣᠯᠣᠨ᠎ᠠ᠂ ᠰᠢᠯᠵᠢᠭᠦᠯᠦᠨ ᠣᠯᠭᠤᠬᠤ ᠶᠢ ᠭᠥᠯᠢᠶᠡᠨ ᠠᠪᠤᠭᠰᠠᠨ ᠬᠢᠨᠠᠨ ᠪᠠᠶᠢᠴᠠᠭᠠᠬᠤ ᠪᠠᠶᠢᠭᠤᠯᠭ᠎ᠠ ᠪᠤᠶᠤ | ᠠᠯᠪᠠᠨ ᠲᠤᠰᠢᠶᠠᠯᠲᠠᠨ ᠢ ᠲᠣᠮᠢᠯᠠᠵᠤ ᠪᠠᠭᠤᠯᠭᠠᠬᠤ ᠪᠠᠶᠢᠭᠤᠯᠭ᠎ᠠ᠂ ᠨᠢᠭᠡᠴᠢ ᠬᠠᠤᠯᠢ ᠶᠣᠰᠣᠭᠠᠷ ᠰᠢᠢᠳᠪᠦᠷᠢᠯᠡᠬᠦ | ᠬᠡᠷᠡᠭᠲᠡᠢ᠃ | ᠨᠠᠶᠠᠨ ᠵᠢᠷᠭᠤᠳᠤᠭᠠᠷ ᠵᠦᠢᠯ ᠵᠠᠰᠠᠭ ᠵᠠᠬᠢᠷᠭᠠᠨ ᠤ ᠳᠠᠬᠢᠨ ᠵᠥᠪᠯᠡᠬᠦ ᠪᠠᠶᠢᠭᠤᠯᠭ᠎ᠠ ᠨᠢ ᠵᠠᠰᠠᠭ ᠵᠠᠬᠢᠷᠭᠠᠨ ᠢᠶᠠᠷ | ᠳᠠᠬᠢᠨ ᠵᠥᠪᠯᠡᠭᠦᠯᠬᠦ ᠬᠡᠷᠡᠭ ᠢ ᠰᠢᠢᠳᠪᠦᠷᠢᠯᠡᠬᠦ ᠶᠠᠪᠤᠴᠠ ᠳᠤ᠂ ᠠᠯᠪᠠᠨ ᠲᠤᠰᠢᠶᠠᠯᠲᠠᠨ ᠤ ᠱᠠᠮᠰᠢᠵᠤ ᠬᠡᠭᠡᠯᠢ ᠢᠳᠡᠵᠦ | ᠬᠠᠬᠦᠦᠯᠢ ᠲᠦᠯᠬᠢᠭᠰᠡᠨ᠂ ᠬᠠᠷᠢᠭᠤᠴᠠᠯᠭ᠎ᠠ ᠪᠠᠨ ᠠᠯᠳᠠᠵᠤ ᠲᠤᠰᠢᠶᠠᠯ ᠢᠶᠠᠨ ᠭᠤᠲᠤᠭᠠᠭᠰᠠᠨ ᠵᠡᠷᠭᠡ ᠲᠤᠰᠢᠶᠠᠯ ᠢᠶᠠᠨ | ᠠᠰᠢᠭᠯᠠᠨ ᠬᠠᠤᠯᠢ ᠠᠴᠠ ᠵᠥᠷᠢᠴᠡᠭᠰᠡᠨ ᠪᠤᠶᠤ ᠡᠷᠬᠡ ᠲᠤᠰᠢᠶᠠᠯ ᠢᠶᠠᠨ ᠠᠰᠢᠭᠯᠠᠨ ᠶᠠᠯᠠᠳᠦ ᠠᠵᠢᠯᠯᠠᠭ᠎ᠠ | ᠦᠢᠯᠡᠳᠦᠭᠰᠡᠨ ᠰᠡᠵᠢᠭᠯᠡᠯᠲᠡᠢ ᠠᠰᠠᠭᠤᠳᠠᠯ ᠤᠨ ᠰᠦᠪᠡᠭᠴᠢ ᠶᠢ ᠣᠯᠵᠤ ᠮᠡᠳᠡᠪᠡᠯ᠂ ᠬᠤᠯᠪᠣᠭᠳᠠᠯ ᠪᠦᠬᠦᠢ ᠲᠣᠭᠲᠠᠭᠠᠯ | ᠶᠣᠰᠣᠭᠠᠷ ᠬᠢᠨᠠᠨ ᠪᠠᠶᠢᠴᠠᠭᠠᠬᠤ ᠪᠠᠶᠢᠭᠤᠯᠭ᠎ᠠ ᠳᠤ ᠰᠢᠯᠵᠢᠭᠦᠯᠦᠨ ᠬᠦᠷᠭᠡᠵᠦ᠂ ᠬᠢᠨᠠᠨ ᠪᠠᠶᠢᠴᠠᠭᠠᠬᠤ ᠪᠠᠶᠢᠭᠤᠯᠭ᠎ᠠ ᠠᠴᠠ | ᠬᠠᠤᠯᠢ ᠶᠣᠰᠣᠭᠠᠷ ᠪᠠᠶᠢᠴᠠᠭᠠᠨ ᠰᠢᠢᠳᠪᠦᠷᠢᠯᠡᠨ᠎ᠡ᠃ | ᠳᠣᠯᠣᠳᠤᠭᠠᠷ ᠪᠦᠯᠦᠭ ᠬᠠᠪᠰᠤᠷᠤᠯᠲᠠ ᠳᠦᠷᠢᠮ | ᠨᠠᠶᠠᠨ ᠳᠣᠯᠣᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠪᠠᠶᠢᠭᠤᠯᠭ᠎ᠠ ᠵᠠᠰᠠᠭ ᠵᠠᠬᠢᠷᠭᠠᠨ ᠢᠶᠠᠷ | ᠳᠠᠪᠲᠠᠨ ᠶᠠᠷᠢᠯᠴᠠᠭᠤᠯᠬᠤ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠬᠦ ᠳᠡᠭᠡᠨ ᠭᠤᠶᠤᠴᠢᠯᠠᠭᠴᠢ ᠠᠴᠠ ᠶᠠᠮᠠᠷ | ᠴᠤ ᠰᠦᠢᠳᠬᠡᠯ ᠬᠤᠷᠢᠶᠠᠵᠤ ᠪᠣᠯᠬᠤ ᠦᠭᠡᠢ᠃ | ᠨᠠᠶᠠᠨ ᠨᠠᠢᠮᠠᠳᠤᠭᠠᠷ ᠵᠦᠢᠯ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭ᠎ᠠ ᠶᠢ ᠪᠤᠳᠦᠬᠤ ᠪᠠ ᠵᠠᠰᠠᠭ | ᠵᠠᠬᠢᠷᠭᠠᠨ ᠤ ᠳᠠᠪᠲᠠᠨ ᠶᠠᠷᠢᠯᠴᠠᠬᠤ ᠪᠢᠴᠢᠭ ᠬᠠᠷ᠎ᠠ ᠶᠢ ᠬᠦᠷᠭᠡᠬᠦ ᠶᠢ ᠲᠤᠰ ᠬᠠᠤᠯᠢ ᠳᠤ ᠲᠣᠭᠲᠠᠭᠠᠭᠰᠠᠨ ᠦᠭᠡᠢ | ᠪᠠᠶᠢᠪᠠᠯ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠵᠠᠷᠭᠤ ᠶᠢᠨ ᠬᠠᠤᠯᠢ︾ ᠳᠠᠬᠢ | ᠬᠤᠭᠤᠴᠠᠭ᠎ᠠ᠂ ᠬᠦᠷᠭᠡᠯᠲᠡ ᠶᠢᠨ ᠲᠤᠬᠠᠢ ᠲᠣᠭᠲᠠᠭᠠᠯ ᠶᠣᠰᠣᠭᠠᠷ ᠭᠦᠢᠴᠡᠳᠬᠡᠨ᠎ᠡ᠃ | ᠲᠤᠰ ᠬᠠᠤᠯᠢ ᠳᠠᠬᠢ ᠵᠠᠰᠠᠭ ᠵᠠᠬᠢᠷᠭᠠᠨ ᠤ ᠳᠠᠪᠲᠠᠨ ᠶᠠᠷᠢᠯᠴᠠᠬᠤ ᠬᠤᠭᠤᠴᠠᠭᠠᠨ ᠳᠠᠬᠢ ︽ᠭᠤᠷᠪᠠᠨ ᠡᠳᠦᠷ︾ | ᠂ ︽ᠲᠠᠪᠤᠨ ᠡᠳᠦᠷ︾᠂ ︽ᠲᠤᠯᠤᠭᠠᠨ ᠡᠳᠦᠷ︾᠂ ︽ᠠᠷᠪᠠᠨ ᠡᠳᠦᠷ︾ ᠤᠨ ᠲᠤᠬᠠᠢ ᠲᠣᠭᠲᠠᠭᠠᠯ ᠪᠣᠯ | ᠠᠵᠢᠯᠯᠠᠬᠤ ᠡᠳᠦᠷ ᠢ ᠵᠢᠭᠠᠵᠤ ᠪᠠᠶᠢᠨ᠎ᠠ᠂ ᠡᠭᠦᠨ ᠳᠤ ᠬᠠᠤᠯᠢ ᠪᠠᠷ ᠲᠣᠭᠲᠠᠭᠠᠭᠰᠠᠨ ᠠᠮᠠᠷᠠᠯᠲᠠ ᠶᠢᠨ ᠡᠳᠦᠷ ᠢ | ᠪᠠᠭᠲᠠᠭᠠᠬᠤ ᠦᠭᠡᠢ᠃ | ᠨᠠᠶᠠ ᠶᠢᠰᠦᠳᠦᠭᠡᠷ ᠵᠦᠢᠯ ᠭᠠᠳᠠᠭᠠᠳᠤ ᠶᠢᠨ ᠬᠥᠮᠥᠨ᠂ ᠤᠯᠤᠰ ᠤᠨ ᠬᠠᠷᠢᠶ᠎ᠠ ᠦᠭᠡᠢ ᠬᠥᠮᠥᠨ᠂ ᠭᠠᠳᠠᠭᠠᠳᠤ | ᠶᠢᠨ ᠵᠣᠬᠢᠶᠠᠨ ᠪᠠᠶᠢᠭᠤᠯᠤᠯᠲᠠ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠯᠢ ᠶᠢᠨ ᠳᠣᠲᠣᠷ᠎ᠠ ᠵᠠᠰᠠᠭ | ᠵᠠᠬᠢᠷᠭᠠᠨ ᠢᠶᠠᠷ ᠲᠡᠬᠢᠠ ᠵᠥᠪᠯᠡᠭᠦᠯᠬᠦ ᠪᠠᠷ ᠭᠤᠶᠤᠴᠢᠯᠠᠬᠤ ᠳᠤ ᠲᠤᠰ ᠬᠠᠤᠯᠢ ᠶᠢ ᠬᠡᠷᠡᠭᠯᠡᠨ᠎ᠡ᠃ | ᠶᠡᠷᠡᠳᠦᠭᠡᠷ ᠵᠦᠢᠯ ᠲᠤᠰ ᠬᠠᠤᠯᠢ ᠶᠢ 2024 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠬᠢᠯᠡᠨ | ᠮᠥᠷᠳᠡᠨ᠎ᠡ᠃ | | | ᠡᠷᠳᠡᠨᠢᠬᠦᠦ᠂ ᠰᠤᠶᠤᠯᠲᠤ᠂ ᠣᠳᠣᠨ᠂ ᠨᠠᠰᠤᠨᠵᠢᠷᠭᠠᠯ᠂ ᠨᠠᠮᠤᠷ ᠨᠠᠷ ᠣᠷᠴᠢᠭᠤᠯᠤᠨ ᠨᠠᠶᠢᠷᠠᠭᠤᠯᠵᠤ | ᠬᠢᠨᠠᠪᠠ |