ᠮᠣᠩᠭᠤᠯ ᠬᠠᠭᠠᠳ ︵ᠨᠢᠭᠡ︶
ᠨᠡᠶᠢᠲᠡᠯᠡᠭᠰᠡᠨ ᠴᠠᠭ᠄
2018/12/3
ᠴᠢᠩᠭᠢᠰ ᠬᠠᠭᠠᠨ ︵1186 — 1241︶ 1206 ᠣᠨ ᠳᠤ ᠮᠤᠩᠭᠤᠯ ᠶᠡᠭᠡ ᠬᠠᠭᠠᠨᠲᠤ ᠤᠯᠤᠰ ᠢ ᠪᠠᠶᠢᠭᠤᠯᠤᠭᠰᠠᠨ ᠠᠴᠠ ᠨᠠᠰᠢ ᠭᠤᠴᠢᠨ ᠬᠡᠳᠦᠨ ᠮᠤᠩᠭᠤᠯ ᠬᠠᠭᠠᠨ ᠰᠠᠭᠤᠷᠢᠨ ᠳᠤ ᠰᠠᠭᠤᠵᠣ ᠲᠦᠷᠦ ᠵᠠᠰᠠᠭ ᠶᠠᠪᠤᠭᠤᠯᠵᠤ ᠦᠩᠭᠡᠷᠡᠵᠡᠢ᠃ ᠦᠭᠡᠳᠠᠢ ᠬᠠᠭᠠᠨ ︵1186 — 1241︶ ᠴᠢᠩᠭᠢᠰ ᠬᠠᠭᠠᠨ ᠤ ᠬᠦᠪᠡᠭᠦᠳ ᠤᠨ ᠳᠣᠲᠣᠷᠠᠬᠢ ᠭᠤᠷᠪᠠᠳᠣᠭᠠᠷ ᠬᠦᠪᠡᠭᠦᠨ ᠨᠢ ᠮᠥᠨ᠃ 1229 ᠣᠨ ᠳᠤ ᠴᠢᠩᠬᠢᠰ ᠬᠠᠭᠠᠨ ᠤ ᠶᠡᠭᠡ ᠣᠷᠣ ᠶᠢ ᠵᠠᠯᠭᠠᠮᠵᠢᠯᠠᠨ᠂ ᠬᠠᠭᠠᠨᠲᠤ ᠮᠤᠩᠭᠤᠯ ᠣᠯᠣᠰ ᠤᠨ ᠬᠤᠶᠠᠳᠣᠭᠠᠷ ᠬᠠᠭᠠᠨ ᠪᠤᠯᠵᠠᠢ᠃ ᠦᠭᠡᠳᠠᠢ ᠬᠠᠷᠠᠬᠠᠨ ᠪᠠᠭ᠎ᠠ ᠠᠴᠠ ᠪᠠᠨ ᠬᠠᠭᠠᠨ ᠡᠴᠢᠭᠡ ᠪᠠᠨ ᠳᠠᠭᠠᠵᠤ᠂ ᠳᠣᠲᠣᠭᠠᠳᠣ ᠭᠠᠳᠠᠭᠠᠳᠣ ᠶᠢᠨ ᠪᠠᠶᠢᠯᠳᠣᠭᠠᠨ ᠳᠤ ᠡᠷᠡᠯᠬᠡᠭ ᠪᠠᠭᠠᠳᠣᠷᠯᠢᠭ ᠪᠠᠶᠢᠯᠳᠣᠵᠣ ᠶᠠᠪᠤᠨ᠂ ᠬᠠᠭᠠᠨ ᠰᠠᠭᠤᠷᠢᠨ ᠵᠠᠯᠭᠠᠮᠵᠢᠯᠠᠭᠰᠠᠨ ᠤ ᠳᠠᠷᠠᠭ᠎ᠠ ᠠᠯᠲᠠᠨ ᠣᠯᠣᠰ ᠪᠠ ᠰᠦᠩ ᠣᠯᠣᠰ ᠢ ᠳᠠᠶᠢᠯᠠᠨ ᠨᠢᠭᠡᠳᠬᠡᠵᠡᠢ᠃ 1241 ᠣᠨ ᠳᠤ ᠠᠶᠠᠨ ᠤ ᠤᠷᠳᠣᠨ ᠳᠤ ᠪᠠᠨ ᠬᠠᠯᠢᠵᠦ᠂ ᠭᠤᠷᠪᠠᠨ ᠵᠢᠯ ᠶᠡᠭᠡ ᠬᠠᠭᠠᠨ ᠰᠠᠭᠤᠵᠠᠢ᠃ ᠬᠦᠶᠦᠭ ᠬᠠᠭᠠᠨ ︵1206 — 1248︶ 1246 ᠣᠨ ᠤ ᠬᠠᠪᠤᠷ ᠲᠠᠯᠠ ᠶᠢᠨ ᠳᠠᠪᠠᠭ᠎ᠠ ᠳᠤ ᠬᠠᠭᠠᠨ ᠰᠠᠭᠤᠷᠢᠨ ᠵᠠᠯᠭᠠᠮᠵᠢᠯᠠᠵᠤ ᠬᠠᠭᠠᠨᠳᠣ ᠮᠤᠩᠭᠤᠯ ᠣᠯᠣᠰ ᠎ ᠤᠨ ᠭᠤᠷᠪᠠᠳᠣᠭᠠᠷ ᠬᠠᠭᠠᠨ ᠪᠤᠯᠵᠠᠢ᠃ ᠬᠦᠶᠦᠭ ᠬᠠᠭᠠᠨ ᠬᠠᠷᠠᠬᠠᠨ ᠵᠠᠯᠠᠭᠤ ᠨᠠᠰᠣᠨ ᠠᠴᠠ ᠪᠠᠨ ᠶᠡᠭᠡ ᠴᠡᠷᠢᠭ ᠳᠠᠶᠢᠴᠢᠯᠠᠨ ᠳᠠᠶᠢᠨ ᠪᠠᠶᠢᠯᠳᠣᠭᠠᠨ ᠢ ᠵᠢᠯᠤᠭᠤᠳᠴᠦ ᠡᠬᠢᠯᠡᠭᠰᠡᠨ ᠪᠦᠭᠡᠳ ᠬᠠᠭᠠᠨ ᠤᠷᠤ ᠵᠠᠯᠭᠠᠮᠵᠢᠯᠠᠭᠰᠠᠨ ᠤ ᠳᠠᠷᠠᠭ᠎ᠠ ᠂ ᠲᠦᠷᠦ ᠪᠠᠨ ᠲᠦᠪᠰᠢᠷᠡᠭᠦᠯᠦᠨ ᠴᠢᠩᠬᠢᠰ ᠬᠠᠭᠠᠨ ᠬᠢᠭᠡᠳ ᠦᠭᠡᠳᠠᠢ ᠬᠠᠭᠠᠨ ᠤ ᠵᠠᠰᠠᠭ ᠢ ᠳᠠᠬᠢᠨ ᠰᠡᠷᠭᠦᠭᠡᠵᠡᠢ᠃ 1248 ᠤᠨ ᠤ ᠳᠦᠷᠪᠡᠳᠦᠭᠡᠷ ᠰᠠᠷ᠎ᠠ ᠳᠤ ᠬᠤᠮᠰᠢᠭᠡᠷ ︵ᠰᠢᠨᠵᠢᠶᠠᠩ ᠤᠨ ᠪᠤᠯᠭᠠᠨ ᠭᠤᠤᠯ ᠤᠨ ᠡᠬᠢᠨ ᠳᠤ ᠪᠤᠢ︶ ᠎ ᠲᠤ ᠲᠡᠭᠷᠢ ᠲᠤ ᠬᠠᠯᠢᠭᠰᠠᠨ ᠠᠴᠠ ᠭᠤᠷᠪᠠᠨ ᠵᠢᠯ ᠬᠠᠭᠠᠨ ᠰᠠᠭᠤᠪᠠ᠃ ᠮᠦᠩᠬᠡ ᠬᠠᠭᠠᠨ ︵1208 — 1259︶ 1251 ᠣᠨ ᠤ ᠲᠣᠯᠣᠭᠠᠳᠣᠭᠠᠷ ᠰᠠᠷ᠎ᠠ ᠶᠢᠨ ᠨᠢᠭᠡᠨ ᠤ ᠡᠳᠦᠷ ᠬᠡᠷᠦᠯᠦᠨ ᠮᠦᠷᠡᠨ ᠤ ᠬᠦᠳᠡᠭᠡ ᠠᠷᠠᠯ ᠳᠤ ᠶᠡᠭᠡ ᠬᠠᠭᠠᠨ ᠤ ᠤᠷᠤ ᠶᠢ ᠵᠠᠯᠭᠠᠮᠵᠢᠯᠠᠪᠠ᠃ ᠮᠦᠩᠬᠡ ᠪᠣᠯ ᠬᠠᠭᠠᠨᠲᠣ ᠮᠤᠩᠭᠤᠯ ᠣᠯᠣᠰ ᠤᠨ ᠳᠦᠷᠪᠡᠳᠦᠭᠡᠷ ᠬᠠᠭᠠᠨ ᠮᠥᠨ᠃ ᠬᠠᠭᠠᠨ ᠰᠠᠭᠤᠷᠢᠨ ᠢᠶᠠᠨ ᠪᠠᠬᠢᠵᠢᠭᠦᠯᠦᠭᠰᠡᠨ ᠤ ᠳᠠᠷᠠᠭ᠎ᠠ ᠦᠷᠦᠨᠡᠳᠦ ᠠᠽᠢᠶ᠎ᠠ ᠪᠠ ᠡᠮᠦᠨᠡᠲᠦ ᠰᠦᠩ ᠣᠯᠣᠰ ᠎ ᠢ ᠪᠠᠶᠢᠯᠳᠣᠨ ᠳᠠᠭᠠᠭᠤᠯᠬᠤ ᠵᠡᠷᠭᠡ ᠴᠡᠷᠢᠭ ᠳᠠᠶᠢᠨ ᠤ ᠠᠵᠢᠯᠯᠠᠭ᠎ᠠ ᠶᠢ ᠦᠷᠭᠦᠯᠵᠢᠯᠡᠨ ᠶᠠᠪᠤᠭᠳᠠᠭᠤᠯᠣᠭᠰᠠᠨ ᠪᠠᠶᠢᠨ᠎ᠠ᠃ 1259 ᠣᠨ ᠤ ᠨᠠᠢᠮᠠᠳᠣᠭᠠᠷ ᠰᠠᠷ᠎ᠠ ᠳᠤ ᠮᠦᠩᠬᠡ ᠬᠠᠭᠠᠨ ᠡᠪᠡᠳᠴᠢᠨ ᠬᠦᠨᠲᠦᠷᠡᠭᠰᠡᠨ ᠠᠴᠠ ᠾᠧᠵᠧᠦ ᠠᠴᠠ ᠵᠡᠭᠦᠨᠰᠢ ᠣᠶᠢᠷᠠᠯᠴᠠᠭ᠎ᠠ ᠪᠠᠶᠢᠬᠤ ᠲᠢᠶᠤᠤ ᠢᠦᠢ ᠱᠠᠨ ᠭᠡᠳᠡᠭ ᠠᠭᠤᠯᠠᠨ ᠳᠤ ᠲᠡᠭᠷᠢ ᠲᠤ ᠬᠠᠯᠢᠵᠦ ᠶᠡᠭᠡ ᠰᠠᠭᠤᠷᠢᠨ ᠎ ᠳᠤ ᠶᠢᠰᠦᠨ ᠵᠢᠯ ᠰᠠᠭᠤᠪᠠ᠃ ᠬᠤᠪᠢᠯᠠᠢ ᠬᠠᠭᠠᠨ ︵1215 — 1294︶ ᠲᠡᠷᠡ ᠪᠣᠯ ᠲᠤᠯᠤᠢ ᠶᠢᠨ ᠳᠦᠷᠪᠡᠳᠦᠭᠡᠷ ᠬᠦᠪᠡᠭᠦᠨ ᠮᠥᠨ᠃ ᠬᠤᠪᠢᠯᠠᠢ 1260 ᠣᠨ ᠳᠤ ᠶᠡᠭᠡ ᠬᠠᠭᠠᠨ ᠢᠶᠠᠷ ᠡᠷᠭᠦᠮᠵᠢᠯᠡᠭᠳᠡᠭᠡᠳ᠂ ᠬᠠᠭᠠᠨᠲᠤ ᠮᠤᠩᠭᠤᠯ ᠣᠯᠣᠰ ᠤᠨ ᠲᠠᠪᠤᠳᠣᠭᠠᠷ ᠬᠠᠭᠠᠨ ᠪᠤᠯᠵᠠᠢ᠃ 1271 ᠣᠨ ᠳᠤ ᠶᠡᠭᠡ ᠮᠤᠩᠭᠤᠯ ᠤᠯᠤᠰ ᠤᠨ ᠴᠣᠯᠠ ᠶᠢ ᠦᠭᠡᠷᠡᠴᠢᠯᠡᠨ ᠶᠤᠸᠠᠨ ᠣᠯᠣᠰ ᠬᠡᠮᠡᠨ ᠨᠡᠷᠡᠶᠢᠳᠴᠦ 1272 ᠣᠨ ᠳᠤ ᠳᠣᠮᠳᠠᠳᠣ ᠨᠡᠶᠢᠰᠯᠡᠯ ᠺᠠᠶᠢᠫᠢᠩ ᠬᠤᠲᠠ ᠶᠢ ᠲᠠᠶᠢᠳᠦ ᠭᠡᠵᠦ ᠦᠭᠡᠷᠡᠴᠢᠯᠡᠪᠡ᠃ ᠬᠤᠪᠢᠯᠠᠢ ᠬᠠᠭᠠᠨ ᠤ ᠨᠤᠶᠠᠷᠬᠠᠯ ᠤᠨ ᠬᠤᠭᠤᠴᠠᠭᠠᠨ ᠳᠤ ᠶᠤᠸᠠᠨ ᠣᠯᠣᠰ ᠬᠠᠮᠤᠭ ᠠᠴᠠ ᠴᠡᠴᠡᠭᠯᠡᠨ ᠮᠠᠨᠳᠣᠵᠣ ᠳᠣᠮᠳᠠᠳᠣ ᠣᠯᠣᠰ ᠲᠡᠦᠬᠡᠨ ᠳᠤ ᠭᠠᠷᠤᠭ᠎ᠠ ᠦᠭᠡᠢ ᠶᠡᠭᠡ ᠬᠡᠪᠴᠢᠶᠡᠨ ᠤ ᠨᠢᠭᠡᠳᠦᠮᠡᠯ ᠪᠠᠶᠢᠳᠠᠯ ᠳᠤ ᠣᠷᠣᠵᠠᠢ᠃ ᠦᠯᠵᠡᠶᠢᠲᠦ ᠬᠠᠭᠠᠨ ︵1265 — 1307︶ 1294 ᠣᠨ ᠳᠤ ᠬᠠᠭᠠᠨ ᠣᠷᠣᠨ ᠳᠤ ᠰᠠᠭᠤᠵᠣ᠂ ᠴᠣᠯᠠ ᠪᠠᠨ ᠮᠤᠩᠭᠤᠯ ᠢᠶᠠᠷ ᠦᠯᠵᠡᠶᠢᠲᠦ ᠬᠠᠭᠠᠨ ᠭᠡᠵᠦ ᠬᠢᠲᠠᠳ ᠢᠶᠠᠷ ᠴᠧᠩᠽᠦ᠋ᠩ ᠭᠡᠪᠡ᠃ ᠦᠯᠵᠡᠶᠢᠲᠦ ᠬᠠᠭᠠᠨ ᠪᠣᠯ ᠮᠤᠩᠭᠤᠯ ᠬᠠᠭᠠᠳ ᠤᠨ ᠵᠢᠷᠭᠤᠳᠣᠭᠠᠷ ᠬᠠᠭᠠᠨ ᠪᠤᠯᠤᠨ᠎ᠠ᠃ ᠦᠯᠵᠡᠶᠢᠲᠦ ᠬᠠᠭᠠᠨ ᠤ ᠦᠶ᠎ᠡ ᠳᠤ ᠭᠠᠳᠠᠭᠰᠢ ᠲᠤᠪᠲᠤᠯᠬᠤ ᠲᠠᠶᠢᠨ ᠨᠢ ᠨᠢᠭᠡᠨᠲᠡ ᠵᠤᠭᠰᠣᠵᠣ᠂ ᠲᠤᠲᠤᠭᠠᠳᠣ ᠳᠤ ᠪᠠᠨ ᠬᠠᠶᠢᠲᠦ ᠶᠢᠨ ᠡᠰᠡᠷᠭᠦᠴᠡᠯ ᠢ ᠲᠦᠪᠰᠢᠳᠬᠡᠨ᠂ ᠣᠯᠣᠰ ᠲᠦᠷᠦ ᠶᠢ ᠲᠤᠭᠲᠠᠪᠤᠷᠢᠵᠢᠭᠤᠯᠬᠤ ᠲᠠᠷᠢᠶᠠᠯᠠᠩ ᠢ ᠲᠡᠳᠬᠦᠬᠦ᠂ ᠭᠠᠶᠢᠯᠢ ᠶᠢ ᠬᠦᠩᠭᠡᠷᠡᠭᠦᠯᠬᠦ ᠵᠡᠷᠭᠡ ᠲᠦᠷᠦ ᠶᠢᠨ ᠪᠤᠲᠤᠯᠭ᠎ᠠ ᠠᠪᠴᠣ ᠣᠯᠣᠰ ᠲᠠᠶᠠᠭᠠᠷ ᠨᠢ ᠬᠦᠭᠵᠢᠭᠦᠨ ᠪᠠᠶᠢᠳᠠᠯ ᠳᠤ ᠣᠷᠣᠭᠰᠠᠨ ᠪᠠᠶᠢᠨ᠎ᠠ᠃ ᠬᠦᠯᠦᠭ ᠬᠠᠭᠠᠨ ︵1271 — 1311︶ ᠬᠦᠯᠦᠭ ᠬᠠᠭᠠᠨ ᠬᠠᠶᠢᠰᠠᠩ ᠴᠠᠭᠠᠭᠴᠢᠨ ᠮᠤᠭᠠᠢ ᠵᠢᠯ ᠲᠠᠢ᠃ 1307 ᠣᠨ ᠳᠤ ᠬᠠᠶᠢᠰᠠᠩ ᠬᠠᠭᠠᠨ ᠣᠷᠣ ᠵᠠᠯᠭᠠᠮᠵᠢᠯᠠᠨ᠂ ᠬᠠᠭᠠᠨ ᠴᠣᠯᠠ ᠪᠠᠨ ᠬᠦᠯᠦᠭ ᠭᠡᠵᠦ ᠬᠢᠲᠠᠳ ᠴᠣᠯᠠ ᠪᠠᠨ ᠦᠽᠦ᠋ᠩ ᠭᠡᠪᠡ᠃ ᠬᠦᠯᠦᠭ ᠬᠠᠭᠠᠨ ᠪᠣᠯ ᠮᠤᠩᠭᠤᠯ ᠬᠠᠭᠠᠳ ᠤᠨ ᠲᠤᠯᠤᠳᠣᠭᠠᠷ ᠬᠠᠭᠠᠨ ᠪᠤᠯᠤᠨ᠎ᠠ᠃ ᠬᠠᠶᠢᠰᠠᠩ ᠬᠠᠶᠢᠲᠦ ᠶᠢ ᠪᠤᠲᠠ ᠴᠣᠬᠢᠵᠦ ᠶᠤᠸᠠᠨ ᠣᠯᠣᠰ ᠤᠨ ᠣᠮᠠᠷᠠᠲᠣ ᠣᠷᠣᠨ ᠤ ᠲᠣᠳᠣᠭᠠᠳᠣ ᠶᠢᠨ ᠵᠦᠷᠢᠴᠡᠯ ᠢ ᠣᠰᠠᠳᠬᠠᠨ ᠲᠦᠷᠦ ᠭᠦᠷᠦᠨ ᠢᠶᠠᠨ ᠲᠣᠭᠲᠠᠭᠤᠨ ᠬᠦᠭᠵᠢᠭᠦᠨ ᠪᠤᠯᠭᠠᠵᠠᠢ᠃                   ᠠᠯᠲᠠᠨᠪᠠᠭᠠᠨ᠎ᠠ ᠮᠠᠲ᠋ᠧᠷᠢᠶᠠᠯ ᠬᠠᠩᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号