| 1937ᠣᠨ ︵ᠢᠷᠭᠡᠨ ᠤᠯᠤᠰ ᠤᠨ ᠬᠤᠷᠢᠨ ᠵᠢᠷᠭᠤᠳᠤᠭᠠᠷ ᠣᠨ︶ ᠳᠤ ᠳ᠋ᠠᠨᠢᠽᠠᠨ᠎ᠠ ᠶᠢᠨ ᠬᠠᠲᠤᠨ ᠶᠢᠨ ᠶᠦᠨ | ᠴᠧᠩ ᠤᠨ ᠰᠢᠭᠤᠳ ᠡᠷᠬᠢᠯᠡᠭᠡ ᠪᠠᠷ ᠳ᠋ᠢᠩ ᠶᠤᠸᠠᠨ ᠶᠢᠩ ᠳᠤ ᠠᠩᠬ᠎ᠠ ᠤᠳᠠᠭ᠎ᠠ ᠦᠬᠢᠳ ᠤᠨ ᠪᠦᠷᠢᠨ | ᠪᠠᠭ᠎ᠠᠰᠤᠷᠭᠠᠭᠤᠯᠢ ᠶᠢ ᠪᠠᠶᠢᠭᠤᠯᠵᠤ᠂40 ᠭᠠᠷᠤᠢ ᠰᠤᠷᠬᠤ ᠨᠠᠰᠤᠨ ᠤ ᠮᠣᠩᠭᠤᠯ ᠮᠠᠨᠵᠦ ᠦᠬᠢᠳ ᠢ ᠡᠯᠰᠡᠨ ᠠᠪᠴᠤ᠂ | ᠬᠢᠲᠠᠳ᠂ ᠮᠠᠨᠵᠤ ᠪᠢᠴᠢᠭ ᠵᠢᠭᠠᠵᠤ᠂ ᠠᠯᠠᠱᠠ ᠶᠢᠨ ᠲᠡᠤᠬᠡᠨ ᠳᠤ ᠰᠢᠨ᠎ᠡ ᠵᠤᠷᠪᠤᠰ ᠢ ᠲᠡᠮᠳᠡᠭᠯᠡᠪᠡ᠃ ᠶᠢᠨ ᠶᠦᠨ | ᠴᠧᠩ ᠬᠠᠲᠤᠨ ᠦᠪᠡᠷ ᠤᠨ ᠪᠡᠶ᠎ᠡ ᠪᠠᠷ ᠢᠶᠠᠨ ᠬᠠᠷᠢᠭᠤᠴᠠᠨ ᠬᠠᠮᠢᠶᠠᠷᠴᠤ ᠪᠠᠭᠰᠢᠯᠠᠵᠤ ᠪᠠᠶᠢᠪᠠ᠃ | ᠰᠡᠭᠦᠯ ᠳᠤ ᠨᠢ ᠮᠦᠨ ᠢᠷᠭᠡᠨ ᠤᠯᠤᠰ ᠤᠨ ᠦᠶ᠎ᠡ ᠳᠤ ᠦᠬᠢᠳ ᠤᠨ ᠰᠤᠷᠭᠠᠭᠤᠯᠢ ᠶᠢ ᠪᠠᠭᠰᠢ ᠶᠢᠨ ᠰᠤᠷᠭᠠᠭᠤᠯᠢ | ᠲᠠᠢ ᠨᠢᠭᠡᠳᠭᠡᠵᠤ᠂ ᠳ᠋ᠢᠩ ᠶᠤᠸᠠᠨ ᠶᠢᠩ ᠳᠤ ᠵᠦᠩ ᠱᠠᠨ ︵中山) ᠪᠠᠭ᠎ᠠ ᠰᠤᠷᠭᠠᠭᠤᠯᠢ ᠭᠡᠮᠡᠨ | ᠦᠭᠡᠷᠡᠴᠢᠯᠡᠨ ᠪᠠᠶᠢᠭᠤᠯᠪᠠ᠃ | ᠲᠤᠰ ᠰᠤᠷᠭᠠᠭᠤᠯᠢ ᠶᠢᠨ ᠲᠠᠷᠤᠭ᠎ᠠ ᠪᠠᠭᠰᠢ ᠶᠢᠨ ᠲᠤᠰᠢᠶᠠᠯ ᠳᠤ ᠮᠦᠨ ᠰᠤᠷᠭᠠᠭᠤᠯᠢ ᠶᠢᠨ ᠰᠢᠤᠸᠠᠢ ᠭᠦᠩ ᠡᠤ ︵薛 | 公武︶ ᠶᠢ ᠳᠠᠷᠤᠭ᠎ᠠ ᠪᠠᠷ ᠲᠤᠮᠢᠯᠠᠪᠠ᠃1942 ᠣᠨ ︵ᠢᠷᠭᠡᠨ ᠤᠯᠤᠰ ᠤᠨ ᠭᠤᠴᠢᠨ ᠨᠢᠭᠡᠳᠦᠭᠡᠷ ᠣᠨ︶ | ᠳᠤ ᠰᠢᠤᠸᠠᠢ ᠭᠦᠩ ᠡᠤ ᠶᠢ ᠭᠤᠮᠢᠨᠳᠠᠩ ᠤᠨ ᠲᠠᠩᠨᠠᠭᠤᠯ ᠤᠨ ᠭᠠᠵᠠᠷ ᠠᠴᠠ ᠡᠪ ᠬᠠᠮᠲᠤ ᠨᠠᠮ ᠤᠨ ᠰᠡᠵᠢᠭᠯᠡᠯᠲᠡᠢ | ᠡᠲᠡᠭᠡᠳ ᠢᠶᠠᠷ ᠪᠠᠷᠢᠪᠴᠢᠯᠠᠵᠤ ᠮᠦᠨ ᠵᠢᠯ ᠤᠨ ᠳᠦᠷᠪᠡᠨ ᠰᠠᠷ᠎ᠠ ᠳᠤ ᠯᠠᠨᠵᠸᠤ ᠬᠦᠷᠭᠡᠪᠡ᠃ | ᠲᠤᠬᠠᠢ ᠶᠢᠨ ᠦᠶ᠎ᠡ ᠳᠤ ᠰᠢᠤᠸᠠᠢ ᠭᠦᠩ ᠡᠤ 30 ᠨᠠᠰᠤ ᠬᠦᠷᠦᠭᠡᠳᠦᠢ᠂ ᠰᠢᠷ᠎ᠠ ᠴᠢᠷᠠᠢ ᠲᠠᠢ ᠭᠤᠶᠤ ᠵᠠᠯᠠᠭᠤ | ᠪᠠᠶᠢᠪᠠ᠃ ᠣᠷᠤᠨ ᠳᠤᠨᠢ ᠢᠷᠡᠭᠰᠡᠨ ᠮᠠᠶᠢᠷᠠᠨ ᠲᠠᠶᠢᠵᠢ ᠳ᠋ᠠᠰᠢᠳᠤᠨᠳᠠᠪ ᠢ ᠵᠠᠬᠢᠷᠤᠯ ᠳᠠᠷᠤᠭ᠎ᠠ ᠪᠠᠷ ᠲᠤᠮᠢᠯᠠᠪᠠ᠃ | ᠠᠩᠬᠠᠳᠤᠭᠠᠷ ᠦᠬᠢᠳ ᠤᠨ ᠰᠤᠷᠭᠠᠭᠤᠯᠢ ᠶᠢᠨ ᠪᠠᠭᠰᠢ ᠨᠠᠷ ᠤᠨ ᠨᠡᠷᠡᠰ | ᠵᠠᠬᠢᠷᠤᠯ ᠪᠠᠭᠰᠢ᠄ ᠶᠢᠨ ᠶᠦᠨ ᠴᠧᠩ | ᠠᠩᠭᠡᠯᠢ ᠬᠡᠯᠡᠨ ᠤ ᠪᠠᠭᠰᠢ᠄ ᠺᠠᠲ᠋ᠤᠯᠢᠭ ᠱᠠᠰᠢᠨᠲᠠᠨ ᠡᠮᠡᠭᠲᠡᠢ ᠫᠦ᠋ ᠮᠤ᠋ ᠱᠢ | ᠬᠢᠲᠠᠳ ᠬᠡᠯᠡᠨ ᠤ ᠪᠠᠭᠰᠢ᠄ ᠯᠢᠤ ᠶᠠᠨ ᠴᠢᠩ ︵刘岩青︶᠂ ᠰᠢᠶᠧ ᠰᠢᠶᠠᠩ ᠳ᠋ᠧ ︵谢向德︶᠂ | ᠢᠤᠢ ᠯᠠᠢ ᠲᠠᠩ ︵余来堂︶ | ᠮᠣᠩᠭᠤᠯ ᠬᠡᠯᠡᠨ ᠤ ᠪᠠᠭᠰᠢ᠄ ᠢᠤᠢ ᠨᠠᠰᠤᠨᠳᠠᠯᠠᠢ ᠨᠠᠷ ᠪᠠᠶᠢᠵᠡᠢ᠃ | ᠡᠮᠴᠢ ᠶᠢᠨ ᠹᠧᠩ ᠴᠢᠨ ᠤ ᠦᠬᠢᠨ ᠮᠤ᠋ ᠿᠦᠩ ᠪᠣᠯ ᠲᠤᠭ᠎ᠠ ᠪᠣᠳᠤᠯᠭ᠎ᠠ ᠪᠠ ᠳᠠᠭᠤᠤ ᠬᠦᠭᠵᠢᠮ ᠵᠢᠭᠠᠬᠤ ᠪᠠᠭᠰᠢ | ᠪᠠᠶᠢᠵᠡᠢ᠃ | ᠲᠤᠰ ᠰᠤᠷᠭᠠᠭᠤᠯᠢ ᠳᠤ ᠮᠣᠩᠭᠤᠯ᠂ ᠮᠠᠨᠵᠤ᠂ ᠬᠢᠲᠠᠳ ᠵᠡᠷᠭᠡ ᠦᠨᠳᠦᠰᠦᠲᠡᠨ ᠤ ᠦᠬᠢᠳ ᠰᠤᠷᠤᠯᠴᠠᠵᠤ ᠪᠠᠶᠢᠪᠠ᠃ | ᠰᠤᠷᠤᠭᠴᠢ ᠶᠢᠨ ᠬᠠᠮᠤᠭ ᠤᠨ ᠶᠡᠭᠡ ᠨᠢ14 ᠨᠠᠰᠤᠲᠠᠢ᠂ ᠬᠠᠮᠤᠭ ᠤᠨ ᠪᠠᠭ᠎ᠠ ᠨᠢ7 ᠨᠠᠰᠤᠲᠠᠢ ᠪᠠᠶᠢᠪᠠ᠃ | ᠪᠦᠬᠦ ᠰᠤᠷᠭᠠᠭᠤᠯᠢ ᠪᠠᠷᠤᠭ ᠲᠠᠪᠢᠭᠠᠳ ᠰᠤᠷᠤᠭᠴᠢ ᠲᠠᠢ ᠪᠠᠶᠢᠵᠤ᠂ ᠪᠠᠷᠠᠭᠤᠨ ᠭᠡᠭᠡᠨ ᠤ ᠯᠠᠪᠷᠤᠩ ᠳᠤ ᠰᠠᠭᠤᠵᠤ | ᠪᠠᠶᠢᠪᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |