| | 1940 ᠣᠨ ︵ᠢᠷᠭᠡᠨ ᠤᠯᠤᠰ ᠤᠨ ᠬᠤᠷᠢᠨ ᠶᠢᠰᠦᠳᠦᠭᠡᠷ ᠣᠨ︶ ᠳᠤ ᠳ᠋ᠢᠩ ᠶᠤᠸᠠᠨ ᠶᠢᠩ ᠳᠤ | ᠲᠤᠷᠰᠢᠯᠲᠠ ᠶᠢᠨ ᠪᠠᠭ᠎ᠠ ᠰᠤᠷᠭᠠᠭᠤᠯᠢ ᠶᠢ ᠡᠭᠦᠰᠬᠡᠨ ᠪᠠᠶᠢᠭᠤᠯᠵᠤ᠂ ᠬᠡᠰᠡᠭ ᠬᠡᠤᠬᠡᠳ ᠢ ᠬᠤᠷᠢᠶᠠᠵᠤ | ᠰᠤᠷᠤᠯᠴᠠᠭᠤᠯᠵᠡᠢ᠃ | ᠮᠦᠨ ᠵᠢᠯ ᠤᠨ ᠠᠷᠪᠠᠨ ᠰᠠᠷ᠎ᠠ ᠶᠢᠨ ᠠᠷᠪᠠᠨ ᠳᠦᠷᠪᠡᠨ ᠳᠤ ᠯᠠᠨᠵᠸᠤ ᠠᠴᠠ ᠳ᠋ᠠᠨᠢᠽᠠᠨ᠎ᠠ ᠨᠤᠶᠠᠨ ᠤ ᠵᠠᠬᠢᠶ᠎ᠠ ᠳᠤ ︽ | ᠡᠲᠦᠭᠡ ᠪᠠᠶᠢᠭᠤᠯᠤᠭᠰᠠᠨ ᠮᠣᠩᠭᠤᠯ ᠪᠠᠭ᠎ᠠ ᠰᠤᠷᠭᠠᠭᠤᠯᠢ ᠶᠢ ᠰᠠᠶᠢᠵᠢᠷᠠᠭᠤᠯᠵᠤ᠂ ᠰᠤᠷᠬᠤ ᠬᠡᠤᠬᠡᠳ ᠢ ᠵᠠᠷᠯᠠᠨ ᠠᠪᠴᠤ | ᠰᠤᠷᠤᠯᠴᠠᠭᠤᠯᠬᠤ ᠬᠡᠷᠡᠭᠲᠡᠢ᠃ ᠬᠢᠲᠠᠳ ᠮᠣᠩᠭᠤᠯ ᠤᠳᠬ᠎ᠠ ᠶᠢ ᠨᠡᠭᠡᠭᠡᠬᠦ ᠬᠡᠷᠡᠭᠲᠡᠢ︾ ᠭᠡᠵᠦ ᠱᠠᠭᠠᠷᠳᠠᠵᠡᠢ᠃ | 1941 ᠣᠨ ︵ᠢᠷᠭᠡᠨ ᠤᠯᠤᠰ ᠤᠨ ᠭᠤᠴᠢᠳᠤᠭᠠᠷ ᠣᠨ︶ ᠤ ᠶᠢᠰᠦᠨ ᠰᠠᠷ᠎ᠠ ᠶᠢᠨ ᠨᠠᠢᠮᠠᠨ ᠤ ᠡᠳᠤᠷ᠂ | ᠨᠣᠶᠠᠨᠲᠠᠨ ᠳ᠋ᠠᠨᠢᠽᠠᠨ᠎ᠠ ᠵᠠᠬᠢᠶ᠎ᠠ ᠪᠠᠭᠤᠯᠭᠠᠵᠤ᠂ ᠮᠣᠩᠭᠤᠯ ᠬᠡᠤᠬᠡᠳ ᠢ ᠵᠠᠷᠯᠠᠨ ᠠᠪᠴᠤ ᠰᠤᠷᠭᠠᠭᠤᠯᠢ ᠳᠤ ᠰᠠᠭᠤᠯᠭᠠᠵᠤ᠂ | ᠪᠢᠴᠢᠭ ᠴᠡᠷᠢᠭ ᠤᠨ ᠡᠷᠳᠡᠮ ᠢ ᠪᠣᠯᠪᠠᠰᠤᠷᠠᠭᠤᠯᠵᠤ᠂ ᠤᠳᠬ᠎ᠠ ᠰᠤᠶᠤᠯ ᠢ ᠨᠡᠭᠡᠭᠡᠭᠳᠡᠭᠦᠯᠵᠦ᠂ ᠨᠤᠲᠤᠭ ᠣᠷᠣᠨ ᠢ | ᠬᠠᠮᠠᠭᠠᠯᠠᠬᠤ ᠬᠡᠷᠡᠭᠲᠡᠢ ᠭᠡᠰᠡᠨ ᠢ ᠲᠠᠭᠠᠵᠤ᠂ ᠮᠣᠩᠭᠤᠯ ᠰᠤᠷᠤᠭᠴᠢ ᠶᠢ ᠰᠠᠷ᠎ᠠ ᠰᠢᠬᠠᠮ ᠴᠡᠷᠢᠭ ᠤᠨ ᠪᠣᠯᠪᠠᠰᠤᠷᠠᠯ ᠢ | ᠬᠢᠯᠭᠡᠪᠡ᠃ ᠢᠷᠭᠡᠨ ᠤᠯᠤᠰ ᠤᠨ ᠭᠤᠴᠢᠨ ᠨᠢᠭᠡᠳᠤᠭᠡᠷ ᠣᠨ ᠪᠣᠯᠬᠤ ᠳᠤ ᠲᠤᠰ ᠰᠤᠷᠭᠠᠭᠤᠯᠢ ᠨᠡᠶᠢᠲᠡ 150 | ᠰᠤᠷᠤᠭᠴᠢ ᠲᠠᠢ ᠪᠤᠯᠵᠤ᠂ ᠰᠤᠷᠤᠭᠴᠢ ᠶᠢᠨ ᠪᠦᠬᠦ ᠵᠠᠷᠤᠳᠠᠯ ᠢ ᠬᠤᠰᠢᠭᠤᠨ ᠠᠴᠠ ᠬᠠᠩᠭᠠᠵᠤ ᠪᠠᠶᠢᠪᠠ᠃ | ᠮᠦᠨ ᠵᠢᠯ ᠳᠤ ᠮᠣᠩᠭᠤᠯ ᠢᠰᠯᠠᠮ ᠤᠨ ᠱᠠᠰᠢᠨᠲᠠᠨ ᠤ ᠵᠠᠩ ᠲᠠᠳᠬᠠᠯ ᠢ ᠬᠦᠨᠳᠦᠳᠬᠡᠵᠦ᠂ ᠲᠡᠨᠳᠡᠬᠢ ᠶᠢᠨ | ᠬᠡᠤᠬᠡᠳ ᠲᠤ ᠭᠤᠷᠪᠠᠨ ᠰᠤᠬᠠᠢ ᠶᠢᠨ ᠬᠤᠲᠤᠩ ᠰᠦᠮ᠎ᠡ ᠳᠡᠭᠡᠷ᠎ᠡ ᠲᠤᠰᠠᠭᠠᠷ ᠰᠤᠷᠭᠠᠭᠤᠯᠢ ᠪᠠᠶᠢᠭᠤᠯᠵᠤ᠂ | ᠲᠤᠬᠠᠢ ᠶᠢᠨ ᠦᠶ᠎ᠡ ᠳᠤ 20 ᠭᠠᠷᠤᠢ ᠰᠤᠷᠤᠭᠴᠢ ᠶᠢ ᠵᠣᠬᠢᠶᠠᠨ ᠪᠠᠶᠢᠭᠤᠯᠵᠤ᠂ ᠲᠦᠰᠢᠮᠡᠯ ᠢᠰᠯᠠᠮ ᠤᠨ ᠰᠢᠲᠦᠯᠭᠡᠨ | ᠲᠠᠢ ᠮᠣᠩᠭᠤᠯ ᠢᠮᠠᠮᠠ ᠠᠨ ︵安︶ ᠪᠠᠶᠠᠨ᠋ᠧᠴᠢᠷ ᠢᠶᠠᠷ ᠡᠷᠬᠢᠯᠡᠭᠦᠯᠪᠡ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |