| | ᠮᠤᠩᠭᠤᠯᠴᠤᠳ ᠠᠯᠢ ᠡᠷᠳᠡᠨ ᠠᠴᠠ ᠠᠪᠤᠭᠠᠳ ᠶᠠᠰᠤ ᠶᠢ ᠮᠠᠰᠢᠳᠠ ᠡᠷᠬᠢᠮᠯᠡᠨ ᠳᠡᠭᠡᠳᠦᠯᠡᠳᠡᠭ᠃ ᠮᠤᠩᠭᠤᠯᠴᠤᠳ ᠤᠨ | ᠶᠠᠰᠤ ᠶᠢ ᠡᠷᠬᠢᠮᠯᠡᠨ ᠳᠡᠭᠡᠳᠦᠯᠡᠬᠦ ᠵᠠᠩ ᠦᠢᠯᠠ ᠨᠢ ᠡᠷᠳᠡᠨ ᠠᠴᠠ ᠤᠯᠠᠮᠵᠢᠯᠠᠯ ᠲᠠᠢ ᠮᠦᠷᠳᠡᠭᠡᠨ ᠦᠪᠠᠷᠮᠢᠴᠠ | ᠤᠶᠢᠯᠭᠠᠯᠳᠠ ᠲᠠᠢ᠂ ᠦᠷᠦᠭᠡᠯ ᠪᠤᠰᠤᠳ ᠠᠴᠠ ᠢᠯᠭᠠᠭᠳᠠᠬᠤ ᠤᠨᠴᠠᠯᠢᠭ ᠲᠠᠢ ᠪᠠᠶᠢᠳᠠᠭ᠃ | ᠮᠤᠩᠭᠤᠯᠴᠤᠳ ︽ᠮᠠᠯ ᠤᠨ ᠪᠠᠶ᠎ᠠ ᠠᠴᠠ ᠭᠡᠭᠡᠭᠳᠡᠭᠦ ᠶᠠᠭᠤᠮ᠎ᠠ ᠭᠡᠵᠦ ᠶᠠᠷᠦ ᠪᠠᠶᠢᠳᠠᠭ ᠦᠭᠡᠢ︾᠂ ︽ᠮᠠᠯ ᠤᠨ ᠪᠦᠬᠦ | ᠪᠠᠶ᠎ᠠ ᠨᠢ ᠴᠦᠮ ᠡᠷᠳᠡᠨᠢ ᠶᠤᠮ᠃ ᠮᠠᠯ ᠤᠨ ᠮᠢᠬ᠎ᠠ ᠶᠢ ᠢᠳᠠᠵᠦ ᠠᠷᠠᠰᠦ ᠨᠤᠤᠰᠤ ᠶᠢ ᠨᠢ ᠡᠳ᠋ᠯᠡᠵᠦ ᠵᠠᠷᠤᠵᠦ ᠭᠡᠷᠡᠭᠯᠡᠵᠦ | ᠪᠤᠯᠬᠤ ᠪᠠᠷ ᠪᠠᠷᠠᠬᠤ ᠦᠭᠡᠢ᠂ ᠶᠠᠰᠤ ᠶᠢ ᠨᠢ ᠴᠤ ᠪᠠᠰᠠ ᠠᠰᠢᠭᠯᠠᠵᠦ ᠭᠡᠷᠡᠭᠯᠡᠵᠦ ᠡᠳ᠋ᠯᠡᠵᠦ ᠵᠠᠷᠤᠵᠦ ᠪᠤᠯᠳᠠᠭ︾ ᠭᠡᠵᠦ | ᠶᠠᠷᠢᠳᠠᠭ᠃ ᠳᠡᠭᠡᠭᠦᠯᠡᠷ ᠮᠤᠩᠭᠤᠯᠴᠤᠳ ᠮᠠᠯ ᠢᠶᠠᠨ ᠳᠦᠬᠦᠬᠡᠷᠴᠤ ᠪᠠᠵᠠᠭᠠᠵᠦ ᠮᠢᠬ᠎ᠠ ᠶᠢ ᠨᠢ ᠢᠳᠡᠴᠢᠭᠡᠭᠡᠳ᠂ | ᠶᠠᠰᠤ ᠶᠢ ᠨᠢ ᠶᠠᠷᠦ ᠠᠴᠠ ᠳᠤᠷ᠎ᠠ ᠪᠠᠷ ᠬᠠᠮᠢᠶ᠎ᠠ ᠬᠠᠶᠢᠳᠠᠭ ᠦᠭᠡᠢ ᠬᠠᠶᠠᠵᠦ ᠭᠡᠭᠡᠳᠡᠭ ᠦᠭᠡᠢ ᠪᠦᠭᠡᠳ ᠨᠤᠬᠠᠢ | ᠰᠢᠪᠠᠭᠤ ᠴᠤ ᠳᠠᠷᠠ ᠪᠤᠯᠭᠠᠨ ᠦᠭᠳᠡᠭ ᠦᠭᠡᠢ᠃ ᠭᠡᠷᠡᠭᠴᠡᠭᠡ ᠵᠠᠷᠤᠯᠭ᠎ᠠ᠂ ᠦᠢᠯᠠᠳᠦᠯ ᠠᠰᠢᠭᠯᠠᠭ᠎ᠠ ᠶᠢ ᠨᠢ | ᠦᠨᠳᠦᠰᠦᠯᠠᠨ ᠭᠡᠰᠡᠭᠯᠡᠵᠦ ᠪᠦᠯᠦᠭᠯᠡᠨ ᠬᠤᠷᠢᠶᠠᠵᠦ ᠬᠠᠳᠠᠭᠠᠯᠠᠳᠠᠭ ᠪᠤᠶᠤ ᠳᠠᠮᠠᠢ ᠭᠡᠷᠡᠭᠴᠡᠭᠡ ᠦᠭᠡᠢ ᠶᠢ ᠨᠢ | ᠪᠤᠯᠤᠭᠰᠠᠨ ᠴᠤ ᠤᠨᠴᠠᠯᠢᠭ ᠰᠢᠨᠵᠢ ᠶᠢ ᠨᠢ ᠦᠵᠠᠨ ︽ᠤᠷᠤᠨ︾ ︽ᠪᠠᠶᠢᠷᠢ︾ ᠤᠯᠭᠤᠨ ᠳᠤᠬᠢᠯᠢᠬᠠᠨ | ᠰᠢᠢᠳᠪᠤᠷᠢᠯᠡᠳᠡᠭ᠃ ᠭᠡᠭᠡᠷ᠎ᠡ ᠭᠠᠳᠠᠨ᠎ᠠ ᠬᠠᠶᠠᠭᠰᠠᠨ ︵ᠪᠤᠶᠤ ᠬᠠᠶᠠᠭᠳᠠᠭᠰᠠᠨ︶ ᠮᠠᠯ ᠤᠨ ᠶᠠᠰᠦ ᠶᠢ ᠴᠤ ︽ᠭᠡᠷᠡᠭ | ᠦᠭᠡᠢ ᠪᠤᠯᠴᠢᠬᠠᠭᠰᠠᠨ ᠶᠠᠭᠤᠮ᠎ᠠ ᠶᠤᠮ︾ ᠭᠡᠮᠡᠨ ᠭᠡ ᠦᠭᠡᠢ ᠳᠤᠷ᠎ᠠ ᠪᠠᠷ ᠢᠶᠠᠨ ᠬᠢᠰᠬᠢᠴᠠᠵᠦ ᠢᠰᠬᠦᠴᠠᠵᠦ | ᠭᠡᠮᠭᠡᠴᠠᠵᠦ ᠪᠠᠯᠪᠠᠴᠠᠳᠠᠭ ᠦᠭᠡᠢ᠃ ᠭᠡᠪ ᠵᠦᠢ ᠶᠢ ᠨᠢ ᠬᠠᠷᠠᠨ ᠨᠢᠭᠡ ᠳᠠᠯ᠎ᠠ ᠳᠠᠰᠢ ᠨᠢ ᠭᠠᠷᠭᠠᠨ ᠳᠡᠭᠰᠢᠯᠠᠵᠦ ᠳᠢᠭᠯᠡᠨ | ᠳᠠᠯᠪᠢᠳᠠᠭ᠃ ︽ᠮᠠᠯ ᠤᠨ ᠶᠠᠰᠤ ᠶᠢ ᠳᠤᠷ᠎ᠠ ᠪᠠᠷ ᠨᠢ ᠬᠠᠶᠠᠵᠦ ᠭᠡᠭᠡᠭᠦ ᠪᠤᠶᠤ ᠬᠢᠰᠬᠢᠴᠠᠵᠦ ᠢᠰᠬᠦᠴᠠᠵᠦ ᠭᠡᠮᠭᠡᠴᠠᠵᠦ | ᠪᠠᠯᠪᠠᠴᠠᠪᠠᠯ᠂ ︽ᠮᠠᠯ ᠤᠨ ᠭᠡᠰᠢᠭ ︵ᠵᠠᠶᠠᠭ᠎ᠠ︶ ᠪᠠᠭᠤᠷᠠᠨ᠎ᠠ᠂ ᠮᠠᠯ ᠦᠰᠬᠦ ᠦᠭᠡᠢ ᠦᠷᠠᠵᠢᠬᠦ ᠦᠭᠡᠢ ᠪᠤᠯᠤᠨ᠎ᠠ︾ | ᠭᠡᠵᠦ ᠴᠤ ᠭᠡᠯᠡᠳᠡᠭ᠃ | ᠮᠤᠩᠭᠤᠯᠴᠤᠳ ᠶᠠᠰᠦ ᠶᠢ ᠬᠠᠮᠤᠭ ᠤᠨ ᠬᠠᠳᠠᠭᠤ᠂ ᠴᠢᠨᠠᠷᠯᠢᠭ ᠶᠠᠭᠤᠮ᠎ᠠ ᠪᠠᠷ ᠦᠵᠡᠳᠡᠭ᠃ ᠠᠯᠢᠪᠠ ᠶᠠᠭᠤᠮᠠᠨ ᠤ | ᠴᠢᠨᠠᠷ᠂ ᠦᠨ᠎ᠠ ᠦᠷᠳᠡᠭ ᠢ ᠶᠠᠰᠤ ᠪᠠᠷ ᠵᠢᠱᠢᠶᠠᠯᠠᠵᠦ ᠦᠨᠠᠯᠠᠳᠡᠭ᠃ ᠬᠦᠮᠦᠨ ᠤ ᠰᠠᠶᠢᠨ ᠮᠠᠭᠤ ︵ᠬᠦᠮᠦᠨ ᠴᠢᠨᠠᠷ︶ | ᠶᠢ ᠨᠢ ᠰᠢᠨᠵᠢᠬᠦ ᠳᠤ ︽ᠶᠠᠰᠦ ᠶᠢ ᠨᠢ ᠦᠵᠠᠵᠦ ᠶᠠᠩᠵᠦ ᠶᠢ ᠨᠢ ᠳᠠᠨᠢ︾ ᠭᠡᠳᠡᠭ ᠪᠤᠶᠤ ᠡᠷ᠎ᠡ ᠵᠤᠷᠢᠭ ᠲᠠᠢ᠂ | ᠡᠷᠠᠮᠡᠭᠡᠢ ᠳᠤᠷᠪᠢᠯᠢᠭ ᠬᠦᠮᠦᠨ ᠢ ᠪᠤᠯ ︽ᠶᠠᠰᠤ ᠬᠠᠳᠠᠭᠤ ᠬᠦᠮᠦᠨ︾ ᠭᠡᠵᠦ᠂ ᠵᠤᠷᠢᠭ ᠰᠦᠰᠦ ᠦᠭᠡᠢ᠂ ᠬᠦᠮᠦᠨ | ᠴᠢᠨᠠᠷ ᠪᠠᠷᠤᠭᠳᠠᠢ ᠬᠦᠮᠦᠨ ᠢ ᠪᠤᠯ ︽ᠶᠠᠰᠦ ᠮᠠᠭᠤᠳᠤ ᠶᠠᠪᠤᠨ ᠬᠠᠳᠠᠨ᠎ᠠ︾ ᠭᠡᠳᠡᠭ᠃ ᠡᠳ᠋ ᠳᠠᠸᠠᠷ᠂ ᠪᠤᠳᠠᠰ ᠤᠨ | ᠰᠠᠶᠢᠨ ᠮᠠᠭᠤ ᠶᠢ ᠳᠤᠳᠤᠯᠠᠬᠤ ᠳᠤ ︽ᠶᠠᠰᠦ ᠴᠢᠨᠠᠷ ᠢ ᠨᠢ ᠦᠵᠠ︾ ᠭᠡᠳᠡᠭ ᠪᠦᠭᠡᠳ ᠴᠢᠨᠠᠷ ᠰᠠᠶᠢᠨ᠂ ᠵᠢᠩᠬᠢᠨᠢ | ᠵᠦᠢᠯᠠᠰ ᠢ ᠪᠤᠯ ︽ᠶᠠᠰᠤᠯᠢᠭ ᠡᠳ᠋︾ ᠭᠡᠵᠦ᠂ ᠴᠢᠨᠠᠷ ᠮᠠᠭᠤ᠂ ᠬᠠᠭᠤᠷᠮᠠᠭ ᠰᠤᠯᠠᠮᠠᠭ ᠵᠦᠢᠯᠠᠰ ᠢ ᠪᠤᠯ ︽ᠶᠠᠰᠤ ᠮᠠᠭᠤ | ︾ ᠭᠡᠭᠦ ᠪᠤᠶᠤ ︽ᠶᠠᠰᠤᠯᠢᠭ ᠪᠤᠰᠤ︾ ᠭᠡᠳᠡᠭ᠃ ᠮᠠᠯ ᠳᠤ ᠬᠦᠢᠴᠠᠳ ᠳᠠᠷᠭᠤ ᠠᠪᠤᠭᠤᠯᠬᠤ ᠶᠢ ᠪᠤᠯ ︽ᠶᠠᠰᠤᠨ | ᠳᠠᠷᠭᠤ ᠠᠪᠤᠭᠤᠯᠬᠤ︾ ᠭᠡᠵᠦ᠂ ︽ᠮᠢᠬᠠᠨ ᠤ ᠬᠠᠭᠠᠨ ᠨᠢᠳᠦ᠂ ᠶᠠᠰᠤᠨ ᠤ ᠬᠠᠭᠠᠨ ᠰᠢᠳᠦ︾ ᠭᠡᠮᠡᠨ ᠦᠵᠠᠵᠦ | ᠮᠠᠯ ᠤᠨ ᠶᠠᠰᠤ ᠴᠢᠨᠠᠷ᠂ ᠨᠠᠰᠤ ᠵᠢᠯ ᠢ ᠳᠤᠳᠤᠯᠠᠬᠤ ᠳᠤ᠂ ᠰᠢᠳᠦ ᠶᠢ ᠨᠢ ᠳᠠᠳᠠᠨ ᠰᠢᠨᠵᠢᠵᠦ ᠳᠤᠳᠤᠯᠠᠳᠠᠭ᠃ ᠰᠢᠳᠦ | ᠪᠠᠷ ᠨᠢ ᠭᠡᠳᠦᠨ ᠨᠠᠰᠤ ᠲᠠᠢ ᠮᠠᠯ ᠪᠤᠶᠤ ᠬᠢᠷᠢ ᠵᠡᠷᠭᠡ ᠶᠢᠨ ᠴᠢᠨᠠᠷ ᠶᠠᠰᠤ ᠲᠠᠢ ᠮᠠᠯ ᠭᠡᠰᠡᠨ ᠢ ᠨᠢ ᠭᠡᠯᠡᠵᠦ ᠭᠠᠷᠭᠠᠳᠠᠭ᠃ | ᠤᠩᠭᠤᠰᠤ ᠨᠤᠤᠰᠤ ᠡᠯᠳᠠᠵᠦ ᠢᠰᠭᠡᠢ ᠬᠢᠬᠦ ᠳᠡᠭᠡᠨ ︽ᠶᠠᠰᠦ ᠠᠴᠠ ᠬᠠᠳᠠᠭᠤ᠂ ᠴᠠᠰᠤᠨ ᠠᠴᠠ ᠴᠠᠭᠠᠨ ᠪᠤᠯᠳᠤᠭᠠᠢ︾ | ᠭᠡᠮᠡᠨ ᠢᠷᠦᠭᠡᠵᠦ᠂ ᠶᠠᠮᠠᠷ ᠨᠢᠭᠡᠨ ᠶᠠᠪᠤᠳᠠᠯ ᠤᠴᠢᠷ ᠢ ᠪᠦᠳᠦᠭᠡᠭᠦ ᠳᠤ᠂ ︽ᠶᠠᠰᠦ ᠶᠢ ᠨᠢ ᠪᠠᠷᠢᠵᠦ ᠶᠤᠰᠤ ᠶᠢ ᠨᠢ | ᠳᠠᠭᠠᠬᠤ︾᠂ ︽ᠶᠠᠰᠤᠨ ᠳᠤ ᠨᠢ ᠮᠦᠷᠬᠦᠵᠦ ᠶᠤᠰᠤᠨ ᠳᠤ ᠨᠢ ᠶᠤᠤᠯᠠᠬᠤ︾᠂ ︽ᠶᠠᠰᠤᠨ ᠳᠤ ᠵᠠᠪᠰᠠᠷ ᠦᠭᠡᠢ᠂ | ᠶᠠᠪᠤᠳᠠᠯ ᠳᠤ ᠶᠠᠭᠠᠷᠠᠯ ᠦᠭᠡᠢ︾᠂ ︽ᠶᠤᠰᠤ ᠶᠢ ᠨᠢ ᠪᠠᠷᠢᠵᠦ᠂ ᠶᠠᠰᠤ ᠶᠢ ᠨᠢ ᠵᠠᠭᠤᠨ᠎ᠠ︾ ᠭᠡᠭᠦ ᠮᠠᠳᠤᠴᠢᠯᠠᠨ | ᠵᠦᠢᠷᠯᠠᠵᠦ ᠳᠦᠷᠰᠦᠯᠠᠵᠦ ᠵᠤᠷᠢᠵᠦ ᠵᠢᠳᠬᠦᠵᠦ ᠪᠦᠳᠦᠭᠡᠵᠦ ᠬᠦᠢᠴᠠᠳᠭᠡᠳᠡᠭ᠃ ᠪᠠᠰᠠ ᠡᠴᠢᠭᠡ ᠶᠢᠨ ᠳᠠᠯ᠎ᠠ ᠶᠢᠨ | ᠶᠢᠰᠤᠨ ᠦᠶ᠎ᠠ ︵ᠳᠡᠭᠡᠭᠡᠭᠰᠢ ᠶᠢᠰᠤᠨ ᠦᠶ᠎ᠠ︶ ᠶᠢ ᠪᠤᠯ ᠶᠠᠰᠤᠨ ᠳᠦᠷᠦᠯ ᠭᠡᠮᠡᠨ ᠳᠤᠭᠠᠯᠠᠵᠦ᠂ ᠳᠠᠷᠠ ᠦᠶ᠎ᠠ ︵ | ᠳᠡᠭᠡᠭᠡᠭᠰᠢ ᠶᠢᠰᠦᠨ ᠦᠶ᠎ᠠ︶ ᠦᠩᠭᠡᠷᠡᠭᠦ ᠳᠤ ᠰᠠᠶ᠋ᠢ ︽ᠶᠠᠰᠤ ᠴᠠᠶᠢᠷᠠᠯᠠ᠂ ᠦᠶ᠎ᠠ ᠰᠤᠨᠤᠯ᠎ᠠ᠂ ᠦᠶ᠎ᠠ ᠮᠤᠯᠳᠤᠷᠤᠯᠠ | ︵ᠰᠠᠳᠤᠨ ᠳᠦᠷᠦᠯ ᠤᠨ ᠬᠠᠷᠢᠴᠠᠭ᠎ᠠ ᠭᠡᠯᠬᠢᠶ᠎ᠡ ᠬᠤᠯᠠᠳᠤᠯ᠎ᠠ ᠭᠡᠰᠡᠨ ᠦᠭᠡ︶︾ ᠭᠡᠵᠦ ᠭᠡᠯᠡᠳᠡᠭ᠃ ᠬᠦᠮᠦᠨ ᠤ | ᠶᠠᠰᠤ ᠮᠦᠰᠦ ᠲᠠᠢ᠂ ᠬᠦᠮᠦᠨ ᠴᠢᠨᠠᠷ ᠲᠠᠢ᠂ ᠤᠳᠤᠮ ᠤᠭᠰᠠᠭ᠎ᠠ᠂ ᠨᠠᠷᠠ ᠳᠦᠷᠦ᠂ ᠨᠠᠶᠢᠭᠡᠮ ᠴᠠᠭ ᠲᠠᠭᠠᠨ | ᠤᠰᠤᠯᠳᠤᠯ ᠦᠭᠡᠢ ᠶᠠᠪᠤᠬᠤ ᠶᠢ ︽ᠨᠠᠷᠠ ᠪᠠᠨ ᠬᠤᠭᠤᠯᠠᠬᠤ ᠪᠠᠷ ᠶᠠᠰᠤ ᠪᠠᠨ ᠬᠤᠭᠤᠯ︾ ᠭᠡᠰᠡᠨ ᠦᠭᠡ ᠪᠠᠷ | ᠵᠤᠷᠢᠭᠵᠢᠭᠤᠯᠤᠨ ᠴᠢᠩᠭᠠᠯᠠᠵᠦ ᠵᠤᠵᠢᠭᠤᠯᠤᠨ ᠡᠷᠠᠰᠢᠭᠦᠯᠳᠡᠭ᠃ | ᠶᠠᠰᠤ ᠨᠢ ᠮᠤᠩᠭᠤᠯᠴᠤᠳ ᠤᠨ ᠠᠮᠢᠳᠤᠷᠠᠯ ᠤᠨᠳᠤᠷᠤᠯᠭ᠎ᠠ᠂ ᠨᠠᠭᠦᠳᠡᠯ ᠪᠠᠭᠤᠳᠠᠯ᠂ ᠡᠳ᠋ᠯᠠᠯ ᠭᠡᠷᠡᠭᠰᠡᠯ᠂ ᠵᠠᠰᠠᠯ ᠵᠢᠮᠰᠡᠭ | ᠂ ᠰᠤᠶᠤᠯ ᠢᠷᠭᠡᠨᠰᠢᠯ᠂ ᠵᠠᠩ ᠦᠢᠯᠠ ᠵᠡᠷᠭᠡ ᠲᠠᠢ ᠰᠠᠯᠤᠰᠢ ᠦᠭᠡᠢ ᠬᠤᠯᠪᠤᠭ᠎ᠠ ᠲᠠᠢ ᠪᠠᠶᠢᠳᠠᠭ᠃ ᠮᠠᠯ ᠤᠨ ᠢᠶᠠᠨ | ᠶᠠᠰᠤᠨ ᠤ ᠠᠴᠢ ᠬᠤᠯᠪᠤᠭᠳᠠᠯ ᠢ ᠬᠦᠢᠴᠠᠳ ᠳᠠᠨᠢᠭᠰᠠᠨ ᠮᠤᠩᠭᠤᠯᠴᠤᠳ ᠮᠢᠨᠢ ᠶᠠᠰᠤ ᠶᠢ ᠶᠠᠷᠦ ᠨᠢ ᠳᠤᠷ᠎ᠠ ᠪᠠᠷ | ᠭᠡᠭᠡᠵᠦ ᠬᠠᠶᠠᠳᠠᠭ ᠦᠭᠡᠢ ᠮᠦᠷᠳᠡᠭᠡᠨ ᠶᠠᠰᠤ ᠪᠦᠷᠢ ᠶᠢᠨ ᠤᠨᠴᠠᠯᠢᠭ ᠰᠢᠨᠵᠢ ᠶᠢ ᠬᠠᠷᠠᠨ᠂ ︵ᠶᠠᠰᠤ ᠶᠢ︶ ᠡᠮᠴᠢᠯᠭᠡ | ᠰᠤᠪᠢᠯᠭᠠ᠂ ᠳᠤᠮ ᠰᠢᠪᠰᠢᠯᠭᠡ᠂ ᠳᠠᠯᠠᠯᠭ᠎ᠠ ᠳᠠᠬᠢᠯᠭ᠎ᠠ᠂ ᠮᠡᠷᠭᠡ ᠳᠦᠯᠭᠡ᠂ ᠵᠠᠩ ᠦᠢᠯᠠ ᠳᠤ ᠪᠤᠯᠤᠨ ᠪᠤᠰᠤᠳ | ᠵᠦᠢᠯ ᠳᠤ ᠦᠷᠭᠡᠨ ᠢᠶᠠᠷ ᠭᠡᠷᠡᠭᠯᠡᠳᠡᠭ᠃ | ᠶᠠᠰᠤ ᠶᠢ ᠡᠳ᠋ᠯᠡᠯ ᠭᠡᠷᠡᠭᠰᠡᠯ ᠳᠤ ᠭᠡᠷᠡᠭᠯᠡᠳᠡᠭ᠃ ᠬᠤᠨᠢ᠂ ᠢᠮᠠᠭ᠎ᠠ᠂ ᠦᠭᠡᠷ ᠤᠨ ᠡᠪᠡᠷ ᠤᠨ ᠳᠤᠬᠤ ᠪᠤᠶᠤ | ᠳᠠᠭᠠᠷᠢᠳᠠᠰᠤ ᠪᠠᠷ ᠮᠤᠷᠢᠨ ᠤ ᠴᠢᠳᠦᠷ᠂ ᠨᠤᠭᠳᠤ᠂ ᠬᠠᠵᠠᠭᠠᠷ᠂ ᠦᠭᠡᠷ ᠤᠨ ᠡᠪᠡᠭᠡᠴᠢ ᠶᠢ ᠡᠯᠬᠦᠬᠦ ᠴᠠᠬᠤ ︵ᠭᠤᠬ᠎ᠠ︶ | ᠬᠢᠬᠦ ᠪᠤᠶᠤ ᠦᠭᠡᠷ ᠤᠨ ᠡᠪᠡᠷ ᠢᠶᠠᠷ ᠤᠭᠵᠢ᠂ ᠬᠤᠨᠳᠠᠭ᠎ᠠ ︵ᠡᠪᠡᠷ ᠬᠤᠨᠳᠠᠭ᠎ᠠ︶ ᠬᠢᠳᠡᠭ᠃ ᠮᠠᠯ ᠤᠨ ᠡᠪᠡᠷ | ᠳᠤᠯᠤᠭᠠᠢ ᠶᠢᠨ ᠶᠠᠰᠦ᠂ ᠳᠠᠯᠤᠨ ᠤ ᠶᠠᠰᠤ ᠵᠡᠷᠭᠡ ᠶᠢ ᠵᠠᠰᠠᠵᠦ ᠭᠤᠶᠤᠯᠠᠭᠠᠳ ᠭᠤᠶᠤᠯᠠᠯ ᠵᠠᠰᠠᠯ ᠤᠨ ᠵᠦᠢᠯᠠᠰ ᠪᠤᠯᠭᠠᠨ | ᠭᠡᠷ ᠲᠡᠭᠡᠨ ᠡᠯᠬᠦᠳᠡᠭ᠃ ᠶᠠᠰᠤ ︵ᠭᠤᠤᠯᠳᠠᠭᠤ ᠡᠪᠡᠷ︶ ᠶᠢ ᠵᠢᠵᠢᠭ ᠵᠢᠵᠢᠭ ᠬᠢᠷᠦᠭᠡᠳᠡᠨ ᠳᠠᠭᠠᠷᠢᠭᠠᠳ ᠴᠢᠳᠦᠷ ᠤᠨ | ᠴᠢᠭᠳᠠ ︵ᠳᠡᠭᠡᠭ︶᠂ ᠬᠤᠭᠤᠷ ᠤᠨ ᠳᠡᠪᠡᠭᠡ ᠬᠢᠵᠦ ᠪᠤᠯᠳᠠᠭ ᠪᠦᠭᠡᠳ ᠪᠤᠭᠳᠤᠭᠠᠰᠦ ᠶᠢᠨ ᠵᠠᠯᠭᠠᠨ ᠶᠠᠰᠤ ᠵᠡᠷᠭᠡ | ᠨᠠᠷᠢᠨ ᠶᠠᠰᠤ ᠪᠠᠷ ᠰᠢᠳᠦᠨ ᠤ ᠴᠢᠬᠢᠴᠢᠯᠠᠭᠦᠷ ᠬᠢᠵᠦ᠂ ᠡᠷᠡᠤ ᠶᠠᠰᠤ ᠪᠠᠷ ᠮᠠᠭᠠᠵᠢᠭᠤᠷ ᠬᠢᠵᠦ ᠪᠤᠯᠳᠠᠭ᠃ | ᠶᠠᠰᠤ ᠶᠢ ᠳᠤᠭᠯᠠᠭᠠᠮ ᠨᠠᠭᠠᠳᠤᠭᠤᠷ ᠲᠤ ᠭᠡᠷᠡᠭᠯᠡᠳᠡᠭ᠃ ᠬᠤᠨᠢ ᠢᠮᠠᠭᠠᠨ ᠤ ᠱᠠᠭ᠎ᠠ ᠶᠢ ᠴᠤᠭᠯᠠᠭᠤᠯᠠᠵᠦ | ᠰᠠᠬᠠᠴᠠᠭᠠᠬᠤ ︵ᠤᠨᠳᠤᠭᠤᠴᠠᠭᠠᠬᠤ︶᠂ ᠨᠢᠰᠯᠠᠴᠠᠭᠠᠬᠤ᠂ ᠰᠠᠶ᠋ᠢᠩ ᠤᠷᠬᠢᠬᠤ᠂ ᠬᠠᠵᠠ ︵ᠬᠠᠯᠵᠠ︶ ᠬᠠᠷᠪᠤᠬᠤ᠂ | ᠪᠤᠭᠤᠴᠠᠭᠠᠬᠤ ︵ᠪᠤᠭᠤ ᠶᠢᠨ ᠵᠢᠷᠬᠢᠭᠡ ᠳᠠᠯᠪᠢᠬᠤ︶᠂ ᠭᠡᠷ ᠪᠠᠷᠢᠬᠤ᠂ ᠳᠡᠷᠭᠡ ᠨᠠᠶᠢᠷᠠᠬᠤ᠂ ᠪᠠᠷᠢᠯᠴᠠᠭ᠎ᠠ ᠪᠠᠷᠢᠬᠤ ︵ | ᠳᠤᠭ᠎ᠠ ᠳᠠᠭᠠᠬᠤ︶᠂ ᠮᠤᠷᠢ ᠤᠷᠤᠯᠳᠤᠬᠤ ᠮᠠᠳᠤ ᠨᠠᠭᠠᠳᠤᠮ ᠨᠠᠭᠠᠳᠤᠳᠠᠭ᠃ ᠮᠠᠯ ᠤᠨ ᠰᠠᠭᠡᠷ ︵ᠭᠤᠤᠯ ᠤᠨ | ᠦᠨᠳᠦᠷ︶ ᠪᠤᠶᠤ ᠪᠤᠭᠳᠤᠭᠠᠰᠤ᠂ ᠱᠠᠭᠠᠨᠳᠤ ᠴᠦᠮᠦᠭᠡ ᠶᠢ ᠰᠢᠭᠠᠯᠠᠭᠠᠵᠦ ︵ᠨᠢᠳᠤᠷᠭᠠᠳᠤᠭᠤᠯᠠᠵᠦ︶ ᠵᠠᠯᠠᠭᠤ | ᠢᠳᠠᠷᠴᠤᠤᠯ ᠤᠨ ᠭᠠᠷ ᠤᠨ ᠬᠦᠴᠦ ᠪᠤᠯᠤᠨ ᠡᠪ ᠳᠠᠮ ᠢ ᠰᠢᠯᠭᠠᠨ ᠦᠵᠠᠳᠡᠭ᠃ ᠪᠠᠰᠠ ᠰᠢᠨ᠎ᠠ ᠭᠦᠷᠭᠡᠨ ᠢᠶᠠᠷ | ᠬᠦᠵᠦᠬᠦᠦ ᠮᠤᠰᠬᠢᠭᠤᠯᠠᠵᠦ ᠬᠢᠷᠢ ᠵᠡᠷᠭᠡ ᠴᠢᠳᠠᠯ ᠳᠠᠷᠠ ᠲᠠᠢ ᠶᠢ ᠨᠢ ᠰᠢᠯᠭᠠᠨ ᠦᠵᠠᠳᠡᠭ᠃ ᠪᠤᠭ ᠮᠠᠯ ᠤᠨ | ᠬᠠᠷᠴᠠᠭ᠎ᠠ ᠶᠠᠰᠤᠨ ᠤ ᠬᠠᠮᠤᠭ ᠡᠴᠤᠰ ᠤᠨ ᠦᠶ᠎ᠠ ᠶᠢ ︵ᠵᠠᠷᠢᠮ ᠭᠠᠵᠠᠷ ᠲᠤ ᠵᠤᠪᠠᠯᠠᠩᠳᠦ ᠨᠢᠷᠤᠭᠤ᠂ ᠠᠰᠠᠭᠤᠬᠤ | ᠨᠢᠷᠤᠭᠤ ᠴᠤ ᠭᠡᠳᠡᠭ︶ ᠰᠠᠯᠭᠠᠬᠤ ᠳᠤ᠂ ᠬᠠᠷᠢᠯᠴᠠᠨ ᠦᠭᠡ ᠠᠰᠠᠭᠤᠯᠴᠠᠵᠦ ᠦᠭᠡᠨ ᠤ ᠤᠷᠠᠨ ᠢᠶᠠᠨ ᠠᠳᠠᠯᠢᠳᠬᠠᠨ | ᠮᠠᠳᠭᠡᠯᠴᠠᠳᠡᠭ᠃ ᠶᠠᠰᠤ ᠪᠠᠷ ᠶᠠᠰᠤᠨ ᠫᠠᠢ ᠪᠤᠶᠤ ᠪᠤᠰᠤᠳ ᠵᠦᠢᠯ ᠤᠨ ᠳᠤᠭᠯᠠᠭᠠᠮ ᠨᠠᠭᠠᠳᠤᠭᠤᠷ ᠬᠢᠵᠦ ᠨᠠᠭᠠᠳᠴᠤ | ᠳᠤᠭᠯᠠᠵᠦ ᠴᠤ ᠪᠤᠯᠳᠠᠭ᠃ | ᠶᠠᠰᠤ ᠶᠢ ᠡᠮᠴᠢᠯᠭᠡ ᠰᠤᠪᠢᠯᠠᠭ᠎ᠠ ᠳᠤ ᠭᠡᠷᠡᠭᠯᠡᠳᠡᠭ᠃ ᠳᠠᠮᠢᠷ ᠳᠡᠩᠭᠡᠭᠡ ᠠᠨᠠᠢ ᠬᠦᠮᠦᠨ ᠪᠤᠶᠤ ᠡᠪᠡᠳᠴᠢᠨ ᠬᠠᠭᠤᠴᠢᠨ | ᠲᠠᠢ ᠬᠦᠮᠦᠨ ᠮᠢᠬ᠎ᠠ ᠶᠢ ᠨᠢ ᠰᠠᠶᠢᠳᠦᠷ ᠮᠦᠯᠵᠢᠭᠰᠡᠨ ᠶᠠᠰᠤ ᠶᠢ ᠰᠠᠶᠢᠳᠦᠷ ᠪᠤᠴᠠᠯᠭᠠᠵᠦ ᠱᠦᠯᠦ ᠶᠢ ᠨᠢ ᠤᠤᠭᠤᠪᠠᠯ | ᠳᠠᠮᠢᠷ ᠳᠡᠩᠭᠡᠭᠡ ᠤᠷᠤᠬᠤ ᠪᠤᠶᠤ ᠡᠷᠡᠭᠦᠯᠵᠢᠬᠦ ᠳᠤ ᠳᠤᠰᠠᠳᠠᠢ ᠭᠡᠵᠦ ᠶᠠᠰᠤᠨ ᠱᠦᠯᠦ ᠪᠤᠴᠠᠯᠭᠠᠵᠦ ᠤᠤᠭᠤᠯᠭᠠᠳᠠᠭ᠃ | ᠰᠢᠳᠦᠯᠠᠵᠦ ᠬᠦᠢᠴᠡᠭᠰᠡᠨ ᠬᠡᠤᠬᠡᠳ ᠤᠨ ᠰᠢᠳᠦ ᠶᠢ ᠰᠠᠭᠤᠯᠭᠠᠨ᠎ᠠ᠂ ᠪᠤᠯᠪᠠᠰᠤᠷᠠᠭᠤᠯᠤᠨ᠎ᠠ᠂ ᠴᠢᠩᠭᠠᠷᠠᠭᠤᠯᠤᠨ᠎ᠠ ᠭᠡᠵᠦ | ᠳᠤᠶᠢᠭ ᠪᠤᠶᠤ ᠪᠤᠷᠪᠢ ᠶᠢᠨ ᠶᠠᠰᠤ ᠶᠢ ᠮᠠᠷᠠᠭᠦᠯᠳᠡᠭ᠃ ᠬᠠᠪᠤᠷ ᠤᠨ ᠬᠠᠴᠢᠭ ᠴᠠᠭ ᠲᠤ ᠶᠠᠳᠠᠷᠠᠵᠦ ᠳᠤᠶᠢᠯᠳᠠᠭᠰᠠᠨ ᠮᠠᠯ | ᠳᠤ ᠳᠠᠮᠢᠷ ᠬᠦᠴᠦ ᠶᠢ ᠨᠢ ᠰᠠᠯᠬᠦᠨᠠ ᠭᠡᠵᠦ ᠶᠠᠰᠤᠨ ᠱᠦᠯᠦ ᠤᠤᠭᠤᠯᠭᠠᠳᠠᠭ ᠪᠦᠭᠡᠳ ᠶᠠᠰᠤ ᠶᠢ ᠰᠢᠳᠠᠭᠠᠨ | ᠦᠨᠦᠷᠯᠡᠭᠦᠯᠳᠡᠭ᠃ ᠵᠠᠷᠢᠮ ᠳᠠᠭᠠᠨ ᠶᠠᠰᠤ ᠶᠢ ᠭᠡᠮᠭᠡᠴᠠᠨ ᠭᠡᠮᠭᠡᠳᠡᠭ ᠢ ᠨᠢ ᠢᠳᠡᠭᠦᠯᠳᠡᠭ᠃ | ᠶᠠᠰᠤ ᠶᠢ ᠳᠤᠮ ᠰᠢᠪᠰᠢᠯᠭᠡ ᠳᠤ ᠭᠡᠷᠡᠭᠯᠳᠡᠭ᠃ ᠠᠯᠢᠪᠠ ᠠᠮᠢᠳᠠᠨ ᠤ ᠠᠮᠢᠨ ᠰᠦᠨᠠᠰᠦ ᠨᠢ ᠠᠮᠠᠨ ᠬᠦᠵᠦᠬᠦᠦ ᠳᠡᠭᠡᠨ | ᠪᠠᠶᠢᠳᠠᠭ ᠭᠡᠮᠡᠨ ᠦᠵᠠᠵᠦ᠂ ᠠᠮᠠᠨ ᠬᠦᠵᠦᠬᠦᠦ ᠶᠢ ᠴᠢᠨᠠᠵᠦ ᠢᠳᠠᠴᠢᠭᠡᠭᠡᠳ ︵ᠮᠢᠬ᠎ᠠ ᠶᠢ ᠰᠠᠶᠢᠳᠦᠷ ᠮᠦᠯᠵᠢᠴᠢᠭᠡᠭᠡᠳ | ︶ ᠦᠭᠡᠭᠦ ᠳᠤᠰᠤ ᠪᠠᠷ ᠴᠢᠮᠠᠨ ᠭᠠᠯ ᠳᠡᠭᠡᠨ ᠡᠷᠬᠦᠨ ᠰᠢᠳᠠᠭᠠᠵᠦ ᠦᠨᠠᠰᠦ ᠶᠢ ᠨᠢ ᠴᠠᠪᠠᠷ ᠰᠠᠶᠢᠬᠠᠨ ᠵᠦᠭ ︵ᠭᠠᠵᠠᠷ︶ | ᠲᠤ ᠰᠠᠴᠤᠳᠠᠭ᠃ ᠵᠠᠷᠢᠮ ᠭᠠᠵᠠᠷ ᠲᠤ ︵ᠭᠤᠤᠯᠳᠠᠭᠤ ᠦᠵᠦᠮᠦᠴᠢᠨ ᠳᠤ︶ ᠮᠠᠯ ᠤᠨ ᠦᠶ᠎ᠠ ᠰᠠᠬᠦᠯ ᠢ | ᠱᠠᠭᠠᠨᠳᠤ ᠶᠢᠨ ᠬᠠᠮᠳᠦ ᠳᠠᠪᠠᠭ ᠲᠤ ᠬᠢᠭᠡᠳ ᠭᠡᠭᠡᠷ᠎ᠡ ᠬᠤᠨᠤᠭᠤᠯᠤᠭᠰᠠᠨ ᠠᠳᠤᠭᠤ ᠮᠠᠯ ᠢᠶᠠᠨ ᠮᠠᠨᠠᠭᠤᠯᠠᠵᠦ ᠪᠠᠶᠢᠨ᠎ᠠ | ᠭᠡᠮᠡᠨ ᠭᠡᠷ ᠤᠨ ᠵᠠᠬᠦᠨ ᠬᠤᠶᠢᠳᠦ ᠪᠦᠰᠠᠯᠠᠬᠦᠷ ᠲᠤ ᠬᠠᠪᠴᠢᠭᠤᠯᠠᠵᠦ ᠳᠠᠯᠪᠢᠳᠠᠭ ︵ᠬᠤᠨᠤᠭᠤᠯᠳᠠᠭ︶᠃ | ᠪᠤᠭᠳᠤᠭᠠᠰᠤ ᠶᠢᠨ ᠮᠢᠬ᠎ᠠ ᠶᠢ ᠢᠳᠠᠬᠦ ᠳᠡᠭᠡᠨ ᠵᠠᠯᠭᠠᠨ ᠤ ᠪᠦᠯᠢᠭᠡ᠂ ᠭᠠᠳᠠᠷ ᠬᠠᠯᠢᠰᠦ ᠶᠢ ᠨᠢ ᠦᠯᠡᠳᠡᠭᠡᠵᠦ ᠮᠢᠬ᠎ᠠ ᠶᠢ | ᠨᠢ ᠰᠠᠶᠢᠬᠠᠨ ᠮᠦᠯᠵᠢᠴᠢᠭᠡᠭᠡᠳ ᠭᠤᠷᠪᠢ ᠶᠢᠨ ᠳᠠᠭᠠᠤ ᠬᠢ ᠬᠤᠪᠢᠯ ᠨᠦᠭᠡᠨ ᠳᠤ ᠨᠢ ᠳᠠᠷᠠᠰᠤ ᠬᠠᠪᠴᠢᠭᠤᠯᠠᠵᠦ ︽ | ᠮᠠᠯ ᠰᠠᠶᠢᠨ ᠬᠠᠷ᠎ᠠ︾᠂ ︽ᠠᠳᠤᠭᠤ ᠰᠠᠶᠢᠨ ᠮᠠᠨ᠎ᠠ︾ ᠭᠡᠵᠦ ᠳᠤᠮ ᠪᠤᠯᠭᠠᠨ ᠭᠡᠷ ᠤᠨ ᠪᠠᠷᠠᠭᠤᠨ ᠡᠮᠤᠨᠡᠬᠢ ᠤᠨᠢᠨ | ᠳᠤ ᠬᠠᠪᠴᠢᠭᠤᠯᠠᠵᠦ ᠳᠠᠯᠪᠢᠳᠠᠭ᠃ | ᠶᠠᠰᠤ ᠶᠢ ᠳᠠᠯᠠᠯᠭ᠎ᠠ ᠳᠠᠬᠢᠯᠭ᠎ᠠ ᠳᠤ ᠭᠡᠷᠡᠭᠯᠳᠡᠭ᠃ ᠭᠤᠤᠯ ᠨᠢ ᠠᠳᠤᠭᠤ᠂ ᠬᠤᠨᠢ᠂ ᠦᠭᠡᠷ ᠤᠨ ᠳᠤᠯᠤᠭᠠᠢ ᠶᠢᠨ | ᠶᠠᠰᠤ ᠪᠤᠶᠤ ᠪᠤᠭ ᠮᠠᠯ ᠤᠨ ᠱᠠᠭᠠᠨᠳᠤ ᠶᠢ ᠰᠢᠳᠦᠵᠦ ᠳᠠᠬᠢᠳᠠᠭ᠃ ᠮᠤᠩᠭᠤᠯᠴᠤᠳ ᠤᠨᠤᠵᠦ ᠪᠠᠶᠢᠭ᠎ᠠ ᠮᠤᠷᠢ ᠨᠢ ᠨᠠᠰᠤ | ᠦᠳᠠᠯᠠᠵᠦ ᠦᠬᠦᠪᠠᠯ᠂ ︽ᠰᠠᠶᠢᠨ ᠮᠤᠷᠢ ᠶᠢᠨ ᠵᠠᠶᠠᠭ᠎ᠠ ᠪᠤᠤ ᠳᠠᠰᠤᠷᠠᠭ︾ ᠭᠡᠮᠡᠨ ᠳᠤᠯᠤᠭᠠᠢ ᠶᠢᠨ ᠶᠠᠰᠤ ᠶᠢ ᠨᠢ | ᠬᠠᠳᠠᠭ ᠢᠶᠠᠷ ᠤᠷᠢᠶᠠᠵᠦ ᠬᠠᠳᠠᠭᠠᠯᠠᠬᠤ ᠪᠤᠶᠤ ᠬᠤᠮᠤᠯ ᠪᠤᠯᠤᠨ ᠦᠭᠡᠭᠦᠨ ᠴᠢᠯᠠᠭᠤ ᠪᠠᠷ ᠶᠢᠨ ᠴᠢᠮᠠᠵᠦ ︽ᠡᠨᠡ ᠰᠠᠶᠢᠨ | ᠮᠤᠷᠢᠨ ᠳᠤ ᠮᠢᠨᠢ ᠦᠯᠵᠠᠢ ᠬᠤᠳᠤᠭ ᠦᠨᠢᠳᠠ ᠤᠷᠤᠰᠢᠬᠤ ᠪᠤᠯᠳᠤᠭᠠᠢ︾ ᠭᠡᠮᠡᠨ ᠢᠷᠦᠭᠡᠨ ᠠᠳᠠᠰᠯᠠᠭᠠᠳ ᠦᠨᠳᠦᠷ | ᠠᠭᠤᠯᠠ ᠶᠢᠨ ᠤᠷᠤᠢ ᠳᠤ ᠠᠪᠠᠴᠠᠵᠦ ᠤᠷᠤᠩᠨᠠᠭᠤᠯᠠᠵᠦ ᠳᠠᠯᠪᠢᠳᠠᠭ᠃ ᠮᠤᠩᠭᠤᠯᠴᠤᠳ ᠭᠠᠯ ᠢ ︽ᠠᠷᠢᠭᠤᠨ | ᠪᠦᠬᠦᠨ ᠤ ᠳᠡᠭᠡᠵᠢ︾ ᠭᠡᠮᠡᠨ ᠦᠵᠠᠵᠦ ᠵᠢᠯ ᠪᠦᠷᠢ ᠶᠢᠨ ᠬᠦᠭᠡᠭᠡ ᠰᠠᠷ᠎ᠠ ᠶᠢᠨ ᠬᠤᠷᠢᠨ ᠭᠤᠷᠪᠠᠨ ︵ᠪᠤᠶᠤ ᠬᠤᠷᠢᠨ | ᠳᠦᠷᠪᠡᠨ︶ ᠳᠤ ᠭᠠᠯ ᠢᠶᠠᠨ ᠮᠢᠬ᠎ᠠ᠂ ᠬᠦᠷᠦᠰᠦ᠂ ᠶᠠᠰᠤ ᠶᠢ ᠨᠢ ᠶᠠᠷᠦ ᠰᠠᠪᠳᠠᠭᠡᠵᠦ ᠭᠡᠮᠳᠡᠭᠡᠭᠰᠡᠨ ᠦᠭᠡᠢ ᠪᠦᠭᠡᠳ | ᠬᠢᠳᠤᠭᠠᠨ ᠢᠷ ᠬᠦᠷᠦᠭᠡ ᠦᠭᠡᠢ ᠪᠦᠳᠦᠨ ᠡᠪᠴᠢᠬᠦᠦ ᠪᠠᠷ ᠳᠠᠬᠢᠳᠠᠭ᠃ | ᠶᠠᠰᠤ ᠶᠢ ᠮᠡᠷᠭᠡ ᠳᠦᠯᠭᠡ ᠳᠤ ᠭᠡᠷᠡᠭᠯᠡᠳᠡᠭ᠃ ᠮᠠᠯ ᠤᠨ ᠳᠠᠯᠤ ᠪᠤᠶᠤ ᠱᠠᠭᠠᠨᠳᠤ ᠪᠠᠷ ᠮᠡᠷᠭᠡ ᠳᠦᠯᠭᠡ ᠦᠵᠡᠳᠡᠭ᠃ | ᠱᠠᠭᠠᠨᠳᠤ ᠠᠴᠠ ᠱᠠᠭ᠎ᠠ ᠶᠢ ᠨᠢ ᠰᠠᠯᠭᠠᠵᠦ ᠠᠪᠤᠭᠠᠳ ᠭᠤᠷᠪᠠ ᠤᠳᠠᠭ᠎ᠠ ᠤᠷᠬᠢᠵᠦ ︽ᠮᠤᠷᠢ︾ ᠳᠤᠰᠬᠠᠵᠦ | ᠦᠪᠠᠷ ᠤᠨ ᠪᠠᠶ᠎ᠠ ᠪᠤᠶᠤ ᠭᠡᠨ ᠨᠢᠭᠡᠨ ᠤ ᠪᠠᠨ ᠠᠵᠠ ᠲᠠᠢ ᠭᠡᠶᠢᠮᠤᠷᠢ ᠲᠠᠢ ᠶᠠᠪᠤᠵᠦ ᠪᠠᠶᠢᠬᠤ ᠡᠰᠠᠬᠦ ᠶᠢ ᠰᠢᠨᠵᠢᠳᠡᠭ᠃ | ᠱᠠᠭ᠎ᠠ ᠶᠢ ᠭᠤᠷᠪᠠ ᠤᠳᠠᠭ᠎ᠠ ᠤᠷᠬᠢᠭᠠᠳ ︽ᠮᠤᠷᠢ︾ ᠪᠠᠭᠤᠪᠠᠯ ᠡᠨᠡ ᠬᠦᠮᠦᠨ ᠢ ︽ᠶᠡᠭᠡᠳᠡ ᠠᠵᠠ ᠲᠠᠢ ᠬᠡᠶᠢᠮᠤᠷᠢ | ᠲᠠᠢ ᠬᠦᠮᠦᠨ᠂ ᠡᠬᠦᠨ ᠠᠴᠠ ᠬᠤᠶᠢᠰᠢ ᠠᠵᠠ ᠲᠠᠢ ᠭᠡᠶᠢᠮᠤᠷᠢ ᠲᠠᠢ ᠶᠠᠪᠤᠨ᠎ᠠ︾ ᠭᠡᠵᠦ ᠪᠡᠯᠭᠡᠰᠢᠶᠠᠨ ᠳᠠᠭᠠᠰᠢᠶᠠᠳᠠᠭ᠃ | ᠤᠯᠠᠩᠬᠢ ᠮᠤᠩᠭᠤᠯ ᠭᠠᠵᠠᠷ ᠬᠤᠨᠢᠨ ᠤ ᠳᠠᠯᠤᠨ ᠶᠠᠰᠤ ᠶᠢ ᠰᠢᠨᠵᠢᠪᠠᠯ ᠡᠵᠡᠨ ᠬᠦᠮᠦᠨ ᠤ ᠭᠡᠶᠢᠮᠤᠷᠢ ᠰᠦᠯᠳᠠ᠂ ᠡᠳ᠋ | ᠬᠦᠷᠦᠩᠭᠡ᠂ ᠠᠭᠠᠯᠢ ᠵᠠᠩ᠂ ᠠᠳᠤᠭᠤ ᠮᠠᠯ᠂ ᠠᠯᠢᠪᠠ ᠦᠢᠯᠠ ᠭᠡᠷᠡᠭ ᠢ ᠪᠦᠷᠢᠨ ᠮᠠᠳᠠᠵᠦ ᠪᠤᠯᠤᠨ᠎ᠠ ᠭᠡᠮᠡᠨ ᠳᠠᠯᠤᠨ | ᠶᠠᠰᠤ ᠶᠢ ᠮᠠᠷᠭᠡ ᠳᠦᠯᠭᠡ ᠳᠤ ᠤᠯᠠᠨ ᠭᠡᠷᠡᠭᠯᠠᠳᠡᠭ᠃ | ᠶᠠᠰᠤ ᠶᠢ ᠵᠠᠩ ᠠᠭᠠᠯᠢ ᠳᠤ ᠭᠡᠷᠡᠭᠯᠠᠳᠡᠭ᠃ ᠰᠢᠨ᠎ᠠ ᠭᠡᠷ ᠪᠠᠷᠢᠬᠤ᠂ ᠨᠠᠰᠦ ᠨᠠᠮᠠᠬᠦ᠂ ᠬᠡᠤᠬᠡᠳ ᠳᠦᠷᠦᠬᠦ᠂ ᠬᠦᠮᠦᠨ | ᠨᠠᠰᠤ ᠪᠠᠷᠠᠬᠤ ᠵᠡᠷᠭᠡ ᠳᠤ ᠴᠦᠮ ᠱᠠᠭᠠᠨᠳᠤ ᠴᠦᠮᠦᠭᠡ ᠶᠢᠨ ᠶᠠᠰᠤ ᠶᠢ ᠭᠡᠷᠡᠭᠯᠡᠳᠡᠭ᠃ ᠡᠩᠭᠦᠷᠡᠢ ᠨᠢᠷᠠᠢ ᠬᠡᠤᠬᠡᠳ ᠲᠤ | ᠡᠪᠡᠳᠴᠢᠨ ᠡᠮᠭᠡᠭ ᠪᠢᠳᠡᠭᠡᠢ ᠳᠤᠰᠤᠭ ᠭᠡᠮᠡᠨ ᠦᠯᠦᠭᠡᠢ ᠶᠢᠨ ᠪᠠᠷᠠᠭᠤᠨ ᠭᠠᠷ ᠳᠠᠯ᠎ᠠ ᠳᠤ ᠨᠢ ᠱᠠᠭᠠᠨᠳᠤ ᠴᠦᠮᠦᠭᠡ | ᠬᠠᠳᠠᠵᠦ ᠤᠶᠠᠳᠠᠭ ᠵᠠᠩᠰᠢᠯ ᠪᠤᠢ ᠪᠦᠭᠡᠳ ᠰᠠᠶ᠋ᠢ ᠭᠠᠷᠴᠤ ᠪᠠᠶᠢᠭ᠎ᠠ ᠬᠡᠤᠬᠡᠳ ᠲᠤ ᠱᠠᠭ᠎ᠠ ᠶᠢ ᠨᠦᠭᠡᠯᠡᠨ ᠤᠭᠤᠰᠤᠷ | ᠬᠠᠳᠠᠵᠦ ᠵᠡᠭᠦᠯᠭᠡᠳᠡᠭ ᠵᠠᠩᠰᠢᠯ ᠴᠤ ᠪᠤᠢ᠃ | ᠡᠭᠦᠨ ᠠᠴᠠ ᠠᠰᠳᠠᠭᠠᠨ ᠶᠠᠰᠤ ᠶᠢ ᠬᠡᠤᠬᠡᠳ ᠵᠠᠯᠠᠭᠤᠰ ᠢᠶᠠᠷ ᠰᠠᠶᠢᠳᠦᠷ ᠮᠦᠯᠵᠢᠬᠦᠯᠴᠢᠭᠡᠭᠡᠳ ᠭᠡᠮᠭᠡᠴᠠᠵᠦ ᠪᠠᠯᠪᠠᠴᠠᠨ | ᠰᠠᠶᠢᠳᠦᠷ ᠴᠢᠨᠠᠭᠠᠳ ᠳᠤᠰᠤ ᠶᠢ ᠨᠢ ᠭᠠᠷᠭᠠᠨ ᠠᠪᠴᠤ ᠳ᠋ᠧᠩ ᠵᠤᠯᠠ ᠪᠠᠷᠢᠬᠤ ᠳᠤ ᠭᠡᠷᠡᠭᠯᠡᠬᠦ ᠪᠤᠶᠤ ᠭᠤᠯᠢᠷ | ᠪᠠᠭᠰᠠᠭᠠᠵᠦ ᠪᠤᠤᠪᠤ ᠬᠠᠭᠠᠷᠢᠬᠤ ᠳᠤ ᠭᠡᠷᠡᠭᠯᠠᠳᠡᠭ ᠶᠤᠰᠤ ᠴᠤ ᠪᠤᠢ᠃᠂᠂᠂᠂᠂ | ᠶᠠᠰᠤᠨ ᠤ ᠦᠢᠯᠠᠳᠤᠯ ᠭᠡᠷᠡᠭᠴᠡᠭᠡ ᠭᠡᠵᠦ ᠡᠶᠢᠮᠦ ᠯᠠ ᠤᠯᠠᠨ︕ ᠳᠠᠭᠡᠭᠦ ᠳᠡᠭᠡᠨ ᠮᠤᠩᠭᠤᠯᠴᠤᠳ ᠮᠢᠨᠢ | ᠮᠠᠯ ᠤᠨ ᠢᠶᠠᠨ ᠶᠠᠰᠤ ᠶᠢ ᠡᠷᠬᠢᠮᠯᠡᠵᠦ ᠳᠠᠭᠡᠳᠦᠯᠠᠵᠦ᠂ ᠡᠳ᠋ᠯᠠᠵᠦ ᠭᠡᠷᠡᠭᠯᠡᠵᠦ᠂ ᠰᠢᠳᠦᠵᠦ ᠳᠠᠬᠢᠵᠦ ᠶᠠᠪᠤᠳᠠᠭ ᠪᠠᠶᠢᠭ᠎ᠠ ᠨᠢ | ᠳᠠᠷᠠ ᠪᠢᠯᠠ︕ |