| | ᠬᠤᠷᠢᠨ ᠭᠤᠷᠪᠠᠨ ︵ᠬᠤᠷᠢᠨ ᠳᠦᠷᠪᠡᠨ︶ ᠤ ᠭᠠᠯ ᠳᠠᠬᠢᠯᠭ᠎ᠠ ᠳᠤ ᠬᠦᠢᠴᠡᠳᠬᠡᠬᠦ ᠵᠠᠩ ᠦᠢᠯᠡ ᠨᠢ ᠠᠷᠪᠢᠨ | ᠪᠠᠶᠢᠳᠠᠭ ᠳᠤᠯᠠ ᠬᠦᠮᠦᠰ ᠡᠨᠡᠬᠦ ᠭᠠᠯ ᠳᠠᠬᠢᠯᠭ᠎ᠠ ᠪᠠᠨ ︽ᠶᠡᠭᠡ ᠭᠠᠯ ᠳᠠᠬᠢᠯᠭ᠎ᠠ︾ ᠬᠡᠵᠦ ᠨᠡᠷᠡᠯᠡᠳᠡᠭ᠃ ᠬᠡᠪᠡᠴᠦ | ᠨᠤᠳᠤᠭ ᠤᠰᠤᠨ ᠤ ᠦᠷᠬᠡᠨ ᠠᠭᠤᠳᠠᠮ ᠤᠨ ᠬᠠᠷᠠᠭ᠎ᠠ ᠪᠠᠷ ᠵᠠᠷᠢᠮ ᠨᠤᠳᠤᠭ ᠲᠤ ᠪᠠᠰᠠ ︽ᠤᠨ ᠤ ᠭᠠᠯ ᠳᠠᠬᠢᠯᠭ᠎ᠠ︾ | ᠂ ︽ᠡᠪᠦᠯ ᠤᠨ ᠭᠠᠯ ᠳᠠᠬᠢᠯᠭ᠎ᠠ︾ ᠬᠡᠵᠦ ᠴᠦ ᠬᠡᠯᠡᠳᠡᠭ ᠪᠠᠶᠢᠵᠠᠢ᠃ | ᠮᠤᠩᠭᠤᠯ ᠵᠠᠩ ᠦᠢᠯᠡ ᠶᠢᠨ ᠳᠤᠯᠭᠤᠷ ᠪᠢᠴᠢᠭ ᠪᠤᠯᠤᠭᠰᠠᠨ — ︽ᠮᠤᠩᠭᠤᠯ ᠵᠠᠩ ᠦᠢᠯᠡ ᠶᠢᠨ ᠨᠡᠪᠳᠡᠷᠬᠡᠢ | ᠳᠤᠯᠢ︾ ︵ᠤᠶᠤᠨ ᠤ ᠪᠤᠳᠢ︶᠂ ︵ᠳᠤᠷᠤᠭᠰᠢ ︽ᠳᠤᠯᠢ︾ ᠬᠡᠵᠦ ᠳᠦᠬᠦᠮᠴᠢᠯᠡᠪᠡ︶ ᠳᠤ᠄ ︽ᠬᠦᠮᠦᠨ | ᠳᠦᠷᠦᠯᠬᠢᠳᠡᠨ ᠠᠯᠢ ᠡᠷᠳᠡᠨ ᠠᠴᠠ ᠭᠠᠯ ᠢ ᠰᠢᠳᠦᠵᠦ ᠳᠠᠬᠢᠭᠰᠠᠭᠠᠷ ᠢᠷᠡᠵᠠᠢ᠃ ᠮᠤᠩᠭᠤᠯᠴᠤᠳ ᠤᠨ ᠡᠪᠦᠭᠡ | ᠳᠡᠬᠡᠳᠦᠰ ᠴᠦ ᠠᠯᠢ ᠤᠵᠤᠭᠤᠷ ᠠᠴᠠ ᠭᠠᠯ ᠢ ᠳᠠᠨᠢᠵᠤ ᠠᠰᠢᠭᠯᠠᠵᠤ ᠪᠢᠰᠢᠷᠡᠨ ᠰᠢᠳᠦᠵᠦ ᠡᠬᠢᠯᠡᠵᠠᠢ᠃ ᠳᠡᠳᠡᠨᠤᠰ | ᠭᠤᠷᠪᠠᠨ ᠴᠢᠯᠠᠭᠤ ᠪᠠᠷ ᠳᠤᠯᠭ᠎ᠠ ᠬᠢᠵᠦ᠂ ᠡᠬᠦᠨ ᠢᠶᠠᠨ ︿ᠭᠠᠯ ᠭᠤᠯᠤᠮᠳᠠ﹀ ᠬᠡᠵᠦ ᠨᠡᠷᠡᠶᠢᠳᠴᠦ᠂ ᠭᠠᠯ ᠢ ᠳᠦᠢᠯ | ᠤᠨ ᠡᠷᠬᠢᠮ ᠳᠡᠬᠡᠳᠦ ᠷᠢᠳᠢ ᠰᠢᠳᠢ ᠲᠠᠢ ᠶᠠᠭᠤᠮ᠎ᠠ ᠪᠠᠷ ᠦᠵᠡᠵᠦ᠂ ᠠᠷᠢᠭᠤᠨ ᠴᠢᠨᠠᠷ ᠲᠠᠢ᠂ ᠢᠯᠴᠢ ᠪᠠ ᠬᠡᠷᠡᠯ ᠢ | ᠠᠪᠴᠢᠷᠠᠭᠴᠢ ᠰᠠᠬᠢᠭᠤᠰᠤ ᠪᠤᠯᠭᠠᠵᠤ ᠪᠠᠶᠢᠵᠠᠢ︾① ᠬᠡᠵᠦ ᠳᠡᠮᠳᠡᠭᠯᠡᠵᠦ ᠪᠠᠶᠢᠳᠠᠭ ᠪᠢᠯᠡ᠃ | ᠮᠤᠩᠭᠤᠯᠴᠤᠳ ᠮᠠᠨᠢ᠂ ᠡᠷᠳᠡ ᠦᠶ᠎ᠡ ᠠᠴᠠ ︽ᠭᠤᠷᠪᠠᠨ ᠴᠢᠯᠠᠭᠤ ᠪᠠᠷ ᠳᠤᠯᠭ᠎ᠠ ᠬᠢᠵᠦ᠂ ᠡᠬᠦᠨ ᠢᠶᠠᠨ ︿ | ᠭᠠᠯ ᠭᠤᠯᠤᠮᠳᠠ﹀ ᠬᠡᠵᠦ ᠨᠡᠷᠡᠶᠢᠳᠴᠦ︾ ᠡᠬᠦᠨ ᠢᠶᠠᠨ ᠴᠢᠨᠠᠭᠰᠢ ᠯᠠᠪᠰᠢᠷᠠᠭᠤᠯᠤᠨ ᠤᠳᠬ᠎ᠠ ᠰᠢᠯᠵᠢᠬᠦᠯᠵᠦ ︽ᠠᠶᠢᠯ | ᠡᠷᠦᠬᠡ ᠶᠢᠨ ᠰᠦᠷ ᠰᠦᠯᠳᠡ︾ ᠪᠠᠷ ᠦᠵᠡᠬᠦ᠂ ︽ᠡᠷᠦᠬᠡ ᠶᠢᠨ ᠡᠵᠡᠨ ᠤ ᠵᠠᠯᠭᠠᠮᠵᠢᠯᠠᠭᠴᠢ ᠪᠠᠨ ︿ᠭᠤᠯᠤᠮᠳᠠ ᠶᠢᠨ | ᠡᠵᠡᠨ﹀︾ ② ᠬᠡᠵᠦ ᠦᠵᠡᠬᠦ ᠵᠠᠩᠰᠢᠯ ᠲᠠᠢ ᠪᠤᠯᠤᠭᠰᠠᠨ ᠪᠠᠶᠢᠳᠠᠭ᠃ ᠬᠡᠷᠪᠡ ︽ᠦᠷ᠎ᠡ ᠦᠨᠳᠦᠰᠦ ᠵᠠᠯᠭᠠᠮᠵᠢᠯᠠᠬᠤ | ᠬᠡᠥᠬᠡᠳ ᠦᠬᠡᠢ ᠪᠤᠯᠪᠠᠯ ︿ᠭᠠᠯ ᠭᠤᠯᠤᠮᠳᠠ ᠳᠠᠰᠤᠷᠠᠬᠤ ᠶᠤᠮ ᠪᠠᠶᠢᠨ᠎ᠠ﹀︾ ᠬᠡᠵᠦ ᠵᠤᠪᠠᠭ᠋ᠤ ᠪᠤᠯᠤᠭᠰᠠᠨ ᠪᠠᠶᠢᠳᠠᠭ᠃ | ᠮᠦᠨ ᠴᠦ ︽ᠳᠤᠯᠭ᠎ᠠ ᠲᠠᠢ ᠭᠠᠯ ᠤᠨ ᠳᠦᠯᠦ ᠨᠢ ᠨᠢᠬᠡ︾᠂ ︽ᠳᠤᠯᠭ᠎ᠠ ᠶᠢᠨ ᠭᠤᠷᠪᠠᠨ ᠴᠢᠯᠠᠭᠤ︾ ᠶᠢᠨ ᠠᠯᠢ | ᠨᠢ ᠴᠦ ᠳᠤᠳᠠᠵᠤ ᠪᠤᠯᠬᠤ ᠦᠬᠡᠢ ᠬᠡᠵᠦ ︽ᠪᠦᠯᠬᠦᠮᠳᠡᠯ ᠨᠢᠭᠳᠠᠷᠠᠯ︾ ︽ᠡᠶ᠎ᠡ ᠵᠤᠬᠢᠴᠠᠯ︾ ᠢ ᠡᠷᠬᠢᠮᠯᠡᠭᠰᠡᠬᠡᠷ | ᠢᠷᠡᠭᠰᠡᠨ ᠪᠠᠶᠢᠳᠠᠭ᠃ | ᠮᠤᠩᠭᠤᠯᠴᠤᠳ ᠤᠨ ︽ᠭᠠᠯ ᠳᠠᠬᠢᠯᠭ᠎ᠠ︾ ᠶᠢ ︽ᠠᠶᠢᠯ ᠡᠷᠦᠬᠡ ᠶᠢᠨ ᠳᠠᠬᠢᠯᠭ᠎ᠠ︾᠂ ︽ᠠᠯᠪᠠᠨ ᠳᠠᠬᠢᠯᠭ᠎ᠠ | ︾᠂ ︽ᠰᠦᠮ᠎ᠡ ᠬᠡᠶᠢᠳ ᠤᠨ ᠳᠠᠬᠢᠯᠭ᠎ᠠ︾ ᠬᠡᠵᠦ ᠭᠤᠷᠪᠠᠨ ᠳᠦᠷᠦᠯ ᠬᠤᠪᠢᠶᠠᠳᠠᠭ ᠠᠵᠢ᠃ ᠡᠨᠡᠬᠦ ᠭᠤᠷᠪᠠᠨ | ᠳᠦᠷᠦᠯ ᠵᠦᠢᠯ ᠤᠨ ᠳᠠᠬᠢᠯᠭ᠎ᠠ ᠪᠠᠨ ︽ᠪᠦᠬᠡ ᠮᠦᠷᠬᠦᠯ ᠤᠨ ᠶᠤᠰᠤ ᠪᠠᠷ ᠳᠠᠬᠢᠬᠤ᠂ ᠰᠢᠷ᠎ᠠ ᠶᠢᠨ ᠱᠠᠰᠢᠨ ᠤ | ᠰᠤᠷᠭᠠᠯ ᠢᠶᠠᠷ ᠳᠠᠬᠢᠬᠤ︾ ③ ᠬᠤᠶᠠᠷ ᠬᠡᠯᠪᠡᠷᠢ ᠪᠠᠷ ᠬᠢᠵᠦ ᠬᠦᠢᠴᠡᠳᠬᠡᠵᠦ ᠢᠷᠡᠭᠰᠡᠨ ᠪᠠᠶᠢᠵᠠᠢ᠃ ᠡᠨᠡᠬᠦ ᠬᠤᠶᠠᠷ | ᠬᠡᠯᠪᠡᠷᠢ ᠪᠠᠷ ᠬᠢᠵᠦ ᠬᠦᠢᠴᠡᠳᠬᠡᠬᠦ ᠴᠠᠭ ᠤᠨ ᠳᠤᠬᠢᠷᠠᠭᠤᠯᠭ᠎ᠠ ᠶᠢᠨ ᠬᠤᠪᠢ ᠳᠤ ︽ᠡᠳᠦᠷ ᠤᠨ ᠳᠠᠬᠢᠯᠭ᠎ᠠ︾᠂ ︽ | ᠰᠠᠷ᠎ᠠ ᠶᠢᠨ ᠳᠠᠬᠢᠯᠭ᠎ᠠ︾᠂ ︽ᠤᠯᠠᠷᠢᠯ ᠤᠨ ᠳᠠᠬᠢᠯᠭ᠎ᠠ︾᠂ ︽ᠶᠡᠭᠡ ᠭᠠᠯ ᠳᠠᠬᠢᠯᠭ᠎ᠠ︾④ ᠬᠡᠵᠦ ᠬᠤᠪᠢᠶᠠᠨ | ᠳᠤᠬᠢᠷᠠᠭᠤᠯᠵᠤ ᠬᠢᠳᠡᠭ ᠪᠠᠶᠢᠵᠠᠢ᠃ | ᠨᠤᠳᠤᠭ ᠤᠨ ᠨᠠᠰᠤᠳᠠᠳ ᠤᠨ ᠬᠡᠯᠡᠬᠦ ᠪᠠᠷ᠄ ᠦᠩᠬᠡᠷᠡᠭᠰᠡᠨ ᠳᠤ ᠡᠬᠡᠯ ᠶᠠᠳᠠᠭᠤ ᠠᠷᠠᠳ ᠤᠳ ᠮᠠᠨᠢ᠂ ᠭᠠᠯ | ᠭᠤᠯᠤᠮᠳᠠ ᠪᠠᠨ ᠳᠠᠬᠢᠵᠤ ᠰᠦᠰᠦᠭ ᠪᠢᠰᠢᠷᠡᠯ ᠢᠶᠠᠨ ᠬᠦᠢᠴᠡᠳᠬᠡᠬᠦ ᠳᠡᠭᠡᠨ ︽ᠡᠳᠦᠷ ᠤᠨ ᠳᠠᠬᠢᠯᠭ᠎ᠠ︾ ᠪᠤᠯᠤᠨ ︽ | ᠶᠡᠭᠡ ᠭᠠᠯ ᠳᠠᠬᠢᠯᠭ᠎ᠠ︾ ᠶᠢᠨ ᠬᠡᠯᠪᠡᠷᠢ ᠶᠢ ᠭᠤᠤᠯᠴᠢᠯᠠᠨ ᠬᠡᠷᠡᠭᠯᠡᠵᠦ ᠪᠠᠶᠢᠭᠰᠠᠨ ᠬᠡᠨ᠎ᠡ᠃ | ︽ᠡᠳᠦᠷ ᠤᠨ ᠳᠠᠬᠢᠯᠭ᠎ᠠ︾ ᠨᠢ ᠭᠤᠤᠯᠳᠠᠭᠤ᠄ ᠡᠳᠦᠷ ᠳᠤᠳᠤᠮ ᠤᠨ ᠴᠠᠭ ᠤᠨ ᠬᠤᠭᠤᠯᠠ ᠤᠮᠳᠠᠭᠠᠨ ᠤ ︽ | ᠳᠡᠬᠡᠵᠢ ᠪᠠᠨ ᠭᠠᠯ ᠳᠠᠭᠠᠨ ᠡᠷᠬᠦᠬᠦ᠂ ᠤᠷᠤᠭ ᠬᠤᠷᠢᠮ ᠳᠡᠬᠡᠷ᠎ᠡ ᠭᠠᠯ ᠭᠤᠯᠤᠮᠳᠠ ᠳᠠᠭᠠᠨ ᠮᠦᠷᠬᠦᠬᠦ ᠪᠤᠶᠤ ᠬᠡᠥᠬᠡᠳ | ᠦᠷᠡᠴᠢᠯᠡᠬᠦ᠂ ᠬᠡᠥᠬᠡᠳ ᠲᠠᠢ ᠪᠤᠯᠬᠤ᠂ ᠠᠶᠠᠨ ᠵᠢᠩ ᠳᠤ ᠶᠠᠪᠤᠬᠤ᠂ ᠴᠡᠷᠢᠭ ᠳᠠᠶᠢᠨ ᠳᠤ ᠮᠤᠷᠳᠠᠬᠤ᠂ ᠬᠤᠯᠠᠭᠠᠢ | ᠳᠡᠬᠡᠷᠡᠮ ᠠᠷᠪᠢᠳᠤᠬᠤ᠂ ᠭᠠᠩ ᠭᠠᠮᠰᠢᠭ ᠪᠤᠯᠬᠤ᠂ ᠡᠪᠡᠳᠴᠢᠨ ᠬᠢᠵᠢᠭ ᠳᠡᠯᠬᠡᠷᠡᠬᠦ᠂ ᠴᠢᠨ᠋ᠸ᠎ᠠ ᠨᠤᠬᠠᠢ ᠳᠤᠭᠰᠢᠷᠠᠬᠤ | ᠵᠡᠷᠬᠡ ᠡᠯᠳᠡᠪ ᠤᠴᠢᠷ ᠲᠤ ᠭᠠᠯ ᠭᠤᠯᠤᠮᠳᠠ ᠪᠠᠨ ᠳᠠᠬᠢᠵᠤ ᠠᠪᠤᠷᠠᠯ ᠳᠠᠭᠠᠳᠬᠠᠯ ᠭᠤᠶᠤᠬᠤ ᠵᠠᠩ ᠦᠢᠯᠡ︾⑤ ᠶᠢ | ᠬᠦᠢᠴᠡᠳᠬᠡᠳᠡᠭ ᠪᠠᠶᠢᠵᠠᠢ᠃ | ︽ᠡᠳᠦᠷ ᠤᠨ ᠳᠠᠬᠢᠯᠭ᠎ᠠ︾ ᠪᠤᠯᠤᠨ ︽ᠶᠡᠭᠡ ᠭᠠᠯ ᠳᠠᠬᠢᠯᠭ᠎ᠠ︾ ᠨᠢ ᠪᠠᠵᠠᠭᠠᠵᠤ ᠪᠡᠯᠡᠳᠬᠡᠬᠦ ᠬᠡᠪᠴᠢᠶ᠎ᠡ ᠨᠢ | ᠶᠡᠭᠡ ᠪᠠᠭ᠎ᠠ ᠶᠢᠨ ᠢᠯᠭᠠᠭ᠎ᠠ ᠲᠠᠢ᠂ ᠳᠠᠬᠢᠯᠭ᠎ᠠ ᠮᠦᠷᠬᠦᠯ ᠬᠢᠬᠦ ᠨᠢ ᠳᠦᠬᠦᠮ ᠨᠠᠷᠢᠯᠢᠭ ᠤᠨ ᠵᠦᠷᠢᠶᠡᠨ ᠲᠠᠢ ᠪᠠᠶᠢᠬᠤ | ᠳᠡᠳᠦᠢ ᠠᠴᠠ ᠪᠢᠰᠢ᠂ ᠭᠠᠯ ᠪᠤᠷᠬᠠᠨ ᠳᠤ ᠪᠠᠨ ᠰᠦᠰᠦᠭ ᠪᠢᠰᠢᠷᠡᠯ ᠢᠶᠠᠨ ᠢᠯᠡᠳᠬᠡᠬᠦ᠂ ᠡᠪᠦᠭᠡ ᠳᠡᠬᠡᠳᠦᠰ ᠲᠡᠭᠡᠨ | ᠬᠠᠶᠢᠷ᠎ᠠ ᠬᠦᠨᠳᠦᠳᠦᠬᠡᠯ ᠢᠶᠠᠨ ᠢᠯᠡᠳᠬᠡᠬᠦ ᠠᠭᠤᠯᠭ᠎ᠠ ᠶᠢᠨ ᠬᠤᠪᠢ ᠳᠤ ᠠᠪ ᠠᠳᠠᠯᠢᠬᠠᠨ ᠪᠠᠶᠢᠳᠠᠭ ᠤᠴᠢᠷ ᠲᠠᠢ | ᠬᠡᠳᠡᠭ᠃ | ᠮᠤᠩᠭᠤᠯᠴᠤᠳ ᠤᠨ ᠠᠯᠢ ᠤᠵᠠᠭᠤᠷ ᠠᠴᠠ ᠰᠢᠳᠦᠨ ᠳᠠᠬᠢᠵᠤ ᠢᠷᠡᠭᠰᠡᠨ ︽ᠭᠠᠯ ᠤᠨ ᠰᠠᠬᠢᠭᠤᠰᠤ︾ ᠪᠤᠯ | ᠳᠠᠷᠤᠢ ᠮᠤᠩᠭᠤᠯ ᠪᠦᠬᠡ ᠨᠠᠷ ᠤᠨ ᠰᠡᠳᠬᠢᠨ ᠪᠢᠰᠢᠯᠭᠠᠭᠰᠠᠨ ︽ᠤᠳᠬᠤᠨ ᠳᠡᠭᠷᠢ︾ ᠪᠤᠯᠤᠨ᠎ᠠ᠃ ᠡᠨᠡ ᠨᠢ ᠳᠠᠷᠤᠢ | ᠭᠠᠯ ᠤᠨ ᠰᠤᠳᠤᠷ ᠲᠤ ᠳᠤᠷᠠᠳᠤᠭᠳᠠᠵᠤ ᠪᠠᠶᠢᠳᠠᠭ ︽ᠠᠮᠢ ᠨᠠᠰᠤ᠂ ᠳᠦᠷᠦᠬᠦ ᠡᠰᠨᠢᠬᠦ ᠶᠢᠨ ᠡᠬᠢ ᠡᠬᠦᠰᠦᠯ︾ | ᠪᠤᠯᠤᠭᠰᠠᠨ ︽ᠡᠮ᠎ᠡ ᠬᠦᠢᠰᠦᠳᠡᠨ ᠪᠠ ᠡᠬᠡ ᠶᠢᠨ ᠪᠦᠷᠢᠯᠸ᠎ᠠ︾ ᠬᠡᠮᠡᠭᠳᠡᠭᠰᠡᠨ ︽ᠤᠳᠬᠤᠨ ᠭᠠᠯᠢᠬᠠᠨ ᠡᠬᠡ︾⑥ | ᠪᠤᠯᠤᠨ᠎ᠠ᠃ | ᠮᠤᠩᠭᠤᠯᠴᠤᠳ ᠨᠢ᠂ ᠡᠷᠳᠡ ᠦᠶ᠎ᠡ ᠳᠤ ︽ᠶᠡᠭᠡ ᠭᠠᠯ ᠳᠠᠬᠢᠯᠭ᠎ᠠ︾ ᠬᠢᠬᠦ ᠳᠡᠭᠡᠨ ︽ᠬᠤᠨᠢ ᠪᠠᠷ ᠳᠠᠬᠢᠳᠠᠭ | ᠵᠠᠩ ᠦᠢᠯᠡ︾⑦ ᠲᠠᠢ ᠪᠠᠶᠢᠵᠤ᠂ ᠰᠡᠬᠦᠯᠳᠡᠵᠦ ᠢᠷᠡᠬᠡᠳ ︽ᠬᠤᠨᠢᠨ ᠡᠪᠴᠢᠬᠦᠤ ᠪᠠᠷ ᠭᠤᠤᠯ ᠳᠠᠬᠢᠯ ᠳᠠᠪᠠᠭ | ᠪᠤᠯᠭᠠᠨ ᠭᠠᠯ ᠳᠠᠬᠢᠳᠠᠭ ᠵᠠᠩᠰᠢᠯ︾⑧ ᠲᠠᠢ ᠪᠤᠯᠤᠭᠰᠠᠨ ᠪᠠᠶᠢᠵᠠᠢ᠃ | ᠡᠶᠢᠮᠦᠷᠬᠦᠤ ᠦᠬᠡᠷᠡᠴᠢᠯᠡᠯᠳᠡ ᠭᠠᠷᠤᠭᠰᠠᠨ ᠤ ᠭᠤᠤᠯ ᠰᠢᠯᠳᠠᠭᠠᠨ ᠨᠢ᠂ ᠰᠢᠷ᠎ᠠ ᠶᠢᠨ ᠱᠠᠰᠢᠨ ᠤ ᠮᠤᠩᠭᠤᠯ | ᠤᠷᠤᠨ ᠳᠠᠬᠢ ᠬᠦᠭᠵᠢᠯᠳᠡ ᠯᠦᠭᠡ ᠬᠤᠯᠪᠤᠭ᠎ᠠ ᠲᠠᠢ ᠪᠠᠶᠢᠳᠠᠭ ᠠᠵᠢ᠃ | ︽ᠪᠦᠬᠦᠯᠢ ᠬᠤᠨᠢ ᠪᠠᠷ ᠭᠠᠯ ᠳᠠᠬᠢᠳᠠᠭ ᠨᠢ ᠪᠦᠬᠡ ᠮᠦᠷᠬᠦᠯ ᠤᠨ ᠵᠠᠩ ᠦᠢᠯᠡ ᠪᠠᠶᠢᠵᠤ᠂ ᠡᠪᠴᠢᠬᠦᠤ ᠪᠠᠷ | ᠭᠠᠯ ᠳᠠᠬᠢᠬᠤ ᠨᠢ ᠰᠢᠷ᠎ᠠ ᠶᠢᠨ ᠱᠠᠰᠢᠨ ᠤ ᠨᠤᠮᠯᠠᠯ ᠪᠦᠬᠡ ᠮᠦᠷᠬᠦᠯ ᠤᠨ ᠶᠤᠰᠤᠨ ᠲᠠᠢ ᠬᠤᠳᠬᠤᠯᠳᠤᠭᠰᠠᠨ︾⑨ | ᠵᠠᠩ ᠦᠢᠯᠡ ᠬᠡᠵᠦ ᠬᠡᠯᠡᠳᠡᠭ᠃ ᠡᠨᠡᠬᠦ ᠦᠬᠡᠷᠡᠴᠢᠯᠡᠯᠳᠡ ᠨᠢ ᠳᠠᠷᠤᠢ ᠯᠠᠮᠠ ᠨᠠᠷ ᠠᠴᠠ ᠰᠢᠷ᠎ᠠ ᠶᠢᠨ ᠱᠠᠰᠢᠨ ᠤ ᠨᠤᠮᠯᠠᠯ | ᠢ ᠵᠢᠷᠤᠮᠯᠠᠨᠮᠤᠩᠭᠤᠯᠴᠤᠳ ᠤᠨ ᠭᠠᠯ ᠳᠠᠬᠢᠬᠤ ᠵᠠᠩ ᠦᠢᠯᠡ ᠳᠤ ᠠᠭᠤᠯᠭ᠎ᠠ ᠨᠡᠮᠡᠷᠢᠯᠡᠨ᠂ ᠳᠠᠬᠢᠯᠭ᠎ᠠ ᠮᠦᠷᠬᠦᠯ ᠤᠨ | ᠶᠤᠰᠤᠨ ᠢ ᠨᠠᠷᠢᠯᠢᠭᠵᠢᠭᠤᠯᠵᠤ᠂ ᠭᠠᠯ ᠳᠠᠬᠢᠯᠭ᠎ᠠ ᠶᠢᠨ ᠰᠤᠶᠤᠯ ᠢ ᠴᠢᠨᠠᠭᠰᠢᠳᠠ ᠨᠢᠬᠡᠨ ᠠᠯᠬᠤᠮ ᠬᠦᠭᠵᠢᠬᠦᠯᠦᠭᠰᠡᠨ | ᠶᠠᠪᠤᠳᠠᠯ ᠬᠡᠵᠦ ︽ᠳᠤᠯᠢ︾ ᠳᠤ ᠳᠡᠮᠳᠡᠭᠯᠡᠵᠦ ᠪᠠᠶᠢᠳᠠᠭ ᠪᠢᠯᠡ᠃ ᠡᠨᠡᠬᠦ ᠦᠬᠡᠷᠡᠴᠢᠯᠡᠯᠳᠡ ᠨᠢ ᠮᠤᠩᠭᠤᠯᠴᠤᠳ ᠤᠨ | ᠤᠯᠠᠮᠵᠢᠯᠯᠠᠳᠤ ᠵᠠᠩᠰᠢᠯ ᠶᠤᠰᠤᠨ ᠯᠤᠭ᠎ᠠ ᠶᠡᠬᠡᠯ᠎ᠡ ᠶᠠᠪ ᠴᠠᠪ ᠨᠡᠶᠢᠴᠡᠭᠰᠡᠨ ᠪᠠᠶᠢᠳᠠᠭ ᠨᠢ ᠭᠠᠶᠢᠬᠠᠯᠳᠠᠢ ᠪᠢᠯᠡ᠃ | | ᠮᠤᠩᠭᠤᠯᠴᠤᠳ ᠤᠨ ᠵᠠᠩᠰᠢᠯ ᠶᠤᠰᠤᠨ ᠳᠤ ᠡᠪᠴᠢᠬᠦᠤ ᠶᠢ ︽ᠬᠠᠮᠤᠭ ᠮᠢᠬᠠᠨ ᠤ ᠳᠡᠪᠢᠰᠬᠡᠷ︾⑩ ᠬᠡᠮᠡᠨ | ᠦᠵᠡᠳᠡᠭ ᠨᠢᠬᠡᠨ ᠵᠠᠩᠰᠢᠯ ᠶᠤᠰᠤᠨ ᠪᠠᠶᠢᠳᠠᠭ᠃ | ᠮᠤᠩᠭᠤᠯᠴᠤᠳ ᠤᠨ ᠵᠠᠩᠰᠢᠯ ᠶᠤᠰᠤᠨ ᠳᠤ ᠪᠠᠰᠠ ︽ᠭᠠᠯ ᠤᠨ ᠡᠪᠴᠢᠬᠦᠨ ᠤ ᠬᠡᠷᠰᠡᠩ ᠳᠤᠨᠢ ᠠᠷᠠᠰᠦ ᠶᠢ | ᠨᠢ ᠦᠯᠡᠳᠡᠬᠡᠵᠦ︾ ᠪᠠᠶᠢᠳᠠᠭ ᠨᠢ᠂ ︽ᠠᠷᠠᠰᠤ ᠲᠠᠢ ᠬᠤᠨᠢ ᠪᠠᠷ ᠳᠠᠬᠢᠵᠤ ᠪᠠᠶᠢᠬᠤ︾ ᠯᠤᠭ᠎ᠠ ᠠᠳᠠᠯᠢᠬᠠᠨ ︽ | ᠰᠠᠨᠠᠭ᠎ᠠ︾⑾ ᠬᠡᠮᠡᠨ ᠦᠵᠡᠳᠡᠭ ᠨᠢᠬᠡᠨ ᠵᠠᠩᠰᠢᠯ ᠶᠤᠰᠤᠨ ᠴᠦ ᠪᠠᠶᠢᠳᠠᠭ ᠠᠵᠢ᠃ | ᠮᠤᠩᠭᠤᠯᠴᠤᠳ ᠤᠨ ᠵᠠᠩᠰᠢᠯ ᠶᠤᠰᠤᠨ ᠳᠤ ᠪᠠᠰᠠ ︽ᠡᠪᠴᠢᠬᠦᠤ ᠶᠢ ᠬᠠᠳᠤᠨ ᠬᠦᠮᠦᠨ ︵ᠡᠮ᠎ᠡ | ᠬᠦᠢᠰᠦᠳᠡᠨ︶ ᠤ ᠵᠤᠭᠤᠭ ᠢᠶᠠᠷ ᠬᠡᠷᠡᠭᠯᠡᠳᠡᠭ ᠵᠠᠩᠰᠢᠯ︾⑿ ᠴᠦ ᠪᠠᠶᠢᠳᠠᠭ ᠪᠠᠶᠢᠵᠠᠢ᠃ | ᠡᠶᠢᠮᠦ ᠠᠴᠠ ︽ᠡᠮ᠎ᠡ ᠬᠦᠢᠰᠦᠳᠡᠨ ᠪᠠ ᠡᠬᠡ ᠶᠢᠨ ᠪᠦᠷᠢᠯᠸ᠎ᠠ︾ ᠬᠡᠵᠦ ᠪᠢᠰᠢᠷᠡᠨ ᠰᠢᠳᠦᠵᠦ ᠪᠠᠶᠢᠭ᠎ᠠ ︽ | ᠭᠠᠯ ᠪᠤᠷᠬᠠᠨ︾ — ︽ᠤᠳᠬᠤᠨ ᠭᠠᠯᠢᠬᠠᠨ ᠡᠬᠡ︾ ᠪᠠᠨ ᠡᠪᠴᠢᠬᠦᠤ ᠪᠠᠷ ᠬᠦᠨᠳᠦᠳᠬᠡᠨ ᠳᠠᠬᠢᠬᠤ ᠨᠢ ᠵᠠᠩᠰᠢᠯ | ᠶᠤᠰᠤᠨ ᠳᠤ ᠨᠡᠶᠢᠴᠡᠬᠦ ᠤᠴᠢᠷ ᠪᠤᠯᠬᠤ ᠪᠢᠯᠡ᠃ | ᠪᠢᠳᠡᠨᠤᠰ ᠮᠤᠩᠭᠤᠯᠴᠤᠳ ᠤᠨ ᠢᠶᠠᠨ ᠪᠢᠯᠢᠭ ᠤᠨ ᠤᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ︵ | ᠬᠤᠷᠢᠨ ᠳᠦᠷᠪᠡᠨ︶ ᠤ ᠭᠠᠯ ᠳᠠᠬᠢᠯᠭ᠎ᠠ ᠶᠢᠨ ᠵᠠᠩ ᠦᠢᠯᠡ ᠶᠢᠨ ᠡᠬᠦᠰᠦᠨ ᠪᠦᠷᠢᠯᠳᠦᠵᠦ ᠬᠦᠭᠵᠢᠵᠦ ᠢᠷᠡᠭᠰᠡᠨ | ᠪᠠᠶᠢᠳᠠᠯ ᠢ ᠳᠤᠩᠭᠠᠨ ᠰᠢᠨᠵᠢᠯᠡᠵᠦ ᠦᠵᠡᠪᠡᠯ᠂ ᠡᠨᠡᠬᠦ ᠡᠳᠦᠷ ᠨᠢ ᠮᠤᠩᠭᠤᠯᠴᠤᠳ ᠤᠨ ᠴᠢᠬᠤᠯᠠ ᠨᠢᠬᠡᠨ ᠪᠠᠶᠠᠷ | ᠳᠤᠷᠠᠰᠬᠠᠯ ᠤᠨ ᠡᠳᠦᠷ ᠪᠤᠯᠬᠤ ᠮᠦᠷᠳᠡᠬᠡᠨ ᠮᠤᠩᠭᠤᠯ ᠰᠤᠶᠤᠯ ᠤᠨ ᠴᠢᠬᠤᠯᠠ ᠪᠦᠷᠢᠯᠳᠦᠬᠦᠨ ᠬᠡᠰᠡᠭ ᠨᠢ ᠪᠤᠯᠤᠨ᠎ᠠ | ᠬᠡᠳᠡᠭ ᠢ ᠳᠤᠳᠤᠷᠬᠠᠢ ᠮᠡᠳᠡᠵᠦ ᠪᠤᠯᠬᠤ ᠪᠢᠯᠡ ᠁ ︽ᠳᠤᠯᠢ︾ ᠳᠤ᠂ ︽ᠶᠡᠭᠡ ᠭᠠᠯ ᠳᠠᠬᠢᠯᠭ᠎ᠠ︾ ᠶᠢᠨ ᠵᠠᠩ | ᠦᠢᠯᠡ ᠨᠢ᠂ ᠠᠯᠢ ᠤᠵᠠᠭᠤᠷ ᠠᠴᠠ ᠡᠬᠦᠰᠴᠦ ᠤᠯᠠᠮᠵᠢᠯᠠᠨ ᠢᠷᠡᠭᠰᠡᠨ ᠴᠦ ︽13 ᠳ᠋ᠤᠭᠠᠷ ᠵᠠᠭᠤᠨ ᠤ ᠳᠤᠮᠳᠠᠴᠢ | ᠦᠶ᠎ᠡ ᠪᠤᠯᠳᠠᠯ᠎ᠠ ᠭᠠᠯ ᠳᠠᠬᠢᠬᠤ ᠳᠤᠭᠳᠠᠭᠰᠠᠨ ᠰᠠᠷ᠎ᠠ ᠡᠳᠦᠷ ᠪᠠᠶᠢᠭᠰᠠᠨ ᠦᠬᠡᠢ︾᠂ ︽ᠪᠢᠯᠢᠭ ᠤᠨ ᠤᠯᠠᠷᠢᠯ ᠤᠨ | ᠡᠪᠦᠯ ᠤᠨ ᠰᠡᠬᠦᠯ ᠰᠠᠷ᠎ᠠ ᠶᠢᠨ ᠬᠤᠷᠢᠳ ᠠᠴᠠ ᠬᠤᠶᠢᠰᠢ ᠭᠠᠯ ᠳᠠᠬᠢᠳᠠᠭ︾᠃ ᠡᠶᠢᠮᠦ ᠠᠴᠠ ︽ᠡᠨᠡ ᠰᠠᠷ᠎ᠠ ᠶᠢᠨ | ᠬᠤᠷᠢᠳ ᠢ ᠪᠠᠰᠠ ᠭᠠᠯ ᠤᠨ ᠬᠤᠷᠢᠳ ᠬᠡᠵᠦ ᠬᠡᠯᠡᠳᠡᠭ︾ ⒀ ᠬᠡᠮᠡᠨ ᠳᠡᠮᠳᠡᠭᠯᠡᠵᠦ ᠪᠠᠶᠢᠳᠠᠭ ᠪᠢᠯᠡ᠃ | ︽ᠳᠤᠯᠢ︾ ᠳᠤ ᠪᠠᠰᠠ ︽ᠶᠤᠸᠠᠨ ᠤᠯᠤᠰ ᠤᠨ ᠦᠶ᠎ᠡ ᠳᠤ ᠴᠢᠩᠬᠢᠰ ᠤᠨ ᠠᠯᠳᠠᠨ ᠤᠷᠤᠭᠳᠠᠨ ᠢ ︿ | ᠳᠠᠶᠢᠵᠢ﹀ ᠬᠡᠬᠦ ᠪᠤᠯᠤᠭᠰᠠᠨ ᠳᠤᠯᠠ ᠬᠤᠷᠢᠨ ᠭᠤᠷᠪᠠᠨ ᠪᠠ ᠬᠤᠷᠢᠨ ᠳᠦᠷᠪᠡᠨ ᠳᠤ ᠭᠠᠯ ᠳᠠᠬᠢᠬᠤ ᠶᠤᠰᠤ ᠨᠢ | ᠶᠤᠸᠠᠨ ᠤᠯᠤᠰ ᠤᠨ ᠦᠶ᠎ᠡ ᠠᠴᠠ ᠨᠠᠰᠢ ᠪᠤᠢ ᠪᠤᠯᠤᠭᠰᠠᠨ ᠪᠠᠶᠢᠨ᠎ᠠ︾᠂ ︽ᠤᠯᠠᠮᠵᠢᠯᠠᠯ ᠶᠠᠷᠢᠶᠠᠨ ᠳᠤ ᠪᠠᠰᠠ | ᠬᠠᠷᠠᠴᠤ ᠠᠶᠢᠯ ᠨᠢ ᠬᠤᠷᠢᠨ ᠭᠤᠷᠪᠠᠨ ᠳᠤ᠂ ᠳᠠᠶᠢᠵᠢ ᠨᠠᠷ ᠬᠤᠷᠢᠨ ᠳᠦᠷᠪᠡᠨ ᠳᠤ ᠭᠠᠯ ᠳᠠᠬᠢᠳᠠᠭ ᠬᠡᠳᠡᠭ︾⒁ | ᠬᠡᠮᠡᠨ ᠳᠡᠮᠳᠡᠭᠯᠡᠵᠦ ᠪᠠᠶᠢᠳᠠᠭ ᠰᠠᠨ᠃ | ᠡᠨᠡᠬᠦ ᠳᠡᠥᠬᠡ ᠳᠡᠮᠳᠡᠭᠯᠡᠯ ᠢ ᠦᠵᠡᠪᠡᠯ ᠬᠦᠮᠦᠰ ᠲᠤ᠄ ᠬᠤᠪᠢᠯᠠᠢ ᠬᠠᠭᠠᠨ ᠤ ᠦᠶ᠎ᠡ ᠪᠤᠶᠤ ᠳᠡᠬᠦᠨ ᠤ | ᠳᠠᠷᠠᠭᠠᠴᠢ ᠶᠢᠨ ᠬᠠᠭᠠᠳ ᠤᠨ ᠦᠶᠡᠰ᠂ ᠶᠠᠭᠠᠬᠢᠭᠠᠳ ᠪᠢᠯᠢᠭ ᠤᠨ ᠤᠯᠠᠷᠢᠯ ᠤᠨ ᠯᠠ ᠰᠠᠷ᠎ᠠ ᠶᠢᠨ ︽ᠬᠤᠷᠢᠨ | ᠭᠤᠷᠪᠠᠨ︾᠂ ︽ᠬᠤᠷᠢᠨ ᠳᠦᠷᠪᠡᠨ︾ ᠢ ᠭᠠᠯ ᠳᠠᠬᠢᠬᠤ ᠡᠳᠦᠷ ᠪᠤᠯᠭᠠᠨ ᠰᠤᠩᠭᠤᠨ ᠳᠤᠭᠳᠠᠭᠠᠭᠰᠠᠨ ᠳᠤᠬᠠᠢ ᠳᠤ | ᠰᠤᠨᠢᠷᠬᠠᠭᠰᠠᠨ ᠠᠰᠠᠭᠤᠳᠠᠯ ᠢ ᠳᠦᠷᠦᠭᠳᠡᠬᠦᠯᠬᠦ ᠨᠢ ᠯᠠᠪᠳᠠᠢ᠃ | ᠡᠨᠡᠬᠦ ᠠᠰᠠᠭᠤᠳᠠᠯ ᠨᠢ ᠪᠠᠷᠤᠭ ᠴᠢᠩᠬᠢᠰ ᠬᠠᠭᠠᠨ ᠨᠢᠬᠡᠨ ᠤᠳᠠᠭᠠᠨ ᠤ ᠳᠠᠶᠢᠨ ᠠᠴᠠ ᠪᠤᠴᠠᠵᠤ ᠢᠷᠡᠬᠡᠳ ︽ᠭᠠᠯ | ᠢᠶᠠᠨ ᠳᠠᠬᠢᠭᠰᠠᠨ︾ ᠳᠤᠬᠠᠢ ᠤᠯᠠᠮᠵᠢᠯᠠᠯ ᠶᠠᠷᠢᠶ᠎ᠠ ᠪᠠᠶᠢᠳᠠᠭ ᠯᠤᠭ᠎ᠠ ᠬᠤᠯᠪᠤᠭ᠎ᠠ ᠲᠠᠢ ᠪᠠᠶᠢᠵᠤ ᠮᠡᠳᠡᠨ᠎ᠡ ᠬᠡᠵᠦ ᠪᠢ | ᠪᠤᠳᠤᠬᠤ ᠶᠤᠮ᠃ ᠤᠯᠠᠮᠵᠢᠯᠠᠯ ᠶᠠᠷᠢᠶᠠᠨ ᠳᠤ᠄ ︽ᠴᠢᠩᠬᠢᠰ ᠬᠠᠭᠠᠨ ᠳᠠᠶᠢᠨ ᠳᠤ ᠮᠤᠷᠳᠠᠭᠠᠳ ᠪᠤᠴᠠᠬᠤ | ᠦᠶ᠎ᠡ ᠳᠤ ᠤᠷᠢᠳᠠᠢ ᠢᠷᠡᠭᠰᠡᠳ ᠨᠢ ᠬᠤᠷᠢᠨ ᠭᠤᠷᠪᠠᠨ ᠳᠤ ᠭᠠᠯ ᠳᠠᠬᠢᠵᠤ᠂ ᠡᠳᠦᠷ ᠢᠶᠠᠨ ᠠᠳᠡᠬᠦᠷᠡᠬᠡᠳ ᠨᠢᠬᠡ | ᠡᠳᠦᠷ ᠬᠤᠴᠤᠷᠴᠤ ᠢᠷᠡᠭᠰᠡᠳ ᠨᠢ ᠬᠤᠷᠢᠨ ᠳᠦᠷᠪᠡᠨ ᠳᠤ ᠭᠠᠯ ᠢᠶᠠᠨ ᠳᠠᠬᠢᠵᠠᠢ︾ ᠬᠡᠳᠡᠭ ⒂ ᠬᠡᠯᠡᠯᠬᠡ ᠪᠠᠶᠢᠳᠠᠭ᠃ | | ᠡᠶᠢᠮᠦ ᠠᠴᠠ ᠬᠤᠪᠢᠯᠠᠢ ᠬᠠᠭᠠᠨ ᠪᠤᠶᠤ ᠳᠡᠬᠦᠨ ᠤ ᠳᠠᠷᠠᠭᠠᠴᠢ ᠶᠢᠨ ᠬᠠᠭᠠᠳ ᠨᠢ᠂ ᠡᠪᠦᠭᠡ ᠳᠡᠬᠡᠳᠦ | ᠴᠢᠩᠬᠢᠰ ᠬᠠᠭᠠᠨ ᠤ ᠪᠠᠨ ᠡᠨᠡᠬᠦ ᠳᠡᠥᠬᠡᠨ ᠶᠠᠪᠤᠳᠠᠯ ᠢ ᠳᠤᠷᠠᠰᠬᠠᠨ ᠳᠡᠮᠳᠡᠭᠯᠡᠵᠦ ᠦᠯᠡᠳᠡᠬᠡᠬᠦ ᠶᠢᠨ ᠳᠦᠯᠦᠬᠡ ᠪᠢᠯᠢᠭ | ᠤᠨ ᠤᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ᠂ ᠬᠤᠷᠢᠨ ᠳᠦᠷᠪᠡᠨ ᠢᠶᠠᠷ ︽ᠶᠡᠭᠡ ᠭᠠᠯ ᠳᠠᠬᠢᠯᠭ᠎ᠠ︾ ᠶᠢᠨ | ᠰᠠᠷ᠎ᠠ ᠪᠤᠯᠭᠠᠨ ᠰᠤᠩᠭᠤᠨ ᠳᠤᠭᠳᠠᠭᠠᠭᠰᠠᠨ ᠪᠤᠯᠤᠯᠴᠠᠭ᠎ᠠ ᠶᠡᠭᠡ ᠬᠡᠵᠦ ᠤᠯᠳᠤᠢ ᠪᠢ ᠳᠦᠬᠦᠮᠬᠡᠨ ᠪᠤᠳᠤᠬᠤ ᠶᠤᠮ᠃ | ᠡᠨᠡ ᠪᠤᠯ ᠵᠦᠪᠬᠡᠨ ᠳᠠᠭᠠᠮᠠᠭᠯᠠᠯ ᠪᠤᠯᠬᠤ ᠳᠤᠯᠠ ᠡᠷᠬᠢᠮ ᠤᠩᠰᠢᠭᠴᠢᠳ ᠤᠨ ᠢᠶᠠᠨ ᠶᠠᠷᠢᠵᠤ ᠳᠠᠶᠢᠯᠪᠤᠷᠢᠯᠠᠵᠤ ᠦᠭᠬᠦ | ᠳᠤ ᠯᠠ ᠬᠦᠰᠡᠨ ᠨᠠᠶᠢᠳᠠᠰᠤᠭᠠᠢ᠃ | ᠵᠡᠬᠦᠯᠳᠡ᠄ ⑴ —⒂ ︽ᠮᠤᠩᠭᠤᠯ ᠵᠠᠩ ᠦᠢᠯᠡ ᠶᠢᠨ ᠨᠡᠪᠳᠡᠷᠬᠡᠢ ᠳᠤᠯᠢ︾ ﹇ᠤᠶᠤᠨ ᠤ ᠪᠤᠳᠢ﹈ | ᠂ ︽ᠶᠡᠭᠡ ᠭᠠᠯ ᠳᠠᠬᠢᠯᠭ᠎ᠠ︾ ᠶᠢᠨ ᠪᠦᠯᠦᠭ ᠲᠤ᠃ |