ᠬᠠᠳᠠᠭ ᠤᠨ ᠪᠡᠯᠭᠡᠰᠢᠶᠡᠯᠳᠤ ᠶᠤᠰᠤᠨ ᠤ ᠲᠤᠬᠠᠢ ᠤᠴᠢᠷᠯᠠᠬᠤᠢ
ᠨᠡᠶᠢᠲᠡᠯᠡᠭᠰᠡᠨ ᠴᠠᠭ᠄
2018/12/3
ᠬᠠᠳᠠᠭ ᠪᠤᠯ ᠰᠠᠶᠢᠬᠠᠨ ᠪᠦᠬᠦᠨ ᠤ ᠢᠯᠡᠳᠬᠡᠯ ᠪᠤᠯᠤᠨ᠎ᠠ᠃ ᠮᠤᠩᠭᠤᠯᠴᠤᠳ ᠬᠠᠳᠠᠭ ᠢ ᠤᠶᠤᠨ ᠰᠠᠨᠠᠭᠠᠨ ᠤ ᠪᠠᠨ ᠬᠠᠮᠤᠭ ᠤᠨ ᠡᠷᠬᠢᠮ ᠰᠠᠶᠢᠬᠠᠨ ᠤ ᠪᠡᠯᠬᠡᠰᠢᠶᠡᠯ ᠪᠤᠯᠭᠠᠨ ᠳᠡᠭᠡᠳᠦᠯᠡᠵᠤ᠂ ᠠᠮᠢᠳᠤᠷᠠᠯ ᠦᠢᠯᠡ ᠶᠠᠪᠤᠳᠠᠯ ᠤᠨ ᠢᠶᠠᠨ ᠦᠭᠡᠳᠡ ᠡᠰᠡᠷᠡᠭ᠂ ᠦᠯᠵᠡᠢ ᠬᠡᠶᠢᠮᠤᠷᠢ᠂ ᠡ᠊ᠩᠬᠡ ᠮᠡᠨᠳᠦ ᠶᠢ ᠢᠯᠡᠳᠭᠡᠳᠡᠭ ᠠᠵᠢ᠃ ᠬᠠᠳᠠᠭ ᠤᠨ ᠰᠤᠶᠤᠯ ᠮᠤᠩᠭᠤᠯᠴᠤᠳ ᠤᠨ ᠳᠤᠮᠳᠠ ᠤᠯᠠᠮᠵᠢᠯᠠᠭᠳᠠᠨ ᠳᠡᠭᠡᠳᠦᠯᠡᠭᠳᠡᠭᠡᠳ ᠨᠡᠯᠢᠶᠡᠳ ᠤᠷᠲᠤ ᠤᠳᠠᠭᠠᠨ ᠤᠨ ᠵᠠᠭᠤᠨ ᠢ ᠦᠩᠭᠡᠷᠡᠭᠡᠵᠤ ᠪᠤᠢ᠃ ᠭᠡᠬᠦ ᠳᠤ ᠬᠠᠳᠠᠭ ᠤᠨ ᠡᠷᠬᠢᠮ ᠰᠠᠶᠢᠬᠠᠨ ᠰᠤᠶᠤᠯ ᠨᠢ ᠵᠠᠷᠢᠮ ᠭᠠᠵᠠᠷ ᠤᠷᠤᠨ ᠳᠤ ᠬᠡᠭᠡᠭᠳᠡᠨ ᠪᠠᠯᠠᠷᠠᠵᠤ᠂ ᠬᠠᠳᠠᠭ ᠢ ᠳᠡᠭᠡᠳᠦᠯᠡᠬᠦ ᠶᠤᠰᠤ ᠵᠢᠷᠤᠮ ᠡᠪᠳᠡᠭᠳᠡᠨ᠂ ᠡᠨᠡᠬᠦ ᠡᠷᠬᠢᠮ ᠳᠡᠭᠡᠳᠤ ᠰᠤᠶᠤᠯ ᠤᠨ ᠡᠴᠢᠨ᠎ᠡ ᠭᠠᠶᠢᠬᠠᠮᠰᠢᠭᠲᠤ ᠦᠨ᠎ᠡ ᠴᠠᠨ᠎ᠠ ᠶᠢ ᠠᠯᠳᠠᠭᠳᠠᠭᠤᠯᠵᠤ ᠪᠤᠢ᠃ ᠮᠤᠩᠭᠤᠯᠴᠤᠳ ᠠᠯᠢ ᠡᠷᠲᠡ ᠠᠴᠠ ᠬᠠᠳᠠᠭ ᠤᠨ ᠰᠤᠶᠤᠯ ᠢ ᠳᠡᠭᠡᠳᠦᠯᠡᠨ ᠬᠦᠭᠵᠢᠭᠦᠯᠵᠤ᠂ ᠬᠠᠳᠠᠭ ᠢᠶᠠᠷ ᠢᠶᠠᠨ ᠬᠦᠮᠦᠨ ᠬᠦᠮᠦᠨ ᠤ ᠬᠤᠭᠤᠷᠤᠨᠳᠤᠬᠢ ᠬᠠᠷᠢᠯᠴᠠᠭᠠᠨ ᠤ ᠬᠤᠯᠪᠤᠭᠠᠰᠤ ᠪᠤᠯᠭᠠᠨ ᠠᠯᠢᠪᠠ ᠢᠷᠦᠭᠡᠯ ᠵᠦᠩᠨᠡᠯ ᠢᠶᠠᠨ ᠬᠠᠳᠠᠭ ᠲᠤ ᠪᠠᠨ ᠰᠢᠩᠭᠡᠭᠡᠵᠤ ᠪᠠᠶᠢᠭᠰᠠᠨ᠃ ᠲᠡᠶᠢᠮᠤ ᠠᠴᠠ ᠬᠠᠳᠠᠭ ᠡᠷᠬᠦᠭᠦ ᠨᠢ ᠤᠯᠠᠨ ᠰᠠᠶᠢᠬᠠᠨ ᠢᠷᠦᠭᠡᠯ ᠵᠦᠩᠨᠡᠯ ᠢ ᠡᠷᠭᠦᠵᠤ᠂ ᠬᠠᠳᠠᠭ ᠲᠤᠰᠬᠤ ᠨᠢ ᠴᠤ ᠤᠯᠠᠨ ᠰᠠᠶᠢᠬᠠᠨ ᠢᠷᠦᠭᠡᠯ ᠵᠦᠩᠨᠡᠯ ᠢ ᠲᠤᠰᠤᠨ ᠠᠪᠴᠤ ᠪᠠᠶᠢᠭ᠎ᠠ ᠶᠠᠪᠤᠳᠠᠯ ᠪᠤᠯᠤᠨ᠎ᠠ᠃ ᠵᠠᠷᠢᠮ ᠬᠦᠮᠦᠰ ᠬᠠᠳᠠᠭ ᠤᠨ ᠡᠶᠢᠮᠤᠷᠬᠦ ᠡᠴᠢᠨ᠎ᠡ ᠭᠠᠶᠢᠬᠠᠮᠰᠢᠭᠲᠤ ᠶᠤᠰᠤ ᠤᠴᠢᠷ ᠢ ᠤᠢᠢᠯᠠᠭᠠᠬᠤ ᠦᠭᠡᠢ ᠠᠴᠠ ᠪᠤᠯᠵᠤ᠂ ᠬᠠᠳᠠᠭ ᠢ ᠠᠯᠳᠠᠯᠠᠵᠤ ᠠᠪᠤᠭᠠᠳ ᠯᠡ ᠵᠤᠴᠢᠨ ᠭᠡᠶᠢᠴᠢᠳ ᠤᠨ ᠢᠶᠠᠨ ᠬᠦᠵᠦᠭᠦᠨ ᠳᠤ ᠵᠡᠭᠦᠯᠭᠡᠵᠤ ᠪᠤᠢ᠃ ᠮᠤᠩᠭᠤᠯᠴᠤᠳ ᠡᠷᠬᠢᠮ ᠬᠦᠨᠳᠦᠲᠦ ᠵᠤᠴᠢᠳ ᠢᠶᠠᠨ ᠤᠭᠲᠤᠬᠤ ᠦᠶᠡᠰ ᠬᠠᠳᠠᠭ ᠤᠨ ᠢᠶᠠᠨ ᠠᠮᠠ ᠶᠢ ᠵᠤᠴᠢᠨ ᠤ ᠪᠠᠨ ᠵᠦᠭ ᠬᠠᠨᠳᠤᠭᠤᠯᠤᠨ ᠠᠯᠠᠭᠠᠨ ᠳᠡᠭᠡᠷ᠎ᠡ ᠨᠢ ᠳᠡᠪᠰᠢᠭᠦᠯᠳᠡᠭ᠃ ᠬᠡᠬᠦ ᠳᠤ ᠪᠠᠨ ᠲᠤᠰᠬᠤ ᠬᠦᠮᠦᠨ ᠨᠢ ᠮᠡᠭᠦ᠋ᠢᠰᠭᠡᠨ ᠬᠤᠶᠠᠷ ᠠᠯᠠᠭ᠎ᠠ ᠪᠠᠷ ᠢᠶᠠᠨ ᠲᠤᠰᠴᠤ ᠮᠦᠨ ᠯᠡ ᠬᠠᠳᠠᠭ ᠤᠨ ᠠᠮᠠ ᠶᠢ ᠭᠠᠳᠠᠭᠰᠢ ᠬᠠᠨᠳᠤᠭᠤᠯᠤᠨ ᠶᠤᠰᠤ ᠭᠦᠢᠴᠡᠳᠭᠡᠭᠰᠡᠨ ᠢᠶᠠᠨ ᠲᠤᠬᠤᠢ ᠳᠡᠭᠡᠷ᠎ᠡ ᠪᠠᠨ ᠬᠦᠨᠳᠦᠳᠭᠡᠨ ᠲᠠᠯᠪᠢᠬᠤ ᠪᠤᠶᠤ ᠡᠪᠬᠡᠭᠡᠳ ᠠᠪᠳᠠᠷ᠎ᠡ ᠬᠤᠷᠭᠤ ᠳᠡᠭᠡᠷ᠎ᠡ ᠳᠠᠯᠪᠢᠳᠠᠭ ᠵᠠᠩᠰᠢᠯ ᠲᠠᠢ᠃ ᠬᠠᠮᠢᠶ᠎ᠠ ᠨᠠᠮᠢᠶ᠎ᠠ ᠦᠭᠡᠢ ᠪᠦᠭᠡᠮᠨᠡᠨ ᠬᠠᠶᠠᠵᠤ ᠪᠤᠯᠳᠠᠭ ᠦᠭᠡᠢ᠃ ᠤᠴᠢᠷ ᠨᠢ ᠲᠤᠰᠤᠭᠰᠠᠨ ᠲᠡᠷᠡ ᠬᠠᠳᠠᠭ ᠤᠨ ᠴᠢᠨᠢ ᠲᠤᠲᠤᠷ᠎ᠠ ᠤᠯᠠᠨ ᠠᠷᠪᠢᠨ ᠪᠡᠯᠬᠡᠰᠢᠶᠡᠯᠲᠤ ᠰᠠᠨᠠᠭ᠎ᠠ ᠠᠭᠤᠯᠤᠭᠳᠠᠵᠤ ᠪᠠᠶᠢᠳᠠᠭ ᠶᠤᠮ᠃ ᠵᠠᠷᠢᠮ ᠶᠤᠰᠤ ᠮᠡᠳᠡᠬᠦ ᠦᠭᠡᠢ ᠬᠦᠮᠦᠰ ᠬᠠᠳᠠᠭ ᠤᠨ ᠡᠷᠬᠢᠮ ᠦᠨᠡᠲᠡᠢ ᠰᠤᠶᠤᠯ ᠢ ᠤᠮᠳᠤᠭᠠᠢᠢᠯᠠᠵᠤ᠂ ᠦᠭᠡᠷ ᠬᠤᠨᠢᠨ ᠤ ᠡᠪᠡᠷ ᠲᠤᠯᠤᠭᠠᠢ ᠳᠤ ᠵᠠᠩᠬᠢᠳᠬᠤ᠂ ᠮᠠᠯ ᠤᠨ ᠬᠠᠰᠢᠶ᠎ᠠ ᠬᠤᠷᠤᠭᠠᠨ ᠤ ᠡᠭᠦᠳᠡᠨ ᠳᠤ ᠤᠶᠠᠬᠤ ᠮᠡᠲᠦ ᠪᠠᠷ ᠬᠦᠨᠳᠦᠳᠭᠡᠯ ᠤᠳᠬ᠎ᠠ ᠶᠢ ᠨᠢ ᠠᠯᠳᠠᠭᠳᠠᠭᠤᠯᠵᠤ ᠪᠤᠢ᠃ ᠮᠤᠩᠭᠤᠯᠴᠤᠳ ᠬᠠᠳᠠᠭ ᠤᠨ ᠰᠤᠶᠤᠯ ᠢ ᠳᠡᠭᠡᠳᠦᠯᠡᠬᠦ ᠳᠤ ᠪᠠᠨ ᠬᠠᠳᠠᠭ ᠤᠨ ᠦᠩᠭᠡ ᠪᠤᠶᠤ ᠴᠢᠨᠠᠷ ᠬᠢᠴᠡ ᠶᠢ ᠴᠤ ᠢᠯᠭᠠᠨ ᠳᠡᠭᠡᠳᠦᠯᠡᠳᠡᠭ ᠵᠠᠩᠰᠢᠯ ᠲᠠᠢ᠃ ᠮᠤᠩᠭᠤᠯᠴᠤᠳ ᠴᠠᠭᠠᠨ ᠦᠩᠭᠡ᠂ ᠬᠦᠬᠡ ᠦᠩᠭᠡ ᠶᠢ ᠳᠡᠭᠡᠳᠦᠯᠡᠳᠡᠭ ᠤᠨ ᠤᠴᠢᠷ ᠤᠯᠠᠩᠬᠢ ᠳᠤ ᠪᠠᠨ ᠴᠠᠭᠠᠨ ᠪᠠ ᠴᠡᠩᠭᠡᠷ ᠬᠠᠳᠠᠭ ᠢ ᠬᠡᠷᠡᠭᠯᠡᠳᠡᠭ᠃ ᠰᠢᠷ᠎ᠠ ᠦᠩᠭᠡ ᠶᠢᠨ ᠬᠠᠳᠠᠭ ᠢ ᠪᠤᠯ ᠨᠤᠮ ᠰᠤᠳᠤᠷ ᠵᠠᠯᠠᠬᠤ ᠳᠤ ᠬᠡᠷᠡᠭᠯᠡᠬᠦ ᠪᠤᠶᠤ ᠪᠤᠷᠬᠠᠨ ᠭᠡᠭᠡᠨ᠂ ᠡᠷᠲᠡᠨ ᠤ ᠠᠯᠳᠠᠷᠲᠤ ᠬᠠᠭᠠᠳ᠂ ᠪᠠᠭᠠᠲᠤᠷᠴᠤᠳ ᠤᠨ ᠬᠦᠷᠦᠭ ᠵᠢᠷᠤᠭ ᠤᠨ ᠡᠮᠦᠨ᠎ᠡ ᠲᠠᠯᠪᠢᠳᠠᠭ ᠵᠠᠩᠰᠢᠯ ᠲᠠᠢ᠃ ᠬᠠᠳᠠᠭ ᠤᠨ ᠬᠢᠴᠡ ᠴᠢᠨᠠᠷ ᠨᠢ ᠴᠤ ᠤᠯᠠᠨ ᠬᠤᠪᠢᠶᠠᠷᠢ  ᠲᠠᠢ ᠪᠠᠶᠢᠳᠠᠭ᠃ ᠤᠳᠤ ᠵᠠᠷᠢᠮ ᠬᠦᠮᠦᠰ ᠬᠠᠳᠠᠭ ᠢ ᠬᠢᠴᠡ ᠴᠢᠨᠠᠷ ᠢᠶᠠᠷ ᠨᠢ ᠢᠯᠭᠠᠨ ᠬᠡᠷᠡᠭᠯᠡᠬᠦ ᠶᠤᠰᠤ ᠶᠢ ᠤᠢᠢᠯᠠᠭᠠᠳᠠᠭ ᠦᠭᠡᠢ ᠲᠤᠯᠠ ᠰᠢᠯᠦᠭ ᠵᠤᠬᠢᠶᠠᠯ ᠪᠢᠴᠢᠬᠦ ᠪᠤᠶᠤ ᠢᠷᠦᠭᠡᠯ ᠮᠠᠭᠲᠠᠭᠠᠯ ᠤᠩᠰᠢᠬᠤ ᠳᠤ ᠪᠠᠨ ︽ᠰᠠᠮᠪᠠᠢ ᠬᠠᠳᠠᠭ ᠢᠶᠠᠨ ᠳᠡᠯᠭᠡᠵᠤ᠂ ᠰᠠᠶᠢᠬᠠᠨ ᠤ ᠢᠷᠦᠭᠡᠯ ᠢᠶᠠᠨ ᠬᠤᠷᠦ᠋ᠢᠯᠠᠵᠤ︾ ᠭᠡᠵᠤ ᠪᠤᠢ᠃ ᠰᠠᠮᠪᠠᠢ ᠬᠠᠳᠠᠭ ᠪᠤᠯ ᠬᠢᠴᠡ ᠪᠦᠳᠦᠴᠡ ᠪᠠ ᠡᠳ᠋ ᠤᠨ ᠬᠢᠨᠢ ᠴᠢᠨᠠᠷ ᠴᠢᠨᠰᠠᠭ᠎ᠠ ᠶᠢᠨ ᠲᠠᠯ᠎ᠠ ᠪᠠᠷ ᠬᠠᠮᠤᠭ ᠤᠨ ᠡᠭᠡᠯ ᠶᠡᠷᠦᠮᠳᠡᠭ ᠪᠠᠶᠢᠳᠠᠭ᠃ ᠰᠠᠮᠪᠠᠢ ᠬᠠᠳᠠᠭ ᠢ ᠭᠤᠤᠯᠳᠠᠭᠤ ᠪᠦᠳᠦᠭᠦᠯᠢᠭ ᠶᠤᠷᠤᠭ ᠪᠦᠰ ᠢᠶᠠᠷ ᠬᠢᠵᠤ᠂ ᠪᠤᠰᠤᠳ ᠬᠠᠳᠠᠭ ᠢ ᠪᠤᠳᠤᠪᠠᠯ ᠬᠢᠴᠡ ᠪᠦᠲᠦᠴᠡ  ᠨᠢ ᠪᠦᠷ ᠪᠠᠷᠤᠭᠲᠠᠢ ᠪᠠᠶᠢᠳᠠᠭ᠃ ᠲᠡᠶᠢᠮᠤ ᠶᠢᠨ ᠲᠤᠯᠠ ᠰᠠᠮᠪᠠᠢ ᠬᠠᠳᠠᠭ ᠢ ᠤᠤᠯ ᠳᠤ ᠪᠠᠨ ᠭᠤᠶᠢᠷᠠᠨᠴᠢ ᠴᠠᠭᠠᠴᠢᠨ ᠪᠤᠶᠤ ᠪᠠᠳᠢᠷᠴᠢᠨ ᠯᠠᠮᠠ ᠳᠤ ᠪᠠᠷᠢᠳᠠᠭ ᠵᠠᠩᠰᠢᠯ ᠲᠠᠢ ᠪᠠᠶᠢᠵᠠᠢ᠃ ᠤᠳᠤ ᠬᠠᠷᠢᠨ ᠰᠠᠮᠪᠠᠢ ᠬᠠᠳᠠᠭ ᠢ ᠬᠠᠮᠤᠭ ᠤᠨ ᠡᠷᠬᠢᠮ ᠳᠡᠭᠡᠳᠦ ᠬᠠᠳᠠᠭ ᠪᠤᠯᠭᠠᠨ ᠰᠢᠯᠦᠭᠯᠡᠵᠦ ᠪᠢᠴᠢᠬᠦ ᠨᠢ ᠬᠠᠳᠠᠭ ᠤᠨ ᠰᠤᠶᠤᠯ ᠢ ᠤᠢᠢᠯᠠᠭᠠᠳᠠᠭ ᠦᠭᠡᠢ ᠬᠦᠮᠦᠰ ᠤᠨ ᠡ᠊ᠨᠳᠡᠬᠦᠷᠡᠯ ᠪᠤᠯᠤᠨ᠎ᠠ᠃ ᠡᠶᠢᠮᠤ ᠠᠴᠠ ᠪᠢᠳᠡ ᠬᠠᠳᠠᠭ ᠤᠨ ᠰᠤᠶᠤᠯ ᠢ ᠳᠡᠭᠡᠳᠦᠯᠡᠨ ᠤᠯᠠᠮᠵᠢᠯᠠᠬᠤ ᠳᠤ ᠪᠠᠨ ᠲᠡᠷᠡ ᠰᠤᠶᠤᠯ ᠳᠤ ᠠᠭᠤᠯᠤᠭᠳᠠᠨ ᠰᠢᠩᠭᠡᠵᠤ ᠪᠠᠶᠢᠭ᠎ᠠ ᠡᠷᠬᠢᠮ ᠰᠠᠶᠢᠬᠠᠨ ᠶᠤᠰᠤ ᠤᠴᠢᠷ ᠢ ᠭᠦᠨᠵᠡᠭᠡᠢ ᠤᠢᠢᠯᠠᠭᠠᠵᠤ᠂ ᠦᠷ᠎ᠡ ᠬᠤᠶᠢᠴᠢᠰ ᠲᠤ ᠪᠠᠨ ᠠᠷᠢᠭᠤᠨ ᠳᠠᠷᠬᠠᠨ ᠬᠡᠪ ᠢᠶᠠᠷ ᠨᠢ ᠤᠯᠠᠮᠵᠢᠯᠠᠨ ᠳᠡᠯᠭᠡᠷᠡᠭᠦᠯᠬᠦ ᠶᠢ ᠬᠢᠴᠢᠶᠡᠬᠦ ᠴᠢᠬᠤᠯᠠᠲᠠᠢ᠃ ᠢᠩᠬᠢᠪᠡᠯ ᠰᠠᠶ᠋ᠢ ᠮᠠᠨ ᠤ ᠤᠯᠠᠮᠵᠢᠯᠠᠯᠲᠤ ᠰᠢᠯᠢᠳᠡᠭ ᠰᠤᠶᠤᠯ ᠨᠡᠩ ᠲᠤᠳᠤᠷᠠᠵᠤ᠂ ᠦᠪᠡᠷᠮᠢᠴᠡ ᠭᠠᠶᠢᠬᠠᠯᠲᠠᠢ᠂ ᠦᠨ᠎ᠡ ᠦᠷᠲᠡᠭ ᠢᠶᠠᠷ ᠢᠶᠠᠨ ᠳᠡᠯᠡᠬᠡᠢ ᠶᠢᠨ ᠪᠠᠭ᠋ᠠᠷᠬᠠᠯ ᠲᠠᠭᠠᠰᠢᠶᠠᠯ ᠳᠤ ᠬᠦᠷᠬᠦ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号