ᠮᠤᠩᠭᠤᠯᠴᠤᠳ ᠤᠨ ᠪᠤᠰᠤᠳ ᠢ ᠭᠦᠨᠳᠤᠳᠭᠡᠨ ᠲᠠᠭᠤᠳᠠᠬᠤ ᠵᠠᠩ ᠦᠢᠯᠠ
ᠨᠡᠶᠢᠲᠡᠯᠡᠭᠰᠡᠨ ᠴᠠᠭ᠄
2018/12/3
 ᠮᠤᠩᠭᠤᠯ ᠦᠨᠳᠤᠰᠤᠳᠠᠨ ᠪᠤᠯ ᠤᠵᠤᠭᠤᠷ ᠠᠴᠠ ᠪᠠᠨ ᠡᠷᠭᠢᠮ ᠲᠠᠭᠡᠳᠤ ᠶᠤᠰᠤ ᠰᠤᠷᠳᠠᠬᠤᠨ ᠲᠠᠢ ᠪᠤᠯᠪᠠᠰᠤᠨ ᠦᠨᠳᠤᠰᠤᠳᠠᠨ ᠶᠤᠮ᠃ ᠲᠠᠳᠠ ᠦᠭᠡᠷ᠎ᠠ ᠪᠤᠰᠤᠳ ᠢ ᠲᠠᠭᠤᠳᠠᠬᠤ ᠪᠠ ᠨᠢᠭᠡ ᠭᠡᠷ ᠤᠨ ᠭᠦᠮᠦᠨ ᠨᠢᠭᠡ ᠨᠢᠭᠡ ᠪᠠᠨ ᠲᠠᠭᠤᠳᠠᠬᠤ ᠳᠤ ᠪᠠᠨ ᠪᠦᠷ ᠲᠠᠭᠡᠳᠤ ᠳᠤᠤᠷᠠᠳᠤ ᠶᠡᠭᠡ ᠪᠠᠭ᠎ᠠ ᠶᠢᠨ ᠶᠤᠰᠤ ᠵᠢᠷᠤᠮ ᠢᠶᠠᠷ ᠢᠶᠠᠨ ᠲᠠᠭᠤᠳᠠᠳᠠᠭ ᠵᠠᠩᠰᠢᠯ  ᠲᠠᠢ ᠪᠠᠶᠢᠳᠠᠭ ᠪᠦᠭᠡᠳ ᠦᠭᠡᠷ᠎ᠠ ᠪᠤᠰᠤᠳ ᠭᠦᠮᠦᠰ ᠤᠨ ᠨᠠᠷ᠎ᠠ ᠲᠠᠳᠠᠨ ᠤ ᠭᠡᠷ ᠤᠨ ᠠᠬᠠᠮᠠᠳ ᠭᠦᠮᠦᠰ ᠪᠤᠶᠤ ᠨᠢᠭᠡᠨᠳᠡ ᠲᠠᠶᠢᠮᠤ ᠨᠠᠷ᠎ᠠ ᠲᠠᠢ ᠭᠦᠮᠦᠨ ᠪᠠᠶᠢᠭᠠᠳ ᠨᠠᠰᠤ ᠪᠠᠷᠠᠭᠰᠠᠨ ᠪᠤᠯ ᠡᠨᠡ ᠭᠦᠮᠤᠨ ᠢᠷᠠᠪᠠ ᠡᠨᠡ ᠠᠶᠢᠯ ᠤᠨ ᠦᠢᠷ᠎ᠠ ᠰᠠᠳᠤᠨ ᠴᠢᠰᠤᠨ ᠲᠦᠷᠦᠯ ᠤᠨ ᠲᠠᠭᠡᠳᠤᠰ ᠨᠢ ᠪᠠᠶᠢᠭᠰᠠᠨ ᠪᠤᠯ ᠲᠠᠷᠡ ᠭᠦᠮᠦᠨ ᠤ ᠨᠠᠷ᠎ᠠ ᠶᠢ ᠦᠶ᠎ᠠ ᠤᠯᠠᠷᠢᠨ ᠲᠠᠭᠤᠳᠠᠬᠤ ᠶᠢ ᠴᠡᠭᠡᠷᠯᠡᠳᠡᠭ ᠵᠠᠩ ᠲᠠᠳᠬᠠᠯ ᠲᠠᠢ ᠪᠠᠶᠢᠳᠠᠭ ᠶᠤᠮ᠃ ᠨᠢᠭᠡ ᠭᠡᠷ ᠤᠨ ᠭᠦᠮᠦᠰ ᠬᠠᠷᠢᠯᠴᠠᠨ ᠲᠠᠭᠤᠳᠠᠬᠤ ᠳᠤ ᠪᠠᠨ ᠡᠷᠡᠭᠳᠠᠶᠢᠴᠤᠳ ᠢ ᠭᠦᠨᠳᠤᠳᠭᠡᠭᠦ ᠲᠠᠯ᠎ᠠ ᠪᠠᠷ ᠮᠠᠰᠢ ᠪᠤᠯᠪᠠᠰᠤᠨ ᠵᠠᠩ ᠮᠤᠷᠠᠯ ᠲᠠᠢ ᠪᠠᠶᠢᠵᠤ᠂ ᠪᠦᠰᠡᠭᠦᠢ ᠨᠢ ᠡᠷ᠎ᠠ ᠨᠦᠭᠦᠷ ᠢᠶᠠᠨ᠄ ︽ᠲᠠ︾ ᠭᠡᠵᠤ ᠲᠠᠭᠤᠳᠠᠬᠤ ᠠᠴᠠ ᠪᠢᠰᠢ ︽ᠴᠢ︾ ᠭᠡᠵᠤ ᠤᠭᠳᠤ ᠲᠠᠭᠤᠳᠠᠳᠠᠭ ᠦᠭᠡᠢ᠃ ᠪᠦᠰᠡᠭᠦ᠋ᠢᠴᠤᠳ ᠨᠢ ᠦᠭᠡᠷ᠎ᠠ ᠪᠤᠰᠤᠳ ᠲᠤ ᠭᠡᠷ ᠤᠨ ᠡᠵᠡᠨ ᠤ ᠪᠠᠨ ᠳᠤᠬᠠᠢ ᠶᠠᠷᠢᠬᠤ ᠳᠤ ᠪᠠᠨ ︽ᠮᠠᠨ ᠤ ᠭᠡᠷ ᠤᠨ ᠡᠵᠡᠨ ᠭᠡᠭᠦ ᠪᠤᠶᠤ ᠭᠡᠤᠭᠡᠳ ᠤᠨ ᠠᠪᠤ︾ ᠭᠡᠵᠤ ᠭᠡᠯᠡᠳᠡᠭ ᠪᠦᠭᠡᠳ ᠬᠠᠨᠭ᠍ᠭᠢᠨ ᠤ ᠭᠦᠮᠦᠰ ᠤᠨ ᠲᠠᠳᠬᠠᠯ ᠢᠶᠠᠷ ᠪᠤᠯ ᠭᠡᠷ ᠤᠨ ᠡᠵᠡᠨ ᠢᠶᠠᠨ᠄ ︽ᠮᠠᠨ ᠤ ᠭᠡᠷ ᠤᠨ ᠡᠳ᠋ ᠤᠯᠤᠭᠴᠢ︾ ᠭᠡᠵᠤ ᠲᠠᠭᠤᠳᠠᠳᠠᠭ ᠭᠦᠮᠤᠨ ᠤᠯᠠᠨ ᠪᠠᠶᠢᠵᠠᠢ᠃ ᠬᠠᠷᠢᠨ ᠡᠷ᠎ᠠ ᠨᠦᠭᠦᠷ ᠢᠶᠠᠨ ᠪᠤᠰᠤᠳ ᠲᠤ ᠨᠠᠷ᠎ᠠ  ᠪᠠᠷ ᠨᠢ ᠲᠠᠭᠤᠳᠠᠵᠤ ᠭᠡᠯᠡᠳᠡᠭ ᠭᠦᠮᠦᠨ ᠤᠭᠳᠤ ᠪᠠᠶᠢᠭᠰᠠᠨ ᠦᠭᠡᠢ ᠶᠤᠮ᠃ ᠲᠠᠭᠡᠪᠡᠯ ᠨᠢᠭᠡ ᠭᠡᠷ ᠲᠤ ᠡᠵᠢ ᠠᠪᠤ ᠠᠴᠠ ᠪᠠᠨ ᠲᠦᠷᠦᠭᠰᠡᠨ ᠠᠬ᠎ᠠ ᠡᠭᠡᠴᠢ ᠲᠠᠭᠦᠤ ᠭᠡᠳᠤᠢ ᠤᠯᠠᠨ ᠪᠠᠶᠢᠭᠰᠠᠨ ᠴᠤ ᠲᠠᠳᠠᠨᠤᠰ ᠬᠤᠭᠤᠷᠤᠨᠳᠤ ᠪᠠᠨ ᠨᠢᠭᠡ ᠨᠢᠭᠡ ᠪᠠᠨ ᠴᠢ ᠭᠡᠵᠤ ᠲᠠᠭᠤᠳᠠᠬᠤ ᠶᠢ ᠡᠵᠢ ᠠᠪᠤ ᠪᠤᠯᠤᠭᠰᠠᠳ ᠨᠢ ᠵᠦᠪᠰᠢᠶᠡᠷᠡᠳᠡᠭ ᠦᠭᠡᠢ ᠵᠠᠪᠠᠯ ᠲᠠᠳᠠᠨ ᠢ ᠬᠠᠷᠠᠬᠠᠨ ᠪᠠᠭ᠎ᠠ ᠠᠴᠠ ᠨᠢ ᠠᠬ᠎ᠠ᠂ ᠡᠭᠡᠴᠢ ᠭᠡᠭᠦ ᠪᠤᠶᠤ ᠲᠡᠰ ᠲᠠᠷᠠᠭᠠᠯᠠᠯ  ᠢᠶᠠᠷ ᠨᠢ ᠶᠡᠭᠡ ᠠᠬ᠎ᠠ᠂ ᠬᠤᠶᠠᠳᠤᠭᠠᠷ ᠠᠬ᠎ᠠ᠂ ᠶᠡᠭᠡ ᠡᠭᠡᠴᠢ᠂ ᠪᠠᠭ᠎ᠠ ᠡᠭᠡᠴᠢ ᠭᠡᠭᠦ ᠮᠠᠳᠤ ᠪᠠᠷ ᠲᠦᠷᠦᠭᠰᠡᠨ ᠤ ᠲᠡᠰ ᠲᠠᠷᠠᠭ᠎ᠠ ᠪᠠᠷ ᠨᠢ ᠬᠠᠷᠢᠯᠴᠠᠨ ᠲᠠᠭᠤᠳᠠᠯᠴᠠᠬᠤ ᠶᠢ ᠴᠢᠩᠭ᠎ᠠ ᠰᠤᠷᠭᠠᠳᠠᠭ ᠪᠠᠶᠢᠪᠠ᠃ ᠲᠠᠭᠡᠪᠡᠯ ᠡᠨᠡ ᠭᠡᠷ ᠲᠤ ᠶᠠᠮᠠᠷ ᠨᠢᠭᠡᠨ ᠡᠭᠡᠴᠤᠳ ᠠᠬᠠᠮᠠᠳ ᠭᠦᠮᠤᠨ ᠨᠢ ᠦᠭᠡᠷ᠎ᠠ ᠭᠦᠮᠤᠨ ᠤ ᠨᠠᠷ᠎ᠠ ᠲᠠᠢ ᠠᠳᠠᠯᠢ ᠲᠠᠭᠤᠳᠠᠯᠭ᠎ᠠ ᠲᠠᠢ ᠪᠠᠶᠢᠳᠠᠭ ᠪᠤᠯ ᠭᠡᠷ ᠲᠠᠶᠠᠭᠠᠷ ᠢᠶᠠᠨ ᠲᠠᠷᠡ ᠭᠦᠮᠦᠨ ᠢ ᠪᠦᠷ ︽ᠭᠡᠴᠡᠭᠦᠤ ᠨᠠᠷᠠᠳᠤ︾ ᠭᠡᠵᠤ ᠦᠭᠡᠷᠡᠴᠢᠯᠠᠨ ᠲᠠᠭᠤᠳᠠᠵᠤ ᠡᠷᠡᠭᠳᠠᠢ ᠭᠦᠮᠦᠨ ᠪᠤᠯ ᠭᠡᠴᠡᠭᠦᠤ ᠨᠠᠷᠠᠳᠤ ᠠᠬ᠎ᠠ᠂ ᠠᠪᠤᠭᠠᠢ᠂ ᠡᠮᠡᠭᠳᠠᠢ ᠶᠢ ᠪᠤᠯ ᠭᠡᠴᠡᠭᠦᠤ ᠨᠠᠷᠠᠳᠤ ᠡᠭᠡᠴᠢ᠂ ᠵᠠᠵᠠᠢ ᠁︾ ᠭᠡᠭᠦ ᠮᠠᠳᠤ ᠪᠠᠷ ᠲᠠᠭᠤᠳᠠᠳᠠᠭ᠃ ᠦᠡᠭᠭᠡᠷᠡᠭᠰᠡᠨ ᠤ ᠮᠤᠩᠭᠤᠯᠴᠤᠳ ᠤᠨ ᠭᠡᠷ ᠤᠨ ᠰᠤᠷᠭᠠᠯ ᠳᠤ ᠡᠨᠡ ᠠᠶᠢᠯ ᠤᠨ ᠠᠬᠠᠮᠠᠳ ᠲᠠᠭᠡᠳᠤᠰ ᠨᠢ ᠶᠠᠮᠠᠷ ᠶᠠᠮᠠᠷ ᠨᠠᠷ᠎ᠠ ᠲᠠᠢ ᠭᠦᠮᠦᠨ ᠪᠠᠶᠢᠭᠰᠠᠨ᠃ ᠲᠠᠳᠡᠭᠡᠷ ᠭᠦᠮᠦᠰ ᠤᠳᠤ ᠪᠢᠳᠠᠨ ᠳᠤ ᠶᠠᠮᠠᠷ ᠶᠠᠮᠠᠷ ᠡᠭᠡᠴᠤᠳ ᠪᠤᠯᠬᠤ ᠤᠴᠢᠷ ᠠᠴᠠ ᠲᠠᠳᠡᠭᠡᠷ ᠭᠦᠮᠦᠰ ᠤᠨ ᠨᠠᠷ᠎ᠠ ᠶᠢ ᠭᠡᠵᠢᠶ᠎ᠠ ᠴᠤ ᠭᠡᠰᠡᠨ ᠴᠡᠭᠡᠷᠯᠡᠭᠦ ᠭᠡᠷᠡᠭᠳᠠᠢ ᠭᠡᠵᠤ ᠤᠯᠠᠮᠵᠢᠯᠠᠭᠰᠠᠨ ᠭᠡᠷ ᠤᠨ ᠰᠤᠷᠭᠠᠯ ᠲᠠᠢ ᠪᠠᠶᠢᠳᠠᠭ᠃ ᠡᠭᠦᠨ ᠠᠴᠠ ᠭᠠᠳᠠᠨ᠎ᠠ ᠡᠭᠡᠴᠢ ᠲᠠᠭᠦᠤ ᠶᠢᠨ ᠭᠡᠤᠭᠡᠳ ᠪᠤᠯᠤᠨ ᠠᠬ᠎ᠠ ᠲᠠᠭᠦᠤ ᠶᠢᠨ ᠭᠡᠤᠭᠡᠳ ᠤᠨ ᠬᠤᠭᠤᠷᠤᠨᠳᠤ ᠶᠢᠨ ᠲᠠᠭᠤᠳᠠᠯᠭ᠎ᠠ ᠶᠢ ᠪᠠᠰᠠ ᠬᠠᠮᠢᠶ᠎ᠠ ᠦᠭᠡᠢ ᠳᠤᠷ᠎ᠠ ᠪᠠᠷ  ᠨᠢ ᠲᠠᠭᠤᠳᠠᠭᠤᠯᠳᠠᠭ ᠦᠭᠡᠢ᠃ ᠭᠡᠷᠪᠡ ᠠᠬ᠎ᠠ ᠲᠠᠭᠦᠤ ᠬᠤᠶᠠᠷ ᠤᠨ ᠭᠡᠤᠭᠡᠳ ᠢ ᠪᠤᠯ ᠦᠶ᠎ᠠ ᠨᠠᠷ ᠭᠡᠵᠤ᠂ ᠡᠭᠡᠴᠢ ᠲᠠᠭᠦᠤ ᠬᠤᠶᠠᠷ ᠤᠨ ᠭᠡᠤᠭᠡᠳ ᠢ ᠪᠤᠯ ᠪᠦᠯᠦ ᠨᠠᠷ ᠭᠡᠳᠡᠭ᠃ ᠭᠡᠳᠡᠯ᠎ᠠ ᠡᠳᠡᠭᠡᠷ ᠭᠡᠤᠭᠡᠳ ᠨᠢ ᠬᠤᠭᠤᠷᠤᠨᠳᠤ ᠪᠠᠨ ᠨᠠᠰᠤ ᠵᠢᠯ ᠰᠠᠴᠠᠭᠤ ᠪᠠᠶᠢᠳᠠᠭ ᠨᠢ ᠴᠤ ᠤᠯᠠᠨ ᠪᠤᠢ᠃ ᠡᠶᠢᠮᠤ ᠪᠤᠯ ᠨᠠᠰᠤ ᠨᠢ ᠰᠠᠴᠡᠭᠤ ᠪᠤᠯ ᠲᠦᠷᠦᠭᠰᠨ ᠰᠠᠷ᠎ᠠ ᠡᠳᠤᠷ  ᠢᠶᠠᠷ ᠨᠢ ᠠᠯᠢ ᠨᠢ ᠠᠩᠬᠠᠨ ᠳᠤ ᠨᠢ ᠭᠠᠷᠤᠭᠰᠠᠨ ᠪᠤᠯ ᠲᠠᠭᠦᠨ ᠢ ᠠᠬ᠎ᠠ ᠭᠡᠮᠡᠨ ᠲᠠᠷᠠᠭ᠎ᠠ ᠳᠤ ᠨᠢ ᠭᠠᠷᠤᠭᠰᠠᠨ ᠪᠤᠯ ᠲᠠᠭᠦᠤ ᠪᠤᠯᠳᠠᠭ ᠶᠤᠰᠤ ᠪᠠᠷ ᠵᠠᠪᠠᠯ ᠠᠬ᠎ᠠ ᠲᠠᠭᠦᠤᠰ ᠤᠨ ᠶᠤᠰᠤ ᠪᠠᠷ ᠲᠠᠭᠤᠳᠠᠯᠴᠠᠨ᠎ᠠ᠃ ᠬᠠᠷᠢᠨ ᠬᠤᠶᠠᠭᠤᠯᠠ ᠶᠢᠨ ᠨᠠᠰᠤ ᠵᠢᠯ ᠰᠠᠴᠠᠭᠤ ᠶᠤᠮ ᠭᠡᠵᠤ ᠬᠠᠷᠢᠯᠴᠠᠨ ᠶᠡᠭᠡ ᠪᠠᠭ᠎ᠠ ᠶᠢᠨ ᠢᠯᠭᠠᠭ᠎ᠠ ᠦᠭᠡᠢ᠂ ᠴᠢ ᠭᠡᠮᠡᠨ ᠲᠠᠭᠤᠳᠠᠯᠴᠠᠬᠤ ᠶᠢ ᠤᠭᠳᠤ ᠵᠦᠪᠰᠢᠶᠡᠷᠡᠳᠡᠭ ᠦᠭᠡᠢ᠃ ᠲᠠᠭᠡᠪᠡᠯ ᠦᠪᠠᠷ ᠤᠨ ᠪᠠᠶ᠎ᠠ ᠠᠴᠠ ᠪᠠᠨ ᠨᠠᠰᠤ ᠪᠠᠷ ᠠᠬ᠎ᠠ ᠡᠭᠡᠴᠢ ᠭᠦᠮᠤᠨ ᠢ ᠪᠤᠯ ᠠᠬ᠎ᠠ ᠡᠭᠡᠴᠢ ᠭᠡᠮᠡᠨ ᠲᠠᠭᠤᠳᠠᠵᠤ ᠂ ᠲᠠᠭᠡᠳᠤ ᠳᠤᠤᠷ᠎ᠠ ᠦᠶ᠎ᠠ ᠪᠤᠯᠤᠯᠴᠠᠬᠤ ᠨᠠᠰᠤᠨ ᠤ ᠭᠦᠮᠦᠰ ᠢ ᠪᠤᠯ ᠵᠠᠪᠠᠯ ᠠᠪᠤᠭᠠᠢ᠂ ᠵᠠᠵᠠᠢ᠂ ᠠᠪᠠᠭ᠎ᠠ ᠠᠨᠢᠶᠠ ᠭᠡᠵᠤ ᠨᠢᠭᠡ ᠦᠶ᠎ᠠ ᠲᠠᠭᠡᠳᠤᠯᠠᠨ ᠭᠦᠨᠳᠤᠳᠭᠡᠨ ᠲᠠᠭᠤᠳᠠᠬᠤ ᠶᠢ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠰᠤᠷᠭᠠᠨ ᠭᠦᠮᠤᠵᠢᠭᠦᠯᠵᠤ ᠵᠠᠪᠠᠯ ᠡᠶᠢᠮᠤ ᠪᠤᠯᠪᠠᠰᠤᠨ ᠰᠠᠶᠢᠬᠠᠨ ᠵᠠᠩ ᠮᠤᠷᠠᠯ ᠲᠠᠢ ᠶᠤᠰᠤᠷᠬᠠᠭ ᠭᠦᠮᠦᠨ ᠪᠤᠯᠬᠤ ᠶᠢ ᠱᠠᠭᠠᠷᠳᠠᠳᠠᠭ ᠂ ᠡᠨᠡ ᠪᠤᠯ ᠡᠵᠢ ᠠᠪᠤ ᠶᠢᠨ ᠭᠡᠷ ᠤᠨ ᠰᠤᠷᠭᠠᠯ ᠤᠨ ᠤᠨᠴᠠᠭᠠᠢ ᠴᠢᠩᠭ᠎ᠠ ᠱᠠᠭᠠᠷᠳᠠᠵᠤ ᠰᠤᠷᠭᠠᠨ ᠭᠦᠮᠤᠵᠢᠭᠦᠯᠭᠦ ᠶᠤᠰᠤᠨ ᠪᠤᠯᠤᠨ᠎ᠠ᠃ ᠶᠠᠮᠠᠷ ᠨᠢᠭᠡᠨ ᠲᠠᠨᠢᠬᠤ ᠪᠠ ᠦᠯᠦ ᠲᠠᠨᠢᠬᠤ ᠭᠦᠮᠦᠰ ᠢ ᠭᠦᠨᠳᠤᠳᠭᠡᠨ ᠠᠬᠠᠮᠠᠳᠴᠢᠯᠠᠨ ᠲᠠᠭᠤᠳᠠᠵᠤ ᠶᠠᠪᠤᠬᠤ ᠨᠢ ᠭᠡᠤᠭᠡᠳ ᠪᠤᠯᠤᠭᠰᠠᠳ ᠤᠨ ᠬᠤᠪᠢ ᠪᠠᠶ᠎ᠠ ᠳᠤ ᠰᠠᠶᠢᠨ ᠰᠠᠶᠢᠬᠠᠨ ᠪᠤᠯᠪᠠᠰᠤᠨ ᠶᠤᠰᠤ ᠮᠤᠷᠠᠯ ᠪᠤᠯᠳᠠᠭ ᠢᠶᠠᠷ ᠪᠠᠷᠠᠬᠤ ᠦᠭᠡᠢ ᠶᠠᠭᠤᠨ ᠤ ᠤᠷᠢᠳ ᠠᠪᠤ ᠡᠵᠢ ᠶᠢᠨ ᠬᠢᠨ ᠠᠯᠳᠠᠷ ᠨᠠᠷ᠎ᠠ ᠭᠠᠷᠴᠤ᠂ ︽ᠶᠡᠭᠡ ᠰᠠᠶᠢᠬᠠᠨ ᠶᠤᠰᠤᠳᠠᠢ ᠵᠢᠷᠤᠮ ᠲᠠᠢ ᠠᠶᠢᠯ ᠤᠨ ᠦᠷᠡᠰ ᠪᠠᠶᠢᠨ᠎ᠠ︾ ᠭᠡᠵᠤ ᠪᠤᠰᠤᠳ ᠭᠦᠮᠦᠰ ᠤᠨ ᠮᠠᠭᠳᠠᠭᠠᠯ ᠰᠠᠶᠢᠰᠢᠶᠠᠯ ᠢ ᠤᠯᠳᠠᠭ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号