ᠮᠤᠩᠭᠤᠯᠴᠤᠳ ᠤᠨ ᠮᠤᠷᠢ ᠪᠠᠨ ᠰᠦᠢᠬᠤ ᠵᠠᠩ ᠦᠢᠯᠠ ᠶᠢᠨ ᠳᠤᠬᠠᠢ
ᠨᠡᠶᠢᠲᠡᠯᠡᠭᠰᠡᠨ ᠴᠠᠭ᠄
2018/12/3
ᠨᠢᠭᠡ ᠳᠤ᠂ ᠤᠨᠤᠬᠤ ᠵᠢᠷᠤᠭ᠎ᠠ ᠮᠤᠷᠢ ᠪᠠᠨ ︽ᠲᠠᠪᠤ ᠶᠢᠰᠤ︾ ᠶᠢᠨ ᠭᠦᠢᠳᠠᠨ ᠳᠤ ᠤᠶᠠᠵᠤ ᠰᠦᠢᠬᠤ ᠴᠠᠭ ᠳᠤᠭᠢᠶᠠᠯ ᠢ ᠳᠤᠭᠢᠷᠠᠮᠵᠢᠳᠠᠢ ᠭᠢᠵᠤ ᠴᠢᠳᠠᠪᠠᠯ ᠨᠢᠭᠡ ᠶᠢᠰᠤ ᠶᠢᠨ ᠤᠶᠠᠬᠤ ᠰᠦᠢᠬᠤ ᠨᠢ ᠲᠠᠷᠤᠢ ᠨᠢᠭᠡ ᠰᠠᠭᠤᠯᠠᠭ᠎ᠠ ᠪᠤᠷᠤ ᠪᠤᠷᠴᠠᠭ ᠢ ᠲᠠᠵᠢᠭᠡᠭᠰᠡᠨ ᠲᠠᠢ ᠲᠠᠩᠴᠡᠨ᠎ᠠ ᠭᠡᠳᠡᠭ ᠶᠤᠮ᠃ ᠤᠶᠠᠵᠤ ᠰᠦᠢᠬᠤ ᠶᠢ ᠰᠠᠶᠢᠨ ᠳᠤᠭᠢᠷᠠᠭᠤᠯᠤᠭᠰᠠᠨ ᠮᠤᠷᠢ ᠤᠨᠤᠭ᠎ᠠ ᠪᠤᠯ ᠲᠠᠷᠠᠭ᠎ᠠ ᠬᠠᠪᠤᠷ ᠲᠤ ᠪᠠᠨ ᠡᠪᠡᠳᠴᠢᠨ ᠭᠢᠵᠢᠭ ᠲᠤ ᠠᠮᠠᠷᠬᠠᠨ ᠨᠡᠷᠪᠡᠭᠳᠡᠭᠦ ᠦᠭᠡᠢ᠃ ᠭᠦᠴᠤ ᠲᠠᠷᠭᠤ ᠠᠪᠬᠤ ᠨᠢ ᠤᠨᠴᠠ ᠰᠠᠶᠢᠨ ᠪᠠᠶᠢᠵᠤ᠂ ᠤᠨᠤᠵᠤ ᠵᠠᠷᠤᠬᠤ ᠳᠤ ᠲᠠᠶᠢᠮᠤ ᠠᠮᠠᠷᠬᠠᠨ ᠭᠦᠴᠤ ᠲᠠᠷᠭᠤ ᠠᠯᠳᠠᠬᠤ ᠦᠭᠡᠢ᠃ ᠬᠤᠯᠠ ᠶᠢᠨ ᠵᠠᠮ ᠳᠤ ᠤᠨᠤᠵᠤ ᠠᠶᠠᠯᠠᠬᠤ ᠪᠤᠶᠤ ᠭᠦᠨᠳᠤ ᠪᠠᠷᠠᠭ᠎ᠠ ᠲᠠᠸᠠᠷ ᠢ ᠠᠴᠢᠵᠤ ᠲᠠᠭᠡᠭᠡᠪᠤᠷᠢᠯᠠᠭᠦ ᠳᠤ ᠤᠨᠴᠠ ᠲᠠᠭᠡᠭᠡᠪᠤᠷᠢ ᠲᠠᠭᠠᠭᠠᠴᠡᠳᠠᠢ ᠪᠠᠶᠢᠳᠠᠭ ᠶᠤᠮ᠃ ᠬᠤᠶᠠᠷ ᠲᠤ᠂ ᠮᠤᠷᠢ ᠶᠢ ᠤᠶᠠᠵᠤ ᠰᠦᠢᠬᠤ ᠤᠯᠠᠮᠵᠢᠯᠠᠯᠳᠤ ᠵᠠᠩ ᠦᠢᠯᠠ ᠶᠢ ᠦᠨᠳᠤᠰᠤᠯᠠᠪᠠᠯ ᠨᠢᠭᠡ ᠶᠢᠰᠤ ᠶᠢ ᠪᠤᠯ ᠶᠢᠰᠤᠨ ᠬᠤᠨᠤᠭ ᠢ ᠨᠢᠭᠡ ᠶᠢᠰᠤ ᠪᠠᠷ ᠪᠤᠳᠤᠵᠤ᠂ ᠲᠠᠪᠤᠨ ᠶᠢᠰᠤ ᠶᠢ ᠪᠤᠯ ᠲᠦᠴᠢᠨ ᠲᠠᠪᠤ ᠬᠤᠨᠤᠭ ᠢᠶᠠᠷ ᠪᠤᠳᠤᠳᠠᠭ ᠮᠤᠩᠭᠤᠯ ᠤᠨ ᠪᠤᠳᠤᠬᠤ ᠵᠡᠩ ᠦᠢᠯᠠ ᠶᠢᠨ ᠠᠷᠭ᠎ᠠ ᠮᠦᠨ ᠪᠦᠭᠡᠳ ᠶᠢᠰᠤ ᠪᠤᠯᠭᠠᠨ ᠳᠤ 5 — 8 ᠬᠤᠨᠤᠭ ︵ᠤᠳᠠᠭ᠎ᠠ︶ ᠤᠶᠠᠵᠤ ᠰᠦᠢᠬᠤ ᠶᠢ ᠠᠮᠢᠳᠤᠯᠢᠭ ᠢᠶᠠᠷ ᠲᠤᠭᠢᠷᠠᠮᠵᠢᠳᠠᠢ ᠪᠠᠷ ᠪᠠᠷᠢᠮᠳᠠᠯᠠᠵᠤ ᠭᠢᠪᠠᠯ ᠮᠠᠰᠢ ᠰᠠᠶᠢᠨ ᠪᠠᠶᠢᠳᠠᠭ ᠶᠤᠮ᠃ ᠭᠤᠷᠪᠠ ᠳᠤ᠂ ᠮᠤᠷᠢ ᠪᠠᠨ ᠤᠶᠠᠵᠤ ᠰᠦᠢᠬᠤ ᠳᠤ ᠵᠠᠪᠠᠯ ᠲᠡᠭᠷᠢ ᠶᠢᠨ ᠠᠭᠤᠷ ᠠᠮᠢᠰᠬᠤᠯ ᠤᠨ ᠬᠤᠪᠢᠷᠠᠯᠳᠠ ᠲᠠᠢ ᠪᠤᠯᠬᠤ ᠡᠰᠡᠭᠦ ᠶᠢ ᠡᠷᠭᠡᠪᠰᠢ ᠤᠷᠢᠳᠴᠢᠯᠠᠨ ᠵᠢᠰᠢᠵᠤ ᠵᠦᠪ ᠤᠨᠤᠪᠴᠢᠳᠠᠢ ᠵᠢᠰᠢᠨ ᠮᠡᠳᠡᠭᠰᠡᠨ ᠤ ᠰᠠᠭᠤᠷᠢᠨ ᠲᠠᠭᠡᠷ᠎ᠠ ᠤᠨᠤᠬᠤ ᠮᠤᠷᠢ ᠤᠨᠤᠭ᠎ᠠ ᠪᠠᠨ ᠤᠶᠠᠵᠤ ᠰᠦᠢᠬᠤ ᠳᠤᠭᠢᠷᠠᠭᠰᠠᠨ ᠴᠠᠭ ᠠᠭᠤᠷ ᠪᠠ ᠭᠠᠵᠠᠷ ᠤᠷᠤᠨ ᠢ ᠵᠦᠪ ᠰᠤᠩᠭᠤᠵᠤ ᠮᠤᠩᠭᠤᠯ ᠤᠨ ᠵᠠᠩ ᠦᠢᠯᠠ ᠶᠢᠨ ᠶᠤᠰᠤᠭᠠᠷ ᠶᠤᠰᠤᠴᠢᠯᠠᠨ ᠭᠢᠪᠡᠯ ᠵᠤᠭᠢᠨ᠎ᠠ᠃ ᠲᠦᠷᠪᠠ ᠳᠤ᠂ ᠮᠤᠷᠢ ᠪᠠᠨ ᠤᠶᠠᠵᠤ ᠰᠦᠢᠬᠤ ᠳᠤ ᠪᠠᠨ ᠵᠠᠪᠠᠯ ᠡᠳᠤᠷ ᠤᠨ ᠨᠠᠷᠠᠨ ᠰᠢᠩᠭᠡᠵᠤ᠂ ᠤᠭᠳᠠᠷᠭᠤᠢ ᠲᠡᠭᠷᠢ ᠳᠤ ᠤᠳᠤ ᠰᠠᠷᠠ ᠳᠤᠳᠤ ᠬᠠᠷᠠᠭᠳᠠᠭᠰᠠᠨ ᠳᠤᠩᠭᠠᠯᠠᠭ ᠰᠠᠶᠢᠬᠠᠨ ᠰᠦᠨᠢ ᠪᠠᠶᠢᠵᠤ᠂ ᠬᠤᠶᠢᠳᠤ ᠵᠦᠭ ᠠᠴᠠ ᠪᠠᠭ᠎ᠠ ᠵᠡᠷᠭᠡ ᠶᠢᠨ ᠰᠠᠯᠭᠢ ᠲᠠᠢ ᠭᠦᠢᠳᠠᠨ ᠰᠦᠨᠢ᠂ ᠮᠤᠷᠢ ᠪᠠᠨ ᠪᠠᠭ᠎ᠠ ᠭᠦᠯᠦᠰᠤ ᠭᠠᠷᠭᠠᠵᠤ᠂ ᠡᠮᠡᠭᠡᠯ ᠪᠠ ᠤᠯᠤᠩ ᠲᠠᠳᠠᠭᠠᠰᠤ ᠶᠢ ᠰᠠᠶᠢᠳᠤᠷ ᠴᠢᠩᠭᠠᠯᠠᠨ᠂ ᠬᠠᠵᠠᠭᠠᠷ ᠨᠤᠭᠳᠤ ᠶᠢ ᠳᠤᠭᠢᠷᠠᠮᠵᠢᠳᠠᠢ ᠰᠠᠶᠢᠨ ᠪᠠᠭᠠᠨ᠎ᠠ ᠠᠴᠠ ᠤᠶᠠᠵᠤ ᠡᠮᠡᠭᠡᠯ ᠤᠨ ᠪᠦᠭᠦᠷᠢᠭ ᠲᠠᠢ ᠬᠤᠯᠪᠤᠨ ᠮᠤᠷᠢᠨ ᠤ ᠳᠤᠯᠤᠭᠠᠢ ᠶᠢ ᠲᠡᠭᠰᠢ ᠪᠤᠯᠭᠠᠨ ᠲᠦᠪ ᠵᠤᠭᠰᠤᠭᠠᠨ ᠰᠦᠢᠬᠤ ᠪᠤᠯᠤᠨ᠎ᠠ᠃ ᠲᠠᠪᠤ ᠳᠤ᠂ ᠲᠠᠷᠠᠭ᠎ᠠ ᠡᠳᠤᠷ ᠤᠨ ᠦᠷᠯᠤᠭᠡ ᠡᠷᠳᠡ 4 — 5 ᠴᠠᠭ ᠤᠨ ᠦᠶᠡᠰ ᠢᠶᠠᠷ ᠰᠦᠢᠬᠰᠡᠨ ᠮᠤᠷᠢ ᠤᠨᠤᠭ᠎ᠠ ᠪᠠᠨ ᠭᠦᠳᠤᠯᠤᠨ ᠪᠠᠶ᠎ᠠ ᠪᠠᠨ ᠳᠤᠭᠤᠷᠢᠭᠤᠯᠤᠨ ᠠᠭᠠᠵᠢᠮ ᠠᠭᠠᠵᠢᠮ ᠢᠶᠠᠷ ᠠᠯᠬᠤᠭᠤᠯᠤᠨ ᠶᠠᠪᠤᠭᠤᠯᠵᠤ᠂ ᠦᠷᠯᠤᠭᠡ ᠶᠢᠨ ᠨᠠᠷᠠ ᠭᠠᠷᠤᠭᠰᠠᠨ ᠬᠤᠶᠢᠨ᠎ᠠ ᠮᠤᠷᠢ ᠪᠠᠨ ᠪᠠᠭ᠎ᠠ ᠤᠰᠤᠯᠠᠭᠰᠠᠨ ᠤ ᠲᠠᠷᠠᠭ᠎ᠠ ᠪᠤᠷᠳᠤᠵᠤ ᠲᠠᠵᠢᠭᠡᠭᠦ ᠪᠤᠯᠤᠨ᠎ᠠ᠃ ᠵᠢᠷᠭᠤᠭ᠎ᠠ ᠳᠤ᠂ ︽ᠲᠠᠪᠤ ᠶᠢᠰᠤ︾ ᠶᠢᠨ ᠮᠤᠷᠢ ᠤᠨᠤᠭ᠎ᠠ ᠪᠠᠨ ᠰᠦᠢᠬᠤ ᠬᠤᠨᠤᠭ ᠢ 25 — 30 ᠬᠤᠨᠤᠭ ᠦᠷᠭᠦᠯᠵᠢᠯᠠᠨ ᠤᠶᠠᠵᠤ ᠰᠦᠢᠪᠠᠯ ᠦᠨᠳᠤᠰᠤᠨ ᠳᠤ ᠪᠠᠨ ᠪᠤᠯᠴᠢᠬᠠᠬᠤ ᠶᠤᠮ᠃ ᠳᠤᠯᠤᠭ᠎ᠠ ᠳᠤ᠂ ᠮᠤᠩᠭᠤᠯᠴᠤᠳ ᠮᠤᠷᠢ ᠤᠨᠤᠭ᠎ᠠ ᠪᠠᠨ ︽ᠲᠠᠪᠤ ᠶᠢᠰᠤ︾ ᠶᠢᠨ ᠤᠶᠠᠬᠤ ᠰᠦᠢᠯᠠᠭ᠎ᠠ ᠶᠢ ᠦᠡᠭᠭᠡᠷᠡᠭᠡᠭᠰᠡᠨ ᠮᠤᠷᠢ ᠪᠤᠯ ᠦᠡᠭᠭᠡ ᠵᠢᠰᠤ ᠨᠢ ᠤᠨᠴᠠ ᠰᠠᠶᠢᠨ ᠪᠦᠭᠡᠳ ᠳᠤᠳᠤᠷ ᠤᠨ ᠬᠠᠯᠠᠭᠤᠨ ᠨᠢ ︵ᠭᠡᠮ︶ ᠠᠷᠢᠯᠵᠤ᠂ ᠲᠠᠯᠢᠭᠦᠤ ᠬᠤᠳᠤᠭᠤᠳᠤᠨ ᠤ ᠰᠢᠩᠭᠡᠭᠡᠯᠳᠠ ᠶᠢᠨ ᠴᠢᠳᠠᠪᠤᠷᠢ ᠨᠢ ᠰᠠᠶᠢᠵᠢᠷᠠᠵᠤ᠂ ᠡᠪᠡᠳᠴᠢᠨ ᠭᠢᠵᠢᠭ ᠢ ᠡᠰᠡᠷᠭᠦᠴᠡᠭᠦ ᠴᠢᠳᠠᠪᠤᠷᠢ ᠨᠢ ᠲᠠᠭᠡᠭᠰᠢᠯᠠᠵᠤ᠂ ᠲᠠᠮᠢᠷ ᠭᠦᠴᠤ ᠨᠢ ᠨᠡᠮᠡᠭᠳᠡᠵᠤ᠂ ᠪᠠᠶ᠎ᠠ ᠨᠢ ᠤᠨᠴᠠ ᠴᠢᠭᠢᠷᠠᠭᠵᠢᠬᠤ ᠪᠠ ᠲᠠᠷᠠᠭ᠎ᠠ ᠵᠤᠨ ᠨᠠᠮᠤᠷ ᠲᠤ ᠪᠠᠨ ᠭᠦᠴᠤ ᠲᠠᠷᠭᠤ ᠠᠪᠬᠤ ᠳᠤ ᠤᠨᠴᠠ ᠰᠠᠶᠢᠨ ᠪᠠᠶᠢᠳᠠᠭ᠃ ᠡᠶᠢᠮᠤ ᠠᠴᠠ ᠲᠠᠪᠤ ᠶᠢᠰᠤ ᠶᠢᠨ ᠭᠦᠢᠳᠠᠨ ᠤ ᠠᠭᠤᠷ ᠠᠮᠢᠰᠬᠤᠯ ᠳᠤ ᠵᠠᠷᠢᠮ ᠬᠠᠰᠢᠷ ᠠᠳᠤᠭᠤᠴᠢᠨ ᠦᠪᠠᠷ ᠤᠨ ᠮᠤᠷᠢ ᠤᠨᠤᠭ᠎ᠠ ᠪᠠᠨ ᠲᠠᠭᠡᠷᠡᠭᠢ ᠮᠠᠳᠤ ᠪᠠᠷ ᠤᠶᠠᠵᠤ ᠰᠦᠢᠬᠤ ᠵᠠᠩ ᠦᠢᠯᠠ ᠶᠢ ᠪᠠᠷᠢᠮᠳᠠᠯᠠᠵᠤ ᠴᠢᠳᠠᠭᠰᠠᠨ ᠢᠶᠠᠷ ᠠᠳᠤᠭᠤᠨ ᠤ ᠦᠰᠤᠯᠳᠠ ᠪᠤᠶᠢᠵᠢᠯᠳᠠ ᠳᠤ ᠤᠨᠴᠠ ᠰᠠᠶᠢᠨ ᠦᠢᠯᠡᠳᠤᠯ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号