ᠭᠦᠢᠰᠤ ᠬᠠᠶᠢᠴᠢᠯᠠᠬᠤ ᠶᠤᠰᠤᠨ
ᠨᠡᠶᠢᠲᠡᠯᠡᠭᠰᠡᠨ ᠴᠠᠭ᠄
2018/12/3
ᠮᠤᠩᠭᠤᠯᠴᠤᠳ ᠤᠨ ᠭᠦᠡᠭᠭᠡᠵᠢᠭᠦ ᠮᠠᠨᠳᠤᠯᠡᠭᠦ ᠶᠤᠰᠤ ᠵᠠᠩᠰᠢᠯ ᠤᠯᠠᠨ ᠵᠦᠢᠯ ᠪᠠᠶᠢᠵᠤ᠂ ᠭᠡᠤᠭᠡᠳ ᠳᠤᠰᠬᠤ ᠶᠠᠪᠤᠳᠠᠯ ᠢ ᠳᠤᠩ ᠭᠦᠨᠳᠤᠳᠭᠡᠨ ᠦᠵᠡᠵᠤ ᠡᠯ᠎ᠠ ᠵᠦᠢᠯ ᠤᠨ ᠪᠠᠯᠠᠳᠭᠡᠯ ᠠᠵᠢᠯ ᠢᠶᠠᠨ ᠭᠦᠢᠴᠡᠳ ᠭᠢᠭᠦ ᠶᠢᠨ ᠬᠠᠮᠳᠤ ᠰᠠᠪᠠ ᠪᠤᠯᠭᠠᠨ ᠢᠶᠠᠨ ᠤᠭᠢᠶᠠᠨ ᠴᠠᠪᠠᠷᠯᠠᠵᠤ ᠭᠦᠵᠢ ᠭᠠᠯ ᠢᠶᠠᠷ ᠠᠷᠢᠭᠤᠳᠬᠠᠵᠤ᠂ ᠲᠠᠭᠡᠭᠰᠢ ᠬᠠᠨᠳᠤᠭᠤᠯᠤᠨ ᠲᠠᠯᠪᠢᠵᠤ ᠂ ᠬᠤᠭᠤᠰᠤᠨ ᠰᠠᠪᠠ ᠰᠠᠭᠤᠯᠠᠭ᠎ᠠ ᠶᠢ ᠪᠦᠷ ᠰᠦ ᠳᠤᠰᠤ ᠪᠠᠷ ᠲᠦᠭᠦᠷᠭᠡᠵᠤ ᠪᠡᠯᠭᠡ ᠲᠠᠮᠪᠠᠷᠠᠯ ᠪᠤᠯᠭᠠᠳᠠᠭ᠃ ᠭᠡᠤᠭᠡᠳ ᠲᠦᠷᠦᠮᠡᠭᠴᠠ ᠭᠡᠪᠡᠯᠢ ᠳᠠᠬᠢ ᠭᠦᠮᠤᠵᠢᠯ ᠤᠨ ᠱᠠᠳᠤᠨ ᠠᠴᠠ ᠦᠯᠤᠭᠡᠢ ᠶᠢᠨ ᠭᠦᠮᠤᠵᠢᠯ ᠤᠨ ᠱᠠᠳᠤᠨ ᠳᠤ ᠤᠷᠤᠬᠤ ᠪᠤᠯᠤᠨ᠎ᠠ᠃ ᠡᠩ ᠲᠠᠷᠢᠭᠦᠨ ᠳᠤ ᠭᠡᠤᠭᠡᠳ ᠤᠨ ᠭᠦᠢᠰᠤ ᠬᠠᠶᠢᠴᠢᠯᠠᠬᠤ ᠶᠢ ᠴᠢᠬᠤᠯᠠᠴᠢᠯᠠᠳᠠᠭ᠃ ᠭᠡᠤᠭᠡᠳ ᠤᠨ ᠭᠦᠢᠰᠤ ᠶᠢ ᠴᠠᠭᠢᠭᠤᠷ ᠴᠢᠯᠠᠭᠤᠨ ᠤ ᠢᠷ ᠢᠶᠠᠷ ᠤᠭᠳᠤᠯᠳᠠᠭ᠃ ᠢᠡᠭᠭᠢᠪᠠᠯ ᠬᠤᠷᠳᠤᠨ ᠠᠨᠠᠬᠤ ᠪᠦᠭᠡᠳ ᠰᠠᠪ ᠦᠯᠡᠭᠳᠡᠳᠡᠭ ᠦᠭᠡᠢ ᠭᠡᠨ᠎ᠠ᠃ ︽ᠭᠡᠤᠭᠡᠳ ᠤᠨ ᠭᠦᠢᠰᠤ ᠶᠢ ᠰᠤᠮᠤᠨ ᠳᠤᠯᠤᠭᠠᠢ ᠪᠠᠷ ᠤᠭᠳᠤᠯᠵᠤ᠂ ᠡᠭᠦᠨ ᠢ ᠪᠠᠨ ᠴᠢᠩᠭᠢᠰ ᠬᠠᠭᠠᠨ ᠤ ᠬᠤᠷ ᠰᠠᠭᠠᠳᠠᠭ ᠤᠨ ᠴᠠᠭᠠᠨ ᠰᠤᠮᠤᠨ ᠳᠤᠯᠤᠭᠠᠢ ᠪᠠᠷ ᠲᠠᠰᠤᠯᠵᠤ ᠪᠠᠶᠢᠨ᠎ᠠ᠂ ᠢᠡᠭᠭᠢᠪᠠᠯ ᠭᠡᠤᠭᠡᠳ ᠡᠪᠡᠳᠴᠢᠨ ᠲᠠᠬᠤᠯ ᠳᠤ ᠨᠠᠷᠪᠡᠭᠳᠡᠭᠦ ᠦᠭᠡᠢ᠂ ᠠᠳᠠ ᠴᠢᠳᠭᠦᠷ ᠬᠠᠯᠳᠠᠬᠤ ᠦᠭᠡᠢ ᠭᠡᠳᠡᠭ᠃ ︽ᠭᠦᠢᠰᠤ ᠶᠢ ᠨᠢ ᠭᠡᠵᠢᠶᠠᠳᠠ ᠭᠡᠭᠡᠵᠤ ᠤᠷᠭᠢᠪᠠᠯ ᠭᠡᠤᠭᠡᠳ ᠨᠢ ᠬᠤᠵᠢᠮ ᠳᠤᠭᠤᠷᠢᠮᠳᠠᠭᠠᠢ ᠵᠡᠩ ᠲᠠᠢ ᠪᠤᠯᠤᠨ᠎ᠠ ᠭᠡᠳᠡᠭ᠃ ᠡᠶᠢᠮᠤ ᠠᠴᠠ ᠤᠯᠠᠩᠭᠢ ᠳᠤ ᠪᠠᠨ ᠭᠦᠢᠰᠤ ᠶᠢ ᠰᠠᠶᠢᠬᠠᠨ ᠪᠠᠭᠯᠠᠵᠤ ᠬᠠᠳᠠᠭᠠᠯᠠᠭᠠᠳ ᠤᠯᠠᠭᠠᠨ ᠳᠤᠷᠭᠠᠨ ᠳᠤ ᠪᠠᠭᠯᠠᠵᠤ ᠦᠯᠦᠭᠡᠢ ᠶᠢᠨ ᠠᠷᠤ ᠳᠤ ᠨᠢ ᠡᠯᠭᠦᠵᠤ᠂ ᠶᠡᠭᠡ ᠪᠤᠯᠳᠠᠯ᠎ᠠ ᠨᠢ ᠬᠠᠳᠠᠭᠠᠯᠠᠵᠤ᠂ ᠦᠭᠦᠭᠦ ᠦᠶ᠎ᠠ ᠳᠤ ᠨᠢ ᠳᠠᠭᠠᠭᠤᠯᠳᠠᠭ︾ ᠭᠡᠳᠡᠭ᠃ ᠡᠳᠡᠭᠡᠷ ᠢᠶᠠᠷ ᠲᠠᠮᠵᠢᠭᠤᠯᠵᠤ᠂ ᠡᠨᠡ ᠭᠦ ᠰᠤᠷᠭᠠᠨ ᠭᠦᠮᠤᠵᠢᠯ ᠤᠨ ᠰᠢᠨ᠎ᠠ ᠡᠳᠡᠭᠡᠳ ᠪᠤᠯᠬᠤ ᠭᠡᠤᠭᠡᠳ ᠢᠶᠠᠨ ᠳᠤᠳᠠᠭᠳᠠᠵᠤ ᠡᠷᠢᠭ᠍ᠳᠡᠭᠦ ᠶᠠᠭᠤᠮ᠎ᠠ ᠦᠭᠡᠢ ᠯᠠᠪᠳᠠᠭᠤᠨ ᠠᠭᠤᠵᠢᠭᠤ ᠵᠡᠩ ᠲᠠᠢ᠂ ᠭᠢᠵᠢᠭ ᠪᠠᠷᠴᠢᠳ ᠠᠴᠠ ᠠᠶᠤᠬᠤ ᠦᠭᠡᠢ ᠰᠦᠰᠤ ᠵᠤᠷᠢᠭ  ᠲᠠᠢ ᠭᠦᠮᠦᠨ ᠪᠤᠯᠭᠠᠬᠤ ᠭᠡᠵᠤ ᠭᠦᠰᠠᠮᠵᠢᠯᠡᠳᠡᠭ ᠪᠠᠶᠢᠨ᠎ᠠ᠃ ᠭᠡᠤᠭᠡᠳ ᠭᠦᠡᠭᠭᠡᠵᠢᠮᠡᠭᠴᠠ ᠭᠡᠷ ᠤᠨ ᠡᠭᠦᠳᠠᠨ ᠳᠤ ᠪᠠᠨ ᠪᠠᠯᠭᠡᠳᠤ ᠲᠠᠮᠳᠡᠭ ᠡᠯᠭᠦᠵᠤ᠂ ︽ᠭᠦᠤ ᠲᠠᠢ ᠪᠤᠯᠤᠭᠰᠠᠨ ᠪᠤᠯ ᠪᠤᠷᠭᠠᠰᠤ ᠪᠠᠷ ᠭᠢᠭᠰᠡᠨ ᠨᠤᠮᠤ ᠳᠤ ᠪᠠᠨ ᠰᠤᠮᠤ ᠤᠨᠢᠯᠠᠵᠤ᠂ ᠤᠯᠠᠭᠠᠨ ᠪᠦᠰ ᠤᠶᠠᠭᠠᠳ ᠰᠤᠮᠤ ᠶᠢ ᠭᠠᠳᠠᠭᠰᠢ ᠬᠠᠨᠳᠤᠭᠤᠯᠵᠤ ᠡᠯᠭᠦᠨ᠎ᠠ᠂ ᠡᠨᠡ ᠨᠢ ᠴᠢᠳᠭᠦᠷ ᠢ ᠠᠶᠤᠯᠭᠠᠬᠤ ᠰᠠᠨᠠᠭ᠎ᠠ ᠲᠠᠢ ᠪᠦᠭᠡᠳ ᠨᠦᠭᠦᠭᠡ ᠲᠠᠯ᠎ᠠ ᠪᠠᠷ ᠭᠦᠤ ᠭᠦᠮᠤᠨ ᠤ ᠨᠤᠮᠤ ᠰᠠᠭᠠᠳᠠᠭ ᠠᠭᠰᠠᠵᠤ᠂ ᠠᠪᠠ ᠰᠢᠪᠠᠭᠤᠨ ᠳᠤ ᠶᠠᠪᠤᠬᠤ ᠰᠠᠶᠢᠨ ᠡᠷ᠎ᠠ ᠶᠢᠨ ᠪᠠᠯᠭᠡ ᠲᠠᠮᠳᠡᠭ ᠪᠤᠯᠭᠠᠨ᠎ᠠ᠃ ᠭᠡᠤᠭᠡᠨ ᠲᠠᠢ ᠪᠤᠯᠤᠭᠰᠠᠨ ᠪᠤᠯ ᠪᠤᠷᠭᠠᠰᠤ  ᠪᠠᠨ ᠲᠦᠭᠦᠷᠢᠭ ᠪᠤᠯᠭᠠᠵᠤ᠂ ᠲᠠᠭᠡᠷ᠎ᠠ ᠨᠢ ᠤᠯᠠᠭᠠᠨ ᠪᠦᠰ ᠢᠶᠠᠷ ᠬᠤᠸᠠᠷ ᠤᠶᠤᠵᠤ ᠲᠠᠯᠪᠢᠭᠠᠳ᠂ ᠰᠠᠶᠢᠨ ᠰᠠᠶᠢᠬᠠᠨ ᠤ ᠪᠠᠯᠭᠡ ᠲᠠᠮᠳᠡᠭ ᠪᠤᠯᠭᠠᠳᠠᠭ᠃ ᠡᠨᠡ ᠨᠢ ᠮᠤᠩᠭᠤᠯᠴᠤᠳ ᠤᠨ ᠭᠡᠤᠭᠡᠳ ᠤᠯᠤᠭᠰᠠᠨ ᠪᠠᠶᠠᠷ ᠤᠨ ᠲᠠᠮᠳᠡᠭ ᠪᠤᠯᠬᠤ ᠮᠦᠷᠳᠡᠭᠡᠨ ᠭᠡᠤᠭᠡᠳ ᠢᠶᠠᠨ ᠦᠰᠭᠡᠨ ᠭᠦᠮᠤᠵᠢᠭᠦᠯᠭᠦ ᠭᠦᠰᠠᠯ ᠤᠨ ᠪᠠᠯᠭᠡ ᠪᠤᠯᠬᠤ ᠶᠤᠮ᠃ ᠡᠨᠡ ᠨᠢ ᠭᠡᠳᠦ᠋ᠢᠪᠠᠷ ᠡᠷᠳᠡ ᠤᠵᠤᠭᠤᠷ ᠤᠨ ᠤᠯᠠᠮᠵᠢᠯᠠᠯ ᠲᠠᠢ ᠪᠤᠯᠪᠠᠴᠤ᠂ ᠲᠠᠭᠦᠨ ᠳᠤ ᠠᠭᠤᠯᠤᠭᠳᠠᠭᠰᠠᠨ ᠴᠡᠭᠡᠷ ᠶᠤᠰᠤᠨ ᠪᠠ ᠲᠠᠳᠬᠠᠯ ᠱᠠᠭᠠᠷᠳᠠᠯᠭ᠎ᠠ ᠨᠢ ᠤᠳᠤ ᠦᠶ᠎ᠠ ᠶᠢᠨ ᠰᠢᠨᠵᠢᠯᠡᠭᠦ ᠤᠬᠠᠭᠠᠨ ᠲᠠᠢ ᠨᠠᠶᠢᠴᠡᠭᠦ ᠪᠦᠭᠡᠳ ᠭᠡᠤᠭᠡᠳ ᠤᠨ ᠰᠠᠳᠭᠢᠴᠠ ᠤᠨ ᠭᠦᠭᠵᠢᠯ ᠪᠠ ᠰᠤᠷᠭᠠᠨ ᠭᠦᠮᠤᠵᠢᠯ ᠤᠨ ᠵᠢᠮ᠎ᠠ ᠶᠤᠰᠤ ᠲᠠᠢ ᠳᠤᠭᠢᠷᠠᠭᠰᠠᠨ᠂ ᠭᠡᠵᠢᠶᠠᠳᠠ ᠤᠯᠠᠮᠵᠢᠯᠠᠨ ᠲᠠᠯᠭᠡᠷᠡᠭᠦᠯᠭᠦ ᠰᠢᠯᠢᠳᠡᠭ ᠦᠪ ᠰᠤᠶᠤᠯ ᠪᠤᠯᠤᠭᠰᠠᠨ ᠪᠠᠶᠢᠨ᠎ᠠ᠃ ᠤᠳᠤ ᠭᠦᠢᠰᠤ ᠶᠢ ᠲᠠᠰᠤᠯᠬᠤ ᠳᠤ ᠭᠦᠢᠰᠤ ᠶᠢ ᠬᠤᠶᠠᠷ ᠭᠢᠮᠰᠠ ᠪᠠᠷ ᠬᠠᠪᠴᠢᠵᠤ ᠳᠤᠮᠳᠠᠭᠤᠷ ᠨᠢ ᠬᠠᠶᠢᠴᠢᠯᠠᠨ᠎ᠠ᠃ ᠲᠠᠭᠡᠭᠡᠳ ᠬᠠᠶᠢᠴᠢᠯᠠᠭᠰᠠᠨ ᠭᠦᠢᠰᠤ ᠶᠢ ᠨᠢ ᠭᠡᠤᠭᠡᠳ ᠠᠴᠠ 1 — 2 mm ᠤᠷᠴᠢᠮ ᠵᠠᠢ ᠲᠠᠯᠪᠢᠵᠤ᠂ ᠠᠷᠢᠭᠤᠳᠬᠠᠭᠰᠠᠨ ᠭᠦᠪᠤᠡᠭ ᠤᠳᠠᠰᠤ ᠪᠠᠷ ᠤᠶᠠᠵᠤ ᠵᠠᠩᠭᠢᠳᠬᠤ ᠭᠡᠷᠡᠭᠳᠠᠢ᠃ ᠲᠠᠷᠠᠭ᠎ᠠ ᠳᠤ ᠨᠢ ᠭᠦᠢᠰᠤᠨ ᠲᠠᠭᠡᠷ᠎ᠠ  ᠨᠢ ᠳ᠋ᠢᠶᠠᠨᠵᠢᠤ ᠲᠦᠷᠭᠢᠵᠤ ᠵᠠᠩᠭᠢᠳᠤᠭᠠᠳ ᠢᠯᠠᠭᠦᠤ ᠭᠠᠷᠤᠭᠰᠠᠨ ᠦᠵᠤᠭᠦᠷ ᠢ ᠨᠢ ᠬᠠᠶᠢᠴᠢᠯᠠᠵᠤ᠂ ᠦᠵᠤᠭᠦᠷ ᠲᠠᠭᠡᠷ᠎ᠠ  ᠨᠢ 2. 5% ᠤᠨ ᠳ᠋ᠢᠶᠠᠨᠵᠢᠤ ᠲᠦᠷᠭᠢᠵᠤ ᠬᠠᠭᠤᠷᠠᠢ ᠱᠠ ᠪᠦᠰ ᠲᠠᠯᠪᠢᠵᠤ ᠪᠤᠭᠤᠨ᠎ᠠ᠃ ᠭᠦᠢᠰᠤᠨ ᠠᠴᠠ ᠴᠢᠰᠤ ᠭᠠᠷᠬᠤ ᠶᠢ ᠬᠢᠴᠢᠶᠠᠵᠤ ᠴᠢᠩᠭ᠎ᠠ ᠤᠶᠠᠬᠤ ᠭᠡᠷᠡᠭᠳᠠᠢ᠃ ᠭᠡᠷᠪᠡ ᠭᠦᠢᠰᠤ ᠨᠢ ᠳᠤᠩᠭᠠᠯᠠᠭ ᠪᠦᠭᠡᠳ ᠪᠦᠳᠤᠭᠦᠨ᠂ ᠴᠠᠪᠠᠤᠯᠢᠭ ᠡᠳ᠋ ᠢᠶᠠᠷ ᠪᠠᠶᠠᠯᠢᠭ ᠪᠤᠯ ᠤᠶᠠᠵᠤ ᠵᠠᠩᠭᠢᠳᠬᠤ ᠳᠤ ᠪᠠᠨ ᠭᠦᠢᠰᠤ ᠶᠢ ᠲᠠᠰᠤᠯᠬᠤ ᠶᠢ ᠭᠢᠴᠢᠶᠠᠭᠦ ᠭᠡᠷᠡᠭᠳᠠᠢ᠃ ᠳ᠋ᠢᠶᠠᠨᠵᠢᠤ ᠶᠢ ᠭᠦᠪᠤᠷᠠᠯ ᠤᠨ ᠪᠠᠶ᠎ᠠ ᠲᠠᠭᠡᠷ᠎ᠠ ᠭᠦᠷᠭᠡᠵᠤ ᠤᠭᠳᠤ ᠪᠤᠯᠬᠤ ᠦᠭᠡᠢ᠃ ᠭᠡᠤᠭᠡᠳ ᠤᠨ ᠬᠤᠶᠢᠳᠤᠭᠢ ᠶᠢ ᠪᠤᠵᠠᠷ ᠭᠠᠵᠠᠷ ᠬᠠᠶᠠᠵᠤ ᠪᠤᠯᠬᠤ ᠦᠭᠡᠢ᠂ ᠡᠷᠭᠡᠪᠰᠢ ᠴᠠᠪᠠᠷ ᠠᠷᠢᠭᠤᠨ ᠭᠠᠵᠠᠷ ᠠᠪᠠᠴᠢᠵᠤ ᠪᠤᠯᠠᠵᠤ ᠲᠠᠯᠪᠢᠬᠤ ᠭᠡᠷᠡᠭᠳᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号