ᠮᠤᠩᠭᠤᠯᠴᠤᠳ ᠤᠨ ᠠᠷᠢᠬᠢ ᠶᠢ ᠭᠤᠷᠪᠠᠨᠳᠠ ᠬᠡᠮᠨᠡᠨ ᠰᠠᠴᠤᠯᠢ ᠡᠷᠬᠦᠬᠦ ᠶᠤᠰᠤᠨ
ᠨᠡᠶᠢᠲᠡᠯᠡᠭᠰᠡᠨ ᠴᠠᠭ᠄
2018/12/3
ᠡᠷᠳᠡ ᠤᠵᠠᠭᠤᠷ ᠠᠴᠠ ᠠᠪᠤᠭᠠᠳ ᠠᠷᠢᠬᠢ ᠤᠤᠭᠤᠬᠤ ᠳᠤ ᠠᠰᠤᠷᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠬᠢᠮᠨᠡᠳᠡᠭ ᠵᠠᠩᠰᠢᠯ ᠲᠠᠢ ᠪᠠᠶᠢᠬᠰᠠᠨ᠃ ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ ᠬᠤᠨᠳᠠᠭ᠎ᠠ ᠲᠠᠢ ᠠᠷᠢᠬᠢ ᠶᠢ ᠠᠪᠤᠩᠭᠤᠳᠠ ᠠᠮᠠ ᠤᠷᠤᠭᠤ ᠪᠠᠨ ᠴᠢᠳᠬᠤᠨ ᠤᠤᠭᠤᠳᠠᠬ ᠦᠬᠡᠢ᠂ ᠬᠠᠷᠢᠨ ᠨᠠᠰᠤᠳᠠᠨ ᠪᠤᠭᠤᠷᠤᠯ᠂ ᠠᠬᠠᠰ ᠵᠠᠬᠠᠰ ᠲᠤ ᠪᠠᠨ ᠤᠷᠢᠳ ᠢᠶᠠᠷ ᠳᠡᠬᠡᠵᠢᠯᠡᠨ ᠬᠡᠮᠨᠡᠵᠤ ᠶᠤᠰᠤ ᠤᠴᠢᠷ ᠢᠶᠠᠨ ᠬᠦᠢᠴᠡᠳᠬᠡᠨ᠂ ᠳᠠᠷᠠᠭ᠎ᠠ ᠨᠢ ᠭᠤᠷᠪᠠᠨᠳᠠ ᠰᠠᠷᠵᠢᠮᠯᠠᠨ ᠰᠠᠴᠤᠯᠢ ᠡᠷᠬᠦᠵᠤ ᠠᠮᠰᠠᠭᠠᠳ ᠤᠤᠭᠤᠳᠠᠬ᠃ ᠡᠨᠡ ᠬᠦ ᠵᠠᠩ ᠵᠢᠷᠤᠮ ᠤᠨ ᠪᠦᠷᠢᠯᠳᠤᠯ ᠨᠢ ᠳᠡᠦᠬᠡ ᠶᠢᠨ ᠡᠰᠢ ᠪᠠᠷᠢᠮᠳᠠ ᠲᠠᠢ ᠪᠦᠬᠡᠳ ᠤᠴᠢᠷ ᠤᠳᠬ᠎ᠠ ᠨᠢ ᠬᠦᠨ ᠪᠠᠶᠢᠳᠠᠬ᠃ ᠠᠷᠢᠬᠢ ᠶᠢ ᠭᠤᠷᠪᠠᠨᠳᠠ ᠬᠡᠮᠨᠡᠨ ᠰᠠᠴᠤᠯᠢ ᠡᠷᠬᠦᠳᠡᠭ ᠮᠤᠩᠭᠤᠯᠴᠤᠳ ᠤᠨ ᠶᠤᠰᠤ ᠵᠠᠩᠰᠢᠯ ᠢ ᠳᠤᠷᠠᠳᠬᠤ ᠳᠤ ᠴᠢᠩᠬᠢᠰ ᠬᠠᠭᠠᠨ ᠤ ᠪᠢᠯᠢᠭ ᠰᠤᠷᠭᠠᠯ ᠠᠴᠠ ᠡᠷᠢᠵᠤ ᠳᠤᠳᠤᠯᠠᠬᠤ ᠤᠴᠢᠷᠳᠡᠢ᠃ ᠳᠡᠦᠬᠡᠨ ᠳᠡᠮᠳᠡᠭᠯᠡᠯ ᠢ ᠦᠨᠳᠦᠰᠦᠯᠡᠪᠡᠯ᠂ ᠨᠠᠢᠮᠠᠨ ᠤ ᠳᠠᠶᠠᠨ ᠬᠠᠨ ᠳᠦᠷᠪᠡᠳᠡᠰᠢ ᠨᠠᠷᠠᠳᠦ ᠡᠯᠴᠢ ᠪᠠᠨ ᠴᠠᠭᠠᠨ ᠬᠡᠷᠡᠮ ᠤᠨ ᠠᠷᠤ ᠳᠤ ᠨᠤᠳᠤᠬᠰᠢᠬᠰᠠᠨ ᠤᠡᠭᠭᠤᠳ ᠠᠶᠢᠮᠠᠬ ᠤᠨ ᠳᠦᠷᠦᠬᠦᠦ ᠠᠯᠬᠤᠰᠢ ᠳᠠᠬᠢᠳᠬᠤᠷᠢ ᠳᠤ ᠢᠯᠡᠬᠡᠵᠤ᠂ ︽ᠳᠤᠷᠤᠨ᠎ᠡ ᠵᠦᠭ  ᠲᠤ ᠴᠦᠬᠡᠨ ᠮᠤᠩᠭᠤᠯᠴᠤᠳ ᠪᠤᠢ ᠬᠡᠳᠡᠭ᠂ ᠴᠢ ᠪᠠᠷᠠᠭᠤᠨ ᠭᠠᠷ ᠪᠤᠯᠵᠤ ᠮᠤᠷᠳᠡ᠂ ᠪᠢ ᠠᠳᠡᠴᠡ ᠬᠠᠮᠰᠠᠵᠤ ᠳᠡᠳᠡᠬᠡᠷ ᠮᠤᠩᠭᠤᠯᠴᠤᠳ ᠤᠨ ᠬᠤᠷᠤᠮᠰᠠᠭ᠎ᠠ ᠰᠠᠭᠠᠳᠠᠬ ᠢ ᠪᠤᠯᠢᠶᠠᠨ ᠠᠪᠰᠤᠭᠠᠢ︾ ᠬᠡᠵᠠᠢ᠃ ᠠᠯᠬᠤᠰᠢ ᠳᠠᠬᠢᠳᠬᠤᠷᠢ ︽ᠪᠢ ᠪᠠᠷᠠᠭᠤᠨ ᠭᠠᠷ ᠴᠢᠨᠢ ᠪᠤᠯᠵᠤ ᠴᠢᠳᠠᠬᠤ ᠦᠬᠡᠢ︾ ᠬᠡᠵᠤ ᠡᠯᠴᠢ ᠶᠢ ᠨᠢ ᠳᠠᠶᠠᠨ ᠬᠠᠨ ᠳᠤ ᠪᠤᠴᠠᠭᠠᠭᠠᠳ ᠦᠪᠡᠷ ᠤᠨ ᠵᠤᠬᠤᠨᠠᠬ ᠨᠡᠷᠡᠳᠦ ᠡᠯᠴᠢ ᠪᠠᠨ ᠳᠠᠶᠢᠽᠤ ᠪᠤᠬᠳᠠ ᠴᠢᠩᠬᠢᠰ ᠬᠠᠭᠠᠨ ᠳᠤ ᠢᠯᠡᠬᠡᠵᠤ᠂ ᠵᠢᠷᠭᠤᠭᠠᠨ ᠪᠠᠯᠪᠠᠨᠭ᠌ ︵ᠪᠤᠳᠤᠩ︶ ᠠᠷᠢᠬᠢ ᠪᠡᠯᠡᠭᠯᠡᠨ ᠳᠠᠶᠠᠨ ᠬᠠᠨ ᠤ ᠳᠤᠪᠳᠤᠯᠤᠯᠳᠠ ᠶᠢ ᠰᠡᠷᠡᠮᠵᠢᠯᠡᠳᠦᠬᠡᠢ ᠬᠡᠰᠡᠨ ᠪᠠᠶᠢᠵᠠᠢ᠃ ᠳᠠᠶᠢᠽᠤ ᠤᠷᠢᠳ ᠢᠶᠠᠷ ᠰᠠᠴᠤᠯᠢ ᠡᠷᠬᠦᠵᠤ ᠳᠠᠷᠠᠭ᠎ᠠ ᠪᠠᠷ ᠵᠤᠭᠤᠬᠯᠠᠪᠠ᠂ ᠬᠡᠮ ᠢ ᠭᠤᠷᠪᠠᠨᠳᠠ ᠡᠷᠬᠦᠵᠤ ︽ᠡᠨᠡ ᠶᠠᠭᠤᠮ᠎ᠠ ᠶᠢ ᠪᠠᠭ᠎ᠠ ᠡᠳ᠋ᠯᠡᠪᠡᠰᠦ ᠴᠢᠨᠡᠷ ᠢ ᠬᠦᠭᠵᠢᠬᠡᠮᠤᠢ᠂ ᠶᠡᠭᠡ ᠡᠳ᠋ᠯᠡᠪᠡᠰᠦ ᠴᠢᠨᠡᠷ ᠢ ᠦᠳᠡᠬᠡᠷᠡᠮᠤᠢ︾ ᠬᠡᠵᠡᠢ᠃ ᠠᠯᠬᠤᠰᠢ ᠳᠠᠬᠢᠳᠬᠤᠷᠢ ᠳᠤ ᠴᠢᠩᠬᠢᠰ ᠬᠠᠭᠠᠨ ︽᠁ ᠨᠢᠬᠡᠨ ᠡᠳᠦᠷ ᠳᠡᠯᠡᠬᠡᠢ ᠳ᠋ᠡᠬᠢᠨ ᠮᠢᠨᠦ ᠪᠤᠯᠪᠠᠰᠤ ᠴᠢᠨᠤ ᠠᠴᠢ ᠳᠤᠰᠠ ᠶᠢ ᠬᠡᠷᠬᠢᠨ ᠬᠠᠷᠢᠭᠤᠯᠠᠬᠤ ᠶᠢ ᠮᠦᠡᠭᠬᠡ ᠳᠡᠭᠷᠢ ᠮᠡᠳᠡᠳᠦᠬᠡᠢ︾ ᠬᠡᠮᠡᠭᠰᠡᠨ ᠪᠦᠬᠡᠳ ᠳᠡᠶᠠᠨ ᠬᠠᠨ ᠢ ᠬᠠᠮᠳᠤ ᠪᠠᠷ ᠳᠠᠶᠢᠯᠠᠬᠤ ᠪᠠᠷ ᠪᠤᠯᠵᠤᠬᠰᠠᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠳᠤᠪᠴᠢᠶᠠᠨ︾᠂ ︽ᠪᠤᠬᠳᠠ ᠪᠠᠭᠠᠳᠤᠷ ᠤᠨ ᠪᠡᠶ᠎ᠡ ᠪᠠᠷ ᠳᠠᠶᠢᠯᠠᠬᠰᠠᠨ ᠳᠡᠮᠳᠡᠭᠯᠡᠯ︾᠂ ︽ᠭᠤᠤ ᠳᠠᠩ ᠵᠦᠡᠭ ᠰᠢᠶᠠᠨ ᠸᠠᠩ ᠤᠨ ᠬᠦᠰᠢᠶᠠᠨ ᠤ ᠪᠢᠴᠢᠭ︾ ᠵᠡᠷᠬᠡ ᠳᠡᠦᠬᠡ ᠱᠠᠰᠳᠢᠷ ᠲᠤ ᠡᠨᠡ ᠳᠤᠬᠠᠢ ᠳᠡᠮᠳᠡᠭᠯᠡᠯ ᠴᠦᠮ ᠪᠤᠢ᠃ ᠴᠢᠩᠬᠢᠰ ᠬᠠᠭᠠᠨ ᠠᠯᠬᠤᠰᠢ ᠳᠠᠬᠢᠳᠬᠤᠷᠢ ᠶᠢᠨ ᠬᠦᠷᠬᠡᠭᠰᠡᠨ ᠵᠢᠷᠭᠤᠭᠠᠨ ᠪᠠᠯᠪᠠᠨᠭ᠌ ᠠᠷᠢᠬᠢ ᠶᠢ ᠰᠠᠴᠤᠯᠢ ᠡᠷᠬᠦᠨ ᠭᠤᠷᠪᠠᠨᠳᠠ ᠬᠡᠮ ᠡᠷᠬᠦᠵᠤ᠂ ᠨᠠᠢᠮᠠᠨ ᠠᠶᠢᠮᠠᠬ ᠢ ᠳᠠᠶᠢᠯᠠᠬᠤ ᠪᠠᠷ ᠶᠡᠭᠡ ᠴᠡᠷᠢᠭ ᠢᠶᠠᠨ ᠳᠠᠶᠢᠴᠢᠯᠠᠨ ᠬᠠᠷᠪᠤᠬᠰᠠᠨ ᠰᠤᠮᠤ ᠮᠡᠳᠦ ᠬᠠᠷᠢᠯᠳᠡ ᠦᠬᠡᠢ ᠪᠠᠷ ᠨᠠᠢᠮᠠᠨ ᠠᠶᠢᠮᠠᠬ ᠢ ᠬᠤᠷᠢᠶᠠᠮᠵᠢᠯᠠᠨ ᠳᠦᠪᠰᠢᠳᠬᠡᠵᠤ᠂ ᠮᠤᠩᠭᠤᠯ ᠤᠨ ᠶᠡᠭᠡ ᠬᠠᠭᠠᠨᠳᠤ ᠳᠤᠯᠭᠤᠷ ᠳᠦᠷᠦ ᠶᠢ ᠴᠤᠬᠴᠠᠯᠠᠬᠰᠠᠨ ᠪᠠᠶᠢᠨ᠎ᠠ᠃ ᠮᠤᠩᠭᠤᠯᠴᠤᠳ ᠡᠨᠡ ᠬᠦ ᠢᠯᠡᠯᠳᠡ ᠪᠠᠨ ᠳᠡᠦᠬᠡᠨ ᠳᠤ ᠦᠨᠢ ᠤᠳᠠᠭᠠᠨ ᠳᠤᠷᠠᠰᠴᠤ ᠳᠡᠮᠳᠡᠭᠯᠡᠬᠦ ᠶᠢᠨ ᠳᠦᠯᠦᠬᠡᠨ᠎ᠡ ᠴᠢᠩᠬᠢᠰ ᠬᠠᠭᠠᠨ ᠤ ᠠᠷᠢᠬᠢ ᠶᠢ ᠭᠤᠷᠪᠠᠨᠳᠠ ᠬᠡᠮ ᠡᠷᠬᠦᠵᠤ ᠰᠠᠴᠤᠯᠢ ᠰᠠᠴᠤᠬᠰᠠᠨ ᠢᠶᠠᠷ ᠪᠡᠯᠬᠡᠳᠡᠯ ᠪᠤᠯᠭᠠᠵᠤ᠂ ᠪᠠᠶᠠᠷ ᠳᠤᠷᠠᠰᠬᠠᠯ᠂ ᠨᠠᠶᠢᠷ ᠬᠤᠷᠢᠮ᠂ ᠳᠠᠶᠢᠯᠭ᠎ᠠ ᠳᠠᠬᠢᠯᠭ᠎ᠠ ᠵᠡᠷᠬᠡ ᠴᠤᠬᠯᠠᠭᠠᠨ ᠳᠤ ᠬᠦᠨᠳᠦᠳᠬᠡᠯ ᠤᠨ ᠶᠤᠰᠤ ᠪᠤᠯᠭᠠᠨ ᠠᠷᠢᠬᠢ ᠶᠢ ᠤᠷᠢᠳ ᠢᠶᠠᠷ ᠭᠤᠷᠪᠠᠨᠳᠠ ᠰᠠᠷᠵᠢᠮᠯᠠᠨ ᠰᠠᠴᠤᠯᠢ ᠡᠷᠬᠦᠬᠦ ᠪᠤᠯᠵᠠᠢ᠃ ᠮᠦᠨ ᠠᠶᠠᠨ ᠵᠠᠮ ᠳᠤ ᠭᠠᠷᠬᠤ ᠳᠤ ᠪᠠᠨ ᠮᠤᠷᠳᠠᠭᠤᠯᠬᠤ ᠵᠠᠩᠰᠢᠯ ᠪᠤᠢ ᠪᠤᠯᠵᠤ᠂ ᠡᠨᠡ ᠨᠢ ᠤᠳᠤ ᠪᠤᠯᠳᠠᠯ᠎ᠠ ᠤᠯᠠᠮᠵᠢᠯᠠᠬᠳᠠᠵᠤ ᠪᠠᠶᠢᠨ᠎ᠠ᠃ ᠮᠤᠩᠭᠤᠯ ᠤᠨ ᠰᠠᠴᠠᠨ ᠬᠠᠨ ᠠᠶᠢᠮᠠᠬ ᠤᠨ ᠵᠠᠷᠢᠮ ᠬᠤᠰᠢᠭᠤ ︽ᠦᠨᠡᠭᠡ ᠴᠤ ᠬᠤᠶᠠᠷ ᠴᠢᠬᠢ ᠲᠠᠢ ᠶᠤᠮ᠂ ᠦᠳᠡ ᠶᠢᠨ ᠬᠤᠨᠳᠠᠭ᠎ᠠ ᠭᠤᠷᠪᠠ ᠪᠠᠶᠢᠳᠠᠬ︔ ᠮᠤᠷᠢᠨ ᠳᠤ ᠬᠤᠶᠠᠷ ᠴᠢᠬᠢ ᠲᠠᠢ ᠰᠢᠦ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠬᠡᠵᠤ ᠭᠤᠷᠪᠠᠨ ᠬᠤᠨᠳᠠᠭ᠎ᠠ ᠠᠷᠢᠬᠢ ᠪᠠᠷᠢᠵᠤ ᠮᠤᠷᠳᠠᠭᠤᠯᠬᠤ ︽ᠮᠤᠯᠤᠷ ᠤᠨ ᠠᠷᠢᠬᠢ︾ ᠪᠠᠷᠢᠳᠠᠬ ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠳᠡᠮᠳᠡᠭᠯᠡᠵᠤ ᠪᠤᠢ᠃ ᠳᠡᠬᠡᠳᠦ ᠮᠤᠩᠭᠤᠯᠴᠤᠳ ︽ᠳᠤᠰᠤᠯᠠᠪᠠᠯ ᠳᠤᠯᠤᠭ᠎ᠠ᠂ ᠠᠰᠬᠠᠪᠠᠯ ᠠᠷᠪᠠᠨ ᠬᠤᠨᠳᠠᠭ᠎ᠠ︾ ᠬᠡᠵᠤ ᠠᠷᠢᠬᠢ ᠱᠠᠯᠠᠬᠤ ᠳᠤ ᠪᠠᠨ ᠪᠠᠰᠠ ︽ᠴᠢᠩᠬᠢᠰ ᠬᠠᠭᠠᠨ ᠤ ᠴᠢᠨᠳᠠᠮᠤᠨᠢ ᠶᠢᠨ ᠭᠤᠷᠪᠡ︾ ᠪᠠᠷ ᠭᠤᠷᠪᠠᠨ ᠬᠤᠨᠳᠠᠬ᠎ᠠ ᠬᠡᠮᠨᠡᠳᠡᠭ ᠪᠠᠶᠢᠨ᠎ᠠ᠃ ᠮᠤᠩᠭᠤᠯᠴᠤᠳ ᠤᠨ ᠠᠷᠢᠬᠢ ᠶᠢ ᠭᠤᠷᠪᠠᠨᠳᠠ ᠰᠠᠷᠵᠢᠮᠯᠠᠨ ᠰᠠᠴᠤᠯᠢ ᠡᠷᠬᠦᠬᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠬᠴᠢ ᠸᠢᠯᠯᠢᠶᠠᠮ ᠷᠦᠪᠷᠦᠩ ᠬᠠᠮᠤᠬ ᠤᠨ ᠳᠦᠷᠦᠬᠦᠨ ᠳᠤ ᠳᠠᠯᠠᠬᠡᠢ ᠨᠡᠶᠢᠳᠡ ᠳᠤ ᠮᠡᠳᠡᠬᠡᠯᠡᠵᠤ ᠳᠠᠨᠨᠢᠯᠴᠠᠭᠤᠯᠵᠠᠢ᠃ ︽᠁ ᠳᠡᠳᠡ ᠬᠤᠷᠢᠮ ᠨᠡᠶᠢᠷ ᠬᠢᠵᠤ ᠳᠡᠷᠡᠰᠦ ᠤᠤᠭᠤᠬᠤ ᠳᠤ ᠪᠠᠨ ᠤᠷᠢᠳ ᠢᠶᠠᠷ ᠬᠡᠷ ᠤᠨ ᠡᠵᠡᠨ ᠤ ᠳᠡᠬᠡᠷ᠎ᠡ ᠳᠠᠯ᠎ᠠ ᠶᠢᠨ ᠤᠡᠭᠭᠤᠳ ᠲᠤ ᠠᠷᠢᠬᠢᠨ ᠤ ᠳᠡᠬᠡᠵᠢ ᠪᠠᠨ ᠡᠷᠬᠦᠵᠤ᠂ ᠪᠤᠰᠤᠳ ᠤᠡᠭᠭᠤᠳ ᠲᠤ ᠪᠠᠨ ᠮᠦᠨ ᠳᠡᠰ ᠳᠠᠷᠠᠭᠠᠯᠠᠨ ᠰᠡᠷᠵᠢᠮ ᠡᠷᠬᠦᠨ᠎ᠡ᠃ ᠳᠠᠷᠠᠭ᠎ᠠ ᠨᠢ ᠨᠢᠬᠡᠨ ᠵᠠᠷᠤᠴᠠ ᠮᠤᠳᠤᠨ ᠠᠶᠠᠭᠠᠨ ᠳᠤ ᠮᠠᠯᠮᠠᠯᠵᠠᠳᠠᠯ᠎ᠠ ᠠᠷᠢᠬᠢ ᠰᠦᠡᠭᠨᠡᠨ ᠭᠠᠳᠠᠨ᠎ᠠ ᠭᠠᠷᠴᠤ᠂ ᠡᠮᠦᠨ᠎ᠡ ᠵᠦᠭ ᠲᠤ ᠬᠠᠨᠳᠤᠵᠤ ᠭᠠᠵᠠᠷ ᠰᠦᠬᠦᠳᠴᠤ ᠭᠤᠷᠪᠠᠨᠳᠠ ᠮᠦᠷᠬᠦᠬᠦ ᠶᠢᠨ ᠳᠠᠭᠠᠤ ᠠᠷᠢᠬᠢ ᠪᠠᠨ ᠭᠤᠷᠪᠠᠨᠳᠠ ᠰᠠᠷᠵᠢᠮᠯᠠᠨ ᠡᠷᠬᠦᠨ᠎ᠡ ᠁︾ ᠬᠡᠬᠦᠴᠢᠯᠡᠨ ︽ᠸᠢᠯᠯᠢᠶᠠᠮ ᠷᠦᠪᠷᠦᠩ ᠤᠨ ᠠᠶᠠᠯᠠᠯ ᠤᠨ ᠳᠡᠮᠳᠡᠭᠯᠡᠯ︾ ᠳᠤ ᠨᠠᠷᠢᠯᠢᠬ ᠳᠡᠮᠳᠡᠭᠯᠡᠵᠡᠢ᠃ 1999 ᠤᠨ ᠳᠤ ᠪᠢᠳᠡ ᠮᠤᠩᠭᠤᠯ ᠤᠯᠤᠰ ᠤᠨ ᠵᠤᠴᠢᠳ ᠢ ᠬᠦᠯᠢᠶᠠᠨ ᠠᠪᠴᠤ᠂ ᠠᠷᠢᠬᠢ ᠪᠠᠷᠢᠨ ᠰᠡᠷᠵᠢᠮᠯᠡᠬᠦ ᠳᠤ ᠳᠡᠳᠡ ︽ᠮᠠᠨ ᠤ ᠮᠤᠩᠭᠤᠯ ᠤᠯᠤᠰ ᠤᠨ ᠬᠢᠨ ᠵᠡᠬᠦᠨ ᠭᠠᠷ ᠭᠬᠢᠷ ᠦᠬᠡᠢ᠂ ᠠᠷᠢᠭᠤᠨ ᠬᠡᠮᠡᠨ ᠵᠡᠬᠦᠨ ᠭᠠᠷ ᠢᠶᠠᠷ ᠢᠶᠠᠨ ᠠᠷᠢᠬᠢ ᠰᠡᠷᠵᠢᠮᠯᠡᠨ᠎ᠡ᠃ ᠰᠠᠷᠵᠢᠮᠯᠠᠨ ᠰᠠᠴᠤᠯᠢ ᠡᠷᠬᠦᠬᠦ ᠳᠤ ᠳᠡᠭᠡᠭᠰᠢ ᠬᠦᠬᠡ ᠮᠦᠡᠭᠬᠡ ᠳᠡᠭᠷᠢ ᠳᠤ᠂ ᠳᠤᠷᠤᠬᠰᠢ ᠬᠦᠷᠦᠰᠦᠳᠦ ᠠᠯᠳᠠᠨ ᠳᠡᠯᠡᠬᠡᠢ  ᠳᠤ᠂ ᠳᠡᠷᠬᠡᠳᠡᠬᠢ ᠭᠠᠯ ᠭᠤᠯᠤᠮᠳᠠ ᠳᠤ ᠪᠠᠨ ᠬᠡᠵᠤ ᠭᠤᠷᠪᠠᠨᠳᠠ ᠰᠠᠷᠵᠢᠮᠯᠠᠨ᠎ᠠ︾ ᠬᠡᠵᠤ ᠶᠠᠷᠢᠬᠰᠠᠨ ᠪᠢᠯᠡ᠃ ᠬᠠᠯᠢᠮᠠᠬᠴᠤᠳ ᠴᠤ ᠠᠷᠢᠬᠢ ᠳᠡᠷᠡᠰᠦ ᠶᠢ ᠠᠪᠤᠮᠠᠬᠴᠠ ᠬᠦᠨᠳᠦᠷᠦᠭᠴᠢᠳ ᠢ ᠠᠷᠢᠬᠢᠨ ᠤ ᠴᠢᠳᠬᠦᠷ ᠬᠡᠮᠡᠨ ᠡᠯᠡᠭ ᠳᠤᠭᠤᠬᠢ ᠪᠤᠯᠭᠠᠨ ᠬᠤᠱᠤᠩᠨᠠᠨ ᠱᠤᠬᠯᠠᠳᠠᠬ ᠬᠡᠬᠦ ᠶᠤᠮ᠃ ᠳᠡᠳᠡ ᠴᠤ ᠤᠷᠢᠳ ᠢᠶᠠᠷ ᠠᠵᠠᠢ ᠪᠤᠭᠤᠷᠤᠯᠴᠤᠳ ᠲᠤ  ᠪᠠᠨ ᠠᠷᠢᠬᠢ ᠪᠠᠨ ᠬᠡᠮᠨᠡᠨ ᠪᠠᠷᠢᠵᠤ᠂ ᠳᠠᠷᠠᠭ᠎ᠠ ᠨᠢ ᠭᠤᠷᠪᠠᠨᠳᠠ ᠰᠠᠴᠤᠯᠢ ᠡᠷᠬᠦᠨ ᠶᠤᠰᠤ ᠵᠢᠷᠤᠮ ᠢᠶᠠᠨ ᠬᠦᠢᠴᠡᠳᠬᠡᠨ ᠠᠮᠰᠠᠨ ᠵᠤᠭᠤᠬᠯᠠᠳᠠᠬ ᠬᠡᠵᠤ ᠵᠠᠭᠤᠴᠢᠯᠠᠭᠤᠷ ᠤᠨ ᠬᠢᠨ ᠳᠤ ᠮᠡᠳᠡᠬᠡᠯᠡᠵᠤ ᠪᠠᠶᠢᠬᠰᠠᠨ ᠪᠢᠯᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号