ᠮᠤᠷᠢ ᠶᠢ ᠬᠦᠢᠰᠦ ᠪᠠᠷ ᠢᠯᠭᠠᠨ ᠨᠡᠷᠡᠯᠡᠬᠦ
ᠨᠡᠶᠢᠲᠡᠯᠡᠭᠰᠡᠨ ᠴᠠᠭ᠄
2018/12/3
ᠠᠵᠢᠷᠭ᠎ᠠ — ᠦᠷ᠎ᠡ ᠶᠢᠨ ᠠᠳᠤᠭᠤ᠂ ᠲᠦᠷᠪᠡᠨ ᠨᠠᠰᠤᠨ ᠠᠴᠠ ᠲᠡᠭᠡᠭᠰᠢᠬᠢ ᠠᠭᠳᠠᠯᠠᠭᠰᠠᠨ ᠦᠬᠡᠢ ᠡᠷ᠎ᠡ ᠠᠳᠤᠭᠤ᠃ᠬᠢᠵᠠᠯᠠᠩ ᠦᠷᠢᠶ᠎ᠡ — ᠲᠦᠷᠪᠡᠨ ᠨᠠᠰᠤᠳᠠᠢ ᠠᠵᠢᠷᠭ᠎ᠠᠰᠤᠶᠤᠯᠠᠩ — ᠲᠠᠪᠤᠨ ᠨᠠᠰᠤᠳᠠᠢ ᠠᠵᠢᠷᠭ᠎ᠠ᠃ᠪᠦᠳᠦᠬᠦᠨ ᠠᠵᠢᠷᠭ᠎ᠠ — ᠨᠠᠰᠤ ᠬᠦᠢᠴᠡᠭᠰᠡᠨ ᠠᠵᠢᠷᠭ᠎ᠠ᠃ᠵᠠᠰᠠᠭᠰᠠᠨ ᠠᠵᠢᠷᠭ᠎ᠠ — ᠶᠠᠮᠠᠷ ᠨᠢᠬᠡᠨ ᠰᠢᠯᠳᠠᠭᠠᠨ ᠠᠴᠠ ᠪᠤᠯᠵᠤ᠂ ᠰᠡᠬᠦᠯᠡᠷ ᠨᠢ ᠵᠠᠰᠠᠭᠰᠠᠨ ᠠᠵᠢᠷᠭ᠎ᠠ᠃ᠬᠡᠬᠦᠦ — ᠡᠬᠡ ᠠᠳᠤᠭᠤ᠂ ᠲᠦᠷᠪᠡᠨ ᠨᠠᠰᠤ ᠠᠴᠠ ᠲᠡᠭᠡᠭᠰᠢ ᠡᠮ᠎ᠡ ᠠᠳᠤᠭᠤ᠂ ᠤᠯᠠᠩᠬᠢ ᠳᠠᠭᠠᠨ ᠬᠢᠵᠠᠯᠠᠩ ᠪᠠ ᠰᠤᠶᠤᠯᠠᠩ ᠠᠴᠠ ᠪᠠᠨ ᠡᠬᠢᠯᠡᠵᠦ ᠤᠨᠠᠭᠠᠯᠠᠨ᠎ᠠ᠃ᠬᠢᠵᠠᠯᠠᠩ — ᠲᠦᠷᠪᠡᠨ ᠨᠠᠰᠤᠳᠠᠢ ᠬᠡᠬᠦᠦᠰᠤᠶᠤᠯᠠᠩ — ᠲᠠᠪᠤᠨ ᠨᠠᠰᠤᠳᠠᠢ ᠬᠡᠬᠦᠦᠪᠦᠳᠦᠬᠦᠨ ᠬᠡᠬᠦᠦ — ᠨᠠᠰᠤ ᠬᠦᠢᠴᠡᠭᠰᠡᠨ ᠬᠡᠬᠦᠦᠰᠤᠪᠠᠢ ᠬᠡᠬᠦᠦ — ᠬᠡᠬᠡᠯ ᠲᠤᠭᠳᠠᠭᠰᠠᠨ ᠦᠬᠡᠢ ᠬᠡᠬᠦᠦᠬᠡᠬᠡᠯᠳᠦ ᠬᠡᠬᠦᠦ — ᠬᠡᠬᠡᠯ ᠲᠤᠭᠳᠠᠭᠰᠠᠨ ᠬᠡᠬᠦᠦᠬᠤᠰᠠᠷᠠᠩ ᠬᠡᠬᠦᠦ — ᠰᠤᠪᠠᠶᠢᠷᠠᠭᠰᠠᠨ ᠪᠤᠯᠪᠠᠴᠤ ᠲᠦᠷᠦᠬᠦᠦ ᠵᠢᠯ ᠤᠨ ᠲᠦᠯ ᠢᠶᠠᠨ ᠬᠦᠬᠦᠬᠦᠯᠵᠦ ᠪᠠᠶᠢᠭ᠎ᠠ ᠰᠦ ᠨᠢ ᠬᠠᠷᠭᠰᠠᠨ ᠦᠬᠡᠢ ᠬᠡᠬᠦᠦ᠃ᠪᠠᠶᠢᠳᠠᠰᠤᠨ ᠬᠡᠬᠦᠦ — ᠪᠠᠶᠢᠳᠠᠰᠤᠨ ᠳᠠᠭᠠᠨ ᠤᠨᠠᠭᠠᠯᠠᠭᠰᠠᠨ ᠬᠡᠬᠦᠦ᠃ᠡᠷ᠎ᠡ ᠤᠨᠠᠭ᠎ᠠ — ᠨᠢᠬᠡ ᠨᠠᠰᠤᠳᠠᠢ ᠡᠷ᠎ᠡ ᠤᠨᠠᠭ᠎ᠠᠦᠬᠢᠨ ᠤᠨᠠᠭ᠎ᠠ — ᠨᠡᠭᠡ ᠨᠠᠰᠤᠳᠠᠢ ᠡᠮ᠎ᠡ ᠤᠨᠠᠭ᠎ᠠᠡᠷ᠎ᠡ ᠲᠠᠭ᠎ᠠ — ᠬᠤᠶᠠᠷ ᠨᠠᠰᠤᠳᠠᠢ ᠡᠷ᠎ᠡ ᠤᠨᠠᠭ᠎ᠠᠦᠬᠢᠨ ᠲᠠᠭ᠎ᠠ — ᠬᠤᠶᠠᠷ ᠨᠠᠰᠤᠳᠠᠢ ᠡᠮ᠎ᠡ ᠤᠨᠠᠭ᠎ᠠᠡᠷ᠎ᠡ ᠰᠢᠳᠤᠯᠡᠩ — ᠭᠤᠷᠪᠠᠨ ᠨᠠᠰᠤᠳᠠᠢ ᠡᠷ᠎ᠡ ᠬᠦᠢᠰᠦᠳᠦ ᠠᠳᠤᠭᠤ᠃ᠦᠬᠢᠨ ᠰᠢᠳᠤᠯᠡᠩ — ᠭᠤᠷᠪᠠᠨ ᠨᠠᠰᠤᠳᠠᠢ ᠡᠮ᠎ᠡ ᠬᠦᠢᠰᠦᠳᠦ ᠠᠳᠤᠭᠤᠦᠷᠢᠶ᠎ᠡ — ᠭᠤᠷᠪᠠ ᠠᠴᠠ ᠲᠦᠷᠪᠡᠨ ᠨᠠᠰᠤᠨ ᠤ ᠬᠤᠭᠤᠷᠤᠨᠳᠤᠬᠢ ᠡᠷ᠎ᠡ ᠠᠳᠤᠭᠤᠨ ᠤ ᠨᠡᠷᠡᠶᠢᠳᠦᠯ᠃ᠦᠷᠢᠶ᠎ᠡ ᠬᠡᠮᠡᠭᠴᠢ ᠦᠷ᠎ᠡ ᠪᠦᠬᠦᠢ ᠠᠳᠤᠭᠤ ᠬᠡᠰᠡᠨ ᠦᠬᠡ᠃ ᠨᠢᠬᠡ ᠨᠠᠰᠤᠨ ᠳᠤᠨᠢ ᠡᠷ᠎ᠡ ᠤᠨᠠᠭ᠎ᠠ᠂ ᠬᠤᠶᠠᠷ ᠨᠠᠰᠤᠨ  ᠳᠤᠨᠢ ᠡᠷ᠎ᠡ ᠲᠠᠭ᠎ᠠ᠂ ᠭᠤᠷᠪᠠᠨ ᠨᠠᠰᠤᠨ ᠳᠤᠨᠢ ᠰᠢᠳᠤᠯᠡᠩ ᠦᠷᠢᠶ᠎ᠡ᠂ ᠲᠦᠷᠪᠡᠨ ᠨᠠᠰᠤᠨ ᠳᠤᠨᠢ ᠬᠢᠵᠠᠯᠠᠩ ᠦᠷᠢᠶ᠎ᠡ ᠭᠡᠳᠡᠭ᠃ ᠬᠡᠵᠢᠶ᠎ᠡ ᠬᠠᠭᠠᠷᠢᠪᠠᠯ ᠬᠡᠵᠢᠶ᠎ᠡ ᠮᠤᠷᠢ ᠪᠤᠯᠳᠠᠭ᠃ᠪᠠᠶᠢᠳᠠᠰᠤ — ᠭᠤᠷᠪᠠ ᠠᠴᠠ ᠲᠦᠷᠪᠡᠨ ᠨᠠᠰᠤᠨ ᠤ ᠡᠮ᠎ᠡ ᠠᠳᠤᠭᠤᠨ ᠤ ᠨᠡᠷᠡᠶᠢᠳᠤᠯ᠃ ᠰᠢᠨᠵᠢᠶᠠᠩ ᠳᠤ ᠪᠠᠶᠢᠰᠤᠨ ᠬᠡᠨ᠎ᠡ᠃ ᠪᠠᠶᠢᠳᠠᠰᠤ ᠨᠢ ᠪᠠᠶᠢᠯᠭᠠᠬᠤ ᠭᠡᠬᠦ ᠤᠳᠬ᠎ᠠ ᠲᠠᠢ᠃ᠬᠠᠭᠠᠷᠢᠭᠰᠠᠨ ᠦᠷᠢᠶ᠎ᠡ — ᠵᠠᠰᠠᠭᠰᠠᠨ᠃ ᠠᠭᠳᠠᠭᠰᠠᠨ ᠦᠷᠢᠶ᠎ᠡᠴᠠᠬᠢᠯᠤᠭᠰᠠᠨ ᠪᠠᠶᠢᠳᠠᠰᠤ — ᠤᠷᠤᠭ᠎ᠠ ᠤᠷᠤᠵᠤ ᠠᠵᠢᠷᠭᠠᠨ ᠠᠴᠠ ᠰᠠᠯᠵᠤ ᠪᠤᠳᠠᠷᠠᠭᠰᠠᠨ ᠪᠤᠶᠤ ᠬᠠᠰᠤᠭᠳᠠᠭᠰᠠᠨ ᠪᠠᠶᠢᠳᠠᠰᠤ᠃ᠰᠢᠳᠤᠯᠡᠩ ᠦᠷᠢᠶ᠎ᠡ — ᠭᠤᠷᠪᠠᠨ ᠨᠠᠰᠤᠳᠠᠢ ᠦᠷᠢᠶ᠎ᠡᠰᠢᠳᠤᠯᠡᠩ ᠪᠠᠶᠢᠳᠠᠰᠤ — ᠭᠤᠷᠪᠠᠨ ᠨᠠᠰᠤᠳᠠᠢ ᠪᠠᠶᠢᠳᠠᠰᠤ᠃ᠬᠢᠵᠠᠯᠠᠩ ᠦᠷᠢᠶ᠎ᠡ — ᠲᠦᠷᠪᠡᠨ ᠨᠠᠰᠤᠳᠠᠢ ᠦᠷᠢᠶ᠎ᠡᠬᠢᠵᠠᠯᠠᠩ ᠪᠠᠶᠢᠳᠠᠰᠤ — ᠲᠦᠷᠪᠡᠨ ᠨᠠᠰᠤᠳᠠᠢ ᠪᠠᠶᠢᠳᠠᠰᠤ᠃ᠬᠠᠪᠴᠢᠭ ᠰᠤᠶᠤᠯᠠᠩ — 6 ᠨᠠᠰᠤᠨ ᠤ ᠡᠷ᠎ᠡ ᠠᠳᠤᠭᠤ᠃ ᠶᠤᠰᠤᠨ ᠳᠠᠭᠠᠨ ᠠᠳᠤᠭᠤ 6 ᠨᠠᠰᠤ ᠬᠦᠷᠪᠡᠯ ᠰᠤᠶᠤᠭ᠎ᠠ  ᠨᠢ ᠬᠦᠢᠴᠡᠵᠦ᠂ ᠶᠠᠰᠤ ᠰᠢᠳᠤ ᠨᠢ ᠬᠦᠢᠴᠡᠵᠦ᠂ ᠴᠢᠳᠠᠯ ᠰᠢᠨᠳᠠᠰᠤ ᠨᠢ ᠪᠦᠷᠢᠳᠦᠳᠡᠭ᠃ ᠬᠡᠳᠡᠯ᠎ᠡ ᠬᠠᠪᠴᠢᠭ ᠰᠢᠳᠤᠯᠡᠩ ᠬᠡᠭᠴᠢ ᠤᠨ ᠵᠢᠯ ᠢᠶᠠᠷ ᠲᠤᠭᠠᠯᠠᠪᠠᠯ 6 ᠨᠠᠰᠤ ᠬᠦᠢᠴᠡᠭᠰᠡᠨ ᠴᠤ ᠶᠠᠰᠤ ᠰᠤᠶᠤᠭ᠎ᠠ ᠨᠢ ᠬᠦᠢᠴᠡᠳ ᠤᠷᠭᠤᠭᠠᠳᠤᠢ ᠪᠠᠶᠢᠭᠰᠠᠭᠠᠷ ᠪᠠᠶᠢᠳᠠᠭ ᠬᠤᠶᠠᠷ ᠤᠨ ᠬᠤᠭᠤᠷᠤᠨᠳᠤᠬᠢ ᠪᠠᠶᠢᠳᠠᠭ ᠠᠴᠠ ᠢᠩᠬᠢᠵᠦ ᠨᠡᠷᠡᠯᠡᠪᠡ᠃ᠰᠤᠩᠭᠠᠯ ᠮᠤᠷᠢ — 6 ᠨᠠᠰᠤᠨ ᠤ ᠡᠷ᠎ᠡ ᠬᠦᠢᠰᠦᠳᠦ ᠮᠤᠷᠢ᠃ᠠᠭᠳᠠ — ᠪᠦᠬᠡᠰᠦᠭ ᠢ ᠨᠢ ᠠᠪᠤᠭᠰᠠᠨ ᠪᠦᠳᠦᠬᠦᠨ ᠮᠤᠷᠢᠠᠷᠭᠤᠮᠠᠭ — ᠲᠤᠮᠤ ᠪᠦᠳᠦᠬᠦᠨ ᠪᠡᠶ᠎ᠡ ᠲᠠᠢ ᠮᠤᠷᠢᠠᠷᠠᠨᠵᠢᠯ — ᠮᠠᠰᠢ ᠰᠠᠶᠢᠨ ᠬᠦᠯᠦᠭᠠᠵᠢᠨᠠᠢ — ᠬᠤᠪᠢᠯᠭᠠᠨ ᠬᠦᠯᠦᠭᠠᠰᠮᠠᠨ ᠮᠤᠷᠢ — — ᠵᠠᠰᠠᠭᠰᠠᠨ ᠦᠬᠡᠢ ᠪᠤᠶᠤ ᠲᠤᠳᠠᠭᠤ ᠵᠠᠰᠠᠭᠰᠠᠨ ᠡᠷᠡᠮᠳᠡᠭ ᠮᠤᠷᠢᠡᠷᠡᠮᠡᠭ — ᠤᠨᠠᠭᠠᠯᠠᠳᠠᠭ ᠦᠬᠡᠢ᠂ ᠡᠷᠡᠳᠡᠬᠦᠦ ᠴᠢᠳᠠᠯ ᠲᠠᠢ ᠡᠷᠡᠮᠳᠡᠭ ᠬᠡᠬᠦᠦ᠃ᠬᠦᠯᠦᠭ — ᠰᠠᠶᠢᠨ ᠠᠭᠳᠠ ᠶᠢᠨ ᠬᠦᠨᠳᠦᠳᠬᠡᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号