ᠴᠠᠭᠠᠨ ᠰᠠᠷ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2018/12/3
   ᠴᠠᠭᠠᠨ ᠰᠠᠷ᠎ᠠ ᠳᠤ᠂ ᠢᠯᠠᠩᠭᠤᠶ᠎ᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠴᠡᠭᠡᠷᠯᠡᠨ ᠪᠤᠯᠭᠤᠮᠵᠢᠯᠠᠳᠠᠭ ᠶᠤᠰᠣᠨ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠪᠣᠯ ᠣᠨ᠂ ᠰᠠᠷ᠎ᠠ᠂ ᠡᠳᠦᠷ ᠤᠨ ᠡᠬᠢ ᠪᠤᠯᠬᠤᠷ ᠰᠠᠶᠢᠨ ᠰᠠᠶᠢᠬᠠᠨ ᠢᠶᠠᠷ ᠡᠬᠢᠯᠡᠬᠦ ᠶᠢ ᠦᠯᠵᠡᠢ ᠪᠡᠯᠭᠡ ᠪᠠᠷ ᠦᠵᠡᠵᠦ ᠮᠠᠭᠤ ᠮᠠᠭᠤᠬᠠᠢ ᠵᠤᠶᠢᠯ ᠢ ᠮᠠᠭᠤ ᠶᠢᠨ ᠪᠡᠯᠭᠡ ᠪᠠᠷ ᠦᠵᠡᠵᠦ᠂ ᠮᠠᠭᠤ ᠮᠠᠭᠤᠬᠠᠢ ᠵᠤᠶᠢᠯ ᠢ ᠮᠠᠭᠤ ᠶᠢᠨ ᠪᠡᠯᠭᠡᠳᠡᠯ ᠭᠡᠵᠦ ᠮᠠᠰᠢ ᠴᠡᠭᠡᠷᠯᠡᠳᠡᠭ᠃      ᠪᠤᠵᠠᠷ᠂ ᠮᠠᠭᠤᠬᠠᠢ᠂ ᠴᠣᠭᠤᠷᠣᠬᠠᠢ ᠬᠤᠪᠴᠠᠰᠣ ᠡᠮᠦᠰᠬᠦ ᠶᠢ ᠴᠡᠭᠡᠷᠯᠡᠨ᠎ᠡ᠃ ᠭᠡᠷ ᠲᠡᠷᠭᠡ᠂ ᠬᠦᠷᠢᠶ᠎ᠠ ᠬᠠᠰᠢᠶ᠎ᠠ ᠂ ᠬᠤᠭ ᠨᠤᠪᠰᠢ ᠲᠠᠢ ᠪᠠᠶᠢᠬᠤ ᠶᠢ ᠴᠡᠭᠡᠷᠯᠡᠨ᠎ᠡ᠃ ᠠᠭᠤᠷᠯᠠᠬᠤ᠂ ᠬᠠᠷᠢᠶᠠᠬᠤ᠂ ᠬᠡᠷᠡᠯᠳᠦᠬᠦ᠂ ᠴᠣᠬᠢᠯᠳᠣᠬᠤ ᠶᠢ ᠴᠡᠭᠡᠷᠯᠡᠨ᠎ᠡ᠃ ᠲᠡᠷᠡᠴᠢᠯᠡᠨ ︽ᠦᠭᠡᠢ︾᠂ ︽ᠬᠤᠭᠤᠰᠣᠨ︾᠂ ︽ᠦᠬᠦᠬᠦ︾᠂ ︽ᠮᠦᠬᠦᠬᠦ︾᠂ ︽ᠣᠨᠲᠠᠷᠠᠬᠤ︾ ᠮᠡᠳᠦ ᠶᠢᠨ ᠪᠡᠯᠭᠡ ᠳᠡᠮᠪᠡᠷᠡᠯ ᠦᠭᠡᠢ ᠦᠭᠡᠰ ᠢ ᠴᠦ ᠴᠡᠭᠡᠷᠯᠡᠳᠡᠭ᠃ ᠵᠠᠶᠢᠯᠠᠰᠢ ᠦᠭᠡᠢ ᠬᠡᠯᠡᠬᠦ ᠴᠢᠬᠤᠯᠠᠲᠠᠢ ᠦᠭᠡᠰ ᠢ ᠠᠯᠢ ᠪᠤᠯᠬᠤ ᠪᠠᠷ ᠡᠶᠡᠷᠡᠭᠦᠯᠵᠦ ᠬᠡᠯᠡᠬᠦ ᠪᠤᠶᠤ ᠳᠠᠯᠲᠠ ᠣᠳᠬ᠎ᠠ ᠲᠠᠢ ᠦᠭᠡ ᠪᠠᠷ ᠳᠠᠮ ᠮᠡᠳᠡᠭᠳᠡᠨ᠎ᠡ᠃ ᠡᠶᠢᠮᠦ ᠠᠴᠠ ᠮᠤᠩᠭᠤᠯᠴᠣᠳ ᠰᠠᠶᠢᠬᠠᠨ ᠦᠭᠡ ᠶᠠᠷᠢᠬᠤ ᠶᠢ ᠶᠡᠷᠦ ᠳᠡᠭᠡᠨ ︽ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠭᠡ︾ ᠶᠠᠷᠢᠵᠦ ᠪᠠᠶᠢᠨ᠎ᠠ ᠭᠡᠳᠡᠭ᠃ ᠲᠡᠭᠦᠨᠴᠢᠯᠡᠨ ᠮᠠᠯ ᠤᠨᠤᠭ᠎ᠠ ᠠᠷᠠᠴᠢᠯᠠᠵᠤ ᠬᠠᠷᠢᠭᠤᠯᠬᠤ ᠳᠠᠭᠠᠨ ᠴᠦ ᠮᠠᠭᠤ ᠮᠠᠭᠤᠬᠠᠢ ᠦᠭᠡ ᠪᠠᠷ ᠬᠠᠷᠢᠶᠠᠵᠤ ᠵᠦᠬᠡᠳᠡᠭ ᠦᠭᠡᠢ ᠶᠤᠮ᠃ ᠬᠡᠦᠬᠡᠳ ᠪᠠᠭᠠᠴᠣᠳ ᠢᠶᠠᠨ ᠰᠣᠷᠭᠠᠵᠣ ᠬᠡᠯᠡᠬᠦ ᠳᠡᠭᠡᠨ ᠴᠦ ᠠᠯᠢ ᠪᠤᠯᠬᠤ ᠪᠠᠷ ᠵᠦᠪ ᠰᠠᠶᠢᠬᠠᠨ ᠵᠦᠭᠡᠯᠡᠨ ᠦᠭᠡ ᠪᠠᠷ ᠣᠳᠣᠷᠢᠳᠣᠨ ᠶᠠᠷᠢᠨ᠎ᠠ᠃ ᠭᠤᠨᠢᠭᠷᠠᠬᠤ᠂ ᠭᠠᠰᠠᠯᠬᠤ᠂ ᠣᠭᠢᠯᠠᠬᠤ  ᠶᠢ ᠮᠠᠭᠤ ᠢᠷᠸ᠎ᠠ ᠭᠡᠳᠡᠭ᠃ ᠢᠯᠠᠩᠭᠤᠶ᠎ᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠡᠶᠢᠮᠦᠷᠬᠦ ᠦᠵᠡᠭᠳᠡᠯ ᠭᠠᠷᠪᠠᠯ ᠪᠦᠬᠦᠯᠢ ᠵᠢᠯ ᠳᠤ ᠮᠠᠭᠤ ᠢᠷᠸ᠎ᠠ ᠪᠤᠯᠤᠨ᠎ᠠ ᠭᠡᠳᠡᠭ᠃       ᠡᠴᠢᠬᠡ ᠡᠬᠡ ᠨᠢ ᠦᠩᠭᠡᠷᠡᠭᠰᠡᠨ ᠵᠢᠯ ᠨᠠᠰᠣ ᠪᠠᠷᠠᠭᠰᠠᠨ ᠪᠣᠯ ᠴᠠᠭᠠᠨ ᠰᠠᠷ᠎ᠠ ᠳᠤ ᠬᠠᠳᠠᠭ ᠰᠠᠮᠪᠠᠢ ᠪᠠᠷᠢᠵᠦ ᠵᠤᠯᠭᠠᠵᠤ ᠰᠢᠨᠡᠯᠡᠬᠦ᠂ ᠠᠶᠢᠯᠴᠢᠯᠠᠨ ᠶᠠᠪᠤᠬᠤ᠂ ᠭᠡᠵᠢᠭᠡ ᠦᠰᠦ ᠪᠠᠨ ᠠᠪᠬᠤ ᠶᠢ ᠴᠡᠭᠡᠷᠯᠡᠳᠡᠭ᠃ ᠢᠯᠠᠩᠭᠤᠶ᠎ᠠ ᠠᠷᠢᠬᠢ ᠳᠠᠷᠠᠰᠣ ᠣᠣᠭᠤᠵᠣ ᠳᠠᠭᠤᠯᠠᠯᠳᠣᠨ ᠬᠦᠭᠡᠷᠦᠯᠳᠦᠬᠦ ᠶᠢ ᠴᠡᠭᠡᠷᠯᠡᠳᠡᠭ᠃ ᠦᠨᠳᠦᠷ ᠨᠠᠰᠣᠲᠠᠨ ᠠᠬᠠᠮᠠᠳ ᠬᠦᠮᠦᠨ ᠲᠠᠢ ᠵᠤᠯᠭᠠᠬᠤ ᠳᠠᠭᠠᠨ ︽ᠰᠢᠨ᠎ᠡ ᠶᠢᠨ ᠲᠤᠯᠤᠭᠠᠢ ᠮᠦᠷᠭᠦᠵᠦ ᠪᠠᠶᠢᠨ᠎ᠠ︕︾ ᠭᠡᠵᠦ ᠬᠡᠯᠡᠭᠡᠳ ᠮᠦᠷᠭᠦᠨ᠎ᠡ᠃ ᠪᠤᠰᠣᠳ ᠬᠦᠮᠦᠨ ᠮᠦᠨ ᠠᠶᠢᠯᠴᠢᠯᠠᠨ ᠬᠦᠷᠳᠡᠭ ᠴᠦ ᠲᠡᠭᠡᠵᠦ ᠨᠠᠶᠢᠷᠯᠠᠵᠤ ᠰᠠᠭᠤᠳᠠᠭ ᠦᠭᠡᠢ᠃ ᠴᠠᠢ᠂ ᠬᠤᠭᠤᠯᠠ ᠠᠮᠰᠠᠨ ᠶᠤᠰᠣ ᠭᠦᠢᠴᠡᠳᠬᠡᠪᠡᠯ ᠪᠤᠯᠴᠢᠬᠠᠨ᠎ᠠ᠃ ᠪᠤᠰᠣᠳ ᠬᠦᠮᠦᠨ ᠮᠡᠳᠡᠬᠦ ᠦᠭᠡᠢ ᠪᠤᠶᠤ ᠠᠳᠡᠭᠦᠷᠡᠭᠡᠳ ᠬᠠᠳᠠᠭ ᠰᠠᠮᠪᠠᠢ ᠪᠠᠷᠢᠵᠦ ᠵᠤᠯᠭᠠᠬᠤ ᠭᠡᠪᠡᠯ ︽ᠨᠠᠳᠠ ᠳᠤ ᠡᠨᠡ ᠵᠢᠯ ᠰᠢᠨ᠎ᠡ ᠦᠭᠡᠢ ᠶᠤᠮ︾ ᠭᠡᠳ ᠭᠠᠷ ᠢᠶᠠᠨ ᠠᠷᠣ ᠳᠠᠭᠠᠨ ᠨᠢᠭᠤᠨ᠎ᠠ ᠃ ᠢᠩᠭᠢᠪᠡᠯ ᠡᠴᠢᠭᠡ ᠡᠬᠡ ᠨᠢ ᠦᠩᠭᠡᠷᠡᠭᠡᠳ ︽ᠴᠠᠭᠠᠨ︾ ᠲᠠᠢ ᠪᠠᠶᠢᠬᠤ ᠶᠢ ᠮᠡᠳᠡᠴᠢᠬᠡᠳᠡᠭ᠃ ᠡᠨᠡ ᠦᠶ᠎ᠡ ︵ᠴᠠᠭᠠᠨ ᠰᠠᠷ᠎ᠠ ᠶᠢᠨ ᠵᠤᠯᠭᠠᠯᠲᠠ︶ ᠳᠤ ᠬᠡᠵᠢᠶ᠎ᠡ᠂ ᠶᠠᠮᠠᠷ ᠬᠦᠮᠦᠨ ᠴᠢᠨᠢ ᠶᠠᠭᠠᠬᠢᠵᠦ ᠨᠠᠰᠣ ᠪᠠᠷᠠᠪᠠ ᠭᠡᠵᠦ ᠣᠬᠤᠴᠢᠯᠠᠵᠤ ᠠᠰᠠᠭᠤᠬᠤ ᠶᠢ ᠴᠡᠭᠡᠷᠯᠡᠳᠡᠭ᠃       ᠴᠠᠭᠠᠨ ᠰᠠᠷ᠎ᠠ ᠳᠤ ᠭᠠᠳᠠᠭᠰᠢ ᠡᠳ᠋ ᠶᠠᠭᠤᠮ᠎ᠠ ᠵᠢᠭᠡᠯᠡᠭᠦᠯᠵᠦ ᠦᠭᠪᠡᠯ ᠭᠠᠷᠣᠵᠠ ᠭᠠᠷᠣᠯᠭ᠎ᠠ ᠶᠢᠨ ᠡᠭᠦᠳᠡ ᠨᠡᠭᠡᠭᠡᠭᠳᠡᠨ᠎ᠡ ᠭᠡᠵᠦ ᠴᠡᠭᠡᠷᠯᠡᠳᠡᠭ᠃       ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠶᠢᠨ ᠵᠤᠯᠠ ᠶᠢᠨ ᠭᠠᠯ ᠢ ᠬᠠᠭᠤᠴᠢᠨ ᠭᠠᠯ ᠤᠨ ᠴᠤᠭ ᠴᠣᠴᠠᠯᠢ ᠪᠠᠷ ᠠᠰᠠᠭᠠᠬᠤ ᠶᠢ ᠴᠡᠭᠡᠷᠯᠡᠵᠦ ᠵᠠᠪᠠᠯ ᠰᠢᠨ᠎ᠡ ᠭᠠᠯ ᠢᠶᠠᠷ ᠠᠰᠠᠭᠠᠨ᠎ᠠ᠃ ᠣᠴᠢᠷ ᠨᠢ ᠰᠢᠨ᠎ᠡ ᠣᠨ ᠳᠤ ᠠᠯᠢᠪᠠ ᠪᠦᠬᠦᠨ ᠰᠢᠨ᠎ᠡ ᠪᠠᠷ ᠡᠬᠢᠯᠡᠬᠦ ᠶᠢᠨ ᠪᠡᠯᠭᠡ ᠳᠡᠮᠪᠡᠷᠡᠯ ᠪᠤᠯᠭᠠᠨ ᠪᠡᠯᠭᠡᠰᠢᠶᠡᠳᠡᠭ᠃       ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠬᠤᠨᠣᠬᠤ ᠶᠢ ᠴᠡᠭᠡᠷᠯᠡᠨ᠎ᠡ᠃ ᠬᠡᠷᠪᠡ ᠬᠤᠨᠤᠪᠠᠯ ᠲᠡᠷᠡ ᠵᠢᠯ ᠳᠡᠭᠡᠨ ᠭᠡᠷ ᠲᠡᠭᠡᠨ ᠲᠣᠭᠲᠠᠬᠤ ᠦᠭᠡᠢ ᠬᠡᠰᠦᠭᠦᠴᠢᠯᠡᠨ᠎ᠡ ᠭᠡᠳᠡᠭ᠃                        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号