ᠳ᠋᠊ · ᠪᠠᠲᠤ ᠶᠢᠨ ᠲᠠᠨᠢᠯᠴᠠᠭᠤᠯᠭ᠎ᠠ | ᠳ᠋᠊ · ᠪᠠᠲᠤ 1960 ᠣᠨ ᠤ 2 ᠰᠠᠷ᠎ᠠ ᠶᠢᠨ 15 ᠤ ᠡᠳᠦᠷ᠂ ᠥᠪᠥᠷ ᠮᠣᠩᠭᠤᠯ ᠤᠨ ᠠᠯᠠᠱᠨ ᠪᠠᠷᠠᠭᠤᠨ | ᠬᠤᠰᠢᠭᠤᠨ ᠤ ᠨᠦᠦᠷᠭᠡᠢ ᠰᠤᠮᠤ ᠶᠢᠨ ᠠᠯᠳᠠᠨᠲᠠᠯᠠ ᠭᠠᠴᠠᠭ᠎ᠠ ᠶᠢᠨ ᠮᠠᠯᠴᠢᠨ ᠠᠷᠠᠳ ᠳ᠋ᠠᠷᠵᠠ ᠶᠢᠨ ᠣᠳᠬᠤᠨ | ᠬᠥᠪᠡᠭᠦᠨ ᠪᠣᠯᠵᠤ ᠲᠥᠷᠥᠵᠡᠢ᠃ ᠲᠡᠷᠡ ᠪᠠᠷ 1983 ᠣᠨ ᠳᠤ ᠪᠠᠷᠠᠭᠤᠨ ᠬᠤᠶᠢᠲᠤ ᠶᠢᠨ ᠦᠨᠳᠦᠰᠦᠲᠡᠨ ᠤ | ᠳᠡᠭᠡᠳᠦ ᠰᠤᠷᠭᠠᠭᠤᠯᠢ ᠶᠢᠨ ᠴᠥᠭᠡᠨ ᠲᠣᠭᠠᠲᠤ ᠦᠨᠳᠦᠰᠦᠲᠡᠨ ᠤ ᠬᠡᠯᠡ ᠤᠳᠬ᠎ᠠ ᠵᠣᠬᠢᠶᠠᠯ ᠤᠨ ᠰᠠᠯᠪᠤᠷᠢ ᠠᠴᠠ | ᠲᠡᠭᠦᠰᠴᠦ᠂ ᠮᠥᠨ ᠰᠤᠷᠭᠠᠭᠤᠯᠢ ᠳᠠᠭᠠᠨ ᠪᠠᠭᠰᠢᠯᠠᠪᠠ᠃ 1985 ᠣᠨ ᠠᠴᠠ 1987 ᠣᠨ ᠤ ᠬᠤᠭᠤᠷᠣᠨᠳᠤ | ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠮᠡᠷᠭᠡᠵᠢᠯ ᠳᠡᠭᠡᠭᠰᠢᠯᠡᠭᠦᠯᠵᠦ᠂ 1998 ᠣᠨ ᠠᠴᠠ | 1999 ᠣᠨ ᠬᠦᠷᠲᠡᠯᠡᠬᠢ ᠨᠢᠭᠡ ᠵᠢᠯ᠂ ᠮᠣᠩᠭᠤᠯ ᠤᠯᠤᠰ ᠤᠨ ᠤᠯᠤᠰ ᠤᠨ ᠶᠡᠭᠡ ᠰᠤᠷᠭᠠᠭᠤᠯᠢ ᠳᠤ | ᠰᠤᠷᠪᠤᠯᠵᠢᠯᠠᠭᠴᠢ ᠡᠷᠳᠡᠮᠲᠡᠨ ᠢᠶᠠᠷ ᠰᠤᠷᠤᠯᠴᠠᠵᠤ᠂ 2001ᠣᠨ ᠳᠤ ᠮᠣᠩᠭᠤᠯ ᠤᠯᠤᠰ ᠤᠨ ᠰᠢᠨᠵᠢᠯᠡᠬᠦ ᠤᠬᠠᠭᠠᠨ | ᠤ ᠠᠺᠠᠳᠧᠮᠢ ᠬᠢᠭᠡᠳ ᠠᠺᠠᠳᠧᠮᠢ ᠶᠢᠨ ᠳᠡᠷᠭᠡᠳᠡᠬᠢ ᠤᠯᠠᠭᠠᠨᠪᠠᠭᠠᠲᠤᠷ ᠤᠨ ᠶᠡᠭᠡ ᠰᠤᠷᠭᠠᠭᠤᠯᠢ ᠳᠤ ︽ᠠᠯᠠᠱᠨ | ᠬᠠᠯᠬᠠᠴᠤᠳ ᠤᠨ ᠤᠷᠲᠤ ᠶᠢᠨ ᠳᠠᠭᠤᠤ ᠶᠢᠨ ᠲᠡᠦᠬᠡᠨ ᠬᠤᠪᠢᠰᠤᠯ︾ ᠭᠡᠳᠡᠭ ᠰᠡᠳᠦᠪ ᠢᠶᠠᠷ ᠬᠡᠯᠡ ᠪᠢᠴᠢᠭ ᠤᠨ | ᠤᠬᠠᠭᠠᠨ ᠤ ᠳ᠋ᠣᠺᠲ᠋ᠣᠷ ᠵᠡᠷᠭᠡ ᠬᠠᠮᠠᠭᠠᠯᠠᠪᠠ᠃ 2002 ᠣᠨ ᠳᠤ ᠳᠡᠳ᠋ ᠫᠷᠣᠹᠧᠰᠰᠣᠷ ᠪᠣᠯᠵᠤ᠂ 2008 ᠣᠨ ᠳᠤ | ᠫᠷᠣᠹᠧᠰᠰᠣᠷ ᠪᠣᠯᠪᠠ᠃ | ᠳ᠋᠊ · ᠪᠠᠲᠤ 1991 ᠣᠨ ᠠᠴᠠ ᠡᠬᠢᠯᠡᠨ ᠰᠢᠯᠦᠭ᠂ ᠨᠠᠶᠢᠷᠠᠭᠤᠯᠤᠯ᠂ ᠥᠭᠦᠯᠡᠯᠭᠡ᠂ ᠤᠷᠠᠨ ᠵᠣᠬᠢᠶᠠᠯ ᠤᠨ ᠰᠢᠭᠦᠮᠵᠢ | ᠪᠣᠯᠣᠨ ᠡᠷᠳᠡᠮ ᠰᠢᠨᠵᠢᠯᠡᠭᠡᠨ ᠤ ᠥᠭᠦᠯᠡᠯ ᠪᠢᠴᠢᠵᠦ᠂ ︽ᠴᠠᠬᠢᠭᠤᠷᠲᠤ ᠮᠡᠷᠭᠡᠨ ᠪᠣᠭᠳᠠ ᠬᠠᠭᠠᠨ︾ ︵ | ᠤᠯᠠᠭᠠᠨᠪᠠᠭᠠᠲᠤᠷ᠂ 1999 ᠣᠨ︶᠂ ︽ᠤᠯᠠᠭᠠᠨ ᠱᠠᠩᠳᠠ︾ ︵ᠥᠭᠦᠯᠡᠯᠭᠡ ᠨᠠᠶᠢᠷᠠᠭᠤᠯᠤᠯ ᠤᠨ ᠲᠡᠭᠦᠪᠦᠷᠢ᠂ | ᠤᠯᠠᠭᠠᠨᠪᠠᠭᠠᠲᠤᠷ᠂ 2001ᠣᠨ︶᠂ ︽ᠠᠯᠠᠱᠨ ᠳᠠᠬᠢ ᠬᠠᠯᠬᠠᠴᠤᠳ ᠤᠨ ᠤᠷᠲᠤ ᠶᠢᠨ ᠳᠠᠭᠤᠤ ᠶᠢᠨ ᠤᠯᠠᠮᠵᠢᠯᠠᠯ︾ | ︵ᠬᠥᠬᠡᠬᠤᠲᠠ᠂ 2004 ᠣᠨ︶᠂ ︽ᠮᠣᠩᠭᠤᠯ ᠠᠷᠠᠳ ᠤᠨ ᠳᠠᠭᠤᠤ ᠶᠢᠨ ᠲᠡᠦᠬᠡᠨ ᠡᠬᠢ ᠰᠤᠷᠪᠤᠯᠵᠢ ᠪᠠ | ᠲᠧᠺᠰᠲ ᠰᠤᠳᠤᠯᠤᠯ︾ ︵ᠪᠡᠭᠡᠵᠢᠩ᠂ 2006 ᠣᠨ︶᠂ ︽ᠰᠠᠷᠲᠠᠭᠤᠯ ᠤᠨ ᠬᠤᠷᠯᠣ ᠴᠣᠷᠵᠢ ᠯᠠᠮᠠᠲᠠᠨ — | ᠯᠤᠪᠰᠠᠩᠳᠠᠮᠪᠢᠳᠤᠮᠢ︾ ︵ᠪᠤᠰᠤᠳ ᠲᠠᠢ ᠬᠠᠮᠲᠤ᠂ ᠤᠯᠠᠭᠠᠨᠪᠠᠭᠠᠲᠤᠷ᠂ 2007 ᠣᠨ︶᠂ ︽ᠦᠯᠢᠭᠡᠷᠴᠢ ᠬᠢᠭᠡᠳ | ᠦᠯᠢᠭᠡᠷ ᠤᠯᠠᠮᠵᠢᠯᠠᠬᠤ ᠵᠠᠩ ᠦᠢᠯᠡ︾ ︵2009 ᠣᠨ︶᠂ ︽ᠠᠭᠸᠠᠩᠴᠣᠶᠢᠳᠡᠷ ᠤᠨ ᠶᠠᠷᠢᠭᠰᠠᠨ ᠮᠣᠩᠭᠤᠯ | ᠲᠥᠪᠡᠳ ᠪᠤᠷᠬᠠᠨ ᠱᠠᠰᠢᠨ ᠤ ᠠᠮᠠᠨ ᠲᠡᠦᠬᠡ︾ ︵2011︶ ᠵᠡᠷᠭᠡ ᠨᠣᠮ ᠬᠡᠪᠯᠡᠭᠦᠯᠦᠭᠰᠡᠨ ᠪᠥᠭᠡᠳ ᠮᠣᠩᠭᠤᠯ | ᠠᠷᠠᠳ ᠤᠨ ᠳᠠᠭᠤᠤ᠂ ᠠᠷᠠᠳ ᠤᠨ ᠰᠢ ᠵᠦᠴᠦᠭᠡ ᠲᠣᠭᠯᠠᠭᠠᠮ᠂ ᠠᠮᠠᠨ ᠦᠯᠢᠭᠡᠷ᠂ ᠵᠠᠩ ᠵᠠᠩᠰᠢᠯ ᠬᠢᠭᠡᠳ ᠪᠤᠷᠬᠠᠨ | ᠤ ᠱᠠᠰᠢᠨ ᠤ ᠲᠡᠦᠬᠡ ᠳᠣᠮᠤᠭ ᠤᠨ ᠲᠤᠬᠠᠢ ᠵᠢᠷᠠ ᠭᠠᠷᠤᠢ ᠡᠷᠳᠡᠮ ᠰᠢᠨᠵᠢᠯᠡᠭᠡᠨ ᠤ ᠥᠭᠦᠯᠡᠯ ᠪᠢᠴᠢᠵᠦ᠂ ᠤᠯᠤᠰ | ᠤᠨ ᠭᠠᠳᠠᠭᠠᠳᠤ ᠳᠣᠲᠣᠭᠠᠳᠤ ᠶᠢᠨ ᠡᠷᠳᠡᠮ ᠰᠢᠨᠵᠢᠯᠡᠭᠡᠨ ᠤ ᠰᠡᠳᠬᠦᠯ ᠳᠤ ᠨᠡᠶᠢᠲᠡᠯᠡᠭᠦᠯᠵᠦ᠂ ᠱᠠᠩᠨᠠᠯ ᠬᠥᠬᠢᠭᠦᠯᠦᠯ | ᠬᠦᠷᠲᠡᠵᠡᠢ᠃ | ᠡᠳᠦᠭᠡ ᠪᠠᠷᠠᠭᠤᠨ ᠬᠤᠶᠢᠲᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡ ᠰᠣᠶᠣᠯ ᠤᠨ ᠳᠡᠭᠡᠳᠦ | ᠰᠤᠷᠭᠠᠭᠤᠯᠢ ᠳᠤ ᠮᠣᠩᠭᠤᠯ ᠠᠮᠠᠨ ᠵᠣᠬᠢᠶᠠᠯ᠂ ᠮᠣᠩᠭᠤᠯ ᠵᠠᠩᠰᠢᠯ ᠢᠶᠠᠷ ᠠᠰᠫᠢᠷᠠᠨᠲ᠂ ᠳ᠋ᠣᠺᠲ᠋ᠣᠷᠠᠨ᠋ᠲ | ᠬᠥᠮᠥᠵᠢᠭᠦᠯᠵᠦ᠂ ᠦᠨᠳᠦᠰᠦᠨ ᠠᠩᠭᠢ ᠳᠤ ︽ᠤᠳᠬ᠎ᠠ ᠵᠣᠬᠢᠶᠠᠯ ᠤᠨ ᠣᠨᠣᠯ︾᠂ ︽ᠭᠤᠸ᠎ᠠ ᠵᠦᠢ︾᠂ ︽ | ᠥᠷᠥᠨᠡᠳᠠᠬᠢᠨ ᠤ ᠤᠳᠬ᠎ᠠ ᠵᠣᠬᠢᠶᠠᠯ ᠤᠨ ᠣᠨᠣᠯ︾᠂ ︽ᠬᠤᠷᠢᠳᠤᠭᠠᠷ ᠵᠠᠭᠤᠨ ᠤ ᠤᠳᠬ᠎ᠠ ᠵᠣᠬᠢᠶᠠᠯ ᠤᠨ | ᠰᠤᠳᠤᠯᠤᠯ ᠰᠢᠭᠦᠮᠵᠢ ᠶᠢᠨ ᠠᠷᠭ᠎ᠠ ᠵᠦᠢ︾᠂ ︽ᠥᠷᠥᠨᠡᠳᠠᠬᠢᠨ ᠤ ᠣᠳᠣᠬᠢ ᠪᠦᠯᠦᠭ ᠤᠨ ᠤᠳᠬ᠎ᠠ ᠵᠣᠬᠢᠶᠠᠯ︾ | ᠵᠡᠷᠭᠡ ᠬᠢᠴᠢᠶᠡᠯ ᠢ ᠵᠢᠭᠠᠵᠤ᠂ ᠠᠰᠫᠢᠷᠠᠨᠲ᠂ ᠳ᠋ᠣᠺᠲ᠋ᠣᠷᠠᠨ᠋ᠲ ᠨᠠᠷ ᠲᠤ ︽ᠭᠠᠳᠠᠭᠠᠳᠤ ᠶᠢᠨ ᠮᠣᠩᠭᠤᠯ ᠰᠤᠳᠤᠯᠤᠯ︾᠂ | ︽ᠮᠣᠩᠭᠤᠯ ᠰᠣᠶᠣᠯ ᠤᠨ ᠪᠡᠯᠭᠡᠳᠡᠯ ᠵᠦᠢ︾᠂ ︽ᠣᠶᠢᠷᠠᠳ ᠤᠨ ᠠᠮᠠᠨ ᠵᠣᠬᠢᠶᠠᠯ ᠰᠤᠳᠤᠯᠤᠯ︾ ᠵᠡᠷᠭᠡ ᠬᠢᠴᠢᠶᠡᠯ ᠢ | ᠵᠢᠭᠠᠵᠤ ᠪᠠᠶᠢᠨ᠎ᠠ᠃ ᠮᠥᠨ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠰᠠᠭᠤᠷᠢ ᠮᠥᠩᠭᠦ ᠶᠢᠨ ︽ᠪᠠᠷᠠᠭᠤᠨ | ᠮᠣᠩᠭᠤᠯ ᠠᠷᠠᠳ ᠤᠨ ᠳᠠᠭᠤᠤ ᠶᠢᠨ ᠰᠤᠳᠤᠯᠤᠯ︾ ︵2006︶᠂ ︽ᠬᠥᠬᠡᠨᠠᠭᠤᠷ ᠮᠣᠩᠭᠤᠯᠴᠤᠳ ᠤᠨ ᠠᠷᠠᠳ | ᠤᠨ ᠠᠮᠠᠨ ᠲᠡᠦᠬᠡ ᠰᠤᠳᠤᠯᠤᠯ︾ ︵2015︶ ᠤᠯᠤᠰ᠂ ᠣᠷᠣᠨ ᠤ ᠨᠡᠯᠢᠶᠡᠳ ᠣᠯᠠᠨ ᠰᠢᠨᠵᠢᠯᠡᠬᠦ ᠤᠬᠠᠭᠠᠨ ᠢ | ᠲᠥᠰᠥᠯ ᠳᠡᠭᠡᠷ᠎ᠡ ᠠᠵᠢᠯᠯᠠᠵᠤ ᠪᠠᠶᠢᠨ᠎ᠠ᠃ | ᠳ᠋᠊ · ᠪᠠᠲᠤ ᠶᠢᠨ ︽ᠠᠭᠸᠠᠩᠴᠣᠶᠢᠳᠡᠷ ᠤᠨ ᠶᠠᠷᠢᠭᠰᠠᠨ ᠮᠣᠩᠭᠤᠯ ᠲᠥᠪᠡᠳ ᠪᠤᠷᠬᠠᠨ ᠱᠠᠰᠢᠨ ᠤ ᠠᠮᠠᠨ ᠲᠡᠦᠬᠡ︾ | ᠨᠣᠮ ᠨᠢ 2013 ᠣᠨ ᠳᠤ ᠪᠦᠬᠦ ᠤᠯᠤᠰ ᠲᠤ ᠤᠯᠠᠮᠵᠢᠯᠠᠨ ᠲᠠᠷᠬᠠᠬᠤ ᠦᠨᠳᠦᠰᠦᠲᠡᠨ ᠤ ᠵᠠᠭᠤᠨ ᠰᠢᠯᠢᠳᠡᠭ | ᠪᠦᠲᠦᠭᠡᠯ ᠳᠤ ᠰᠣᠩᠭᠤᠭᠳᠠᠨ ᠣᠷᠣᠭᠰᠠᠨ ᠪᠥᠭᠡᠳ 2015 ᠣᠨ ᠳᠤ᠂ ᠤᠯᠤᠰ ᠤᠨ ᠰᠤᠷᠭᠠᠨ ᠬᠥᠮᠥᠵᠢᠯ ᠤᠨ | ᠶᠠᠮᠤᠨ ᠤ ᠳᠣᠯᠣᠳᠤᠭᠠᠷ ᠬᠤᠭᠤᠴᠠᠭᠠᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠢᠯᠢᠳᠡᠭ ᠪᠦᠲᠦᠭᠡᠯ | ᠤᠨ ᠬᠤᠶᠠᠳᠤᠭᠠᠷ ᠱᠠᠩᠨᠠᠯ᠂ ᠭᠠᠨᠰᠤ ᠮᠤᠵᠢ ᠶᠢᠨ ᠶᠡᠭᠡ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ | ᠰᠢᠯᠢᠳᠡᠭ ᠪᠦᠲᠦᠭᠡᠯ ᠤᠨ ᠭᠤᠷᠪᠠᠳᠤᠭᠠᠷ ᠲᠡᠰ ᠤᠨ ᠱᠠᠩᠨᠠᠯ ᠢ ᠲᠤᠰ ᠲᠤᠰ ᠬᠦᠷᠲᠡᠭᠰᠡᠨ ᠪᠠᠶᠢᠨ᠎ᠠ᠃ | ᠡᠳᠦᠭᠡ ᠪᠠᠷᠠᠭᠤᠨ ᠬᠤᠶᠢᠲᠤ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠰᠣᠶᠣᠯ ᠤᠨ ᠳᠡᠭᠡᠳᠦ | ᠰᠤᠷᠭᠠᠭᠤᠯᠢ ᠳᠤ ᠪᠠᠭᠰᠢᠯᠠᠵᠤ ᠪᠠᠶᠢᠨ᠎ᠠ᠃ | | | ᠠᠯᠠᠱᠨ ᠨᠠᠶᠢᠷᠠᠭᠴᠢ ᠶᠢᠨ ᠲᠤᠬᠠᠢ ᠰᠤᠳᠤᠯᠤᠯ — | 1.ᠨᠠᠶᠢᠷᠠᠭᠴᠢ ᠪᠤᠶᠠᠨᠪᠠᠲᠤ ᠶᠢᠨ ᠰᠢᠯᠦᠭ ᠬᠢᠭᠡᠳ ︽ᠪᠢ︾ ᠶᠢᠨ ᠤᠬᠠᠮᠰᠠᠷ | ᠳ᠋᠊᠂ ᠪᠠᠳᠣ | ︵ᠪᠠᠷᠠᠭᠤᠨ ᠬᠤᠶᠢᠲᠣ ᠶᠢᠨ ᠥᠨᠲᠥᠰᠥᠲᠡᠨ ᠤ ᠶᠡᠭᠡ ᠰᠣᠷᠭᠠᠭᠤᠯᠢ ᠶᠢᠨ ᠮᠣᠩᠭᠤᠯ ᠭᠡᠯᠡ ᠰᠣᠶᠣᠯ | ᠤᠨ ᠲᠡᠭᠡᠲᠣ ᠰᠣᠷᠭᠠᠭᠤᠯᠢ ᠶᠢᠨ ᠫᠷᠤᠹᠧᠰᠰᠤᠷ︶ | | ᠨᠠᠶᠢᠷᠠᠭᠴᠢ ᠪᠤᠶᠠᠨᠪᠠᠲᠤ ᠶᠢᠨ ᠰᠢᠯᠦᠭ ᠬᠢᠭᠡᠳ ︽ᠪᠢ︾ ᠶᠢᠨ ᠤᠬᠠᠮᠰᠠᠷ | — ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠬᠦ ᠵᠡᠷᠭᠡ ᠰᠢᠯᠦᠭ ᠤᠨ ᠵᠢᠱᠢᠶᠡᠨ | ᠳᠡᠭᠡᠷ᠎ᠡ | ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠨᠡᠷ᠎ᠡ ᠲᠠᠢ᠂ ᠮᠥᠨ ︽ | ᠲᠡᠨᠳᠡ ᠠᠴᠠ ᠨᠠᠮ᠎ᠠ ᠶᠢ ᠬᠠᠶᠢᠭᠠᠷᠠᠢ︾ ᠭᠡᠬᠦ ᠲᠡᠭᠦᠰᠬᠡᠯ ᠲᠠᠢ ᠨᠢᠭᠡᠨ ᠰᠢᠯᠦᠭ ᠢ ᠤᠩᠰᠢᠭᠠᠳ ᠨᠢᠭᠡ ᠲᠠᠯ᠎ᠠ ᠪᠠᠷ | ᠭᠠᠶᠢᠬᠠᠵᠤ᠂ ᠨᠥᠭᠦᠭᠡ ᠲᠠᠯ᠎ᠠ ᠪᠠᠷ ᠮᠠᠰᠢ ᠰᠣᠨᠢᠷᠬᠠᠪᠠ᠃ ᠤᠴᠢᠷ ᠨᠢ ᠡᠬᠢᠯᠡᠭᠡᠳ ᠰᠢᠯᠦᠭ ᠢ ᠤᠩᠰᠢᠬᠤ ᠳᠤ ᠪᠢᠳᠠ | ᠶᠠᠭᠤᠨ ᠳᠤ ᠵᠣᠬᠢᠶᠠᠭᠴᠢ ᠶᠢᠨ ᠪᠢ ᠶᠢ ᠬᠠᠶᠢᠬᠤ ᠪᠢᠯᠡ᠂ ᠲᠡᠭᠦᠨ ᠢ ᠬᠠᠶᠢᠭᠠᠳ ᠶᠠᠭᠠᠬᠢᠬᠤ ᠪᠢᠯᠡ︖ ᠶᠡᠷᠦ ᠨᠢ | ᠲᠡᠶᠢᠮᠦ ᠵᠣᠷᠢᠯᠲᠠ ᠴᠦ ᠪᠢᠳᠠᠨ ᠳᠤ ᠪᠠᠶᠢᠬᠤ ᠦᠭᠡᠢ ᠭᠡᠬᠦ ᠮᠡᠲᠦ ᠪᠠᠶᠢᠭᠰᠠᠨ ᠢᠶᠠᠨ᠂ ᠬᠠᠷᠢᠨ ᠰᠢᠯᠦᠭ ᠤᠨ ᠡᠴᠦᠰ | ᠲᠤ ᠨᠠᠶᠢᠷᠠᠭᠴᠢ ᠶᠢᠨ ︽ᠪᠢ︾ ᠶᠢ ᠡᠷᠢᠬᠦ᠂ ᠶᠠᠮᠠᠷ ᠨᠢᠭᠡᠨ ᠲᠡᠮᠡᠦᠯᠦᠯ ᠳᠤ ᠪᠢᠳᠠᠨ ᠢ ᠬᠥᠲᠥᠯᠥᠭᠰᠡᠨ ᠮᠡᠲᠦ | ᠰᠡᠳᠬᠢᠭᠳᠡᠯ ᠢ ᠥᠭᠪᠡ᠃ ᠲᠡᠭᠡᠭᠡᠳ ᠰᠡᠳᠬᠢᠯ ᠳᠣᠭᠳᠣᠯᠤᠨ ᠪᠠᠶᠢᠵᠤ ᠶᠠᠳᠠᠨ᠎ᠠ᠃ | ᠰᠢᠯᠦᠭ ᠲᠤ ᠡᠬᠢᠯᠡᠭᠡᠳ ︽ᠨᠠᠮ᠎ᠠ ᠶᠢ ᠪᠦᠦ ᠬᠠᠢ︕︾᠂ ︽ᠲᠡᠨᠳᠡ ᠴᠢᠨᠢ ᠪᠢ ᠪᠠᠶᠢᠬᠤ ᠦᠭᠡᠢ ᠰᠢᠦ︾ ᠭᠡᠬᠦ | ᠮᠡᠲᠦ ᠪᠠᠷ ᠰᠢᠯᠦᠭᠴᠢ ᠰᠡᠳᠬᠢᠯ ᠢᠶᠠᠨ ᠢᠯᠡᠷᠬᠡᠶᠢᠯᠡᠪᠡ᠃ ᠳᠠᠷᠤᠢ ᠨᠠᠶᠢᠷᠠᠭᠴᠢ ᠠᠴᠠ ᠡᠬᠢᠯᠡᠨ ᠨᠠᠮ᠎ᠠ ᠶᠢ ᠬᠠᠶᠢᠵᠤ | ᠪᠣᠯᠬᠤ ᠦᠭᠡᠢ ᠭᠠᠵᠠᠷ ᠢ ᠣᠨᠴᠠᠯᠠᠨ ᠵᠢᠭᠠᠪᠠ᠃ ᠳᠠᠷᠠᠭ᠎ᠠ ᠨᠢ ︽ᠨᠠᠮ᠎ᠠ︾ ᠶᠢᠨ ᠪᠠᠶᠢᠭ᠎ᠠ ᠭᠠᠵᠠᠷ ᠨᠢ ᠬᠠᠮᠢᠭ᠎ᠠ | ᠪᠠᠶᠢᠬᠤ᠂ ᠲᠡᠨᠳᠡ ᠠᠴᠠ ᠲᠡᠭᠦᠨ ᠢ ᠡᠷᠢᠵᠦ ᠣᠯᠵᠤ ᠪᠣᠯᠬᠤ ᠲᠥᠰᠥᠭᠡᠯᠡᠯ ᠢ ᠰᠠᠨᠠᠭᠤᠯᠪᠠ᠃ ᠡᠨᠡ ᠲᠥᠰᠥᠭᠡᠯᠡᠯ | ᠠᠴᠠ ᠪᠢᠳᠠ᠂ ᠡᠬᠢᠯᠡᠭᠡᠳ ᠠᠯᠮᠠᠶᠢᠳᠠᠵᠤ᠂ ᠡᠷᠭᠢᠯᠳᠦᠵᠦ ᠪᠠᠶᠢᠭᠰᠠᠨ ᠰᠡᠳᠬᠢᠭᠳᠡᠯ ᠤᠨ ᠡᠭᠡᠳᠡᠷᠡᠭᠡ ᠭᠠᠷᠴᠤ᠂ ᠬᠠᠶᠢᠬᠤ | ᠶᠢᠨ ᠵᠣᠷᠢᠯᠲᠠ ᠦᠭᠡᠢ ᠪᠠᠶᠢᠭᠰᠠᠨ ᠠᠴᠠ ᠶᠠᠮᠠᠷ ᠨᠢᠭᠡᠨ ᠵᠦᠢᠯ ᠢ ᠬᠠᠶᠢᠵᠤ ᠡᠷᠢᠬᠦ ᠵᠠᠮ ᠳᠤ ᠴᠢᠭᠯᠡᠭᠰᠡᠨ ᠪᠠᠶᠢᠨ᠎ᠠ᠃ | ᠰᠢᠯᠦᠭ ᠲᠤ᠂ | ︽ᠬᠠᠰ ᠬᠤᠨᠳᠠᠭ᠎ᠠ ᠬᠠᠷᠰᠢᠯᠳᠤᠬᠤ ᠪᠣᠯᠣᠷ ᠣᠷᠳᠣᠨ ᠤ ᠬᠤᠶᠢᠮᠤᠷ ︵ᠪᠠᠶᠠᠷ ᠴᠡᠩᠭᠡᠯ︶ ᠠᠴᠠ | ᠬᠠᠭᠠᠰ ᠳᠤᠲᠠᠭᠤ ᠠᠨᠢᠭᠠᠰᠤᠲᠠᠢ ᠨᠣᠶᠢᠷᠮᠤᠭ ᠨᠢᠳᠦᠨ ᠤ ᠵᠣᠪᠬᠢ ︵ᠭᠤᠨᠢᠭ ᠵᠣᠪᠠᠯᠠᠩ︶ ᠠᠴᠠ | ᠨᠠᠮ᠎ᠠ ᠶᠢ ᠪᠦᠦ ᠬᠠᠢ︕ | ᠲᠠᠩᠰᠤᠭ ᠠᠲᠠᠯ᠎ᠠ ᠪᠠᠨ ᠲᠠᠷᠴᠢᠭ ᠶᠢᠷᠲᠢᠨᠴᠦ ︵ᠬᠠᠭᠤᠷᠮᠠᠬᠠᠢ︶ ᠠᠴᠠ | ᠲᠠ ᠨᠠᠷ ᠨᠠᠮ᠎ᠠ ᠶᠢ ᠪᠦᠦ ᠬᠠᠶᠢᠭᠠᠷᠠᠢ︕ | ᠲᠡᠨᠳᠡ ᠴᠢᠨᠢ ᠪᠢ ᠪᠠᠶᠢᠬᠤ ᠦᠭᠡᠢ ᠰᠢᠦ | ᠲᠡᠨᠳᠡ ᠠᠴᠠ ᠮᠢᠨᠤ ᠮᠥᠷᠥᠭᠡᠳᠦᠯ ᠤᠨ ᠥᠭᠡᠳᠡᠰᠦ ᠶᠢ ᠴᠦ ᠣᠯᠬᠤ ᠦᠭᠡᠢ ᠳ᠋ᠠ | ᠮᠥᠷᠭᠦᠭᠰᠡᠨ ᠮᠥᠯᠬᠦᠭᠰᠡᠨ ᠮᠥᠩᠬᠡ ᠶᠢᠨ ᠪᠣᠭᠤᠯ ᠤᠳ ᠳᠤᠮᠳᠠ ᠠᠴᠠ | ᠮᠥᠬᠦᠭᠰᠡᠨ ᠰᠥᠨᠥᠭᠰᠡᠨ ᠭᠠᠯᠲᠤ ᠠᠭᠤᠯᠠ ᠶᠢᠨ ᠲᠠᠮᠲᠤᠭ ᠠᠴᠠ | ᠠᠮᠢᠳᠤ ᠶᠠᠪᠤᠭ᠎ᠠ ᠪᠠᠨ ᠠᠮᠢᠰᠬᠤᠯ ᠤᠨ ᠲᠣᠭᠠᠯᠠᠨ ᠢᠶᠠᠷ ᠬᠡᠮᠵᠢᠳᠡᠭ | ᠠᠷᠠᠢ ᠶᠠᠳᠠᠭᠰᠠᠨ ᠨᠢᠭᠡ ᠶᠢ ᠪᠠᠨ ᠠᠩᠭᠠᠯ ᠤᠷᠤᠭᠤ ᠲᠦᠯᠬᠢᠳᠡᠭ | ᠠᠯᠢᠶ᠎ᠠ ᠰᠠᠯᠪᠠᠭᠠᠲᠠᠢ ᠶᠢᠨ ᠦᠵᠡᠬᠦᠯᠪᠤᠷᠢ ᠳᠤ ᠭᠠᠶᠢᠬᠠᠯᠲᠠᠢ ᠭᠠᠷᠰᠢᠭᠰᠠᠨ | ᠠᠢ ᠲᠦᠮᠡᠨ ᠢᠶᠠᠷ ᠢᠶᠠᠨ ᠨᠢᠭᠡ ᠯᠡ ᠵᠦᠢᠯ ᠳᠡᠭᠡᠷ᠎ᠡ ᠬᠤᠰᠢᠭᠤᠷᠠᠨ ᠦᠢᠮᠡᠭᠰᠡᠨ ︵ᠳᠡᠮᠡᠶᠢᠷᠡᠯ ᠲᠡᠨᠡᠭᠯᠡᠯ︶ | ᠮᠥᠳᠳᠡᠬᠡᠨ ᠳᠠᠭᠤᠰᠬᠤ ᠭᠡᠵᠤ ᠪᠤᠢ ᠰᠠᠪᠠᠨ ᠤ ᠢᠷᠤᠭᠠᠯ ᠠᠴᠠ | ᠮᠥᠴᠢ ᠲᠠᠴᠢᠬᠠᠨ ᠵᠣᠭᠰᠣᠭᠰᠠᠨ ᠬᠥᠯ ᠤᠨ ᠥᠯᠮᠡᠢ ᠠᠴᠠ | ᠰᠣᠬᠤᠷ ᠨᠣᠮᠣᠨ ᠰᠢᠭ᠋ ᠣᠶᠣᠨ ᠰᠠᠨᠠᠭᠠᠨ ᠤ ᠣᠷᠴᠢᠯᠠᠩ ︵ᠬᠠᠷᠠᠩᠭᠤᠢ︶ ᠠᠴᠠ | ᠰᠣᠯᠣᠭᠠᠢ ᠵᠥᠪ ᠨᠢ ᠪᠠᠨᠲᠠᠩ ᠰᠢᠭ᠋ ᠬᠤᠳᠬᠤᠯᠳᠤᠭᠰᠠᠨ ᠣᠷᠣᠨ ᠵᠠᠢ ︵ᠡᠷᠦᠢ ᠬᠤᠷᠤᠢ᠂ ᠡᠬᠢ ᠠᠳᠠᠭ ᠦᠭᠡᠢ︶ | ᠠᠴᠠ | ᠴᠠᠭ ᠤᠨ ᠰᠠᠯᠬᠢ ᠪᠠᠷ ᠳᠠᠷᠪᠠᠭᠤᠯ ᠢᠶᠠᠨ ᠬᠡᠶᠢᠰᠬᠡᠭᠰᠡᠨ | ᠴᠠᠳᠬᠤᠯᠠᠩ ᠶᠡᠭᠡ ᠠᠭᠤᠷ ᠠᠮᠢᠰᠬᠤᠯ ︵ ᠬᠡᠢ ᠬᠤᠭᠤᠰᠤᠨ︶ ᠠᠴᠠ | ᠦᠵᠡᠨ ᠶᠠᠳᠠᠯᠲᠠ᠂ ᠦᠯᠦ ᠲᠣᠭᠤᠮᠰᠠᠷᠡᠯ᠂ ᠠᠲᠠᠭ᠎ᠠ ᠬᠤᠷᠣᠰᠤᠯ ᠤᠨ ᠬᠤᠷᠮᠣᠢ ᠠᠴᠠ | ᠦᠨᠦᠰᠦᠭᠦᠯᠬᠦ ᠦᠭᠡᠢ ᠪᠠᠶᠢᠭᠰᠠᠭᠠᠷ ᠤᠳᠠᠭᠰᠠᠨ ᠬᠠᠲᠠᠭᠰᠠᠨ ᠨᠠᠪᠴᠢ ᠰᠢᠭ᠋ ᠤᠷᠤᠭᠤᠯ ᠠᠴᠠ | ᠨᠠᠮ᠎ᠠ ᠶᠢ ᠪᠦᠦ ᠬᠠᠢ︕ ᠁ ᠭᠡᠬᠦ ᠮᠡᠲᠦᠴᠢᠯᠡᠨ᠂ ᠡᠳᠦᠭᠡ ᠶᠢᠨ ᠠᠮᠢᠳᠤᠷᠠᠯ ᠤᠨ ᠶᠠᠩᠵᠤ ᠪᠦᠷᠢ ᠶᠢᠨ ᠣᠷᠴᠢᠨ | ᠠᠬᠤᠢ᠂ ᠥᠭᠡᠷ᠎ᠡ ᠪᠠᠷ ᠬᠡᠯᠡᠪᠡᠯ᠂ ᠪᠠᠶᠠᠷ ᠴᠡᠩᠭᠡᠯ᠂ ᠭᠤᠨᠢᠭ ᠵᠣᠪᠠᠯᠠᠩ᠂ ᠦᠭᠡᠶᠢᠷᠡᠯ ᠳᠣᠷᠣᠶᠢᠲᠠᠯ᠂ ᠪᠠᠯᠠᠶᠢᠷᠠᠯ᠂ | ᠪᠠᠯᠠᠷ ᠬᠠᠷᠠᠩᠭᠤᠢ᠂ ᠡᠯᠡᠢ ᠬᠤᠯᠠᠢ᠂ ᠣᠮᠣᠷᠬᠠᠭ ᠪᠠᠷᠳᠠᠮ᠂ ᠰᠠᠭᠰᠠᠭᠤ ᠬᠤᠶᠢᠷᠭᠤ᠂ ᠮᠥᠨ ᠨᠢᠭᠦᠯ ᠱᠦᠭᠦᠯᠯᠡᠭᠰᠡᠨ᠂ | ᠬᠠᠭᠤᠷᠠᠢ ᠵᠢᠪᠡᠭᠦᠨ ︵᠁ ᠬᠠᠲᠠᠭᠰᠠᠨ ᠨᠠᠪᠴᠢ ᠰᠢᠭ᠋ ᠤᠷᠤᠭᠤᠯ ᠮᠡᠲᠦ︶ ᠠᠴᠠ ᠨᠠᠮ᠎ᠠ ᠶᠢ ᠪᠦᠦ ᠬᠠᠢ︕ | ᠭᠡᠵᠤ ᠠᠨᠳᠠᠭᠠᠶᠢᠯᠠᠨ ᠲᠠᠩᠭᠠᠷᠢᠭᠯᠠᠵᠤ᠂ ᠵᠠᠨᠤᠯᠬᠢᠯᠠᠨ ᠥᠭᠦᠯᠡᠭᠰᠡᠨ ᠪᠠᠶᠢᠨ᠎ᠠ᠃ | ᠦᠨᠡᠨ ᠳᠡᠭᠡᠨ ᠡᠨᠡ ᠣᠷᠴᠢᠯᠠᠩ ᠤᠨ ᠪᠣᠯᠬᠢ ᠪᠦᠳᠦᠭᠦᠯᠢᠭ᠂ ᠪᠠᠯᠠᠷ ᠬᠠᠷᠠᠩᠭᠤᠢ ᠳᠤ ᠮᠢᠨᠴᠦᠭᠦᠷᠡᠭᠰᠡᠨ ᠪᠢᠳᠠᠨ ᠳᠤ | ᠴᠣᠬᠤᠮ ᠳᠠᠭᠠᠨ ᠬᠡᠨ ᠢ ᠬᠠᠶᠢᠬᠤ᠂ ᠮᠥᠨ ᠬᠠᠶᠢᠬᠤ ᠬᠡᠷᠡᠭᠴᠡᠭᠡ ᠶᠠᠭᠤ ᠭᠡᠳᠡᠭ ᠢ ᠮᠡᠳᠡᠬᠦ ᠦᠭᠡᠢ ᠪᠠᠶᠢᠭᠰᠠᠨ | ᠶᠢᠷᠲᠢᠨᠴᠦ ᠳᠤ ᠨᠠᠶᠢᠷᠠᠭᠴᠢ ᠠᠴᠠ ᠠᠶᠤᠩᠭ᠎ᠠ ᠨᠢᠵᠢᠭᠢᠨᠡᠬᠦᠯᠣᠨ᠂ ︽ᠲᠠ ᠨᠠᠷ ᠨᠠᠮ᠎ᠠ ᠶᠢ ᠪᠦᠦ ᠬᠠᠶᠢᠭᠠᠷᠠᠢ︕ ᠲᠡᠨᠳᠡ | ᠴᠢᠨᠢ ᠪᠢ ᠪᠠᠶᠢᠬᠤ ᠦᠭᠡᠢ ᠰᠢᠦ᠂ ᠲᠡᠨᠳᠡ ᠠᠴᠠ ᠮᠢᠨᠤ ᠮᠥᠷᠥᠭᠡᠳᠦᠯ ᠤᠨ ᠥᠭᠡᠳᠡᠰᠦ ᠶᠢ ᠴᠦ ᠣᠯᠬᠤ ᠦᠭᠡᠢ ᠳ᠋ᠠ︾ | ᠭᠡᠵᠤ ᠬᠠᠰᠬᠢᠷᠤᠭᠰᠠᠨ ᠮᠡᠲᠦ ᠰᠠᠨᠠᠭᠳᠠᠨ᠎ᠠ᠃ ᠨᠠᠶᠢᠷᠠᠭᠴᠢ ᠠᠴᠠ ︽ᠪᠠᠶᠢᠭ᠎ᠠ ᠪᠤᠶᠤ ᠪᠠᠶᠢᠵᠤ ᠪᠠᠶᠢᠭ᠎ᠠ ᠣᠷᠣᠨ ᠵᠠᠢ︾ | ᠶᠢ ᠵᠢᠭᠠᠭᠰᠠᠨ ᠴᠦ᠂ ᠬᠠᠷᠠᠭᠳᠠᠵᠤ ᠦᠵᠡᠭᠳᠡᠵᠦ ᠪᠠᠶᠢᠭ᠎ᠠ ᠲᠡᠷᠡ ᠵᠦᠢᠯ ᠪᠤᠰᠤ᠂ ᠲᠡᠭᠦᠨ ᠠᠴᠠ ᠥᠭᠡᠷ᠎ᠡ ᠶᠠᠮᠠᠷ | ᠨᠢᠭᠡᠨ ᠵᠦᠢᠯ ︵ᠨᠠᠶᠢᠷᠠᠭᠴᠢ ᠶᠢᠨ ︽ᠪᠢ︾︶ ᠵᠠᠪᠠᠯ ︽ᠬᠠᠶᠢᠬᠤ ᠶᠣᠰᠣᠲᠠᠢ︾ ᠶᠢ ᠤᠷᠢᠶᠠᠯᠠᠵᠤ᠂ ᠬᠥᠮᠥᠨ ᠣᠯᠠᠨ | ᠳᠤ ᠰᠡᠩᠬᠡᠷᠡᠯ ᠣᠯᠭᠤᠯ᠎ᠠ᠃ | ᠶᠡᠷᠦ ᠠᠴᠠ ᠪᠠᠨ ᠤᠨᠲᠠᠵᠤ ᠪᠠᠶᠢᠭᠰᠠᠨ ᠴᠦ ᠶᠤᠮ ᠦᠦ᠂ ᠮᠠᠨᠠᠷᠠᠵᠤ ᠪᠠᠶᠢᠭᠰᠠᠨ ᠴᠦ ᠶᠤᠮ ᠦᠦ︖ ᠠᠳᠤᠭᠤᠰᠤ | ᠠᠳᠠᠯᠢ ︽ᠨᠢᠭᠡ ᠯᠡ ᠵᠦᠢᠯ ᠳᠡᠭᠡᠷ᠎ᠡ ᠬᠤᠰᠢᠭᠤᠷᠠᠨ ᠦᠢᠮᠡᠭᠰᠡᠨ︾᠂ ︽ᠦᠵᠡᠨ ᠶᠠᠳᠠᠯᠲᠠ᠂ ᠦᠯᠦ ᠲᠣᠭᠤᠮᠰᠠᠷᠡᠯ᠂ | ᠠᠲᠠᠭ᠎ᠠ ᠬᠤᠷᠣᠰᠤᠯ︾ ᠪᠠᠷ ᠬᠤᠶᠠᠭᠯᠠᠭᠰᠠᠨ᠂ ᠣᠶᠣᠨ ᠰᠠᠨᠠᠭ᠎ᠠ ᠨᠢ ︽ᠬᠠᠲᠠᠭᠰᠠᠨ ᠨᠠᠪᠴᠢ︾ ᠪᠣᠯᠣᠭᠰᠠᠨ ᠪᠢᠳᠠᠨ | ᠳᠤ ᠠᠮᠢᠳᠤᠷᠠᠵᠤ ᠪᠠᠶᠢᠭ᠎ᠠ ᠲᠡᠨᠡᠭᠯᠡᠯ ᠠᠴᠠ ᠠᠪᠤᠷᠠᠭᠳᠠᠬᠤ ᠤᠬᠠᠮᠰᠠᠷ ᠤᠨ ᠶᠢᠷᠲᠢᠨᠴᠦ ᠳᠤ ᠭᠡᠷᠡᠯ ᠭᠠᠷᠴᠤ᠂ ᠭᠤᠣᠯ | ᠳᠤ ᠠᠮᠢ ᠣᠷᠣᠬᠤ ᠮᠡᠲᠦ ᠨᠠᠶᠢᠷᠠᠭᠴᠢ ᠶᠢᠨ ︽ᠪᠢ︾ ᠶᠢᠨ ᠭᠡᠷᠡᠯ ᠳᠤᠰᠤᠵᠤ ᠪᠠᠶᠢᠨ᠎ᠠ᠃ | ᠪᠢᠳᠠ ᠨᠠᠶᠢᠷᠠᠭᠴᠢ ᠶᠢᠨ ︽ᠪᠢ︾ ᠶᠢ ᠬᠡᠲᠦᠷᠬᠡᠢ ᠶᠡᠭᠡ ᠭᠠᠳᠠᠭᠤᠷᠴᠢᠯᠠᠵᠤ ᠪᠠᠶᠢᠭᠰᠠᠨ ᠢᠶᠠᠨ ᠰᠠᠨᠠᠯ᠎ᠠ᠃ | ᠶᠠᠭᠠᠬᠢᠭᠠᠳ ᠪᠤᠢ ᠭᠡᠪᠡᠯ᠂ ᠪᠢᠳᠠ ᠨᠠᠶᠢᠷᠠᠭᠴᠢ ᠶᠢᠨ ︽ᠪᠢ︾ ᠶᠢ ᠪᠡᠶ᠎ᠡ ᠲᠠᠢ ᠪᠠᠨ ᠠᠳᠠᠯᠢᠬᠠᠨ ᠦᠵᠡᠵᠦ᠂ ᠰᠢᠯᠦᠭ | ᠲᠤ ᠢᠯᠡᠷᠬᠡᠶᠢᠯᠡᠵᠦ ᠪᠠᠶᠢᠭ᠎ᠠ ᠲᠡᠷᠡ ᠣᠯᠠᠨ ᠦᠵᠡᠭᠳᠡᠯ ᠳᠤᠮᠳᠠ ᠪᠦᠷ ᠪᠠᠶᠢᠭ᠎ᠠ ᠭᠡᠵᠤ ᠪᠣᠳᠣᠳᠠᠭ ᠨᠢ ᠬᠠᠷᠠᠮᠰᠠᠯᠲᠠᠢ | ᠶᠤᠮ᠃ ᠪᠢᠳᠠ ︽ᠵᠢᠷᠭᠠᠯ ᠲᠠᠢ︾ ᠭᠡᠵᠤ ᠪᠡᠶ᠎ᠡ ᠪᠠᠨ ᠪᠣᠳᠣᠬᠤ ᠳᠠᠭᠠᠨ ︽ᠭᠤᠨᠢᠵᠤ ᠭᠠᠩᠰᠠᠷᠠᠵᠤ ᠰᠠᠭᠤᠳᠠᠭ | ᠬᠥᠮᠥᠨ︾ ᠢ ᠡᠭᠳᠡᠭᠦᠴᠡᠵᠦ ᠪᠠᠶᠢᠭᠰᠠᠨ ᠮᠠᠭᠠᠳ᠃ ᠲᠠ ᠥᠨᠥᠳᠥᠷ ᠢᠨᠢᠶᠡᠵᠦ᠂ ᠪᠠᠶᠠᠷᠯᠠᠵᠤ ᠪᠠᠶᠢᠭ᠎ᠠ ᠢᠶᠠᠷ ᠢᠶᠠᠨ | ᠶᠢᠷᠲᠢᠨᠴᠦ ᠶᠢᠨ ᠬᠥᠮᠥᠨ ᠪᠦᠬᠦᠨ ᠢ ᠪᠠᠶᠠᠰᠬᠠᠵᠤ ᠪᠤᠢ ᠭᠡᠪᠡᠯ᠂ ᠲᠡᠭᠦᠨ ᠠᠴᠠ ᠬᠤᠳᠠᠯ᠂ ᠲᠡᠭᠦᠨ ᠠᠴᠠ ᠬᠤᠣᠷ ᠲᠠᠢ | ᠵᠦᠢᠯ ᠪᠠᠶᠢᠬᠤ ᠦᠭᠡᠢ ᠶᠤᠮ᠃ ᠲᠠ ᠥᠨᠥᠳᠥᠷ ᠬᠡᠨ ᠢ ᠴᠦ ᠬᠠᠶᠢᠬᠤ ᠦᠭᠡᠢ᠂ ᠪᠢ ᠪᠠᠶᠢᠭᠰᠠᠨ ᠢᠶᠠᠷ ᠪᠦᠲᠦᠨ | ᠭᠡᠵᠤ ᠪᠣᠳᠣᠵᠤ ᠪᠠᠶᠢᠭ᠎ᠠ ᠪᠣᠯ ᠲᠡᠭᠦᠨ ᠰᠢᠭ ᠰᠢᠪᠰᠢᠭᠲᠡᠢ ᠵᠦᠢᠯ ᠪᠠᠶᠢᠬᠤ ᠦᠭᠡᠢ ᠶᠤᠮ᠃ ᠲᠠ ᠤᠳᠠᠬᠤ ᠦᠭᠡᠢ | ᠪᠤᠴᠠᠯᠵᠤ ᠰᠢᠯᠵᠠᠯᠤᠭᠳᠠᠬᠤ ᠭᠡᠵᠤ ᠪᠠᠶᠢᠭ᠎ᠠ ᠲᠣᠭᠤᠭᠠᠨ ᠳᠤ ᠪᠦᠯᠢᠶᠡᠴᠡᠵᠦ᠂ ᠲᠡᠭᠦᠨ ᠢᠶᠠᠨ ︽ᠬᠠᠯᠠᠭᠤᠨ ᠳᠤᠯᠠᠭᠠᠨ︾ | ᠭᠡᠵᠤ ᠲᠣᠭᠤᠭᠠᠨ ᠤ ᠡᠵᠡᠨ ᠳᠤ ᠲᠠᠯᠠᠷᠬᠠᠨ ᠰᠥᠭᠦᠳᠴᠦ ᠮᠥᠷᠭᠦᠵᠦ᠂ ᠲᠡᠭᠦᠨ ᠢ ᠠᠮᠠ ᠬᠠᠮᠬᠢᠯ ᠦᠭᠡᠢ ᠮᠠᠭᠲᠠᠵᠤ | ᠪᠠᠶᠢᠭ᠎ᠠ ᠪᠣᠯ ᠴᠢᠮ᠎ᠠ ᠠᠴᠠ ᠲᠡᠨᠡᠭ᠂ ᠬᠤᠭ ᠤᠨ ᠨᠣᠪᠰᠢ ᠭᠡᠵᠤ ᠥᠭᠡᠷ᠎ᠡ ᠪᠠᠶᠢᠬᠤ ᠦᠭᠡᠢ ᠶᠤᠮ᠃ | ᠲᠡᠶᠢᠮᠦ ᠤᠴᠢᠷ ᠪᠢᠳᠠ ᠡᠬᠢᠯᠡᠭᠡᠳ ᠨᠠᠶᠢᠷᠠᠭᠴᠢ ᠶᠢ ᠶᠠᠭᠠᠬᠢᠭᠰᠠᠨ ᠣᠮᠣᠭᠯᠠᠩ ᠪᠤᠢ︖ ᠪᠢᠳᠠ ᠴᠢᠮ᠎ᠠ ᠶᠢ ᠬᠠᠶᠢᠭᠠ | ᠦᠭᠡᠢ ᠰᠢᠦ︕ ᠭᠡᠵᠤ ᠬᠡᠯᠡᠮᠡᠷ ᠰᠡᠳᠬᠢᠭᠳᠡᠭᠰᠡᠨ ᠪᠣᠯ ᠲᠡᠷᠡ ᠪᠦᠬᠦᠨ ᠠᠳᠡᠭᠦᠷᠡᠯ᠂ ᠮᠥᠨ ᠲᠡᠨᠡᠭᠯᠡᠯ᠂ ᠣᠶᠣᠨ ᠤ | ᠬᠠᠷᠠᠩᠭᠤᠢ ᠪᠠᠶᠢᠵᠤ ᠮᠡᠳᠡᠬᠦ ᠶᠤᠮ᠃ ᠲᠡᠭᠡᠪᠡᠯ ᠪᠢᠳᠠ ᠨᠠᠶᠢᠷᠠᠭᠴᠢ ᠶᠢᠨ ︽ᠪᠢ︾ ᠶᠢ ︽ᠲᠡᠨᠳᠡ︾ ᠠᠴᠠ ᠪᠢᠰᠢ᠂ | ᠥᠭᠡᠷ᠎ᠡ ᠬᠠᠮᠢᠭ᠎ᠠ ᠠᠴᠠ ᠡᠷᠢᠬᠦ ᠪᠤᠢ︖ ᠨᠠᠶᠢᠷᠠᠭᠴᠢ ᠶᠢᠨ ︽ᠪᠢ︾ ᠨᠢ ᠪᠢᠳᠠᠨ ᠤ ᠬᠡᠵᠢᠶ᠎ᠡ ᠴᠦ ᠡᠷᠢᠵᠦ ᠣᠯᠬᠤ | ᠦᠭᠡᠢ ︽ᠨᠢᠭᠤᠴᠠ︾ ᠭᠠᠵᠠᠷ ᠪᠠᠶᠢᠯ᠎ᠠ᠃ | ᠪᠣᠯᠭᠢᠭᠰᠠᠨ ᠲᠠᠭ᠎ᠠ ᠠᠴᠠ ᠤᠨᠠᠬᠤ ᠳᠤ ᠵᠥᠭᠡᠯᠡᠷᠡᠵᠦ ᠲᠣᠰᠣᠭᠰᠠᠨ | ᠪᠤᠭᠤᠷᠤᠯ ᠳᠡᠭᠡᠳᠦᠰ ᠤᠨ ᠮᠢᠨᠢ ᠭᠠᠷ ᠢᠶᠠᠨ ᠲᠤᠯᠵᠤ ᠪᠣᠰᠣᠭᠰᠠᠨ | ᠲᠡᠶᠢᠮᠦ ᠭᠠᠵᠠᠷ ᠲᠤ ᠴᠢᠨᠢ ᠪᠢ ᠪᠠᠶᠢᠨ᠎ᠠ | ᠲᠡᠨᠳᠡ ᠠᠴᠠ ᠨᠠᠮ᠎ᠠ ᠶᠢ ᠬᠠᠶᠢᠭᠠᠷᠠᠢ︕ | ᠥᠪᠡᠷ ᠤᠨ ᠬᠢ ᠪᠠᠷ ᠢᠶᠠᠨ ᠦᠯᠡᠳᠡᠭᠰᠡᠨ ᠭᠠᠭᠴᠠᠭᠠᠷᠳᠠᠯ ᠠᠴᠠ ᠁ | ᠥᠷᠭᠡᠰᠦ ᠲᠠᠢ ᠪᠤᠲᠠᠨ ᠤ ᠳᠣᠣᠷ᠎ᠠ ᠦᠳᠡᠯᠡᠭᠡᠳ ᠶᠠᠪᠤᠭᠰᠠᠨ ᠲᠠᠤᠯᠠᠢ ᠶᠢᠨ ᠬᠡᠪᠲᠡᠷᠢ ᠠᠴᠠ | ᠥ ᠰᠡᠪ᠂ ᠠᠯᠳᠠᠭᠠᠨ ᠤ ᠴᠤᠭᠯᠠᠷᠠᠯ ᠠᠴᠠ ᠁ | ᠲᠠᠶᠢᠯᠤᠭ᠎ᠠ ᠦᠭᠡᠢ ᠣᠨᠢᠰᠤᠭ᠎ᠠ ᠲᠠᠭᠠᠪᠤᠷᠢ | ᠲᠠᠨᠢᠯᠴᠠᠭᠠ ᠦᠭᠡᠢ ᠨᠠᠶᠢᠵᠠ ᠶᠢᠨ ᠲᠣᠭᠤᠷᠢᠭ ᠠᠴᠠ ᠁ | ᠣᠴᠢᠵᠤ ᠦᠵᠡᠭᠡ ᠦᠭᠡᠢ ᠭᠠᠵᠠᠷ ᠤᠨ ᠨᠢᠭᠤᠴᠠ | ᠣᠭᠲᠣ ᠲᠣᠭᠤᠵᠤ ᠤᠩᠰᠢᠭ᠎ᠠ ᠦᠭᠡᠢ ᠰᠢᠯᠦᠭ ᠤᠨ ᠮᠥᠷ ᠠᠴᠠ | ᠰᠠᠨᠠᠭᠠᠨ ᠳᠤ ᠦᠭᠡᠢ ᠵᠥᠷᠢᠵᠦ ᠥᠩᠭᠡᠷᠡᠭᠰᠡᠨ | ᠰᠠᠷ᠎ᠠ ᠰᠢᠭ᠋ ᠪᠦᠰᠡᠭᠦᠢ ᠶᠢᠨ ᠠᠩᠬᠠᠨ ᠤ ᠬᠠᠷᠠᠴᠠ ᠶᠢᠨ ᠳᠤᠷᠠᠯᠠᠯ ᠠᠴᠠ | ᠮᠠᠷᠲᠠᠭᠳᠠᠭᠰᠠᠨ ᠶᠠᠭᠤᠮ᠎ᠠ ᠶᠢᠨ ᠰᠢᠨ᠎ᠡ ᠰᠠᠨᠠᠮᠵᠢ ᠠᠴᠠ | ᠮᠠᠭᠠᠳ ᠦᠭᠡᠢ ᠮᠢᠨᠤ ᠨᠡᠷ᠎ᠡ ᠪᠠᠷ ᠬᠠᠰᠬᠢᠷᠴᠤ ᠰᠡᠷᠡᠬᠦ ᠬᠤᠵᠢᠮ ᠤᠨ ᠵᠠᠭᠤᠨ ᠠᠴᠠ ᠡᠷᠢᠵᠦ ᠣᠯᠣᠯ᠎ᠠ᠃ ︽ᠣᠯᠣᠯ᠎ᠠ | ︾ ᠭᠡᠵᠤ ᠳ᠋ᠠ᠂ ᠣᠯᠬᠤ ᠶᠣᠰᠣᠲᠠᠢ ᠶᠢ ᠤᠬᠠᠭᠠᠷᠠᠵᠤ ᠮᠡᠳᠡᠯ᠎ᠡ᠃ ᠤᠬᠠᠭᠠᠷᠠᠵᠤ ᠮᠡᠳᠡᠭᠡᠳ ᠣᠶᠣᠨ ᠤ ᠮᠡᠯᠮᠡᠢ ᠨᠢ ︽ | ᠰᠣᠬᠤᠷ ᠨᠣᠮᠣᠨ︾ ᠰᠢᠭ᠋ ᠭᠡᠷᠡᠯ ᠦᠭᠡᠢ ᠪᠣᠯ ᠪᠠᠰᠠ ᠣᠯᠵᠤ ᠴᠢᠳᠠᠬᠤ ᠦᠭᠡᠢ ᠶᠤᠮ᠃ | ᠨᠠᠶᠢᠷᠠᠭᠴᠢ ᠶᠢᠨ ︽ᠪᠢ︾ ᠶᠢ ᠬᠠᠶᠢᠭᠰᠠᠭᠠᠷ ᠡᠴᠦᠰ ᠲᠤ ᠪᠢᠳᠠ ᠰᠠᠶ᠋ᠢ ᠥᠪᠡᠷ ᠤᠨ ︽ᠪᠢ︾ ᠶᠢ ᠲᠠᠨᠢᠵᠤ᠂ | ᠨᠠᠶᠢᠷᠠᠭᠴᠢ ᠶᠢ ᠬᠠᠶᠢᠵᠤ ᠣᠯᠵᠠᠢ᠃ ᠡᠨᠡ ᠰᠢᠯᠦᠭ ᠲᠤ ᠨᠠᠶᠢᠷᠠᠭᠴᠢ ︽ᠨᠠᠮ᠎ᠠ︾ ᠶᠢ ᠬᠠᠶᠢᠬᠤ ᠶᠢᠨ ᠤᠴᠢᠷ ᠢ | ᠥᠭᠦᠯᠡᠭᠡᠳ ᠪᠠᠶᠢᠭᠰᠠᠨ ᠨᠢ ᠡᠴᠦᠰ ᠲᠤ ᠬᠥᠮᠥᠨ ᠤ ︽ᠪᠢ︾ ᠶᠢ ᠡᠷᠢᠯᠬᠢᠯᠡᠭᠰᠡᠨ ᠬᠡᠷᠡᠭ ᠪᠠᠶᠢᠯ᠎ᠠ᠃ | ᠪᠢᠳᠠ ︽ᠪᠢ︾ ᠦᠭᠡᠢ ᠪᠣᠯᠴᠢᠬᠠᠭᠰᠠᠨ ᠲᠤᠯᠠ ︽ᠬᠠᠰ ᠬᠤᠨᠳᠠᠭ᠎ᠠ ᠬᠠᠷᠰᠢᠯᠳᠤᠬᠤ ᠪᠣᠯᠣᠷ ᠣᠷᠳᠣᠨ ᠤ ᠬᠤᠶᠢᠮᠤᠷ | ︵ᠪᠠᠶᠠᠷ ᠴᠡᠩᠭᠡᠯ︶ ᠠᠴᠠ᠂ ᠬᠠᠭᠠᠰ ᠳᠤᠲᠠᠭᠤ ᠠᠨᠢᠭᠠᠰᠤᠲᠠᠢ ᠨᠣᠶᠢᠷᠮᠤᠭ ᠨᠢᠳᠦᠨ ᠤ ᠵᠣᠪᠬᠢ ︵ᠭᠤᠨᠢᠭ ᠵᠣᠪᠠᠯᠠᠩ︶ | ᠠᠴᠠ ᠁︾ ᠭᠡᠬᠦ ᠮᠡᠲᠦ ᠦᠵᠡᠭᠳᠡᠯ ᠳᠤ ᠭᠠᠭᠴᠠ ᠨᠢᠭᠡ ᠪᠤᠰᠤ ᠬᠡᠳᠦ ᠳᠠᠬᠢᠨ ᠢᠶᠠᠷ ᠪᠢᠳᠠ ᠣᠷᠣᠰᠢᠵᠤ | ᠪᠠᠶᠢᠵᠠᠢ᠃ ᠭᠡᠲᠡᠯ᠎ᠡ ︽ᠪᠢ︾ ᠦᠭᠡᠢ᠂ ᠥᠭᠡᠷ᠎ᠡ ᠪᠠᠷ ᠬᠡᠯᠡᠪᠡᠯ ᠰᠦᠨᠡᠰᠦ ᠦᠭᠡᠢ ᠪᠡᠶ᠎ᠡ ᠣᠷᠣᠰᠢᠭᠰᠠᠭᠠᠷ ᠪᠠᠶᠢᠭᠰᠠᠨ | ᠠᠵᠠᠢ᠃ ᠬᠥᠮᠥᠨ ᠪᠤᠰᠤ ᠴᠢᠳᠬᠦᠷ᠂ ᠪᠤᠭ ᠤᠨ ᠰᠢᠨᠵᠢ ᠴᠢᠨᠠᠷ ᠲᠠᠢ ᠪᠣᠯᠵᠤ᠂ ︽ᠠᠷᠠᠢ ᠶᠠᠳᠠᠭᠰᠠᠨ ᠨᠢᠭᠡ ᠪᠠᠨ | ᠠᠩᠭᠠᠯ ᠤᠷᠤᠭᠤ ᠲᠦᠯᠬᠢᠳᠡᠭ︾ ᠁ ᠬᠠᠷᠠᠩᠭᠤᠢ ᠶᠢᠨ ᠳᠤᠮᠳᠠ ᠨᠢᠭᠦᠯ ᠬᠤᠷᠢᠶᠠᠵᠤ ᠪᠤᠰᠤᠳ ᠣᠯᠠᠨ ᠢ | ᠲᠠᠮᠤᠯᠠᠵᠤ ᠪᠠᠶᠢᠭᠰᠠᠨ ᠬᠡᠷᠡᠭᠲᠡᠨ ᠨᠦᠭᠦᠳ ᠪᠠᠶᠢᠵᠠᠢ᠃ | ᠲᠡᠶᠢᠮᠦᠷᠬᠦᠦ ︽ᠵᠢᠷᠭᠠᠯ︾ ᠲᠠᠢ ᠪᠡᠶ᠎ᠡ ᠶᠢᠨ ᠵᠣᠪᠠᠯᠠᠩ ᠨᠢ ᠤᠳᠬ᠎ᠠ ᠦᠭᠡᠢ᠂ ᠵᠢᠷᠭᠠᠯ ᠨᠢ ᠬᠡᠢ ᠬᠤᠭᠤᠰᠤᠨ᠂ | ᠦᠢᠯᠡ ᠠᠵᠢᠯᠯᠠᠭ᠎ᠠ ᠨᠢ ᠨᠤᠷᠰᠢᠵᠤ ᠳᠠᠪᠲᠠᠭᠰᠠᠨ᠂ ᠣᠶᠢᠯᠠᠭᠠᠭᠳᠠᠰᠢ ᠦᠭᠡᠢ ᠬᠠᠴᠢᠨ ᠶᠢᠷᠲᠢᠨᠴᠦ ᠳᠤ ᠰᠦᠨᠡᠰᠦ | ᠦᠭᠡᠢ ᠪᠢ ᠣᠷᠣᠰᠢᠵᠤ᠂ ᠨᠤᠷᠠᠬᠤ ᠭᠡᠵᠤ ᠪᠠᠶᠢᠭ᠎ᠠ ᠪᠠᠶᠢᠰᠢᠩ ᠳᠣᠲᠣᠷ᠎ᠠ ᠤᠳᠠᠬᠤ ᠦᠭᠡᠢ ᠪᠦᠭᠦᠳᠡ ᠰᠦᠢᠷᠡᠬᠦ ᠭᠡᠵᠤ | ᠪᠠᠶᠢᠭᠰᠠᠨ ᠴᠦ ᠲᠡᠭᠦᠨ ᠢᠶᠠᠨ ᠰᠡᠷᠡᠵᠦ ᠮᠡᠳᠡᠬᠦ ᠦᠭᠡᠢ ᠪᠠᠷ ᠣᠮᠤᠭ ᠪᠠᠷᠳᠠᠮ ᠮᠠᠭᠤ ᠮᠠᠭᠤᠬᠠᠢ ᠪᠠᠷ ᠬᠠᠵᠠᠭᠤ ᠨᠢᠭᠡ | ᠪᠠᠨ ᠳᠠᠷᠤᠮᠲᠠᠯᠠᠵᠤ᠂ ᠵᠢᠩᠬᠢᠨᠢ ︽ᠬᠥᠮᠥᠨ ᠴᠢᠨᠠᠷ︾ ᠢᠶᠠᠨ ᠠᠯᠳᠠᠵᠤ᠂ ᠨᠠᠶᠢᠷᠠᠭᠴᠢ ᠶᠢᠨ ᠥᠭᠦᠯᠡᠭᠰᠡᠨ ︽ᠨᠠᠮ᠎ᠠ︾ | ᠭᠡᠳᠡᠭ ᠤᠨ ᠤᠴᠢᠷ ᠤᠳᠬ᠎ᠠ ᠶᠢ ᠣᠯᠬᠤ ᠦᠭᠡᠢ ᠮᠤᠩᠭᠠᠨᠢᠵᠤ᠂ ᠥᠪᠡᠷ ᠤᠨ ᠵᠢᠷᠦᠬᠡ ᠤᠷᠤᠭᠤ ᠪᠠᠨ ᠵᠢᠳᠠ | ᠦᠵᠦᠭᠦᠷᠯᠡᠨ᠂ ᠮᠠᠭᠤᠬᠠᠢ ᠨᠢᠳᠦ ᠪᠠᠷ ᠬᠠᠷᠠᠵᠤ ᠪᠠᠶᠢᠭᠰᠠᠨ ᠠᠵᠠᠢ᠃ | ᠲᠡᠳᠡᠭᠡᠷ ᠬᠥᠮᠥᠰ ︵ᠮᠥᠨ ᠪᠢᠳᠠ ᠪᠠᠭᠲᠠᠨ᠎ᠠ︶ ᠲᠡᠨᠡᠭ ᠤᠨ ᠲᠤᠶᠢᠯ ᠳᠤ ᠬᠦᠷᠦᠭᠰᠡᠨ ᠪᠣᠯᠬᠤᠷ᠂ ᠵᠥᠪ ᠢ ᠶᠡᠷᠦ | ᠠᠴᠠ ᠰᠣᠯᠣᠭᠠᠢ ᠨᠢᠳᠦ ᠪᠠᠷ ᠬᠠᠷᠠᠵᠤ᠂ ᠨᠢᠭᠦᠯ ᠵᠣᠪᠠᠯᠠᠩ ᠢ ᠦᠢᠯᠡᠳᠴᠦ ᠶᠠᠪᠤᠭᠰᠠᠨ ᠠᠴᠠ ᠨᠠᠶᠢᠷᠠᠭᠴᠢ ᠶᠢᠨ ︽ᠪᠢ | ︾ ᠶᠢ ᠣᠯᠬᠤ ᠦᠭᠡᠢ ᠶᠠᠪᠤᠭᠠᠳ ᠪᠠᠶᠢᠵᠠᠢ᠃ ᠪᠠᠰᠠ ᠥᠪᠡᠷ ᠤᠨ ︽ᠵᠢᠩᠬᠢᠨᠢ ᠪᠢ︾ ᠶᠢ ᠠᠯᠳᠠᠭᠰᠠᠨ ᠢᠶᠠᠷ᠂ | ᠬᠤᠪᠢ ᠪᠢ ᠶᠢᠨ ᠳᠤᠷᠠᠰᠢᠯ᠂ ᠲᠡᠨᠡᠭᠯᠡᠯ ᠢᠶᠠᠷ ᠪᠤᠷᠤᠭᠤ ᠵᠦᠭ ᠲᠤ ᠰᠣᠬᠤᠷ ᠢᠶᠠᠷ ︽ᠬᠠᠶᠢᠭᠠᠳ︾ ᠶᠠᠪᠤᠭᠰᠠᠨ ᠠᠵᠠᠢ | ᠃ ︽ᠬᠠᠶᠢᠵᠤ ᠶᠠᠪᠤᠨ᠎ᠠ︾ ᠭᠡᠵᠤ ᠳ᠋ᠠ᠂ ᠶᠠᠭᠤ ᠬᠠᠶᠢᠬᠤ ᠪᠠᠨ ᠦᠯᠦ ᠮᠡᠳᠡᠨ᠂ ᠲᠡᠨᠡᠭᠷᠡᠵᠦ ᠲᠡᠨᠦᠭᠰᠡᠨ ᠬᠡᠷᠡᠭ ᠶᠤᠮ᠃ | ᠡᠴᠦᠰ ᠲᠤ ᠨᠠᠶᠢᠷᠠᠭᠴᠢ ᠶᠢᠨ ᠵᠢᠭᠠᠭᠰᠠᠨ ᠢᠶᠠᠷ᠂ ᠰᠠᠶ᠋ᠢ ᠥᠪᠡᠷ ᠤᠨ ᠪᠢ ︵ᠵᠢᠩᠬᠢᠨᠢ ᠪᠢ︶ ᠶᠢ ᠣᠯᠵᠤ᠂ | ᠨᠠᠶᠢᠷᠠᠭᠴᠢ ᠶᠢᠨ ︽ᠪᠢ︾ ᠲᠠᠢ ᠨᠢᠭᠡᠳᠴᠦ ᠴᠢᠳᠠᠭᠰᠠᠨ᠂ ᠡᠰᠡᠬᠦᠯ᠎ᠡ ᠡᠶᠢᠮᠦ ᠪᠣᠯᠣᠯᠴᠠᠭ᠎ᠠ ᠶᠢ ᠨᠠᠶᠢᠷᠠᠭᠴᠢ ᠰᠢᠯᠦᠭᠯᠡᠨ | ᠭᠠᠷᠭᠠᠵᠠᠢ᠃ | ᠲᠠ ᠪᠦᠬᠦᠨ ︵ᠮᠥᠨ ᠪᠢᠳᠠ ᠪᠠᠭᠲᠠᠨ᠎ᠠ︶ ᠨᠠᠶᠢᠷᠠᠭᠴᠢ ᠠᠴᠠ ᠵᠠᠶᠢᠳᠠᠭᠰᠠᠨ ᠮᠡᠲᠦ ᠪᠠᠶᠢᠭ᠎ᠠ ᠨᠢ ᠵᠢᠩᠬᠢᠨᠢ ᠤᠳᠬ᠎ᠠ | ᠳᠠᠭᠠᠨ ᠥᠪᠡᠷ ᠠᠴᠠ ᠪᠠᠨ ᠵᠠᠶᠢᠳᠠᠭᠰᠠᠨ ᠬᠡᠷᠡᠭ ᠪᠠᠶᠢᠵᠠᠢ᠃ ᠳᠡᠮᠡᠶᠢᠷᠡᠯ᠂ ᠲᠡᠨᠡᠭᠷᠡᠯ᠂ ᠬᠠᠷᠠᠩᠭᠤᠢ ᠶᠢᠨ ᠳᠤᠮᠳᠠ᠂ | ᠥᠪᠡᠷ ᠤᠨ ᠵᠢᠷᠦᠬᠡ ᠤᠷᠤᠭᠤ ᠵᠢᠳᠠ ᠦᠵᠦᠭᠦᠷᠯᠡᠵᠦ ᠶᠠᠪᠤᠭ᠎ᠠ ᠪᠠᠨ ᠬᠡᠨ ᠴᠦ ᠰᠡᠷᠡᠵᠦ ᠮᠡᠳᠡᠭᠡ ᠦᠭᠡᠢ ᠲᠤᠯᠠ | ᠡᠬᠢᠯᠡᠭᠡᠳ ᠨᠠᠶᠢᠷᠠᠭᠴᠢ ᠶᠢᠨ ︽ᠪᠢ︾ ᠶᠢ ᠥᠭᠡᠷ᠎ᠡ ᠪᠠᠷ ᠲᠥᠰᠥᠭᠡᠯᠡᠵᠦ᠂ ᠮᠥᠨ ᠰᠢᠯᠦᠭ ᠤᠨ ᠤᠳᠬ᠎ᠠ ᠰᠠᠨᠠᠭ᠎ᠠ ᠶᠢ | ᠬᠤᠯᠠ᠂ ᠵᠠᠢ ᠲᠠᠢ᠂ ᠥᠪᠡᠷ ᠲᠤ ᠬᠠᠮᠢᠶ᠎ᠠ ᠦᠭᠡᠢ ᠮᠡᠲᠦ ᠣᠶᠢᠯᠠᠭᠠᠭᠰᠠᠨ ᠨᠢ ᠠᠳᠡᠭᠦᠷᠡᠯ ᠪᠠᠶᠢᠭᠰᠠᠨ ᠢ ᠤᠬᠠᠵᠤ | ᠮᠡᠳᠡᠯ᠎ᠡ᠃ ᠲᠡᠶᠢᠮᠦ ᠤᠴᠢᠷ ᠨᠠᠶᠢᠷᠠᠭᠴᠢ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠨᠡᠷ᠎ᠡ ᠲᠠᠢ | ᠂ ᠮᠥᠨ ︽ᠲᠡᠨᠳᠡ ᠠᠴᠠ ᠨᠠᠮ᠎ᠠ ᠶᠢ ᠬᠠᠶᠢᠭᠠᠷᠠᠢ︾ ᠭᠡᠬᠦ ᠲᠡᠭᠦᠰᠬᠡᠯ ᠲᠠᠢ ᠰᠢᠯᠦᠭ ᠲᠤ ᠬᠤᠶᠠᠷ ᠤᠳᠠᠭ᠎ᠠ ︽ᠲᠡᠨᠳᠡ | ︾ ᠭᠡᠳᠡᠭ ᠦᠭᠡ ᠪᠠᠶᠢᠭ᠎ᠠ ᠠᠴᠠ ᠪᠠᠰᠠ ᠨᠢᠭᠡᠨ ᠰᠠᠨᠠᠭ᠎ᠠ ᠭᠠᠷᠴᠤ ᠪᠠᠶᠢᠭ᠎ᠠ ᠨᠢ ᠶᠠᠭᠤ ᠭᠡᠪᠡᠯ ᠤᠬᠠᠭᠠᠷᠠᠯ ᠶᠤᠮ᠃ | ᠡᠴᠦᠰ ᠲᠤ ᠰᠡᠬᠡᠭᠡᠷᠡᠯ ᠤᠬᠠᠭᠠᠷᠠᠯ ᠯᠡ ᠰᠠᠶ᠋ᠢ ᠥᠪᠡᠷ ᠢᠶᠠᠨ ᠥᠪᠡᠷ ᠢ ᠪᠠᠨ ᠲᠠᠨᠢᠵᠤ ᠪᠣᠯᠬᠤ ᠶᠡᠭᠡ ᠤᠬᠠᠭᠠᠨ ᠢ | ᠪᠢᠳᠠ ᠳᠤ ᠬᠡᠯᠡᠵᠦ ᠥᠭᠭᠦᠭᠰᠡᠨ ᠶᠤᠮ᠃ | ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ ᠶᠢ ᠪᠢᠲᠡᠭᠡᠢ ᠬᠠᠶᠢᠭᠠᠷᠠᠢ︾ ᠭᠡᠳᠡᠭ ᠰᠢᠯᠦᠭ ᠲᠠᠢ | ᠬᠤᠯᠪᠣᠭᠳᠠᠭᠤᠯᠤᠨ ᠨᠠᠶᠢᠷᠠᠭᠴᠢ ᠶᠢᠨ ︽ᠪᠢ︾ ︵ᠪᠢᠳᠠᠨ ᠣᠯᠠᠨ ᠤ ︽ᠵᠢᠩᠬᠢᠨᠢ ᠪᠢ︾︶ ᠶᠢ ᠢᠯᠡᠷᠬᠡᠶᠢᠯᠡᠭᠰᠡᠨ | ᠪᠤᠰᠤᠳ ᠰᠢᠯᠦᠭ ᠢ ᠬᠠᠷᠢᠴᠠᠭᠤᠯᠤᠨ ᠦᠵᠡᠵᠦ ᠪᠣᠯᠬᠤ ᠶᠤᠮ᠃ ᠨᠠᠶᠢᠷᠠᠭᠴᠢ ᠪᠤᠶᠠᠨᠪᠠᠲᠤ ᠶᠢᠨ ᠰᠢᠯᠦᠭ ᠤᠨ ᠭᠤᠣᠯ | ᠡᠷᠢᠯᠬᠢᠯᠡᠯ ᠪᠣᠯ ︽ᠪᠢ︾ ᠪᠣᠯᠬᠤ ᠪᠥᠭᠡᠳ ︽ᠪᠢ ᠪᠣᠯ ᠣᠷᠣᠰᠢᠬᠤᠢ︾ ᠭᠡᠬᠦ ᠰᠠᠨᠠᠭ᠎ᠠ ᠶᠤᠮ᠃ ᠡᠳᠦᠭᠡ ᠶᠢᠨ | ᠬᠥᠮᠥᠨ᠂ ᠢᠯᠠᠩᠭᠤᠶ᠎ᠠ ᠮᠣᠩᠭᠤᠯ ᠬᠥᠮᠥᠨ ᠳᠤ ︽ᠪᠢ︾ ᠭᠡᠭᠡᠭᠳᠡᠭᠰᠡᠨ ᠤᠴᠢᠷ᠂ ᠥᠪᠡᠷ ᠢᠶᠠᠨ ᠥᠪᠡᠷ ᠢ ᠲᠠᠨᠢᠬᠤ | ᠦᠭᠡᠢ᠂ ᠥᠷᠥᠭᠡᠯ ᠤᠨ ᠨᠢᠳᠦ ᠪᠠᠷ ᠶᠠᠭᠤᠮ᠎ᠠ ᠶᠢ ᠲᠠᠨᠢᠵᠤ᠂ ᠲᠠᠶᠢᠯᠪᠤᠷᠢᠯᠠᠵᠤ ᠪᠠᠶᠢᠬᠤ ᠨᠢ ᠨᠢᠳᠦ ᠲᠠᠢ ᠪᠠᠶᠢᠭᠠᠳ | ᠰᠣᠬᠤᠷ᠂ ᠰᠦᠨᠡᠰᠦ ᠲᠠᠢ ᠪᠠᠶᠢᠭᠠᠳ ᠭᠡᠷᠡᠯ ᠦᠭᠡᠢ ︽ᠰᠠᠭᠠᠷᠠᠯ ᠬᠤᠲᠠ︾ ᠶᠢᠨ ᠬᠢ ᠮᠡᠲᠦ ᠪᠣᠯᠵᠠᠢ᠃ ᠲᠡᠭᠡᠪᠡᠯ ︽ | ᠪᠢ︾ ᠬᠠᠮᠢᠭ᠎ᠠ ᠪᠠᠶᠢᠨ᠎ᠠ ᠪᠤᠢ︖ | ᠰᠥᠨᠥᠭᠰᠡᠨ ᠲᠠᠯ᠎ᠠ | ᠰᠥᠨᠥᠭᠰᠡᠨ ᠮᠥᠷᠥᠭᠡᠳᠦᠯ | ᠰᠥᠬᠦᠷᠡᠭᠰᠡᠨ ᠭᠡᠮᠰᠢᠯ | ᠰᠦᠢᠷᠡᠭᠰᠡᠨ ᠢᠷᠡᠭᠡᠳᠦᠢ | ᠨᠠᠮᠠᠶᠢ ᠡᠷᠢᠪᠡᠯ ᠠᠳᠡ ᠠᠴᠠ ᠨᠢ ᠡᠷᠢ | ᠥᠭᠡᠷ᠎ᠡ ᠬᠠᠮᠢᠭ᠎ᠠ ᠠᠴᠠ ᠴᠦ ᠪᠢᠲᠡᠭᠡᠢ ᠡᠷᠢ︕ | ᠪᠢ ᠣᠷᠣᠰᠢᠵᠤ ᠪᠠᠶᠢᠬᠤ ᠡᠰᠡᠬᠦ ᠪᠠᠨ ᠦᠯᠦ ᠮᠡᠳᠡᠨ᠎ᠡ ︵︽ᠰᠥᠨᠥᠭᠰᠡᠨ ᠲᠠᠯ᠎ᠠ︾︶ | ᠪᠢ ᠵᠥᠪᠬᠡᠨ ᠨᠢᠭᠡ ᠯᠡ ᠬᠥᠮᠥᠨ ᠤ ᠲᠥᠯᠥᠭᠡ ᠰᠢᠯᠦᠭ ᠪᠢᠴᠢᠨᠡᠮ | ᠲᠡᠷᠡ ᠨᠢ ᠪᠢ ᠥᠪᠡᠷ ᠢᠶᠠᠨ ᠶᠤᠮ᠃ | ᠮᠢᠨᠤ ᠰᠢᠯᠦᠭ ᠢ ᠬᠡᠨ ᠴᠦ ᠤᠩᠰᠢᠬᠤ ᠦᠭᠡᠢ᠂ ᠬᠡᠨ ᠴᠦ ᠲᠣᠭᠤᠬᠤ ᠦᠭᠡᠢ ᠪᠠᠶᠢᠵᠤ ᠪᠣᠯᠣᠨ᠎ᠠ | ᠪᠡᠯᠪᠡᠰᠦᠨ ᠰᠠᠷ᠎ᠠ ᠬᠡᠨ ᠳᠤ ᠴᠦ ᠭᠤᠮᠣᠳᠠᠳᠠᠭ ᠦᠭᠡᠢ ᠰᠢᠭ | ᠪᠢ ᠪᠠᠰᠠ ᠬᠡᠨ ᠳᠤ ᠴᠦ ᠭᠤᠮᠣᠳᠠᠬᠤ ᠦᠭᠡᠢ ᠡ | ᠵᠥᠪᠬᠡᠨ ᠪᠢ ᠥᠪᠡᠷ ᠢᠶᠠᠨ ᠥᠪᠡᠷ ᠢ ᠪᠠᠨ ᠲᠠᠭᠠᠰᠢᠶᠠᠵᠤ᠂ ᠥᠪᠡᠷ ᠲᠡᠭᠡᠨ ᠲᠠᠶᠢᠳᠬᠤᠷᠠᠨᠠ | ᠶᠠᠭᠠᠬᠢᠭᠠᠳ ᠪᠣᠯᠬᠤ ᠦᠭᠡᠢ ᠭᠡᠵᠢ⁉ | ᠥᠪᠡᠷ ᠢ ᠪᠠᠨ ︽ᠳᠥᠩᠭᠡᠵᠦ︾᠂ ᠥᠪᠡᠷ ᠢ ᠢᠶᠠᠨ ᠤᠩᠰᠢᠬᠤ ᠭᠡᠵᠤ | ᠰᠢᠯᠦᠭ ᠤᠨ ᠭᠦᠨ ᠤᠷᠤᠭᠤ ᠪᠢ ᠮᠥᠷᠥᠭᠡᠳᠦᠯ ᠮᠡᠲᠦ ᠵᠢᠳᠬᠦᠨᠡᠮ | ᠡᠭᠦᠨ ᠠᠴᠠ ᠥᠭᠡᠷ᠎ᠡ ᠪᠠᠰᠠ ᠠᠵᠠ ᠠᠪᠢᠶᠠᠰ ᠬᠤᠶᠠᠷ ᠢ | ᠳᠠᠷᠠᠭ᠎ᠠ ᠲᠥᠷᠥᠯ ᠳᠡᠭᠡᠨ ᠴᠦ ᠪᠢ ᠮᠡᠳᠡᠬᠦ ᠦᠭᠡᠢ ᠡ ︵︽ᠪᠢ ᠨᠢᠭᠡ ᠯᠡ ᠬᠥᠮᠥᠨ ᠤ ᠲᠥᠯᠥᠭᠡ ᠰᠢᠯᠦᠭ ᠪᠢᠴᠢᠨᠡᠮ︾ | ︶ | ᠥᠪᠡᠷ ᠠᠴᠠ ᠪᠠᠨ ᠪᠢ ᠥᠪᠡᠷ ᠢ ᠪᠠᠨ ᠡᠷᠢᠵᠦ ᠴᠥᠬᠦᠯᠡ᠃ ᠣᠯᠤᠭ᠎ᠠ ᠦᠭᠡᠢ ᠶᠤᠮ | ᠪᠢ ᠬᠠᠮᠢᠭ᠎ᠠ ᠪᠠᠶᠢᠨ᠎ᠠ⁉ | ᠥᠷᠥᠭᠡᠯ ᠤᠨ ᠳᠣᠲᠣᠭᠠᠳᠤ ᠣᠷᠴᠢᠯᠠᠩ ᠠᠴᠠ ᠥᠪᠡᠷ ᠢ ᠪᠠᠨ ᠪᠠᠰᠠ ᠯᠡ ᠣᠯᠤᠭ᠎ᠠ ᠦᠭᠡᠢ ᠶᠤᠮ | ᠪᠢ ᠬᠠᠮᠢᠭ᠎ᠠ ᠪᠠᠶᠢᠨ᠎ᠠ⁉ | ᠥᠪᠡᠷ ᠢ ᠪᠠᠨ ᠡᠷᠢᠬᠦ ᠲᠤᠲᠤᠮ ᠥᠪᠡᠷ ᠠᠴᠠ ᠪᠠᠨ ᠤᠯᠠᠮ ᠯᠡ ᠬᠤᠯᠠᠳᠠᠭᠰᠠᠭᠠᠷ ᠪᠠᠶᠢᠬᠤ ᠮᠡᠲᠦ | ᠪᠢ ᠥᠪᠡᠷ ᠢᠶᠠᠨ ᠥᠭᠡᠷ᠎ᠡ ᠬᠥᠮᠥᠨ ᠮᠡᠲᠦ ︵︽ᠪᠢ ᠥᠪᠡᠷ ᠢᠶᠠᠨ ᠥᠭᠡᠷ᠎ᠡ ᠬᠥᠮᠥᠨ ᠮᠡᠲᠦ︾︶ | ᠡᠳᠡᠭᠡᠷ ᠵᠢᠱᠢᠶᠡᠨ ᠳᠤ ᠨᠢᠭᠡ᠂ ︽ᠪᠢ︾ ᠬᠠᠮᠢᠭ᠎ᠠ ᠪᠠᠶᠢᠭ᠎ᠠ᠂ ᠶᠠᠮᠠᠷ ᠰᠢᠦ ᠰᠢᠨᠵᠢ ᠲᠠᠢ᠂ ᠣᠨᠴᠠᠯᠢᠭ ᠲᠠᠢ ᠪᠠᠶᠢᠬᠤ | ᠶᠢ︔ ᠬᠤᠶᠠᠷ᠂ ᠪᠢ ᠶᠠᠭᠠᠬᠢᠬᠤ ᠶᠣᠰᠣᠲᠠᠢ ᠶᠢ︔ ᠭᠤᠷᠪᠠ᠂ ᠥᠭᠡᠷᠡᠴᠢᠯᠡᠵᠦ ᠣᠨᠳᠣᠣᠰᠢᠭᠰᠠᠨ ᠪᠢ ᠠᠴᠠ ᠵᠠᠶᠢᠯᠠᠬᠤ | ᠶᠢ ᠵᠢᠭᠠᠵᠤ ᠳᠣᠬᠢᠨ᠂ ᠬᠡᠯᠡᠵᠦ ᠰᠠᠨᠠᠭᠤᠯᠤᠭᠰᠠᠨ ᠪᠠᠶᠢᠨ᠎ᠠ᠃ ︽ᠪᠢ︾ ᠶᠢ ᠢᠩᠭᠢᠵᠦ ᠲᠠᠨᠢᠭᠤᠯᠬᠤ ᠶᠢᠨ ᠤᠴᠢᠷ | ᠨᠢ ᠰᠠᠶ᠋ᠢ ᠬᠥᠮᠥᠨ ᠤ ᠣᠷᠣᠰᠢᠬᠤᠢ ᠶᠢᠨ ᠭᠦᠨ ᠤᠳᠬ᠎ᠠ ᠶᠢ ᠬᠠᠷᠠᠭᠤᠯᠵᠤ ᠴᠢᠳᠠᠵᠠᠢ᠃ ᠶᠢᠷᠲᠢᠨᠴᠦ ᠶᠢᠨ ᠶᠠᠮᠠᠷ | ᠬᠡᠷᠡᠭ ᠶᠠᠭᠤᠮ᠎ᠠ ᠨᠢ ᠥᠪᠡᠷ ᠤᠨ ︽ᠪᠢ︾ ︵ᠰᠢᠨᠵᠢ ᠴᠢᠨᠠᠷ︶ ᠦᠭᠡᠢ ᠪᠠᠷ ᠣᠷᠣᠰᠢᠬᠤ ᠠᠷᠭ᠎ᠠ ᠦᠭᠡᠢ ᠶᠤᠮ᠃ | ᠨᠠᠶᠢᠷᠠᠭᠴᠢ ᠪᠤᠶᠠᠨᠪᠠᠲᠤ ᠰᠢᠯᠦᠭ ᠵᠣᠬᠢᠶᠠᠯ ᠳᠤ ᠪᠠᠨ ︽ᠪᠢ︾ ᠭᠡᠭᠴᠢ ᠶᠠᠭᠤ ᠪᠤᠢ᠂ ᠪᠢᠳᠠᠨ ᠤ ︽ᠪᠢ︾ ᠪᠢᠳᠠᠨ | ᠳᠤ ᠲᠠᠨᠢᠭᠳᠠᠬᠤ ᠦᠭᠡᠢ ︽ᠬᠤᠯᠠᠳᠠᠵᠤ︾ ᠪᠠᠶᠢᠭ᠎ᠠ ᠶᠢ ᠬᠠᠷᠠᠭᠤᠯᠬᠤ ᠪᠠᠷ ᠪᠠᠷᠠᠬᠤ ᠦᠭᠡᠢ᠂ ᠥᠪᠡᠷ ᠤᠨ ᠪᠡᠶ᠎ᠡ ᠪᠠᠷ | ︽ᠪᠢ︾ ᠶᠢ ᠢᠯᠡᠷᠬᠡᠶᠢᠯᠡᠭᠰᠡᠨ ᠨᠢ ᠨᠡᠩ ᠭᠦᠨ ᠠᠴᠢ ᠬᠤᠯᠪᠣᠭᠳᠠᠯ ᠲᠠᠢ ᠶᠤᠮ᠃ ᠲᠡᠷᠡ ᠰᠢᠯᠦᠭᠯᠡᠭᠰᠡᠨ ᠨᠢ᠄ | ᠬᠠᠪᠤᠷ ᠢᠷᠠᠵᠤ᠂ ᠨᠠᠮᠤᠷ ᠪᠤᠴᠠᠬᠤ ᠰᠢᠪᠠᠭᠤᠳ ᠤᠨ ᠲᠠᠪᠢᠯᠠᠩ ᠠᠴᠠ ᠪᠢ ᠠᠶᠤᠳᠠᠭ | ᠬᠠᠪᠤᠷ ᠨᠠᠬᠢᠶᠠᠯᠠᠵᠤ᠂ ᠨᠠᠮᠤᠷ ᠬᠠᠭᠲᠠᠷᠠᠳᠠᠭ ᠡᠪᠡᠰᠦᠨ ᠤ ᠰᠢᠯᠲᠠᠭᠠᠨ ᠠᠴᠠ ᠪᠢ ᠵᠣᠪᠠᠳᠠᠭ ︵︽ᠴᠠᠭ ᠬᠤᠭᠤᠴᠠᠭ᠎ᠠ᠂ | ᠨᠠᠰᠤ ᠵᠢᠯ︾︶ | ᠬᠥᠮᠥᠨ ᠤ ᠡᠮᠦᠨᠡᠬᠢ ᠵᠠᠮ ᠬᠠᠷᠠᠩᠭᠤᠢ ᠰᠢᠦ︕ ᠭᠡᠵᠤ ᠡᠮᠧ ᠮᠢᠨᠢ ᠵᠠᠬᠢᠳᠠᠭ ᠪᠠᠶᠢᠭᠰᠠᠨ | ᠪᠢ ᠲᠡᠷᠡ ᠬᠠᠷᠠᠩᠭᠤᠢ ᠪᠠᠷ ᠨᠢ ᠰᠢᠯᠦᠭ ᠪᠢᠴᠢᠭᠰᠡᠨ | ᠬᠦᠴᠦᠷᠬᠡᠭ ᠦᠨᠡᠨ ᠳᠡᠭᠡᠨ ᠬᠡᠪᠡᠷᠡᠭ ᠪᠠᠶᠢᠳᠠᠭ ᠶᠤᠮ︕ ᠭᠡᠵᠤ ᠲᠡᠦᠬᠡ ᠨᠠᠳᠠ ᠳᠤ ᠰᠢᠪᠡᠨᠡᠭᠰᠡᠨ | ᠪᠢ ᠲᠡᠷᠡ ᠦᠨᠡᠨ ᠢᠶᠠᠷ ᠨᠢ ᠰᠢᠯᠦᠭ ᠪᠢᠴᠢᠭᠰᠡᠨ | ᠬᠡᠯᠡᠭᠡ ᠦᠭᠡᠢ ᠦᠭᠡ ᠯᠡ ᠬᠠᠮᠤᠭ ᠤᠨ ᠦᠨᠡᠲᠡᠢ︕ ᠭᠡᠵᠤ ᠬᠡᠨ ᠨᠢᠭᠡ ᠨᠢ ᠨᠠᠳᠠ ᠳᠤ ᠬᠡᠯᠡᠭᠰᠡᠨ | ᠪᠢ ᠲᠡᠷᠡ ᠦᠭᠡ ᠪᠠᠷ ᠨᠢ ᠰᠢᠯᠦᠭ ᠪᠢᠴᠢᠭᠰᠡᠨ | ᠭᠡᠭᠡᠨᠴᠢᠷ ᠶᠠᠭᠤᠮᠠᠨ ᠤ ᠨᠠᠰᠤ ᠪᠣᠭᠤᠨᠢᠬᠠᠨ ᠪᠢᠯᠡ︕ ᠭᠡᠵᠤ ᠶᠢᠷᠲᠢᠨᠴᠦ ᠶᠢᠨ ᠬᠠᠤᠯᠢ ᠨᠠᠳᠠ ᠳᠤ ᠰᠠᠨᠠᠭᠤᠯᠤᠭᠰᠠᠨ | ᠪᠢ ᠲᠡᠷᠡ ︽ᠮᠥᠨ ᠴᠢᠨᠠᠷ︾ ᠢᠶᠠᠷ ᠨᠢ ᠰᠢᠯᠦᠭ ᠪᠢᠴᠢᠭᠰᠡᠨ ︵︽ᠰᠢᠯᠦᠭ ᠪᠢᠴᠢᠬᠦ ᠶᠢᠨ ᠰᠢᠯᠲᠠᠭᠠᠨ︾︶ | ᠡᠨᠡ ᠬᠤᠷᠸ᠎ᠠ ᠳᠤ ᠠᠩᠬ᠎ᠠ ᠢᠷᠡᠬᠦ ᠳᠡᠭᠡᠨ ᠪᠢ | ᠣᠬᠢᠯᠠᠵᠤ ᠢᠷᠡᠭᠰᠡᠨ | ᠳᠤᠷ᠎ᠠ ᠦᠭᠡᠢ ᠳᠡᠭᠡᠨ ᠪᠢᠰᠢ ᠡ | ᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨ | ᠡᠨᠡ ᠣᠷᠴᠢᠯᠠᠩ ᠳᠤ ᠲᠥᠷᠥᠬᠦ ᠳᠡᠭᠡᠨ ᠪᠢ | ᠴᠢᠷᠠᠮᠠᠨ ᠨᠢᠴᠦᠭᠦᠨ ᠲᠥᠷᠥᠭᠰᠡᠨ | ᠬᠤᠭᠤᠰᠤᠨ ᠳᠠᠭᠠᠨ ᠪᠢᠰᠢ ᠡ | ᠬᠤᠷᠸ᠎ᠠ ᠠᠴᠠ ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨ | ᠡᠨᠡ ᠶᠢᠷᠲᠢᠨᠴᠦ ᠳᠤ ᠢᠨᠢᠶᠡᠬᠦ ᠠᠴᠠ ᠪᠠᠨ ᠤᠷᠢᠳ ᠪᠢ | ᠣᠬᠢᠯᠠᠵᠤ ᠰᠤᠷᠤᠭᠰᠠᠨ | ᠵᠣᠪᠠᠯᠠᠩ ᠲᠠᠢ ᠳᠠᠭᠠᠨ ᠪᠢᠰᠢ ᠡ | ᠬᠤᠳᠠᠯ ᠢᠨᠢᠶᠡᠳᠦᠨ ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ ᠁ | ᠡᠨᠡ ᠬᠤᠷᠸ᠎ᠠ ᠳᠤ ᠪᠢ | ︽ᠡᠵᠢ ᠡ︾ ᠭᠡᠰᠡᠨ ᠦᠭᠡ ᠪᠠᠷ ᠬᠡᠯᠡ ᠳᠤ ᠣᠷᠣᠭᠰᠠᠨ | ᠦᠭᠡ ᠣᠯᠳᠠᠬᠤ ᠦᠭᠡᠢ ᠳᠡᠭᠡᠨ ᠪᠢᠰᠢ ᠡ | ᠡᠭᠦᠨ ᠠᠴᠠ ᠢᠯᠡᠭᠦᠦ ᠠᠭᠤᠤ ᠦᠭᠡ ᠬᠠᠮᠢᠭ᠎ᠠ ᠴᠦ ᠪᠠᠶᠢᠬᠤ ᠦᠭᠡᠢ ᠪᠠᠶᠢᠭᠰᠠᠨ ︵︽ᠪᠠᠯᠴᠢᠷᠬᠠᠨ ᠨᠠᠰᠤᠨ ᠠᠴᠠ | ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾︶ | ᠶᠢᠷᠲᠢᠨᠴᠦ ᠳᠤ ᠬᠥᠮᠥᠨ ᠪᠣᠯᠬᠤ ᠵᠠᠶᠠᠭ᠎ᠠ ᠶᠢ ᠣᠯᠬᠤ ᠨᠢ ᠬᠤᠪᠣᠷ ᠳᠣᠬᠢᠶᠠᠯ ᠪᠣᠯᠬᠤ ᠶᠢᠨ ᠵᠡᠷᠭᠡᠴᠡᠭᠡ ᠬᠥᠮᠥᠨ ᠤ | ᠰᠠᠶᠢᠬᠠᠨ ᠴᠢᠨᠠᠷ ᠢ ᠣᠯᠬᠤ ᠨᠢ ᠨᠡᠩ ᠴᠦ ᠤᠳᠬ᠎ᠠ ᠠᠭᠤᠯᠭ᠎ᠠ ᠲᠠᠢ ᠪᠣᠯᠬᠤ ᠶᠢ ︽ᠬᠠᠪᠤᠷ ᠢᠷᠠᠵᠤ᠂ ᠨᠠᠮᠤᠷ | ᠪᠤᠴᠠᠬᠤ ᠰᠢᠪᠠᠭᠤᠳ ᠤᠨ ᠲᠠᠪᠢᠯᠠᠩ︾᠂ ︽ᠬᠠᠪᠤᠷ ᠨᠠᠬᠢᠶᠠᠯᠠᠵᠤ᠂ ᠨᠠᠮᠤᠷ ᠬᠠᠭᠲᠠᠷᠠᠳᠠᠭ ᠡᠪᠡᠰᠦᠨ ᠤ ᠰᠢᠯᠲᠠᠭᠠᠨ︾ | ᠵᠡᠷᠭᠡ ᠠᠴᠠ ᠡᠮᠵᠡᠭᠯᠡᠵᠦ ᠵᠣᠪᠠᠵᠤ ᠪᠠᠶᠢᠭ᠎ᠠ ᠨᠢ ᠬᠥᠮᠥᠨ ᠤ ᠡᠷᠬᠢᠮ ᠴᠢᠨᠠᠷ ᠢ ᠬᠠᠷᠠᠭᠤᠯᠵᠤ᠂ ᠴᠢᠨᠠᠭᠰᠢᠳᠠ᠂ ᠬᠥᠮᠥᠨ | ᠤ ᠠᠮᠢᠳᠤᠷᠠᠨ ᠣᠷᠣᠰᠢᠬᠤ ᠢᠲᠡᠭᠡᠯ᠂ ᠰᠠᠶᠢᠬᠠᠨ ᠢ ᠪᠤᠢ ᠪᠣᠯᠭᠠᠬᠤ ᠶᠢᠨ ᠲᠤᠯᠠᠳᠠ ᠰᠢᠯᠢᠳᠡᠭ ᠢ ᠬᠤᠪᠳᠣᠭᠯᠠᠨ | ᠡᠵᠡᠮᠰᠢᠬᠦ ᠪᠢᠰᠢ᠂ ᠬᠠᠷᠢᠨ ᠬᠠᠷᠠᠩᠭᠤᠢ ᠶᠢ ᠨᠢ ᠭᠡᠭᠡᠷᠡᠭᠦᠯᠵᠦ᠂ ᠬᠤᠳᠠᠯ ᠬᠠᠭᠤᠷᠮᠠᠭ ᠢ ᠤᠰᠠᠳᠬᠠᠵᠤ ᠦᠨᠡᠨ | ᠪᠣᠯᠭᠠᠬᠤ᠂ ᠠᠰᠢᠭᠲᠠᠢ ᠦᠨᠡᠲᠡᠢ ᠶᠢ ᠢᠯᠡᠷᠬᠡᠶᠢᠯᠡᠬᠦ᠂ ᠡᠭᠦᠷᠢᠳᠡ ᠣᠷᠣᠰᠢᠬᠤ ᠮᠥᠨ ᠴᠢᠨᠠᠷ ᠢ ᠲᠤᠰᠬᠠᠬᠤ ᠵᠡᠷᠭᠡ ᠪᠠᠷ | ︽ᠪᠢ︾ ᠶᠢᠨ ᠥᠪᠡᠷᠮᠢᠴᠡ᠂ ᠪᠦᠲᠦᠭᠡᠯᠴᠢ᠂ ᠦᠨ᠎ᠡ ᠥᠷᠳᠡᠭ ᠢ ᠲᠤᠰᠬᠠᠭᠰᠠᠨ ᠶᠤᠮ᠃ ᠨᠡᠩ ᠢᠯᠠᠩᠭᠤᠶ᠎ᠠ ︽ | ᠬᠤᠷᠸ᠎ᠠ ᠳᠤ ᠲᠥᠷᠥᠭᠰᠡᠨ ᠪᠢ︾ ᠶᠢᠨ ᠠᠵᠠ ᠪᠤᠶᠠᠨ ᠲᠠᠢ᠂ ᠤᠬᠠᠭᠠᠯᠢᠭ᠂ ᠴᠡᠪᠡᠷ ᠠᠷᠢᠭᠤᠨ᠂ ᠡᠷᠬᠢᠮ ᠳᠡᠭᠡᠳᠦ ᠶᠢ | ︽ᠪᠠᠯᠴᠢᠷᠬᠠᠨ ᠨᠠᠰᠤᠨ ᠠᠴᠠ ᠪᠠᠨ ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾ ᠰᠢᠯᠦᠭ ᠤᠨ ᠬᠡᠳᠦᠬᠡᠨ ᠮᠥᠷ | ᠪᠠᠳᠠᠭ ᠲᠤ ᠳᠣᠷᠪᠢᠯᠢᠭ ᠢᠯᠡᠷᠬᠡᠶᠢᠯᠡᠭᠰᠡᠨ ᠨᠢ ᠭᠠᠶᠢᠬᠠᠯᠲᠠᠢ᠃ | ︽ᠥᠩᠭᠡ ᠶᠢᠨ ᠴᠡᠴᠡᠭᠡᠰ ᠮᠢᠨᠤ ᠨᠢᠳᠦ ᠬᠤᠵᠢᠷᠯᠠᠬᠤ ᠭᠡᠵᠤ ᠳᠡᠯᠭᠡᠷᠡᠭᠡ ᠦᠭᠡᠢ ᠶᠢ | ᠦᠵᠡᠰᠬᠦᠯᠡᠩᠲᠦ ᠪᠦᠰᠡᠭᠦᠢ ᠮᠢᠨᠤ ᠭᠡᠷᠭᠡᠢ ᠪᠣᠯᠬᠤ ᠭᠡᠵᠤ ᠲᠥᠷᠥᠭᠡ ᠦᠭᠡᠢ ᠶᠢ | ᠣᠷᠴᠢᠯᠠᠩ ᠤᠨ ᠣᠳᠣᠳ ᠨᠠᠮᠠᠶᠢ ᠪᠠᠶᠠᠷᠯᠠᠭᠤᠯᠬᠤ ᠭᠡᠵᠤ ᠭᠡᠷᠡᠯᠲᠦᠭᠡ ᠦᠭᠡᠢ ᠶᠢ | ᠣᠩᠭᠤᠳ ᠬᠥᠯᠥᠭ ᠤᠳ ᠨᠠᠳᠠ ᠪᠠᠷ ᠤᠨᠤᠭᠤᠯᠬᠤ ᠭᠡᠵᠤ ᠦᠦᠷᠰᠡᠭᠡ ᠦᠭᠡᠢ ᠶᠢ ᠁ ᠯᠡ | ᠪᠢ ᠲᠣᠪ ᠲᠣᠳᠣᠷᠬᠠᠢ ᠮᠡᠳᠡᠨ᠎ᠡ | ᠪᠢ ᠬᠡᠨ ᠪᠠᠶᠢᠭᠰᠠᠨ ᠶᠤᠮ ᠪᠤᠢ︖ | ᠵᠥᠪᠬᠡᠨ ᠮᠢᠨᠤ ᠯᠡ ᠲᠥᠯᠥᠭᠡ ᠠᠰᠠᠵᠤ ᠤᠨᠲᠠᠷᠠᠭᠰᠠᠨ | ᠮᠢᠨᠤ ᠠᠮᠢᠰᠬᠤᠯ᠂ ᠮᠢᠨᠤ ᠰᠦᠨᠡᠰᠦ᠂ ᠮᠢᠨᠤ ᠰᠡᠭᠦᠳᠡᠷ᠂ ᠮᠢᠨᠤ ᠦᠵᠡᠯ ᠰᠠᠨᠠᠭ᠎ᠠ ᠯᠡ ᠁ ᠮᠡᠳᠡᠨ᠎ᠡ ︵︽ᠥᠪᠡᠷ ᠢ | ᠪᠠᠨ ᠲᠠᠨᠢᠬᠤ ᠶᠢᠨ ᠭᠠᠶᠢᠬᠠᠮᠰᠢᠭ ᠪᠤᠶᠤ ᠦᠯᠦ ᠣᠷᠣᠰᠢᠭᠴᠢ ᠪᠢ︾︶ ᠭᠡᠰᠡᠨ ᠮᠥᠷ ᠪᠠᠳᠠᠭ ᠠᠴᠠ ᠨᠠᠶᠢᠷᠠᠭᠴᠢ ᠶᠢᠨ | ᠭᠠᠶᠢᠬᠠᠮᠰᠢᠭᠲᠠᠢ ︽ᠪᠢ︾ ᠶᠢ ᠣᠯᠵᠤ ᠮᠡᠳᠡᠭᠰᠡᠨ ᠤ ᠳᠠᠭᠠᠤ᠂ ᠤᠩᠰᠢᠭᠴᠢ ᠪᠦᠬᠦᠨ ︽ᠪᠢ ᠬᠡᠨ ᠪᠠᠶᠢᠭᠰᠠᠨ ᠶᠤᠮ | ᠪᠤᠢ︖︾ ᠭᠡᠵᠤ ᠥᠪᠡᠷ ᠠᠴᠠ ᠪᠠᠨ ᠠᠰᠠᠭᠤᠵᠤ ᠪᠣᠯᠬᠤ ᠶᠤᠮ᠃ ᠲᠡᠭᠡᠪᠡᠯ ᠪᠢᠳ᠋ᠨ ᠥᠪᠡᠷ ᠤᠨ ᠢᠶᠠᠨ ︽ᠪᠢ︾ | ᠶᠢ ᠣᠯᠵᠤ ᠠᠪᠬᠤ ᠪᠣᠯᠣᠮᠵᠢ ᠲᠠᠢ ᠪᠣᠯᠪᠠ᠃ ᠭᠡᠲᠡᠯ᠎ᠡ ᠪᠢᠳᠠᠨ ᠳᠤ ᠪᠠᠰᠠ ᠨᠢᠭᠡᠨ ᠵᠢᠭᠦᠷ ᠳᠤᠲᠠᠯ᠎ᠠ᠃ ᠲᠡᠷᠡ ᠨᠢ | ᠶᠠᠭᠤ ᠪᠤᠢ ᠭᠡᠪᠡᠯ ︽ᠮᠢᠨᠤ ᠠᠮᠢᠰᠬᠤᠯ᠂ ᠮᠢᠨᠤ ᠰᠦᠨᠡᠰᠦ᠂ ᠮᠢᠨᠤ ᠰᠡᠭᠦᠳᠡᠷ᠂ ᠮᠢᠨᠤ ᠦᠵᠡᠯ ᠰᠠᠨᠠᠭ᠎ᠠ ᠯᠡ ᠁ ︾ | ᠶᠤᠮ᠃ ᠪᠢᠳᠠᠨ ᠳᠤ ᠪᠠᠶᠢᠭ᠎ᠠ᠂ ᠮᠥᠨ ︽ᠮᠢᠨᠤ︾ ᠭᠡᠵᠤ ᠪᠠᠶᠢᠭ᠎ᠠ ︽ᠠᠮᠢᠰᠬᠤᠯ᠂ ᠰᠦᠨᠡᠰᠦ᠂ ᠰᠡᠭᠦᠳᠡᠷ᠂ | ᠦᠵᠡᠯ ᠰᠠᠨᠠᠭ᠎ᠠ ᠯᠡ ᠁ ︾ ᠨᠢ ︽ᠮᠢᠨᠤ ᠪᠢᠰᠢ︾ ᠪᠠᠶᠢᠭ᠎ᠠ ᠠᠴᠠ ᠪᠢᠳᠠ ︽ᠪᠢ︾ ᠶᠢ ᠪᠠᠨ ᠣᠯᠵᠤ ᠴᠢᠳᠠᠬᠤ | ᠲᠥᠭᠡᠷᠢᠭᠳᠡᠯ ᠮᠠᠨᠠᠨ ᠳᠤ ᠣᠷᠣᠭᠰᠠᠨ ᠢ ᠨᠠᠶᠢᠷᠠᠭᠴᠢ ᠢᠯᠡᠷᠬᠡᠶᠢᠯᠡᠨ ᠭᠠᠷᠭᠠᠵᠠᠢ᠃ ᠵᠢᠱᠢᠶ᠎ᠡ ᠨᠢ ᠪᠢᠳᠠ ᠴᠥᠮ ︽ | ᠠᠰᠢᠭ ᠬᠠᠷᠠᠬᠤ ᠨᠢᠳᠦᠨ ᠪᠦᠷᠬᠦᠪᠴᠢ ᠲᠠᠢ︾ ︵ᠪᠧᠷᠭᠡᠰᠤᠨ ᠤ ᠦᠭᠡ︶ ᠤᠴᠢᠷ᠂ ︽ᠥᠩᠭᠡ ᠶᠢᠨ ᠴᠡᠴᠡᠭᠡᠰ︾᠂ | ︽ᠦᠵᠡᠰᠬᠦᠯᠡᠩᠲᠦ ᠪᠦᠰᠡᠭᠦᠢ︾᠂ ︽ᠣᠷᠴᠢᠯᠠᠩ ᠤᠨ ᠣᠳᠣᠳ︾᠂ ︽ᠣᠩᠭᠤᠳ ᠬᠥᠯᠥᠭ︾ ᠤᠳ ᠢ ᠥᠪᠡᠷ | ᠲᠤ ᠪᠠᠨ ᠵᠣᠷᠢᠭᠤᠯᠤᠭᠳᠠᠭᠰᠠᠨ ᠮᠡᠲᠦ ᠪᠣᠳᠣᠵᠤ᠂ ᠬᠤᠪᠳᠣᠭᠯᠠᠵᠤ ᠰᠢᠨᠤᠬᠠᠶᠢᠷᠠᠵᠤ᠂ ᠥᠪᠡᠷ ᠢ ᠮᠡᠬᠡᠯᠡᠨ᠂ ᠥᠪᠡᠷ | ᠢᠶᠠᠨ ᠰᠥᠨᠥᠬᠦ ᠳᠤ ᠬᠦᠷᠴᠦ ᠪᠠᠶᠢᠭ᠎ᠠ ᠪᠢᠰᠢ ᠦᠦ⁉ ᠨᠠᠶᠢᠷᠠᠭᠴᠢ ᠠᠴᠠ ᠴᠢᠨᠠᠭᠰᠢ ᠰᠢᠯᠦᠭᠯᠡᠭᠰᠡᠨ ᠨᠢ | ᠪᠢ ᠪᠣᠯ | ᠨᠠᠷᠠᠨ ᠵᠦᠭ ᠤᠷᠤᠰᠤᠭᠠᠳ ᠤᠷᠤᠰᠤᠭᠠᠳ ᠬᠦᠷᠴᠦ ᠴᠢᠳᠠᠭ᠎ᠠ ᠦᠭᠡᠢ | ᠵᠠᠮ ᠵᠠᠭᠤᠷ᠎ᠠ ᠪᠠᠨ ᠠᠭᠤᠷᠰᠢᠭᠰᠠᠨ ᠪᠣᠷᠣᠭᠠᠨ ᠤ ᠳᠤᠷᠠᠯᠠᠯ ᠶᠤᠮ | ᠪᠢ ᠪᠣᠯ | ᠦᠬᠦᠭᠰᠡᠨ ᠬᠥᠮᠥᠨ ᠤᠷᠤᠭᠤ ᠭᠦᠶᠦᠭᠡᠳ ᠭᠦᠶᠦᠭᠡᠳ ᠬᠦᠷᠴᠦ ᠴᠢᠳᠠᠭ᠎ᠠ ᠦᠭᠡᠢ | ᠮᠥᠬᠦᠭᠰᠡᠨ ᠦᠭᠡᠨ ᠤ ᠰᠡᠭᠦᠯᠴᠢ ᠶᠢᠨ ᠭᠠᠭᠴᠠ ᠵᠠᠯᠪᠠᠷᠢᠯ ᠶᠤᠮ | ᠪᠢ ᠪᠣᠯ | ᠳᠠᠶᠢᠰᠤᠨ ᠤ ᠪᠠᠨ ᠵᠢᠷᠦᠬᠡ ᠤᠷᠤᠭᠤ ᠨᠢᠰᠦᠭᠡᠳ ᠨᠢᠰᠦᠭᠡᠳ ᠬᠦᠷᠴᠦ ᠴᠢᠳᠠᠭ᠎ᠠ ᠦᠭᠡᠢ | ᠵᠦᠭ ᠢᠶᠠᠨ ᠪᠤᠷᠤᠭᠤᠯᠠᠵᠤ ᠵᠢᠪᠡᠷᠡᠭᠰᠡᠨ ᠬᠦᠷᠡᠯ ᠰᠤᠮᠤᠨ ᠤ ᠬᠠᠷᠠᠮᠰᠠᠯ ᠶᠤᠮ | ᠪᠢ ᠪᠣᠯ | ᠡᠳᠦᠭᠡ ᠠᠴᠠ ᠡᠳᠦᠭᠡ ᠤᠷᠤᠭᠤ ᠵᠢᠳᠬᠦᠭᠡᠳ ᠵᠢᠳᠬᠦᠭᠡᠳ ᠬᠦᠷᠴᠦ ᠴᠢᠳᠠᠭ᠎ᠠ ᠦᠭᠡᠢ | ᠴᠥᠬᠦᠷᠡᠭᠰᠡᠨ ᠶᠡᠭᠡ ᠨᠡᠭᠦᠳᠡᠯ ᠤᠨ ᠡᠬᠢᠨ ᠤ ᠮᠥᠷᠥᠭᠡᠳᠦᠯ ᠶᠤᠮ ︵︽ᠪᠠᠯᠴᠢᠷᠬᠠᠨ ᠨᠠᠰᠤᠨ ᠠᠴᠠ ᠪᠠᠨ ᠬᠤᠷᠸ᠎ᠠ ᠶᠢ | ᠤᠬᠠᠭᠠᠷᠠᠭᠰᠠᠨ ᠮᠢᠨᠢ ᠤᠴᠢᠷᠲᠠᠢ︾︶ ᠭᠡᠵᠡᠢ᠃ | ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠳᠠᠬᠢ ᠡᠨᠡ ᠬᠡᠳᠦᠨ ᠮᠥᠷ ᠪᠢᠳᠠᠨ ᠤ ᠵᠢᠷᠦᠬᠡ ᠶᠢ ᠨᠡᠪᠲᠡᠯᠵᠦ᠂ | ᠡᠮᠭᠡᠨᠢᠯ ᠬᠠᠷᠠᠮᠰᠠᠯ ᠢ ᠲᠥᠷᠥᠭᠦᠯᠵᠦ ᠪᠠᠶᠢᠨ᠎ᠠ᠃ ᠪᠢᠳᠠᠨ ᠪᠦᠬᠦᠨ ᠰᠠᠶᠢᠨ ᠤ ᠲᠥᠯᠥᠭᠡ ᠲᠡᠮᠡᠴᠡᠵᠦ ᠪᠠᠶᠢᠭ᠎ᠠ ᠴᠦ | ᠦᠨᠡᠨ ᠰᠡᠳᠬᠢᠯᠲᠡᠨ ᠨᠢ ︽ᠪᠣᠷᠣᠭᠠᠨ ᠤ ᠳᠤᠷᠠᠯᠠᠯ ︵ᠳᠤᠰᠤᠯ︶︾ ᠠᠳᠠᠯᠢ ᠠᠭᠤᠰᠤᠨ ᠬᠠᠳᠠᠵᠤ ᠪᠠᠶᠢᠭ᠎ᠠ ᠲᠤᠯᠠ | ︽ᠳᠤᠰᠤᠯ ᠢᠶᠠᠷ ᠬᠤᠷᠠᠮᠳᠤᠭᠤᠯᠳᠠᠭ ᠳᠠᠯᠠᠢ︾ ᠬᠤᠷᠣᠭᠳᠠᠵᠤ ᠪᠠᠶᠢᠨ᠎ᠠ ᠭᠡᠰᠡᠨ ᠦᠭᠡ᠃ ︽ᠦᠬᠦᠭᠰᠡᠨ ᠬᠥᠮᠥᠨ︾ | ︵ᠥᠩᠭᠡᠷᠡᠭᠰᠡᠨ ᠲᠡᠦᠬᠡ᠂ ᠥᠪ ᠰᠣᠶᠣᠯ ᠭᠡᠰᠡᠨ ᠦᠭᠡ︶ ᠤᠷᠤᠭᠤ ︽ᠭᠦᠶᠦᠭᠡᠳ ᠭᠦᠶᠦᠭᠡᠳ︾ ᠥᠪ ᠢᠶᠠᠨ | ᠵᠠᠯᠭᠠᠮᠵᠢᠯᠠᠵᠤ ᠴᠢᠳᠠᠭ᠎ᠠ ᠦᠭᠡᠢ ᠬᠠᠷᠠᠮᠰᠠᠯ᠂ ᠳᠠᠶᠢᠰᠤᠨ ᠢ ᠤᠰᠠᠳᠬᠠᠭ᠎ᠠ ᠦᠭᠡᠢ ᠡᠷᠭᠢᠭᠡᠳ ᠵᠢᠪᠡ ᠨᠢ ᠵᠢᠪᠡᠷᠡᠵᠦ | ᠪᠤᠯᠠᠭᠳᠠᠭᠰᠠᠨ ᠣᠪᠣᠭᠠᠷᠠᠯ᠂ ᠨᠡᠩ ᠢᠯᠠᠩᠭᠤᠶ᠎ᠠ ︽ᠡᠳᠦᠭᠡ ᠠᠴᠠ ᠡᠳᠦᠭᠡ ᠤᠷᠤᠭᠤ ᠵᠢᠳᠬᠦᠭᠡᠳ ᠵᠢᠳᠬᠦᠭᠡᠳ | ᠬᠦᠷᠴᠦ ᠴᠢᠳᠠᠭ᠎ᠠ ᠦᠭᠡᠢ ᠴᠥᠬᠦᠷᠡᠭᠰᠡᠨ ᠶᠡᠭᠡ ᠨᠡᠭᠦᠳᠡᠯ ᠤᠨ ᠡᠬᠢᠨ ᠤ ᠮᠥᠷᠥᠭᠡᠳᠦᠯ︾ ᠪᠣᠯᠵᠤ ᠦᠯᠡᠳᠡᠵᠦ ᠪᠠᠶᠢᠭ᠎ᠠ | ᠨᠢ ︽ᠪᠢ︾ ᠪᠠᠨ ᠠᠯᠳᠠᠭᠰᠠᠨ ᠤ ᠤᠷᠰᠢᠭ ᠶᠤᠮ᠃ ︽ᠪᠢ ᠪᠣᠯ ᠣᠷᠣᠰᠢᠬᠤᠢ︾᠂ ︽ᠣᠷᠣᠰᠢᠬᠤᠢ ᠪᠣᠯ ᠮᠥᠨ | ᠴᠢᠨᠠᠷ︾᠂ ᠣᠷᠣᠰᠢᠬᠤᠢ ᠪᠠᠨ ᠠᠯᠳᠠᠪᠠᠯ ᠮᠥᠨ ᠴᠢᠨᠠᠷ ᠦᠭᠡᠢ ᠪᠣᠯᠬᠤ᠂ ᠮᠥᠨ ᠪᠢ ᠪᠠᠨ ᠠᠯᠳᠠᠵᠤ ᠪᠠᠶᠢᠭ᠎ᠠ ᠬᠡᠷᠡᠭ | ᠶᠤᠮ᠃ ᠪᠢ ᠪᠠᠨ ᠠᠯᠳᠠᠪᠠᠯ ︽ᠥᠪᠡᠷ ᠢᠶᠠᠨ ᠥᠪᠡᠷ ᠢ ᠪᠠᠨ ᠲᠠᠨᠢᠬᠤ ᠦᠭᠡᠢ︾᠂ ︽ᠥᠪᠡᠷ ᠢᠶᠠᠨ ᠥᠪᠡᠷ ᠠᠴᠠ | ᠪᠠᠨ ᠤᠯᠠᠮ ᠬᠤᠯᠠᠳᠠᠵᠤ ᠪᠠᠶᠢᠭ᠎ᠠ︾ ᠬᠡᠷᠡᠭ ᠶᠤᠮ᠃ ᠡᠶᠢᠮᠦ ᠠᠴᠠ ᠪᠤᠶᠠᠨᠪᠠᠲᠤ ᠨᠠᠶᠢᠷᠠᠭᠴᠢ ᠶᠢᠨ ᠨᠠᠶᠢᠷᠠᠭ ᠲᠤ ᠬᠡᠨ | ᠬᠥᠮᠥᠨ ᠤ ︽ᠬᠡᠯᠡᠭᠡ ᠦᠭᠡᠢ ᠦᠭᠡ︾ ᠶᠢᠨ ︽ᠬᠠᠮᠤᠭ ᠤᠨ ᠦᠨᠡᠲᠡᠢ︾ ᠵᠦᠢᠯ ᠣᠷᠣᠰᠢᠨᠠᠮ᠃ ᠥᠪᠡᠷ ᠢ ᠪᠠᠨ | ᠣᠯᠵᠤ ᠲᠠᠨᠢᠵᠤ᠂ ︽ᠥᠪᠡᠷ ᠲᠤ ᠪᠠᠨ ᠵᠣᠷᠢᠭᠤᠯᠵᠤ ᠰᠢᠯᠦᠭ ᠪᠢᠴᠢᠳᠡᠭ︾ ᠤᠬᠠᠭᠠᠷᠠᠯ ᠣᠷᠣᠰᠢᠨᠠᠮ᠃ ᠨᠡᠩ | ᠢᠯᠠᠩᠭᠤᠶ᠎ᠠ ᠪᠢᠳᠠᠨ ᠤ ᠮᠥᠬᠦᠯ ᠰᠡᠬᠡᠯ᠂ ᠥᠪᠡᠷ ᠤᠨ ᠪᠢ ᠪᠤᠶᠤ ᠥᠭᠡᠷ᠎ᠡ ᠪᠣᠯᠣᠭᠰᠠᠨ ᠪᠢ ᠴᠥᠮ ᠢᠶᠠᠷ ᠣᠷᠣᠰᠢᠨᠠᠮ | ᠃ ᠭᠠᠭᠴᠠ ᠬᠦ ᠰᠡᠬᠡᠬᠦ᠂ ᠣᠷᠣᠰᠢᠬᠤᠢ ᠪᠠᠨ ᠣᠯᠬᠤ᠂ ᠠᠮᠢᠳᠤᠷᠠᠬᠤ ᠬᠦᠰᠡᠯᠡᠩ ᠤᠨ ᠭᠡᠷᠡᠯ ᠭᠢᠯᠪᠠᠭ᠎ᠠ ᠶᠢ ᠨᠢᠳᠦ | ᠪᠠᠶᠢᠭᠠᠳ ︽ ᠰᠣᠬᠤᠷ︾ ᠪᠢᠰᠢ ᠪᠣᠯ᠂ ᠵᠢᠷᠦᠬᠡ ᠨᠢ ︽ᠭᠤᠣᠯ︾ ᠲᠠᠢ ᠪᠣᠯ ᠨᠠᠶᠢᠷᠠᠭᠴᠢ ᠶᠢᠨ ᠰᠢᠯᠦᠭ ᠵᠣᠬᠢᠶᠠᠯ | ᠠᠴᠠ ᠣᠯᠵᠤ ᠴᠢᠳᠠᠨ᠎ᠠ ᠭᠡᠳᠡᠭ ᠲᠤ ᠢᠲᠡᠭᠡᠵᠦ ᠪᠠᠶᠢᠨ᠎ᠠ᠃ | ᠳᠡᠭᠡᠷ᠎ᠡ ᠥᠭᠦᠯᠡᠭᠰᠡᠨ ᠢ ᠲᠣᠪᠴᠢ ᠪᠠᠷ ᠳ᠋ᠦᠩᠨᠡᠨ ᠬᠡᠯᠡᠪᠡᠯ᠂ ᠨᠠᠶᠢᠷᠠᠭᠴᠢ ᠪᠤᠶᠠᠨᠪᠠᠲᠤ ᠶᠢᠨ ︽ᠲᠡᠨᠳᠡ ᠠᠴᠠ ᠨᠠᠮ᠎ᠠ | ᠶᠢ ᠪᠢᠲᠡᠭᠡᠢ ᠬᠠᠶᠢᠭᠠᠷᠠᠢ︾ ᠭᠡᠬᠦ ᠰᠢᠯᠦᠭ ᠨᠢ ᠪᠢᠳᠠᠨ ᠳᠤ ᠶᠠᠭᠤ ᠥᠭᠪᠡ ᠭᠡᠪᠡᠯ᠂ ᠨᠢᠭᠡᠳᠦᠭᠡᠷ ᠲᠤ ᠰᠠᠨᠠᠭᠠᠨ ᠳᠤ | ᠦᠭᠡᠢ᠂ ᠪᠣᠳᠣᠯ ᠳᠤ ᠦᠭᠡᠢ ᠶᠠᠮᠠᠷ ᠨᠢᠭᠡᠨ ᠶᠠᠭᠤᠮ᠎ᠠ ᠶᠢ ᠬᠠᠶᠢᠬᠤ ᠪᠣᠯᠭᠠᠭᠰᠠᠨ ᠶᠤᠮ᠃ ᠬᠤᠶᠠᠳᠤᠭᠠᠷ ᠲᠤ᠂ | ᠬᠠᠶᠢᠵᠤ ᠶᠠᠪᠤᠭᠰᠠᠨ ᠤ ᠡᠴᠦᠰ ᠲᠤ ᠣᠯᠪᠠ᠃ ᠭᠤᠷᠪᠠᠳᠤᠭᠠᠷ ᠲᠤ᠂ ᠣᠯᠣᠭᠰᠠᠨ ᠤ ᠡᠴᠦᠰ ᠲᠤ ᠲᠠᠬᠢᠨ ᠬᠠᠶᠢᠬᠤ᠂ | ᠡᠷᠡᠮᠡᠯᠵᠡᠯᠡᠬᠦ ᠪᠣᠯᠭᠠᠪᠠ᠃ ᠥᠪᠡᠷ ᠤᠨ ︽ᠪᠢ︾ ᠶᠢ ᠣᠯᠣᠭᠰᠠᠨ ᠢᠶᠠᠷ ᠬᠥᠮᠥᠰ ᠰᠠᠶ᠋ᠢ ᠶᠢᠷᠲᠢᠨᠴᠦ ᠶᠢ ᠰᠢᠨ᠎ᠡ ᠨᠢᠳᠦ | ᠪᠠᠷ ᠬᠠᠷᠠᠬᠤ ᠪᠣᠯᠵᠤ᠂ ᠰᠢᠨ᠎ᠡ ᠵᠢᠷᠦᠬᠡ ᠪᠠᠷ ᠮᠡᠳᠡᠷᠡᠬᠦ ᠪᠣᠯᠣᠭᠰᠠᠨ ᠶᠤᠮ᠃ ᠶᠢᠷᠲᠢᠨᠴᠦ ᠪᠠᠰᠠ ᠰᠢᠨ᠎ᠡ ᠪᠠᠷ | ᠬᠠᠷᠠᠭᠳᠠᠵᠤ᠂ ᠰᠢᠨ᠎ᠡ ᠪᠠᠷ ᠰᠡᠷᠡᠭᠳᠡᠬᠦ ᠪᠣᠯᠣᠭᠰᠠᠨ ᠪᠢᠯᠡ᠃ ᠡᠭᠦᠨ ᠤ ᠳᠠᠭᠠᠤ ᠨᠠᠶᠢᠷᠠᠭᠴᠢ ᠶᠢᠨ ᠪᠤᠰᠤᠳ ᠰᠢᠯᠦᠭ | ᠲᠠᠢ ᠬᠠᠷᠢᠴᠠᠭᠤᠯᠤᠨ ᠦᠵᠡᠬᠦ ᠳᠤ ᠨᠠᠶᠢᠷᠠᠭᠴᠢ ᠶᠢᠨ ︽ᠪᠢ︾ ᠶᠢᠨ ᠤᠬᠠᠮᠰᠠᠷ᠂ ᠲᠠᠨᠢᠯᠲᠠ ᠦᠵᠡᠯ᠂ ᠣᠷᠣᠰᠢᠬᠤᠢ | ᠶᠢᠨ ᠭᠦᠨ ᠬᠠᠷᠠᠭᠠᠰᠤ᠂ ᠮᠠᠨᠳᠤᠯ ᠬᠥᠭᠵᠢᠯ ᠤᠨ ᠲᠡᠮᠡᠦᠯᠦᠯ ᠵᠡᠷᠭᠡ ᠨᠢ ᠲᠡᠭᠦᠨ ᠤ ᠪᠦᠬᠦ ᠰᠢᠯᠦᠭ ᠲᠤ ᠭᠦᠨ | ᠦᠨᠳᠦᠰᠦ ᠲᠠᠢ᠂ ᠪᠠᠰᠠ ᠥᠪᠡᠷᠮᠢᠴᠡ ᠣᠯᠠᠨ ᠶᠠᠩᠵᠤ ᠶᠢᠨ ᠭᠤᠸ᠎ᠠ ᠰᠠᠶᠢᠬᠠᠨ ᠤ ᠬᠡᠯᠪᠡᠷᠢ ᠪᠠᠷ ᠢᠯᠡᠷᠡᠵᠦ ᠪᠠᠶᠢᠭ᠎ᠠ | ᠶᠢ ᠣᠯᠵᠤ ᠮᠡᠳᠡᠵᠦ ᠪᠣᠯᠬᠤ ᠪᠢᠯᠡ᠃ ᠲᠡᠭᠡᠭᠡᠳ ᠨᠠᠶᠢᠷᠠᠭᠴᠢ ᠶᠢᠨ ᠰᠢᠯᠦᠭ ᠵᠣᠬᠢᠶᠠᠯ ᠨᠢ ᠰᠢᠨ᠎ᠡ ᠴᠠᠭ ᠦᠶ᠎ᠡ ᠶᠢᠨ | ᠰᠢᠨᠡᠴᠢᠯᠡᠯ ᠥᠭᠡᠷᠡᠴᠢᠯᠡᠯ ᠤᠨ ᠵᠢᠱᠢᠶ᠎ᠡ᠂ ᠤᠷᠠᠨ ᠰᠠᠶᠢᠬᠠᠨ ᠤ ᠲᠤᠷᠰᠢᠯᠭ᠎ᠠ ᠪᠣᠯᠵᠤ᠂ ᠨᠢᠭᠡ ᠲᠠᠯ᠎ᠠ ᠪᠠᠷ ᠨᠠᠶᠢᠷᠠᠭᠴᠢ | ᠶᠢᠨ ᠶᠢᠷᠲᠢᠨᠴᠦ ᠶᠢ ᠬᠠᠷᠠᠬᠤ ᠦᠵᠡᠯ᠂ ᠠᠬᠤᠢ ᠶᠢᠨ ᠭᠦᠨᠵᠡᠭᠡᠢ ᠲᠠᠨᠢᠯᠲᠠ ᠬᠢᠭᠡᠳ ᠤᠷᠠᠯᠢᠭ ᠤᠨ ᠶᠢᠷᠲᠢᠨᠴᠦ ᠶᠢᠨ | ᠤᠪᠠᠳᠢᠰ ᠬᠦᠴᠦᠨ ︵ᠤᠷᠠᠯᠠᠬᠤ ᠮᠡᠷᠭᠡᠵᠢᠯ ᠤᠨ ᠢᠳᠡ ᠰᠢᠳᠢ︶ ᠶᠢ ᠡᠵᠡᠮᠰᠢᠭᠰᠡᠨ᠂ ᠤᠢ ᠦᠭᠡᠢ ᠬᠥᠳᠡᠯᠮᠦᠷᠢ ᠶᠢᠨ | ᠦᠷ᠎ᠡ ᠪᠦᠲᠦᠭᠡᠯ ᠪᠠᠶᠢᠭ᠎ᠠ ᠶᠢ ᠬᠠᠷᠠᠭᠤᠯᠵᠤ᠂ ᠨᠥᠭᠦᠭᠡ ᠲᠠᠯ᠎ᠠ ᠪᠠᠷ ᠥᠨᠥ ᠴᠠᠭ ᠤᠨ ᠮᠣᠩᠭᠤᠯ ᠬᠥᠮᠥᠨ ᠤ ᠣᠶᠣᠨ | ᠰᠡᠳᠬᠢᠯᠭᠡᠨ ᠤ ᠶᠢᠷᠲᠢᠨᠴᠦ ᠶᠢᠨ ᠥᠪᠡᠷᠮᠢᠴᠡ ᠮᠡᠳᠡᠷᠡᠮᠵᠢ᠂ ᠳᠡᠭᠡᠳᠦ ᠪᠣᠯᠪᠠᠰᠤᠷᠠᠯ᠂ ᠮᠥᠨ ᠮᠣᠩᠭᠤᠯ ᠢᠷᠠᠭᠤ | ᠨᠠᠶᠢᠷᠠᠭ ᠤᠨ ᠬᠥᠭᠵᠢᠯ ᠤᠨ ᠨᠢᠭᠡᠨ ᠥᠪᠡᠷᠮᠢᠴᠡ ᠶᠢᠷᠲᠢᠨᠴᠦ ᠶᠢ ᠰᠢᠨ᠎ᠡ ᠪᠠᠷ ᠨᠡᠭᠡᠭᠡᠵᠦ ᠴᠢᠳᠠᠭᠰᠠᠨ᠂ ᠤᠷᠠᠯᠢᠭ ᠤᠨ | ᠰᠣᠨᠢᠷᠬᠠᠭᠴᠢ ᠣᠯᠠᠨ ᠢ ᠲᠥᠷᠥᠭᠦᠯᠵᠦ ᠴᠢᠳᠠᠬᠤ᠂ ᠢᠷᠠᠭᠤ ᠨᠠᠶᠢᠷᠠᠭ ᠤᠨ ᠦᠢᠯᠡᠰ ᠢ ᠬᠥᠭᠵᠢᠨ ᠮᠠᠨᠳᠤᠬᠤ ᠶᠢᠨ | ᠶᠡᠭᠡ ᠢᠷᠡᠭᠡᠳᠦᠢ ᠶᠢ ᠢᠯᠡᠷᠬᠡᠶᠢᠯᠡᠵᠦ ᠴᠢᠳᠠᠭᠰᠠᠨ ᠶᠤᠮ ᠭᠡᠵᠤ ᠳ᠋ᠦᠩᠨᠡᠨ ᠲᠣᠳᠣᠷᠬᠠᠶᠢᠯᠠᠬᠤ ᠳᠤ ᠤᠷᠮ᠎ᠠ ᠲᠠᠢ | ᠪᠠᠶᠢᠨ᠎ᠠ᠃ | | | | | | | | | | | | | | | | | | |