ᠠᠯᠠᠱᠨ ᠨᠠᠶᠢᠷᠠᠭᠴᠢ ᠶᠢᠨ ᠲᠤᠬᠠᠢ ᠰᠤᠳᠤᠯᠤᠯ — | 2.ᠨᠠᠶᠢᠷᠠᠭᠴᠢ ᠪᠤᠶᠠᠨᠪᠠᠲᠤ ᠬᠢᠭᠡᠳ ᠮᠣᠩᠭᠤᠯ ᠤᠨ ᠢᠷᠠᠭᠤ ᠨᠠᠶᠢᠷᠠᠭ | ᠳ᠋᠊᠂ ᠪᠠᠳᠣ | ︵ᠪᠠᠷᠠᠭᠤᠨ ᠬᠤᠶᠢᠲᠣ ᠶᠢᠨ ᠥᠨᠲᠥᠰᠥᠲᠡᠨ ᠤ ᠶᠡᠭᠡ ᠰᠣᠷᠭᠠᠭᠤᠯᠢ ᠶᠢᠨ ᠮᠣᠩᠭᠤᠯ ᠭᠡᠯᠡ ᠰᠣᠶᠣᠯ | ᠤᠨ ᠲᠡᠭᠡᠲᠣ ᠰᠣᠷᠭᠠᠭᠤᠯᠢ ᠶᠢᠨ ᠫᠷᠤᠹᠧᠰᠰᠤᠷ︶ | | ᠢᠷᠠᠭᠤ ᠨᠠᠶᠢᠷᠠᠭᠴᠢ ᠪᠤᠶᠠᠨᠪᠠᠲᠤ ᠬᠢᠭᠡᠳ ᠮᠣᠩᠭᠤᠯ ᠤᠨ ᠢᠷᠠᠭᠤ ᠨᠠᠶᠢᠷᠠᠭ | — ᠰᠢᠨ᠎ᠡ ᠢᠷᠠᠭᠤ ᠨᠠᠶᠢᠷᠠᠭ ᠤᠨ ᠤᠯᠠᠮᠵᠢᠯᠠᠯ ᠰᠢᠨᠡᠴᠢᠯᠡᠯ ᠤᠨ ᠠᠰᠠᠭᠤᠳᠠᠯ | ᠮᠣᠩᠭᠤᠯ ᠤᠷᠠᠨ ᠵᠣᠬᠢᠶᠠᠯ ᠤᠨ ᠬᠥᠭᠵᠢᠯ ᠤᠨ ᠦᠨᠳᠦᠰᠦᠨ ᠠᠰᠠᠭᠤᠳᠠᠯ ᠤᠨ ᠨᠢᠭᠡ ᠪᠣᠯᠬᠤ ᠤᠯᠠᠮᠵᠢᠯᠠᠯ ᠰᠢᠨᠡᠴᠢᠯᠡᠯ | ᠤᠨ ᠲᠠᠯ᠎ᠠ ᠪᠠᠷ ᠶᠡᠭᠡ ᠡᠷᠳᠡᠮᠲᠡᠨ ᠴ᠊ · ᠳᠠᠮᠳᠢᠨᠰᠦ᠋ᠷᠦᠩ ᠬᠢᠭᠡᠳ ᠲᠡᠭᠦᠨ ᠤ ᠱᠠᠪᠢ ᠳ᠋᠊ · ᠴᠡᠷᠡᠨᠰᠣᠳᠨᠠᠮ᠂ ᠯ᠊ · | ᠬᠦᠷᠡᠯᠪᠠᠭᠠᠲᠤᠷ᠂ ᠳ᠋᠊ · ᠶᠣᠨᠳᠤᠨ ᠭᠡᠬᠦ ᠡᠷᠳᠡᠮᠲᠡᠳ ︽ᠢᠷᠭᠡᠨᠰᠢᠯ︾ ᠭᠡᠬᠦ ᠦᠭᠡ ᠪᠠᠷ ᠬᠤᠷᠢᠶᠠᠩᠭᠤᠶᠢᠯᠠᠨ᠂ | ᠥᠪᠡᠷᠮᠢᠴᠡ ᠪᠠᠷ ᠠᠪᠴᠤ ᠦᠵᠡᠭᠰᠡᠨ ᠪᠠᠶᠢᠳᠠᠭ᠃ ᠥᠭᠡᠷ᠎ᠡ ᠪᠠᠷ ᠬᠡᠯᠡᠪᠡᠯ᠂ ᠬᠠᠷᠢ ᠶᠢᠨ ᠬᠢᠭᠡᠳ ᠪᠤᠰᠤᠳ | ᠦᠨᠳᠦᠰᠦᠲᠡᠨ ᠤ ᠤᠳᠬ᠎ᠠ ᠵᠣᠬᠢᠶᠠᠯ ᠢ ᠦᠨᠳᠦᠰᠦᠲᠡᠨ ᠤ ᠰᠣᠶᠣᠯ ᠤᠨ ᠬᠥᠷᠥᠰᠥᠨ ᠳᠡᠭᠡᠷ᠎ᠡ ᠬᠡᠷᠬᠢᠨ ᠤᠷᠭᠤᠭᠤᠯᠵᠤ | ᠂ ᠠᠮᠢᠯᠠᠭᠤᠯᠵᠤ᠂ ᠥᠪᠡᠷ ᠤᠨ ᠦᠨᠳᠦᠰᠦᠲᠡᠨ ᠤ ᠤᠳᠬ᠎ᠠ ᠵᠣᠬᠢᠶᠠᠯ ᠤᠨ ᠥᠪᠡᠷᠮᠢᠴᠡ ᠵᠦᠢᠯ ᠪᠣᠯᠭᠠᠵᠤ ᠴᠢᠳᠠᠵᠤ | ᠪᠠᠶᠢᠭ᠎ᠠ ᠶᠢ ᠥᠭᠦᠯᠡᠵᠦ᠂ ᠡᠭᠦᠨ ᠤ ᠳ᠋ᠦᠩ ᠳᠤ ᠨᠢᠭᠡᠨ ᠦᠨᠳᠦᠰᠦᠲᠡᠨ ᠤ ᠰᠣᠶᠣᠯ ᠨᠢ ᠪᠤᠰᠤᠳ ᠦᠨᠳᠦᠰᠦᠲᠡᠨ ᠤ | ᠰᠣᠶᠣᠯ ᠠᠴᠠ ᠥᠪᠡᠷᠮᠢᠴᠡ ᠪᠠᠷ ᠬᠥᠭᠵᠢᠵᠦ ᠴᠢᠳᠠᠭ᠎ᠠ ᠦᠭᠡᠢ ᠪᠣᠯ ᠪᠤᠰᠤᠳ ᠦᠨᠳᠦᠰᠦᠲᠡᠨ ᠤ ᠰᠣᠶᠣᠯ ᠢ ᠲᠡᠶᠢᠮᠦ | ᠠᠮᠠᠷᠬᠠᠨ ᠬᠦᠯᠢᠶᠡᠵᠦ ᠠᠪᠴᠤ ᠴᠢᠳᠠᠳᠠᠭ ᠦᠭᠡᠢ ᠶᠢᠨ ᠶᠣᠰᠣ ᠤᠴᠢᠷ ᠢ ᠢᠯᠡᠷᠡᠭᠦᠯᠦᠨ ᠭᠠᠷᠭᠠᠭᠰᠠᠨ ᠪᠠᠶᠢᠳᠠᠭ᠃ | ᠥᠭᠡᠷ᠎ᠡ ᠪᠠᠷ ᠬᠡᠯᠡᠪᠡᠯ᠂ ᠶᠠᠭᠤᠨ ᠳᠤ ᠪᠤᠰᠤᠳ ᠦᠨᠳᠦᠰᠦᠲᠡᠨ ᠤ ᠰᠣᠶᠣᠯ ᠢ ᠬᠦᠯᠢᠶᠡᠨ ᠠᠪᠳᠠᠭ ᠪᠤᠢ︖ ᠥᠪᠡᠷ | ᠲᠤ ᠪᠠᠶᠢᠬᠤ ᠦᠭᠡᠢ᠂ ᠥᠪᠡᠷ ᠤᠨ ᠠᠷᠠᠳ ᠲᠦᠮᠡᠨ ᠳᠤ ᠲᠠᠰᠤᠯ ᠪᠣᠯᠤᠭ᠎ᠠ ᠦᠭᠡᠢ᠂ ᠠᠰᠢᠭ ᠬᠡᠷᠡᠭᠴᠡᠭᠡ ᠦᠭᠡᠢ | ᠵᠦᠢᠯ ᠢ ᠪᠤᠰᠤᠳ ᠠᠴᠠ ᠠᠪᠳᠠᠭ ᠦᠭᠡᠢ᠃ ᠬᠠᠷᠢᠨ ᠥᠪᠡᠷ ᠤᠨ ᠦᠨᠳᠦᠰᠦᠲᠡᠨ ᠤ ᠰᠣᠶᠣᠯ ᠨᠢ ᠳᠡᠭᠡᠳᠦ ᠬᠡᠮᠵᠢᠶᠡᠨ | ᠳᠤ ᠬᠥᠭᠵᠢᠭᠰᠡᠨ ᠤᠴᠢᠷ᠂ ᠪᠢᠳᠠᠨ ᠳᠤ ᠬᠡᠷᠡᠭᠴᠡᠭᠡ ᠲᠠᠢ᠂ ᠪᠢᠳᠠᠨ ᠳᠤ ᠬᠠᠨᠢ ᠢᠵᠢᠯᠢ ᠪᠣᠯᠣᠮᠠᠷ᠂ ᠨᠥᠬᠦᠳ | ᠨᠠᠶᠢᠵᠠ ᠪᠣᠯᠣᠮᠠᠷ ᠪᠤᠰᠤᠳ ᠤᠨ ᠰᠢᠯᠢᠳᠡᠭ ᠰᠣᠶᠣᠯ ᠢ ᠬᠦᠯᠢᠶᠡᠨ ᠠᠪᠴᠤ᠂ ᠥᠪᠡᠷ ᠤᠨ ᠰᠣᠶᠣᠯ ᠢ ᠪᠠᠶᠠᠵᠢᠭᠤᠯᠳᠠᠭ | ᠪᠠᠶᠢᠨ᠎ᠠ᠃ ᠰᠣᠶᠣᠯ ᠤᠨ ᠬᠠᠷᠠᠭ᠎ᠠ ᠠᠴᠠ᠂ ᠰᠣᠶᠣᠯ ᠤᠨ ᠬᠡᠷᠡᠭᠴᠡᠭᠡ ᠠᠴᠠ ᠪᠤᠰᠤᠳ ᠤᠨ ᠳᠠᠪᠰᠢᠩᠭᠤᠢ᠂ ᠨᠢᠳᠦᠨ | ᠳᠤ ᠲᠣᠷᠬᠤ ᠰᠠᠶᠢᠨ ᠰᠠᠶᠢᠬᠠᠨ ᠤ ᠵᠦᠢᠯ ᠢ ᠰᠢᠯᠢᠨ ᠠᠪᠴᠤ ᠴᠢᠳᠠᠳᠠᠭ ᠨᠢ ᠮᠣᠩᠭᠤᠯᠴᠤᠳ ᠤᠨ ᠡᠷᠲᠡ ᠳᠡᠭᠡᠳᠦ | ᠠᠴᠠ ᠤᠯᠠᠮᠵᠢᠯᠠᠯ ᠲᠠᠢ ᠪᠦᠲᠦᠭᠡᠯᠴᠢ ᠲᠤᠷᠰᠢᠯᠭ᠎ᠠ ᠶᠤᠮ᠃ ᠮᠣᠩᠭᠤᠯ ᠤᠨ ᠣᠷᠴᠢᠨ ᠦᠶ᠎ᠡ ᠶᠢᠨ ᠤᠷᠠᠨ ᠵᠣᠬᠢᠶᠠᠯ | ᠴᠦ ᠮᠥᠨ ᠬᠦ ᠵᠢᠮ᠎ᠡ ᠶᠣᠰᠣ ᠶᠢ ᠪᠠᠷᠢᠮᠲᠠᠯᠠᠭᠰᠠᠭᠠᠷ᠂ ᠬᠠᠭᠤᠴᠢᠨ ᠤ ᠤᠷᠠᠨ ᠵᠣᠬᠢᠶᠠᠯ ᠤᠨ ᠰᠠᠭᠤᠷᠢ ᠳᠡᠭᠡᠷ᠎ᠡ ᠰᠢᠨ᠎ᠡ | ᠤᠷᠠᠨ ᠵᠣᠬᠢᠶᠠᠯ ᠢ ᠪᠤᠢ ᠪᠣᠯᠭᠠᠵᠤ ᠬᠥᠭᠵᠢᠭᠦᠯᠦᠭᠰᠡᠭᠡᠷ ᠢᠷᠠᠪᠠ᠃ ᠳᠦᠷᠪᠡᠨ ᠤᠯᠠᠷᠢᠯ᠂ ᠡᠬᠡ ᠨᠤᠲᠤᠭ ᠤᠨ ᠲᠤᠬᠠᠢ | ᠪᠠᠶᠢᠭᠠᠯᠢ ᠶᠢᠨ ᠤᠶᠠᠩᠭ᠎ᠠ᠂ ᠡᠬᠡ ᠡᠴᠢᠭᠡ᠂ ᠢᠨᠠᠭ ᠠᠮᠠᠷᠠᠭ ᠤᠨ ᠲᠤᠬᠠᠢ ᠰᠢᠯᠦᠭ ᠵᠡᠷᠭᠡ ᠳᠤ ᠤᠯᠠᠮᠵᠢᠯᠠᠯ ᠨᠢ | ᠰᠠᠭᠤᠷᠢ ᠪᠣᠯᠵᠤ᠂ ᠰᠢᠨᠡᠴᠢᠯᠡᠯ ᠨᠢ ᠡᠭᠦᠳᠦᠯᠲᠡ ᠪᠣᠯᠣᠭᠰᠠᠨ ᠶᠤᠮ᠃ ᠡᠳᠦᠭᠡ ᠴᠠᠭ ᠤᠨ ᠮᠣᠩᠭᠤᠯ ᠤᠨ ᠢᠷᠠᠭᠤ | ᠨᠠᠶᠢᠷᠠᠭ ᠲᠤ ᠮᠥᠨ ᠲᠡᠷᠡ ᠬᠦ ᠲᠤᠷᠰᠢᠯᠭ᠎ᠠ ᠰᠤᠷᠭᠠᠮᠵᠢ ᠶᠢᠨ ᠴᠢᠬᠤᠯᠠ ᠭᠡᠳᠡᠭ ᠢ ᠬᠠᠷᠠᠭᠤᠯᠤᠭᠰᠠᠨ ᠰᠠᠶᠢᠬᠠᠨ | ᠵᠢᠱᠢᠶ᠎ᠡ ᠣᠯᠠᠨ ᠪᠤᠢ᠃ ᠢᠷᠠᠭᠤ ᠨᠠᠶᠢᠷᠠᠭᠴᠢ ᠪ᠊ · ᠶᠠᠪᠤᠬᠤᠯᠠᠩ᠂ ᠳ᠋᠊ · ᠫᠦᠷᠪᠦᠳᠣᠷᠵᠢ᠂ ᠪ᠊ · ᠯᠾᠠᠬᠠᠪᠠᠰᠦ᠋ᠷᠦᠩ ᠨᠠᠷ | ᠤᠨ ᠰᠢᠯᠦᠭ ᠵᠣᠬᠢᠶᠠᠯ ᠨᠢ ᠪᠢᠳᠠᠨ ᠳᠤ ᠠᠮᠢᠳᠤ ᠰᠠᠶᠢᠬᠠᠨ ᠤᠷᠠᠨ ᠰᠠᠶᠢᠬᠠᠨ ᠤ ᠲᠤᠷᠰᠢᠯᠭ᠎ᠠ᠂ ᠪᠦᠲᠦᠭᠡᠯᠴᠢ | ᠬᠥᠳᠡᠯᠮᠦᠷᠢ ᠶᠢᠨ ᠳᠠᠭᠤᠷᠢᠶᠠᠯ ᠪᠣᠯᠵᠤ ᠪᠠᠶᠢᠳᠠᠭ ᠶᠤᠮ᠃ | ᠰᠢᠨ᠎ᠡ ᠤᠷᠠᠨ ᠵᠣᠬᠢᠶᠠᠯ ᠤᠨ ᠬᠥᠭᠵᠢᠯ ᠤᠨ ᠦᠨᠳᠦᠰᠦᠨ ᠵᠢᠮ᠎ᠡ ᠶᠣᠰᠣ ᠨᠢ ᠤᠯᠠᠮᠵᠢᠯᠠᠯ ᠰᠢᠨᠵᠢᠯᠡᠯ ᠤᠨ ᠠᠰᠠᠭᠤᠳᠠᠯ | ᠶᠤᠮ᠃ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠢ ᠬᠡᠷᠬᠢᠨ ᠨᠡᠭᠡᠭᠡᠵᠦ᠂ ᠪᠦᠲᠦᠭᠡᠯᠴᠢ ᠪᠠᠷ ᠬᠥᠭᠵᠢᠭᠦᠯᠵᠦ ᠴᠢᠳᠠᠵᠤ | ᠪᠠᠶᠢᠭ᠎ᠠ ᠭᠡᠳᠡᠭ ᠠᠴᠠ ᠨᠠᠶᠢᠷᠠᠭᠴᠢ ᠵᠣᠬᠢᠶᠠᠯᠴᠢ ᠶᠢᠨ ᠨᠢᠭᠡᠨ ᠥᠪᠡᠷᠮᠢᠴᠡ ᠰᠢᠨᠵᠢ ᠠᠵᠢᠭᠯᠠᠭᠳᠠᠳᠠᠭ᠃ ᠠᠯᠠᠱᠨ | ᠨᠤᠲᠤᠭ ᠲᠠᠢ ᠢᠷᠠᠭᠤ ᠨᠠᠶᠢᠷᠠᠭᠴᠢ ᠪᠤᠶᠠᠨᠪᠠᠲᠤ ᠶᠢᠨ ᠣᠯᠠᠨ ᠰᠠᠶᠢᠬᠠᠨ ᠰᠢᠯᠦᠭ ᠨᠢ ᠡᠨᠡ ᠲᠠᠯ᠎ᠠ ᠪᠠᠷ ᠪᠢᠳᠠᠨ ᠤ | ᠠᠩᠬᠠᠷᠤᠯ ᠢ ᠲᠠᠲᠠᠵᠤ ᠪᠠᠶᠢᠨ᠎ᠠ᠃ ᠰᠠᠶᠢᠨ ᠲᠤᠷᠰᠢᠯᠭ᠎ᠠ᠂ ᠵᠥᠪ ᠵᠠᠮ ᠨᠢ ᠢᠷᠠᠭᠤ ᠨᠠᠶᠢᠷᠠᠭᠴᠢ ᠶᠢ ᠥᠰᠬᠡᠵᠦ᠂ | ᠬᠤᠵᠢᠮ ᠤᠨ ᠦᠢᠯᠡᠰ᠂ ᠠᠮᠵᠢᠯᠲᠠ ᠳᠤ ᠬᠦᠷᠳᠡᠭ ᠲᠤᠯᠠ ᠨᠠᠶᠢᠷᠠᠭᠴᠢ ᠪᠤᠶᠠᠨᠪᠠᠲᠤ ᠶᠢᠨ ᠰᠢᠯᠦᠭ ᠢ ᠤᠯᠠᠮᠵᠢᠯᠠᠯ | ᠰᠢᠨᠡᠴᠢᠯᠡᠯ ᠤᠨ ᠠᠰᠠᠭᠤᠳᠠᠯ ᠲᠠᠢ ᠬᠤᠯᠪᠣᠨ ᠦᠵᠡᠬᠦ ᠨᠢ ᠴᠢᠬᠤᠯᠠ ᠠᠴᠢ ᠬᠤᠯᠪᠣᠭᠳᠠᠯ ᠲᠠᠢ ᠪᠥᠭᠡᠳ ᠲᠡᠷᠡ ᠲᠤᠬᠠᠢ | ᠰᠢᠨᠵᠢᠯᠡᠨ ᠥᠭᠦᠯᠡᠬᠦ ᠨᠢ ᠵᠦᠢ ᠵᠣᠬᠢᠰᠲᠠᠢ ᠬᠡᠷᠡᠭ ᠶᠤᠮ᠃ | ᠢᠷᠠᠭᠤ ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠢ ᠦᠵᠡᠬᠦ ᠳᠤ ᠮᠣᠩᠭᠤᠯ ᠤᠨ ᠣᠷᠴᠢᠨ ᠦᠶ᠎ᠡ ᠬᠢᠭᠡᠳ | ᠰᠢᠨ᠎ᠡ ᠦᠶ᠎ᠡ ᠶᠢᠨ ᠢᠷᠠᠭᠤ ᠨᠠᠶᠢᠷᠠᠭ ᠠᠴᠠ ᠰᠢᠮ᠎ᠡ ᠲᠡᠵᠢᠭᠡᠯ ᠠᠪᠬᠤ ᠶᠢᠨ ᠵᠡᠷᠭᠡᠴᠡᠭᠡ᠂ ︽ᠥᠪᠡᠷ ᠤᠨ ᠪᠡᠶ᠎ᠡ ᠶᠢ | ᠢᠷᠯᠡᠵᠦ︾᠂ ᠰᠡᠳᠬᠢᠯ ᠤᠨ ᠲᠡᠭᠷᠢ ᠨᠢ ᠭᠡᠶᠢᠵᠦ᠂ ᠣᠩᠭᠤᠳ ᠤᠨ ᠰᠠᠬᠢᠭᠤᠰᠤ ᠨᠢ ᠰᠡᠷᠭᠦᠵᠦ᠂ ᠠᠪᠢᠶᠠᠰ ᠤᠨ | ᠨᠠᠷᠠᠨ ᠨᠢ ᠮᠠᠨᠳᠤᠵᠤ᠂ ᠪᠢᠯᠢᠭ ᠤᠨ ᠬᠤᠷ᠎ᠠ ᠨᠢ ᠠᠰᠬᠠᠷᠠᠭᠰᠠᠨ ᠨᠠᠶᠢᠷᠠᠭᠴᠢ ᠪᠣᠯᠵᠠᠢ᠃ ᠲᠡᠷᠡ ᠢᠷᠠᠭᠤ ᠨᠠᠶᠢᠷᠠᠭ ᠤᠨ | ᠤᠷᠠᠨ ᠠᠪᠢᠶᠠᠰ ᠢᠶᠠᠷ ᠢᠶᠠᠨ ᠳ᠋᠊ · ᠨᠠᠴᠤᠭᠳᠣᠷᠵᠢ᠂ ᠪ᠊ · ᠶᠠᠪᠤᠬᠤᠯᠠᠩ᠂ ᠷ᠊ · ᠴᠣᠶᠢᠨᠣᠮ᠂ ᠪ᠊ · ᠯᠾᠠᠬᠠᠪᠠᠰᠦ᠋ᠷᠦᠩ᠂ ᠳ᠋᠊ | · ᠤᠷᠢᠶᠠᠩᠬᠠᠢ᠂ ᠣ᠂ ᠳᠠᠰᠢᠪᠠᠯᠪᠠᠷ᠂ ᠳ᠋᠊ · ᠨᠢᠮᠠᠰᠦ᠋ᠷᠦᠩ ᠨᠠᠷ ᠲᠠᠢ ᠰᠠᠳᠤᠨ ᠲᠥᠷᠥᠯ ᠪᠣᠯᠣᠭᠰᠠᠨ ᠮᠡᠲᠦ᠂ ᠰᠢᠯᠦᠭ | ᠵᠣᠬᠢᠶᠠᠯ ᠤᠨ ᠠᠶᠠᠰ ᠬᠥᠭ ᠨᠢ ︽ᠠᠭᠠᠷ᠎ᠠ ᠨᠢᠭᠡᠨ ᠮᠡᠲᠦ︾ ᠰᠠᠨᠠᠭᠳᠠᠪᠠ᠃ ᠨᠠᠶᠢᠷᠠᠭᠴᠢ ᠪᠤᠶᠠᠨᠪᠠᠲᠤ ᠠᠴᠠ ᠨᠢᠭᠡᠨ | ᠰᠢᠯᠦᠭ ᠲᠤ ᠪᠠᠨ ︽ᠪᠢᠳ᠋ᠨ ᠨᠠᠴᠤᠭᠳᠣᠷᠵᠢ ᠶᠢᠨ ᠬᠡᠦᠬᠡᠳ ᠤᠳ ᠡ︾ ᠭᠡᠵᠤ ᠰᠢᠯᠦᠭᠯᠡᠭᠰᠡᠨ ᠨᠢ ᠴᠦ ᠪᠠᠰᠠ ᠤᠴᠢᠷ | ᠲᠠᠢ ᠶᠤᠮ᠃ | ᠨᠠᠶᠢᠷᠠᠭᠴᠢ ᠪᠤᠶᠠᠨᠪᠠᠲᠤ ᠶᠢᠨ ᠤᠷᠠᠨ ᠪᠦᠲᠦᠭᠡᠯᠴᠢ ᠭᠠᠶᠢᠬᠠᠮᠰᠢᠭᠲᠠᠢ ᠰᠢᠯᠦᠭ ᠠᠴᠠ ᠨᠢᠭᠡᠨ ᠭᠠᠶᠢᠬᠠᠯᠲᠠᠢ ᠵᠢᠱᠢᠶ᠎ᠡ ᠶᠢ | ᠳᠤᠷᠠᠳᠪᠠᠯ ︵ᠪᠤᠶᠠᠨᠪᠠᠲᠤ ᠶᠢᠨ ᠡᠨᠡ ᠰᠢᠯᠦᠭ ᠠᠴᠠ ᠥᠭᠡᠷ᠎ᠡ ᠬᠡᠨ ᠢᠩᠭᠢᠵᠦ ᠪᠢᠴᠢᠵᠦ ᠳᠡᠶᠢᠯᠬᠦ ᠪᠣᠯ ᠳ᠋ᠠ ᠭᠡᠬᠦ | ᠪᠣᠳᠣᠯ ᠲᠥᠷᠥᠳᠡᠭ︶᠂ ᠲᠡᠷᠡ ᠲᠣᠷᠤᠨ᠎ᠠ ᠶᠢᠨ ᠶᠡᠭᠡ ᠢᠷᠠᠭᠤ ᠨᠠᠶᠢᠷᠠᠭᠴᠢ ᠳ᠋ᠠᠨᠽᠠᠨ ᠤ ᠨᠢᠮᠠᠰᠦ᠋ᠷᠦᠩ ᠤᠨ ︽ | ᠠᠮᠢᠲ᠋ᠠᠪᠠ︾ ᠤᠨ ᠠᠶᠠᠰ ᠲᠤᠷ ᠨᠡᠶᠢᠯᠡᠭᠦᠯᠦᠭᠰᠡᠨ ᠪᠦᠯᠦᠭᠡ ᠭᠡᠵᠤ ᠲᠣᠳᠣᠷᠬᠠᠶᠢᠯᠠᠯᠲᠠ ᠬᠢᠵᠦ᠂ ︽ᠠᠮᠢᠲ᠋ᠠᠪᠠ ᠰᠢᠭ᠋ | ᠮᠥᠷᠥᠭᠡᠳᠦᠯ︾ ᠭᠡᠬᠦ ᠰᠢᠯᠦᠭ ᠪᠢᠴᠢᠪᠡ᠃ ᠡᠨᠡ ᠪᠣᠯ ᠰᠢᠨ᠎ᠡ ᠣᠷᠣᠯᠳᠣᠯᠭ᠎ᠠ᠂ ᠰᠢᠨ᠎ᠡ ᠡᠷᠢᠯ᠂ ᠰᠢᠨ᠎ᠡ ᠠᠮᠵᠢᠯᠲᠠ | ᠶᠤᠮ᠃ | ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠲᠤ᠂ | ᠶᠠᠭᠠᠬᠢᠵᠤ ᠪᠢ ᠠᠮᠢᠲ᠋ᠠᠪᠠ ᠰᠢᠭ᠋᠂ ᠬᠥᠯ ᠢᠶᠠᠨ ᠴᠡᠴᠡᠭᠡᠨ ᠥᠯᠵᠡᠢ ᠵᠠᠪᠢᠯᠠᠬᠤ ᠪᠤᠢ︖ | ᠶᠠᠭᠠᠬᠢᠵᠤ ᠪᠢ ᠠᠮᠢᠲ᠋ᠠᠪᠠ ᠰᠢᠭ᠋᠂ ᠴᠢᠮᠠᠶᠢ ᠪᠠᠨ ᠪᠤᠷᠬᠠᠨ ᠤ ᠲᠢᠭ ᠲᠤ ᠪᠦᠲᠦᠭᠡᠬᠦ ᠪᠤᠢ︖ | ᠶᠠᠭᠠᠬᠢᠵᠤ ᠪᠢ ᠠᠮᠢᠲ᠋ᠠᠪᠠ ᠰᠢᠭ᠋᠂ ᠬᠦᠢᠰᠦᠨ ᠤ ᠨᠢᠭᠤᠴᠠ ᠶᠢ ᠬᠤᠷᠤᠭᠤ ᠪᠠᠷ ᠢᠶᠠᠨ ᠲᠣᠮᠢᠶᠠᠯᠠᠬᠤ ᠪᠤᠢ︖ | ᠶᠠᠭᠠᠬᠢᠵᠤ ᠪᠢ ᠠᠮᠢᠲ᠋ᠠᠪᠠ ᠰᠢᠭ᠋᠂ ᠬᠡᠦᠬᠡᠨ ᠤ ᠪᠡᠯᠬᠡᠭᠦᠰᠦ ᠶᠢ ᠠᠯᠲᠠᠨ ᠬᠠᠷᠭᠠᠨ᠎ᠠ ᠪᠠᠷ ᠦᠢᠰᠦᠯᠡᠬᠦ ᠪᠤᠢ︖ | ᠶᠠᠭᠠᠬᠢᠵᠤ ᠪᠢ ᠠᠮᠢᠲ᠋ᠠᠪᠠ ᠰᠢᠭ᠋᠂ ᠭᠠᠵᠠᠷ ᠤᠨ ᠭᠦᠨ ᠳᠠᠬᠢ ᠦᠨᠳᠦᠰᠦᠨ ᠤ ᠦᠵᠦᠭᠦᠷ ᠤᠷᠤᠭᠤ ᠵᠠᠯᠪᠠᠷᠢᠬᠤ ᠪᠤᠢ︖ | | ᠶᠠᠭᠠᠬᠢᠵᠤ ᠪᠢ ᠠᠮᠢᠲ᠋ᠠᠪᠠ ᠰᠢᠭ᠋᠂ ᠶᠢᠰᠦᠨ ᠡᠷᠳᠡᠨᠢ ᠶᠢᠨ ᠴᠢᠯᠠᠭᠤ ᠪᠠᠷ ᠴᠢᠮᠠᠶᠢ ᠪᠠᠨ ᠴᠢᠮᠡᠬᠦ ᠪᠤᠢ︖ ᠭᠡᠵᠤ | ᠰᠢᠯᠦᠭᠯᠡᠭᠰᠡᠨ ᠪᠣᠯ ᠨᠠᠶᠢᠷᠠᠭᠴᠢ ᠪᠤᠶᠠᠨᠪᠠᠲᠤ ︽ᠠᠮᠢᠲ᠋ᠠᠪᠠ ᠰᠢᠭ᠋ ᠮᠥᠷᠥᠭᠡᠳᠦᠯ︾ ᠭᠡᠬᠦ ᠰᠢᠯᠦᠭ ᠲᠤ ᠪᠠᠨ᠂ | ᠪᠢ ᠶᠠᠭᠠᠬᠢᠵᠤ ᠭᠤᠪᠢ ᠶᠢᠨ ᠰᠠᠯᠬᠢᠨ ᠤ ᠤᠷᠤᠭᠤᠯ ᠳᠡᠭᠡᠷ᠎ᠡ ᠥᠪᠡᠷ ᠢ ᠢᠶᠠᠨ ᠲᠠᠬᠢᠨ ᠰᠡᠶᠢᠯᠵᠦ ᠦᠯᠡᠳᠡᠭᠡᠬᠦ ᠪᠤᠢ | ᠪᠢ ᠶᠠᠭᠠᠬᠢᠵᠤ ᠬᠡᠯᠡ ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ ᠤᠨᠠᠭᠠᠨ ᠲᠥᠷᠬᠦ ᠪᠠᠨ | ᠵᠢᠷᠤᠬᠤ ᠪᠤᠢ | ᠪᠢ ᠶᠠᠭᠠᠬᠢᠵᠤ ᠣᠷᠴᠢᠯᠠᠩ ᠤᠨ ᠬᠤᠭᠤᠰᠤᠨ ᠴᠢᠨᠠᠷ ᠲᠤ ᠪᠡᠶᠡᠲᠦ ᠰᠦᠨᠡᠰᠦ ᠪᠠᠨ ᠭᠡᠷᠡᠯᠲᠦᠭᠦᠯᠦᠨ ᠳᠠᠭᠤᠯᠠᠬᠤ ᠪᠤᠢ | ᠪᠢ ᠶᠠᠭᠠᠬᠢᠵᠤ ᠬᠥᠮᠥᠨ ᠤ ᠶᠢᠷᠲᠢᠨᠴᠦ ᠶᠢᠨ ᠰᠡᠭᠦᠳᠡᠷ ᠠᠴᠠ ᠵᠢᠪᠡᠷᠡᠭᠰᠡᠨ ᠵᠢᠷᠦᠬᠡ ᠪᠠᠨ ᠪᠤᠯᠢᠶᠠᠵᠤ ᠠᠪᠴᠢᠷᠠᠬᠤ ᠪᠤᠢ | ᠪᠢ ᠶᠠᠭᠠᠬᠢᠵᠤ ᠨᠢᠭᠡ ᠬᠤᠨᠳᠠᠭ᠎ᠠ ᠳᠠᠷᠠᠰᠤ ᠪᠠᠷ ᠮᠢᠩᠭᠠᠨ ᠭᠤᠨᠢᠭ ᠢᠶᠠᠨ ᠲᠠᠶᠢᠯᠵᠤ ᠲᠠᠶᠢᠳᠬᠤᠷᠠᠬᠤ ᠪᠤᠢ | ᠪᠢ ᠶᠠᠭᠠᠬᠢᠵᠤ ᠵᠤᠲᠠᠷᠠᠭᠰᠠᠨ ᠮᠣᠩᠭᠤᠯ ᠤᠨ ᠢᠶᠠᠨ ᠲᠡᠦᠬᠡᠨ ᠰᠢᠷᠬ᠎ᠠ ᠶᠢ ᠰᠡᠷᠭᠦᠨ ᠮᠠᠨᠳᠤᠯ ᠢᠶᠠᠷ ᠠᠨᠠᠭᠠᠬᠤ ᠪᠤᠢ ᠁ | ︵︽ᠠᠮᠢᠲ᠋ᠠᠪᠠ ᠰᠢᠭ᠋ ᠮᠥᠷᠥᠭᠡᠳᠦᠯ︾︶ ᠭᠡᠵᠡᠢ᠃ | ᠡᠨᠡ ᠬᠤᠶᠠᠷ ᠰᠢᠯᠦᠭ ᠢ ᠲᠤᠰ ᠲᠤᠰ ᠰᠠᠯᠤᠩᠭᠢᠳᠠ ᠤᠩᠰᠢᠬᠤ ᠳᠤ ᠮᠠᠰᠢ ᠣᠶᠢᠷᠠᠯᠴᠠᠭ᠎ᠠ᠂ ᠬᠠᠶᠢᠩᠭᠤ ᠤᠩᠰᠢᠭᠴᠢ | ᠨᠠᠳᠠ ᠰᠢᠭ᠋ ᠬᠥᠮᠥᠨ ᠳᠤ ᠪᠣᠯ ︽ᠥ ᠳ᠋ᠠ᠂ ᠶᠡᠷᠦ ᠨᠢ ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠢ | ᠳᠠᠭᠤᠷᠢᠶᠠᠯᠭᠠᠵᠤ ᠪᠢᠴᠢᠭᠰᠡᠨ ᠪᠣᠯᠣᠯᠲᠠᠢ᠂ ᠡᠭᠦᠨ ᠢ ᠢ ᠤᠩᠰᠢᠭᠰᠠᠨ ᠴᠦ ᠪᠣᠯᠣᠨ᠎ᠠ᠂ ᠦᠭᠡᠢ ᠴᠦ ᠪᠣᠯᠣᠨ᠎ᠠ︾ ᠭᠡᠳ | ᠥᠩᠭᠡᠷᠡᠬᠦ ᠮᠠᠭᠠᠳ᠃ ᠡᠰᠡᠬᠦᠯ᠎ᠡ ᠠᠮᠢᠲ᠋ᠠᠪᠠ ᠭᠡᠭᠴᠢ ᠶᠠᠭᠤ ᠪᠤᠢ︖ ᠡᠨᠡ ᠴᠢᠨᠢ ᠪᠠᠰᠠ ᠨᠢᠭᠡ ︽ᠣᠶᠢᠯᠠᠭᠠᠭᠳᠠᠬᠤ | ᠦᠭᠡᠢ ᠰᠢᠯᠦᠭ︾ ᠪᠠᠶᠢᠨ᠎ᠠ ᠭᠡᠵᠤ ᠪᠣᠳᠣᠬᠤ ᠴᠦ ᠮᠠᠭᠠᠳ᠃ ᠭᠡᠲᠡᠯ᠎ᠡ ᠡᠨᠡ ᠬᠤᠶᠠᠷ ᠰᠢᠯᠦᠭ ᠢ ᠵᠡᠷᠭᠡᠴᠡᠭᠦᠯᠦᠭᠡᠳ | ᠦᠵᠡᠪᠡᠯ᠂ ᠬᠡᠯᠪᠡᠷᠢ ᠶᠢᠨ ᠬᠤᠪᠢ ᠳᠤ᠂ ᠠᠭᠤᠯᠭ᠎ᠠ ᠶᠢᠨ ᠬᠤᠪᠢ ᠳᠤ᠂ ᠪᠠᠰᠠ ᠤᠷᠠᠯᠠᠬᠤ ᠠᠪᠢᠶᠠᠰ ᠥᠪᠡᠷᠮᠢᠴᠡ | ᠪᠦᠲᠦᠭᠡᠯᠴᠢ ᠴᠢᠨᠠᠷ ᠢᠶᠠᠷ ᠢᠶᠠᠨ ᠮᠠᠰᠢ ᠥᠭᠡᠷ᠎ᠡ ᠬᠤᠶᠠᠷ ᠶᠠᠩᠵᠤ ᠶᠢᠨ ᠰᠣᠷᠭᠤᠭ ᠴᠡᠴᠡᠭ ᠪᠠᠶᠢᠯ᠎ᠠ᠃ | ᠬᠡᠯᠪᠡᠷᠢ ᠶᠢᠨ ᠬᠤᠪᠢ ᠳᠤ ᠡᠮᠦᠨᠡᠬᠢ ︽ᠠᠮᠢᠲ᠋ᠠᠪᠠ︾ ᠭᠡᠵᠤ ᠭᠠᠷᠴᠠᠭᠯᠠᠭᠰᠠᠨ ᠪᠣᠯ ᠬᠤᠶᠢᠨᠠᠬᠢ ᠨᠢ ︽ᠠᠮᠢᠲ᠋ᠠᠪᠠ | ᠰᠢᠭ᠋ ᠮᠥᠷᠥᠭᠡᠳᠦᠯ︾ ᠭᠡᠵᠤ᠂ ᠡᠮᠦᠨᠡᠬᠢ ᠨᠢ ︽ᠶᠠᠭᠠᠬᠢᠵᠤ ᠪᠢ ᠠᠮᠢᠲ᠋ᠠᠪᠠ ᠰᠢᠭ᠋︾ ᠭᠡᠬᠦ ᠮᠥᠷ ᠢᠶᠠᠷ ᠵᠢᠭᠰᠠᠭᠠᠭᠰᠠᠨ | ᠪᠣᠯ ᠬᠤᠶᠢᠨᠠᠬᠢ ︽ᠪᠢ ᠶᠠᠭᠠᠬᠢᠵᠤ︾ ᠭᠡᠵᠤ ︽ᠠᠮᠢᠲ᠋ᠠᠪᠠ ᠰᠢᠭ᠋︾ ᠭᠡᠳᠡᠭ ᠢ ᠭᠠᠷᠴᠠᠭ ᠳᠣᠲᠣᠷ᠎ᠠ ᠨᠢᠭᠡ ᠯᠡ | ᠤᠳᠠᠭ᠎ᠠ᠂ ᠰᠢᠯᠦᠭ ᠤᠨ ᠡᠴᠦᠰ ᠤᠨ ᠮᠥᠷ ᠳᠡᠭᠡᠷ᠎ᠡ ᠪᠠᠰᠠ ᠨᠢᠭᠡ ᠤᠳᠠᠭ᠎ᠠ ᠳᠤᠷᠠᠳᠴᠤ ᠪᠠᠶᠢᠨ᠎ᠠ ︵︽ᠪᠢ | ᠶᠠᠭᠠᠬᠢᠵᠤ ᠠᠮᠢᠲ᠋ᠠᠪᠠ ᠰᠢᠭ᠋ ᠮᠥᠷᠥᠭᠡᠳᠦᠯ ᠢᠶᠠᠨ ᠠᠮᠢᠳᠤ ᠶᠢᠨ ᠵᠠᠶᠠᠭᠠᠨ ᠳᠠᠭᠠᠨ ᠦᠵᠡᠬᠦ ᠪᠤᠢ︾︶᠃ ᠡᠳᠡᠭᠡᠷ ᠨᠢ | ᠡᠨᠡ ᠬᠤᠶᠠᠷ ᠰᠢᠯᠦᠭ ᠤᠨ ᠢᠯᠭᠠᠭ᠎ᠠ ᠦᠦ︖ ᠭᠡᠪᠡᠯ ᠢᠯᠭᠠᠭ᠎ᠠ ᠪᠢᠰᠢ᠃ ᠬᠠᠷᠢᠨ ᠢᠯᠭᠠᠭ᠎ᠠ ᠨᠢ ᠶᠠᠭᠤ ᠭᠡᠪᠡᠯ | ᠠᠭᠤᠯᠭ᠎ᠠ᠂ ᠰᠡᠳᠬᠢᠯᠭᠡᠨ ᠤ ᠤᠷ᠎ᠠ ᠴᠢᠳᠠᠪᠤᠷᠢ ᠪᠠᠶᠢᠯ᠎ᠠ᠃ ᠥᠭᠡᠷ᠎ᠡ ᠪᠠᠷ ᠬᠡᠯᠡᠪᠡᠯ᠂ ᠶᠠᠭᠤ ᠶᠢ ᠢᠯᠡᠷᠬᠡᠶᠢᠯᠡᠭᠰᠡᠨ᠂ | ᠶᠠᠮᠠᠷ ᠵᠣᠷᠢᠭᠤᠯᠤᠯᠲᠠ ᠲᠠᠢ ᠭᠡᠳᠡᠭ ᠢᠶᠠᠷ ᠢᠶᠠᠨ ᠢᠯᠭᠠᠭ᠎ᠠ ᠲᠠᠢ ᠪᠠᠶᠢᠵᠤ ᠪᠣᠯᠬᠤ ᠶᠤᠮ᠃ ︽ᠪᠢ ᠶᠠᠭᠠᠬᠢᠵᠤ ᠬᠡᠯᠡ | ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ ᠤᠨᠠᠭᠠᠨ ᠲᠥᠷᠬᠦ ᠪᠠᠨ ᠵᠢᠷᠤᠬᠤ ᠪᠤᠢ︾ ᠭᠡᠬᠦ | ᠭᠠᠭᠴᠠ ᠮᠥᠷ ᠴᠦ ᠨᠠᠶᠢᠷᠠᠭᠴᠢ ᠪᠤᠶᠠᠨᠪᠠᠲᠤ ᠶᠢᠨ ᠰᠢᠯᠦᠭ ᠤᠨ ᠪᠦᠬᠦ ᠤᠳᠬ᠎ᠠ ᠶᠢ ᠬᠠᠷᠠᠭᠤᠯᠵᠤ ᠪᠣᠯᠬᠤ ᠶᠤᠮ᠃ | ᠬᠡᠷᠪᠡ ᠡᠨᠡ ᠮᠥᠷ ᠢ ︽ᠶᠠᠭᠠᠬᠢᠵᠤ ᠪᠢ ᠬᠡᠯᠡ ᠳᠤ ᠣᠷᠤᠭ᠎ᠠ ᠦᠭᠡᠢ ᠬᠡᠦᠬᠡᠳ ᠤᠨ ᠬᠡᠯᠡᠭᠰᠡᠨ ᠦᠭᠡᠨ ᠳᠡᠭᠡᠷ᠎ᠡ | ᠤᠨᠠᠭᠠᠨ ᠲᠥᠷᠬᠦ ᠪᠠᠨ ᠵᠢᠷᠤᠬᠤ ᠪᠤᠢ︾ ᠭᠡᠰᠡᠨ ᠪᠣᠯ ᠪᠠᠰᠠ ᠥᠭᠡᠷ᠎ᠡ ᠪᠠᠶᠢᠭᠰᠠᠨ ᠮᠠᠭᠠᠳ᠃ ᠭᠡᠬᠦ ᠳᠡᠭᠡᠨ ᠨᠠᠶᠢᠷᠠᠭᠴᠢ | ᠪᠤᠶᠠᠨᠪᠠᠲᠤ ᠶᠢᠨ ᠰᠢᠯᠦᠭ ᠲᠤ ︽ᠪᠢ︾ ᠶᠠᠭᠠᠬᠢᠵᠤ ︽ᠪᠢ︾ ᠶᠢ ᠣᠯᠬᠤ ᠨᠢ ᠴᠢᠬᠤᠯᠠ ᠠᠭᠤᠯᠭ᠎ᠠ ᠪᠣᠯᠵᠤ᠂ ᠮᠥᠨ | ︽ᠪᠢ︾ ᠶᠠᠭᠠᠬᠢᠵᠤ ︽ᠪᠢ︾ ᠪᠠᠷ ᠦᠯᠡᠳᠡᠬᠦ ᠨᠢ ᠭᠤᠣᠯ ᠠᠰᠠᠭᠤᠳᠠᠯ ᠪᠣᠯᠣᠭᠰᠠᠨ ᠨᠢ ᠢᠯᠡᠷᠬᠡᠢ ᠶᠤᠮ᠃ ᠡᠶᠢᠮᠦ | ᠠᠴᠠ ᠲᠤᠰ ᠰᠢᠯᠦᠭ ᠤᠨ ᠡᠴᠦᠰ ᠤᠨ ᠪᠠᠳᠠᠭ ᠲᠤ᠂ | ᠪᠢ ᠶᠠᠭᠠᠬᠢᠵᠤ ᠭᠦᠨ ᠰᠥᠨᠢ ᠶᠢᠨ ᠠᠨᠢᠷ ᠵᠡᠭᠦᠳᠦᠨ ᠳᠤᠮᠳᠠᠭᠤᠷ ᠰᠦᠯᠵᠢᠯᠳᠦᠬᠦ ᠶᠢ ᠴᠢᠩᠨᠠᠬᠤ ᠪᠤᠢ | ᠪᠢ ᠶᠠᠭᠠᠬᠢᠵᠤ ᠳᠠᠯᠳᠠ ᠲᠡᠭᠷᠢ ᠶᠢᠨ ᠭᠡᠷᠡᠯ ᠵᠢᠷᠦᠬᠡᠨ ᠳᠤᠮᠳᠠᠭᠤᠷ ᠳᠠᠪᠬᠢᠯᠳᠤᠬᠤ ᠶᠢ ᠢᠲᠡᠭᠡᠬᠦ ᠪᠤᠢ | ᠪᠢ ᠶᠠᠭᠠᠬᠢᠵᠤ ᠭᠡᠷᠡᠯ ᠨᠢ ᠭᠡᠷᠡᠯ ᠢᠶᠠᠨ᠂ ᠰᠡᠭᠦᠳᠡᠷ ᠨᠢ ᠰᠡᠭᠦᠳᠡᠷ ᠢᠶᠠᠨ ᠵᠠᠯᠭᠢᠳᠠᠭ ᠢ ᠳᠠᠶᠢᠯᠠᠬᠤ ᠪᠤᠢ | ᠪᠢ ᠶᠠᠭᠠᠬᠢᠵᠤ ᠭᠡᠮ ᠵᠢᠮ ᠦᠭᠡᠢ ᠬᠥᠮᠥᠨ ᠢ ᠪᠤᠷᠬᠠᠨ ᠤ ᠥᠮᠥᠭᠯᠡᠯ ᠳᠤ ᠲᠤᠰᠢᠶᠠᠬᠤ ᠪᠤᠢ | ᠪᠢ ᠶᠠᠭᠠᠬᠢᠵᠤ ᠵᠣᠪᠠᠯᠠᠩ ᠤᠨ ᠰᠢᠯᠲᠠᠭᠠᠨ ᠵᠢᠷᠭᠠᠯᠠᠩ ᠳᠤᠷ ᠪᠠᠶᠢᠳᠠᠭ ᠢ ᠤᠬᠠᠭᠠᠷᠠᠬᠤ ᠪᠤᠢ | ᠪᠢ ᠶᠠᠭᠠᠬᠢᠵᠤ ᠠᠮᠢᠲ᠋ᠠᠪᠠ ᠰᠢᠭ᠋ ᠮᠥᠷᠥᠭᠡᠳᠦᠯ ᠢ ᠠᠮᠢᠳᠤ ᠶᠢᠨ ᠵᠠᠶᠠᠭᠠᠨ ᠳᠠᠭᠠᠨ ᠦᠵᠡᠬᠦ ᠪᠤᠢ ᠭᠡᠵᠤ ᠰᠢᠯᠦᠭᠯᠡᠭᠰᠡᠨ | ᠪᠠᠶᠢᠨ᠎ᠠ᠃ | ᠳ᠋ᠠᠨᠽᠠᠨ ᠤ ᠨᠢᠮᠠᠰᠦ᠋ᠷᠦᠩ ᠤᠨ ︽ᠠᠮᠢᠲ᠋ᠠᠪᠠ︾ ᠰᠢᠯᠦᠭ ᠲᠤ ᠤᠳᠬ᠎ᠠ ᠰᠠᠨᠠᠭ᠎ᠠ ᠶᠢ ᠲᠡᠭᠦᠯᠳᠡᠷ ᠰᠠᠶᠢᠬᠠᠨ | ᠢᠯᠡᠷᠬᠡᠶᠢᠯᠡᠭᠰᠡᠨ ᠢᠶᠠᠷ ᠢᠶᠠᠨ ᠭᠤᠶᠣ ᠲᠠᠩᠰᠤᠭ᠂ ᠵᠣᠬᠢᠴᠠᠯ ᠲᠡᠩᠴᠡᠭᠦᠬᠡᠨ ᠰᠠᠶᠢᠬᠠᠨ ᠪᠠᠶᠢᠬᠤ ᠳᠤ ᠨᠠᠶᠢᠷᠠᠭᠴᠢ | ᠪᠤᠶᠠᠨᠪᠠᠲᠤ ᠶᠢᠨ ᠰᠢᠯᠦᠭ ᠲᠤ ︽ᠪᠢ︾ ᠶᠢ ᠢᠯᠡᠷᠬᠡᠶᠢᠯᠡᠭᠰᠡᠨ ᠤᠳᠬ᠎ᠠ ᠰᠠᠨᠠᠭᠠᠨ ᠤ ᠭᠦᠨᠵᠡᠭᠡᠶᠢᠷᠡᠯ᠂ ᠳ᠋ᠠᠨᠽᠠᠨ ᠤ | ᠨᠢᠮᠠᠰᠦ᠋ᠷᠦᠩ ᠤᠨ ᠪᠤᠰᠤᠳ ᠰᠢᠯᠦᠭ ᠲᠤ ᠪᠠᠶᠢᠳᠠᠭ ᠤᠶᠠᠩᠭ᠎ᠠ ᠶᠢᠨ ᠠᠶᠠᠰ ᠢᠶᠠᠷ ᠳᠣᠲᠣᠭᠠᠳᠤ ᠰᠡᠳᠬᠢᠯᠭᠡ ᠶᠢᠨ | ᠢᠯᠡᠷᠬᠡᠶᠢᠯᠡᠯ ᠢ ᠬᠦᠴᠦᠲᠡᠢ ᠭᠠᠷᠭᠠᠭᠰᠠᠨ ᠢᠶᠠᠷ ᠢᠶᠠᠨ ᠣᠨᠴᠠᠯᠢᠭ ᠪᠦᠲᠦᠭᠡᠯ ᠪᠣᠯᠣᠭᠰᠠᠨ ᠶᠤᠮ᠃ ᠡᠭᠦᠨ ᠢ ᠰᠢᠨᠡᠴᠢᠯᠡᠯ | ᠂ ᠥᠪᠡᠷᠮᠢᠴᠡ ᠡᠭᠦᠳᠦᠨ ᠪᠦᠲᠦᠭᠡᠯᠲᠡ᠂ ᠮᠥᠨ ᠨᠠᠶᠢᠷᠠᠭᠴᠢ ᠶᠢᠨ ᠠᠪᠢᠶᠠᠰ ᠡᠷᠳᠡᠮ ᠭᠡᠵᠤ ᠬᠡᠯᠡᠬᠦ ᠠᠴᠠ ᠥᠭᠡᠷ᠎ᠡ | ᠠᠷᠭ᠎ᠠ ᠦᠭᠡᠢ ᠶᠤᠮ᠃ | ᠤᠳᠬ᠎ᠠ ᠵᠣᠬᠢᠶᠠᠯ ᠤᠨ ᠰᠢᠨᠡᠴᠢᠯᠡᠯ ᠥᠭᠡᠷᠡᠴᠢᠯᠡᠯᠲᠡ ᠭᠡᠵᠤ ᠶᠠᠭᠤ ᠪᠤᠢ ᠭᠡᠪᠡᠯ ᠢᠷᠠᠭᠤ ᠨᠠᠶᠢᠷᠠᠭᠴᠢ ᠪ᠊ · | ᠶᠠᠪᠤᠬᠤᠯᠠᠩ ᠤᠨ ᠬᠡᠯᠡᠭᠰᠡᠨ ᠮᠡᠲᠦ ︽ᠰᠢᠨ᠎ᠡ ᠨᠢ ᠬᠠᠭᠤᠴᠢᠨ ᠠᠴᠠ ᠪᠠᠨ ᠰᠠᠷ᠎ᠠ ᠮᠡᠲᠦ ᠰᠣᠨᠳᠣᠭᠤᠢ᠂ ᠰᠠᠨᠰᠠᠷ ᠮᠡᠲᠦ | ᠵᠠᠶᠢᠲᠠᠢ ᠪᠠᠶᠢᠳᠠᠭ ᠦᠭᠡᠢ ᠪᠥᠭᠡᠳ ᠭᠠᠵᠢ ᠣᠨᠳᠣᠣ ᠪᠠᠷ ᠪᠢᠰᠢ᠂ ᠭᠠᠷᠴᠠᠭ᠎ᠠ ᠦᠭᠡᠢ ︿ᠨᠣᠮ ᠢᠶᠠᠷ﹀ ᠨᠢ ᠤᠷᠠᠯᠠᠵᠤ | ᠬᠡᠮᠡᠨ ᠨᠢ ᠰᠢᠨ᠎ᠡ ᠶᠢ ᠪᠦᠲᠦᠭᠡᠳᠡᠭ ᠤᠴᠢᠷ ᠠᠴᠠ ᠬᠡᠨ ᠬᠥᠮᠥᠨ ᠳᠤ ᠠᠪᠤᠭᠰᠠᠭᠠᠷ ᠠᠵᠢᠭᠯᠠᠭᠳᠠᠳᠠᠭ ᠦᠭᠡᠢ ᠪᠢᠯᠡ︾ | ᠭᠡᠵᠤ ᠬᠡᠯᠡᠭᠰᠡᠨ ᠠᠳᠠᠯᠢ ᠶᠠᠮᠠᠷᠪᠠ ᠰᠢᠨᠡᠴᠢᠯᠡᠯ ᠥᠭᠡᠷᠡᠴᠢᠯᠡᠯᠲᠡ ᠶᠢ ᠵᠥᠪᠬᠡᠨ ᠥᠪᠡᠷ ᠤᠨ ᠲᠦᠪᠰᠢᠨ ᠳᠡᠭᠲᠡᠷ ᠠᠴᠠ | ᠠᠵᠢᠬᠤ ᠶᠤᠮ ᠪᠣᠯ ᠬᠡᠨ ᠴᠦ ᠣᠯᠵᠤ ᠭᠠᠷᠬᠤ ᠦᠭᠡᠢ ᠪᠠᠶᠢᠵᠤ ᠮᠠᠭᠠᠳ᠃ ᠭᠠᠭᠴᠠ ᠬᠦ ᠥᠷᠭᠡᠨ ᠬᠦᠷᠢᠶᠡᠨ ᠳᠤ᠂ | ᠲᠡᠦᠬᠡ ᠶᠢᠨ ᠬᠠᠷᠢᠴᠠᠭᠠᠨ ᠳᠤ ᠠᠪᠴᠤ ᠦᠵᠡᠪᠡᠰᠦ ᠲᠡᠷᠡ ᠬᠦ ᠰᠢᠨᠡᠴᠢᠯᠡᠯ ᠥᠭᠡᠷᠡᠴᠢᠯᠡᠯ ᠤᠨ ᠤᠭ ᠤᠴᠢᠷ ᠢ ᠣᠯᠵᠤ | ᠪᠣᠯᠬᠤ ᠪᠢᠯᠡ᠃ | ᠪᠢᠳᠠ ᠪᠤᠶᠠᠨᠪᠠᠲᠤ ᠨᠠᠶᠢᠷᠠᠭᠴᠢ ᠶᠢᠨ ᠥᠭᠡᠷ᠎ᠡ ᠨᠢᠭᠡ ᠰᠢᠯᠦᠭ ᠢ ᠵᠢᠱᠢᠶ᠎ᠡ ᠶᠢ ᠠᠪᠴᠤ ᠦᠵᠡᠶ᠎ᠡ᠃ | ᠠᠯᠢ ᠡᠷᠲᠡ ᠶᠠᠪᠤᠬᠤᠯᠠᠩ ᠨᠠᠶᠢᠷᠠᠭᠴᠢ ᠨᠢᠭᠡᠨ ᠰᠢᠯᠦᠭ ᠲᠤ ᠪᠠᠨ ︽ᠠᠮᠢᠳᠤᠷᠠᠯ ᠭᠡᠭᠴᠢ ᠠᠮᠠᠷᠠᠯᠲᠠ ᠳᠤ ᠪᠠᠶᠢᠭ᠎ᠠ | ᠶᠤᠮ ᠰᠢᠭ᠋᠂ ᠢᠷᠡᠬᠦ ᠳᠡᠭᠡᠨ ᠥᠪᠡᠷ ᠤᠨ ᠣᠬᠢᠯᠠᠵᠤ ᠢᠷᠡᠳᠡᠭ ᠪᠤᠴᠠᠬᠤ ᠪᠠᠨ ᠪᠤᠰᠤᠳ ᠢ ᠣᠬᠢᠯᠠᠭᠤᠯᠵᠤ ᠶᠠᠪᠤᠳᠠᠭ︾ | ᠭᠡᠵᠤ ᠬᠡᠯᠡᠭᠰᠡᠨ ᠪᠣᠯ ᠯ᠊ · ᠳᠦᠳᠡᠪ ᠨᠢᠭᠡᠨ ᠵᠣᠬᠢᠶᠠᠯ ᠳᠤ ᠪᠠᠨ ︽ᠪᠢ ᠡᠨᠡ ᠬᠤᠷᠸ᠎ᠠ ᠳᠤ ᠡᠮᠦᠰᠦᠭᠰᠡᠨ ᠴᠠᠮᠴᠠ ᠴᠦ | ᠦᠭᠡᠢ᠂ ᠭᠠᠷ ᠬᠤᠭᠤᠰᠤᠨ ᠢᠷᠡᠭᠰᠡᠨ ᠪᠣᠯᠪᠠᠴᠤ᠂ ᠬᠤᠷᠸ᠎ᠠ ᠪᠣᠯ ᠶᠠᠨᠳᠠᠰᠢ ᠦᠭᠡᠢ ᠪᠠᠶᠠᠨ ᠪᠠᠶᠢᠭᠰᠠᠨ︾ ᠭᠡᠳᠡᠭ᠃ | ᠭᠡᠲᠡᠯ᠎ᠡ ᠨᠠᠶᠢᠷᠠᠭᠴᠢ ᠪᠤᠶᠠᠨᠪᠠᠲᠤ ᠪᠠᠰᠠ ᠡᠶᠢᠮᠤᠷᠬᠦᠦ ᠰᠠᠨᠠᠭ᠎ᠠ ᠶᠢ ᠳᠦᠷᠰᠦᠯᠡᠬᠦ ᠳᠡᠭᠡᠨ᠂ | ᠡᠨᠡ ᠬᠤᠷᠸ᠎ᠠ ᠳᠤ ᠠᠩᠬ᠎ᠠ ᠢᠷᠡᠬᠦ ᠳᠡᠭᠡᠨ ᠪᠢ | ᠣᠬᠢᠯᠠᠵᠤ ᠢᠷᠡᠭᠰᠡᠨ | ᠳᠤᠷ᠎ᠠ ᠦᠭᠡᠢ ᠳᠡᠭᠡᠨ ᠪᠢᠰᠢ ᠡ | ᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨ | ᠡᠨᠡ ᠣᠷᠴᠢᠯᠠᠩ ᠳᠤ ᠲᠥᠷᠥᠬᠦ ᠳᠡᠭᠡᠨ ᠪᠢ | ᠴᠢᠷᠠᠮᠠᠨ ᠨᠢᠴᠦᠭᠦᠨ ᠲᠥᠷᠥᠭᠰᠡᠨ | ᠬᠤᠭᠤᠰᠤᠨ ᠳᠠᠭᠠᠨ ᠪᠢᠰᠢ ᠡ | ᠬᠤᠷᠸ᠎ᠠ ᠠᠴᠠ ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨ | ᠡᠨᠡ ᠶᠢᠷᠲᠢᠨᠴᠦ ᠳᠤ ᠢᠨᠢᠶᠡᠬᠦ ᠠᠴᠠ ᠪᠠᠨ ᠤᠷᠢᠳ ᠪᠢ | ᠣᠬᠢᠯᠠᠵᠤ ᠰᠤᠷᠤᠭᠰᠠᠨ | ᠵᠣᠪᠠᠯᠠᠩ ᠲᠠᠢ ᠳᠠᠭᠠᠨ ᠪᠢᠰᠢ | ᠬᠤᠳᠠᠯ ᠢᠨᠢᠶᠡᠳᠦᠨ ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ ᠁ | ᠡᠨᠡ ᠬᠤᠷᠸ᠎ᠠ ᠳᠤ ᠪᠢ | ︽ᠡᠵᠢ ᠡ︾ ᠭᠡᠵᠤ ᠬᠡᠯᠡ ᠳᠤ ᠣᠷᠣᠭᠰᠠᠨ | ᠦᠭᠡ ᠣᠯᠳᠠᠬᠤ ᠦᠭᠡᠢ ᠳᠡᠭᠡᠨ ᠪᠢᠰᠢ ᠡ | ᠡᠭᠦᠨ ᠠᠴᠠ ᠶᠡᠭᠡ ᠠᠭᠤᠤ ᠦᠭᠡ ᠬᠠᠮᠢᠭ᠎ᠠ ᠴᠦ ᠪᠠᠶᠢᠬᠤ ᠦᠭᠡᠢ ᠪᠠᠶᠢᠭᠰᠠᠨ ︵︽ᠪᠠᠯᠴᠢᠷᠬᠠᠨ ᠨᠠᠰᠤᠨ ᠠᠴᠠ ᠪᠠᠨ | ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ︾︶ ᠭᠡᠵᠡᠢ᠃ ᠢᠯᠠᠩᠭᠤᠶ᠎ᠠ ᠨᠠᠶᠢᠷᠠᠭᠴᠢ ᠪᠤᠶᠠᠨᠪᠠᠲᠤ ᠳᠤ ︽ᠡᠨᠡ | ᠬᠤᠷᠸ᠎ᠠ ᠳᠤ ᠠᠩᠬ᠎ᠠ ᠢᠷᠡᠬᠦ︾ ᠦᠶ᠎ᠡ ᠶᠢᠨ ︽ᠣᠬᠢᠯᠠᠵᠤ ᠢᠷᠡᠭᠰᠡᠨ︾ ᠢᠶᠠᠨ ︽ᠳᠤᠷ᠎ᠠ ᠦᠭᠡᠢ ᠳᠡᠭᠡᠨ ᠪᠢᠰᠢ ᠡ︾ | ᠂ ︽ᠴᠢᠷᠠᠮᠠᠨ ᠨᠢᠴᠦᠭᠦᠨ ᠲᠥᠷᠥᠭᠰᠡᠨ︾ ᠢᠶᠠᠨ ︽ᠬᠤᠭᠤᠰᠤᠨ ᠳᠠᠭᠠᠨ ᠪᠢᠰᠢ ᠡ︾᠂ ︽ᠢᠨᠢᠶᠡᠬᠦ ᠠᠴᠠ ᠪᠠᠨ | ᠤᠷᠢᠳ ᠣᠬᠢᠯᠠᠵᠤ ᠰᠤᠷᠤᠭᠰᠠᠨ︾ ᠢᠶᠠᠨ ᠵᠣᠪᠠᠯᠠᠩ ᠲᠠᠢ ᠳᠠᠭᠠᠨ ᠪᠢᠰᠢ᠂ ᠠᠩᠬ᠎ᠠ ᠡᠬᠢᠯᠡᠵᠦ ︽ᠡᠵᠢ ᠡ︾ ᠭᠡᠵᠤ | ᠬᠡᠯᠡ ᠳᠤ ᠣᠷᠣᠭᠰᠠᠨ ᠢᠶᠠᠨ ︽ᠦᠭᠡ ᠣᠯᠳᠠᠬᠤ ᠦᠭᠡᠢ ᠳᠡᠭᠡᠨ ᠪᠢᠰᠢ ᠡ︾ ᠭᠡᠵᠤ ᠬᠡᠯᠡᠭᠡᠳ᠂ ᠳᠠᠷᠠᠭ᠎ᠠ ᠨᠢ ︽ | ᠡᠵᠢ ᠶᠢᠨ ᠠᠯᠲᠠᠨ ᠬᠡᠪᠡᠯᠢ ᠠᠴᠠ ᠥᠭᠡᠷ᠎ᠡ ᠰᠣᠩᠭᠤᠳᠠᠭ ᠬᠡᠪᠲᠡᠷᠢ ᠦᠭᠡᠢ ᠪᠠᠶᠢᠭᠰᠠᠨ︾᠂ ︽ᠬᠤᠷᠸ᠎ᠠ ᠠᠴᠠ | ᠪᠤᠴᠠᠬᠤ ᠳᠠᠭᠠᠨ ᠪᠢ ᠶᠠᠭᠤ ᠴᠦ ᠠᠪᠴᠤ ᠶᠠᠪᠤᠬᠤ ᠦᠭᠡᠢ ᠪᠠᠨ ᠮᠡᠳᠡᠵᠦ ᠪᠠᠶᠢᠭᠰᠠᠨ︾᠂ ︽ᠬᠤᠳᠠᠯ ᠢᠨᠢᠶᠡᠳᠦᠨ | ᠠᠴᠠ ᠵᠢᠩᠬᠢᠨᠢ ᠨᠢᠯᠪᠤᠰᠤ ᠦᠨᠡᠲᠡᠢ ᠪᠠᠶᠢᠭᠰᠠᠨ︾᠂ ︽ᠡᠭᠦᠨ ᠠᠴᠠ ᠶᠡᠭᠡ ᠠᠭᠤᠤ ᠦᠭᠡ ᠬᠠᠮᠢᠭ᠎ᠠ ᠴᠦ ᠪᠠᠶᠢᠬᠤ | ᠦᠭᠡᠢ ᠪᠠᠶᠢᠭᠰᠠᠨ︾ ᠭᠡᠵᠤ ᠤᠷᠠᠨ ᠢᠶᠠᠷ ᠤᠴᠢᠷ ᠶᠣᠰᠣᠲᠠᠢ ᠲᠠᠶᠢᠯᠪᠤᠷᠢᠯᠠᠵᠤ ᠴᠢᠳᠠᠭᠰᠠᠨ ᠳᠤ ᠡᠨᠡ ᠰᠢᠯᠦᠭ ᠤᠨ | ᠵᠢᠩᠬᠢᠨᠢ ᠦᠨ᠎ᠡ ᠥᠷᠳᠡᠭ ᠣᠷᠣᠰᠢᠵᠤ ᠪᠠᠶᠢᠨ᠎ᠠ᠃ ᠢᠷᠠᠭᠤ ᠨᠠᠶᠢᠷᠠᠭᠴᠢ ᠶᠢᠨ ᠪᠦᠲᠦᠭᠡᠯᠴᠢ ᠠᠪᠢᠶᠠᠰ ᠨᠢ ᠡᠨᠡ | ᠪᠥᠭᠡᠳ ᠮᠥᠨ ᠰᠢᠯᠦᠭ ᠢ ᠤᠳᠬ᠎ᠠ ᠲᠡᠭᠦᠯᠳᠡᠷ᠂ ᠪᠦᠷᠢᠨ ᠴᠢᠩᠳᠠ ᠪᠣᠯᠭᠠᠭᠰᠠᠨ ᠶᠤᠮ᠃ ᠢᠯᠠᠩᠭᠤᠶ᠎ᠠ ᠲᠤᠰ | ᠰᠢᠯᠦᠭ ᠤᠨ ᠰᠡᠭᠦᠯ ᠤᠨ ᠬᠤᠶᠠᠷ ᠪᠠᠳᠠᠭ ᠲᠤ᠂ | ᠪᠠᠯᠴᠢᠷᠬᠠᠨ ᠨᠠᠰᠤᠨ ᠠᠴᠠ ᠪᠠᠨ | ᠬᠤᠷᠸ᠎ᠠ ᠶᠢ ᠤᠬᠠᠭᠠᠷᠠᠭᠰᠠᠨ ᠮᠢᠨᠢ ᠤᠴᠢᠷᠲᠠᠢ ᠭᠡᠳᠡᠭ ᠨᠢ ᠪ᠊ · ᠶᠠᠪᠤᠬᠤᠯᠠᠩ ᠤᠨ ︽ᠠᠯᠠᠭ ᠳᠡᠯᠡᠬᠡᠢ ᠳᠤ ᠲᠥᠷᠥᠭᠰᠡᠨ | ᠮᠢᠨᠢ ᠤᠴᠢᠷ ᠲᠠᠢ︾ ᠭᠡᠳᠡᠭ ᠲᠠᠢ ᠠᠳᠠᠯᠢ ᠮᠡᠲᠦ ᠪᠢᠳᠠᠨ ᠳᠤ ᠰᠠᠨᠠᠭᠳᠠᠭᠤᠯᠬᠤ ᠪᠣᠯᠪᠠᠴᠤ᠂ ︽ᠬᠤᠷᠸ᠎ᠠ ᠶᠢ | ᠤᠬᠠᠭᠠᠷᠠᠭᠰᠠᠨ︾ ᠭᠡᠳᠡᠭ ᠢᠶᠠᠷ ᠨᠢ ᠪᠤᠶᠠᠨᠪᠠᠲᠤ ᠶᠢᠨ ᠰᠢᠯᠦᠭ ᠨᠢ ᠥᠪᠡᠷᠮᠢᠴᠡ ᠪᠣᠯᠬᠤ ᠪᠠᠨ ᠬᠠᠷᠠᠭᠤᠯᠬᠤ ᠶᠢᠨ | ᠳᠠᠭᠠᠤ ︽ᠬᠠᠷᠠᠭᠳᠠᠭᠰᠠᠨ ᠪᠦᠬᠦᠨ ᠢ ᠪᠤᠷᠬᠠᠨ ᠰᠡᠳᠬᠢᠯ ᠢᠶᠠᠷ ᠲᠥᠰᠥᠭᠡᠯᠡᠳᠡᠭ︾ ᠬᠥᠮᠥᠨ ᠪᠦᠬᠦᠨ ᠤ ᠬᠡᠦᠬᠡᠳ | ᠦᠶ᠎ᠡ ᠶᠢᠨ ᠴᠠᠶᠢᠯᠭᠠᠨ ᠰᠡᠳᠬᠢᠯ᠂ ︽ᠬᠦᠰᠡᠭᠰᠡᠨ ᠪᠦᠬᠦᠨ ᠥᠪᠡᠷ ᠢᠶᠠᠨ ᠢᠷᠡᠳᠡᠭ ᠦᠭᠡᠢ︾ ᠶᠢᠷᠲᠢᠨᠴᠦ ᠶᠢᠨ | ᠬᠠᠤᠯᠢ ᠵᠢᠮ᠎ᠡ ᠶᠢ ᠤᠷᠠᠨ ᠲᠣᠳᠣ ᠲᠤᠰᠬᠠᠭᠰᠠᠨ ᠨᠢ ᠦᠨᠡᠬᠡᠷ ᠡᠨᠡ ᠰᠢᠯᠦᠭ ᠤᠨ ᠨᠢᠭᠡᠨ ᠭᠠᠶᠢᠬᠠᠮᠰᠢᠭ ᠢᠯᠡᠷᠬᠡᠶᠢᠯᠡᠯ | ᠮᠥᠨ ᠭᠡᠵᠤ ᠪᠣᠯᠬᠤ ᠶᠤᠮ᠃ | ᠨᠠᠶᠢᠷᠠᠭᠴᠢ ᠪᠤᠶᠠᠨᠪᠠᠲᠤ ᠶᠢᠨ ︽ᠪᠢ ᠲᠠᠮᠠᠬᠢ ᠪᠠᠨ ᠲᠠᠲᠠᠭᠠᠳ ᠯᠡ︾ ᠭᠡᠳᠡᠭ ᠰᠢᠯᠦᠭ ᠤᠨ ᠬᠥᠭ ᠠᠶᠠᠰ᠂ ᠥᠩᠭᠡ | ᠲᠥᠷᠬᠦ ᠨᠢ ᠪ᠊ · ᠶᠠᠪᠤᠬᠤᠯᠠᠩ ᠤᠨ ︽ᠨᠡᠭᠦᠳᠡᠯᠴᠢᠨ ᠤ ᠨᠠᠮᠤᠷ︾ ᠰᠢᠯᠦᠭ ᠲᠠᠢ ᠶᠡᠭᠡ ᠲᠥᠰᠥᠭᠡᠲᠡᠢ ᠰᠠᠨᠠᠭᠳᠠᠳᠠᠭ᠃ | ᠪ᠊ · ᠶᠠᠪᠤᠬᠤᠯᠠᠩ ᠤᠨ ︽ᠨᠡᠭᠦᠳᠡᠯᠴᠢᠨ ᠤ ᠨᠠᠮᠤᠷ︾ ᠰᠢᠯᠦᠭ ᠨᠢ᠄ | ᠨᠠᠷᠠᠰᠤ ᠨᠠᠶᠢᠭᠤᠭᠠᠳ ᠯᠡ | ᠨᠠᠪᠴᠢᠰ ᠬᠡᠶᠢᠰᠦᠭᠡᠳ ᠯᠡ | ᠠᠭᠤᠯᠠ ᠶᠢᠨ ᠣᠷᠣᠢ ᠳᠤ ᠪᠤᠳᠠᠩ ᠰᠠᠭᠤᠭᠠᠳ ᠯᠡ᠂ | ᠰᠢᠪᠠᠭᠤ ᠪᠤᠴᠠᠭᠠᠳ ᠯᠡ | ᠬᠢᠷᠠᠭᠤ ᠤᠨᠠᠭᠠᠳ ᠯᠡ | ᠡᠪᠡᠰᠦᠨ ᠲᠣᠯᠣᠭᠠᠢ ᠳᠤ ᠴᠠᠩ ᠪᠠᠭᠤᠭᠠᠳ ᠯᠡ᠂ | ᠲᠠᠯ᠎ᠠ ᠰᠢᠷᠠᠯᠠᠭᠠᠳ ᠯᠡ | ᠮᠠᠯ ᠬᠤᠯᠬᠢᠭᠠᠳ ᠯᠡ | ᠮᠠᠯᠴᠢᠨ ᠤ ᠰᠡᠳᠬᠢᠯ ᠭᠡᠨᠡᠳᠲᠡ ᠳᠣᠭᠳᠣᠯᠤᠭᠠᠳ ᠯᠡ | ᠰᠠᠯᠬᠢ ᠰᠡᠪᠡᠭᠡᠳ ᠯᠡ | ᠡᠷᠦᠬᠡ ᠳᠡᠪᠡᠭᠡᠳ ᠯᠡ | ᠥᠯᠥᠨ ᠲᠣᠭᠤᠰᠣ ᠲᠡᠭᠷᠢ ᠳᠤ ᠪᠣᠰᠣᠭᠠᠳ ᠯᠡ | ᠠᠶᠢᠯ ᠤᠳ ᠨᠡᠭᠦᠭᠡᠳ ᠯᠡ | ᠠᠮᠠᠷᠠᠭ ᠤᠳ ᠬᠤᠯᠠᠳᠠᠭᠠᠳ ᠯᠡ | ᠠᠶ᠎ᠠ ᠬᠥᠭᠡᠷᠦᠬᠦᠢ ᠨᠡᠭᠦᠳᠡᠯᠴᠢᠨ ᠤ ᠨᠠᠮᠤᠷ ᠡ ᠭᠡᠵᠤ ᠪᠠᠶᠢᠭ᠎ᠠ ᠪᠣᠯ ᠨᠠᠶᠢᠷᠠᠭᠴᠢ ᠪᠤᠶᠠᠨᠪᠠᠲᠤ ᠶᠢᠨ ︽ᠪᠢ ᠲᠠᠮᠠᠬᠢ | ᠪᠠᠨ ᠲᠠᠲᠠᠭᠠᠳ ᠯᠡ︾ ᠭᠡᠳᠡᠭ ᠰᠢᠯᠦᠭ ᠨᠢ᠄ | ᠪᠢ ᠲᠠᠮᠠᠬᠢ ᠲᠠᠲᠠᠭᠠᠳ ᠯᠡ | ᠠᠭᠤᠯᠵᠠᠬᠤ ᠦᠭᠡᠢ ᠤᠳᠠᠪᠠᠯ | ᠤᠲᠠᠰᠤ ᠪᠠᠷ ᠶᠠᠷᠢᠬᠤ ᠦᠭᠡᠢ ᠪᠣᠯ | ᠤᠯᠠᠮ ᠠᠴᠠ ᠤᠯᠠᠮ ᠲᠠᠲᠠᠭᠠᠳ ᠯᠡ | ᠲᠠᠮᠠᠬᠢᠨ ᠤ ᠰᠢᠯᠪᠢ ᠶᠢ ᠤᠷᠤᠭᠤᠯ ᠢ ᠴᠢᠨᠢ ᠭᠡᠵᠤ | ᠥᠪᠡᠷ ᠢ ᠪᠠᠨ ᠬᠠᠭᠤᠷᠤᠨ ᠰᠣᠷᠣᠭᠠᠳ ᠯᠡ | ᠪᠢ ᠲᠠᠮᠠᠬᠢ ᠪᠠᠨ ᠲᠠᠲᠠᠭᠠᠳ ᠯᠡ ᠁ | ᠲᠠᠮᠠᠬᠢᠨ ᠤ ᠤᠲᠤᠭ᠎ᠠ | ᠭᠤᠨᠢᠭ ᠤᠨ ᠮᠠᠨᠠᠨ ᠰᠢᠭ᠋ ᠰᠤᠭᠤᠨᠠᠭᠯᠠᠭᠠᠳ ᠯᠡ | ᠲᠠᠨᠢᠬᠤ ᠦᠭᠡᠢ ᠬᠡᠦᠬᠡᠨ ᠢ | ᠴᠢᠮᠠᠶᠢ ᠭᠡᠵᠤ ᠠᠳᠡᠭᠦᠷᠡᠭᠡᠳ ᠯᠡ | ᠲᠠᠶᠢᠪᠤᠩ ᠣᠷᠴᠢᠨ ᠳᠤ | ᠰᠠᠭᠤᠵᠤ ᠶᠠᠳᠠᠨ ᠬᠤᠯᠬᠢᠭᠠᠳ ᠯᠡ | ᠴᠢᠨᠦ ᠤᠶᠠᠩᠭᠠᠯᠢᠭ ᠳᠠᠭᠤ ᠬᠤᠭᠤᠯᠠᠢ ᠶᠢ | ᠦᠶ᠎ᠡ ᠦᠶ᠎ᠡ ᠳᠤᠷᠠᠰᠤᠭᠠᠳ ᠯᠡ | ᠪᠢ ᠲᠠᠮᠠᠬᠢ ᠪᠠᠨ ᠲᠠᠲᠠᠭᠠᠳ ᠯᠡ ᠁ | ᠬᠥᠭᠡᠷᠦᠬᠦᠨ ᠠᠭᠠᠰᠢ ᠶᠢ ᠴᠢᠨᠢ ᠦᠭᠡᠶᠢᠯᠡᠭᠡᠳ ᠯᠡ | ᠬᠥᠩᠭᠡᠨ ᠭᠤᠨᠢᠭ ᠲᠤ ᠠᠪᠲᠠᠭᠠᠳ ᠯᠡ | ᠬᠦᠷᠦᠭᠡᠳ ᠢᠷᠡᠬᠦ ᠶᠤᠮ ᠰᠢᠭ᠋ ᠰᠣᠪᠢᠲᠠᠭᠠᠳ ᠯᠡ | ᠬᠥᠮᠥᠨ ᠤ ᠬᠢ ᠪᠣᠯᠴᠢᠬᠠᠭᠰᠠᠨ ᠰᠢᠭ᠋ ᠵᠣᠪᠠᠭᠠᠳ ᠯᠡ | ᠪᠢ ᠲᠠᠮᠠᠬᠢ ᠪᠠᠨ ᠤᠯᠠᠮ ᠢᠯᠡᠭᠦᠦ ᠲᠠᠲᠠᠭᠠᠳ ᠯᠡ ᠁ ᠭᠡᠵᠤ ᠭᠠᠷᠳᠠᠭ᠃ ᠡᠨᠡ ᠬᠤᠶᠠᠷ ᠰᠢᠯᠦᠭ ᠲᠤ ᠨᠢᠭᠡᠨ | ᠠᠳᠠᠯᠢ ᠲᠠᠯ᠎ᠠ ᠪᠣᠯ ᠨᠢᠭᠡ ᠨᠠᠮᠤᠷ ᠴᠠᠭ ᠤᠨ ᠤᠶᠢᠳᠬᠠᠷ᠂ ᠨᠥᠭᠦᠭᠡ ᠨᠢ ᠵᠠᠯᠠᠭᠤ ᠨᠠᠰᠤᠨ ᠤ ᠤᠶᠢᠳᠬᠠᠷ ᠢ ᠮᠠᠰᠢ | ᠥᠪᠡᠷᠮᠢᠴᠡ ᠬᠥᠭ ᠠᠶᠠᠯᠭᠤ ᠲᠠᠢ ᠢᠯᠡᠷᠬᠡᠶᠢᠯᠡᠵᠦ ᠴᠢᠳᠠᠭᠰᠠᠨ ᠳᠤ ᠪᠠᠶᠢᠭ᠎ᠠ ᠶᠤᠮ᠃ ᠡᠮᠦᠨᠡᠬᠢ ᠵᠢᠱᠢᠶᠡᠨ ᠳᠤ | ᠪᠠᠶᠢᠭ᠎ᠠ ︽ᠨᠠᠶᠢᠭᠤᠭᠠᠳ ᠯᠡ︾᠂ ︽ᠬᠡᠶᠢᠰᠦᠭᠡᠳ ᠯᠡ︾᠂ ︽ᠰᠠᠭᠤᠭᠠᠳ ᠯᠡ︾᠂ ︽ᠪᠤᠴᠠᠭᠠᠳ ᠯᠡ︾᠂ ︽ | ᠤᠨᠠᠭᠠᠳ ᠯᠡ︾᠂ ︽ᠪᠠᠭᠤᠭᠠᠳ ᠯᠡ︾᠂ ︽ᠰᠢᠷᠠᠯᠠᠭᠠᠳ ᠯᠡ︾᠂ ︽ᠬᠤᠯᠬᠢᠭᠠᠳ ᠯᠡ︾᠂ ︽ | ᠳᠣᠭᠳᠣᠯᠤᠭᠠᠳ ᠯᠡ︾᠂ ︽ᠰᠡᠪᠡᠭᠡᠳ ᠯᠡ︾᠂ ︽ᠳᠡᠪᠡᠭᠡᠳ ᠯᠡ︾᠂ ︽ᠪᠣᠰᠣᠭᠠᠳ ᠯᠡ︾᠂ ︽ᠨᠡᠭᠦᠭᠡᠳ | ᠯᠡ︾᠂ ︽ᠬᠤᠯᠠᠳᠠᠭᠠᠳ ᠯᠡ︾ ᠭᠡᠵᠤ ᠨᠠᠮᠤᠷ ᠴᠠᠭ ᠤᠨ ᠶᠠᠭᠤᠮ᠎ᠠ ᠦᠵᠡᠭᠳᠡᠯ ᠢ ᠳᠦᠷᠰᠦᠯᠡᠨ᠂ ᠰᠡᠳᠬᠢᠯ ᠤᠨ | ᠨᠢᠭᠡᠨ ᠥᠪᠡᠷᠮᠢᠴᠡ ︵ᠭᠤᠨᠢᠭ ᠲᠠᠢ︶ ᠪᠠᠶᠢᠳᠠᠯ ᠢ ᠤᠶᠠᠩᠭᠠᠯᠠᠨ ᠳᠦᠷᠰᠦᠯᠡᠭᠰᠡᠨ ᠪᠣᠯ ᠳᠠᠷᠠᠭ᠎ᠠ ᠶᠢᠨ ᠰᠢᠯᠦᠭ ᠲᠤ ︽ | ᠪᠢ ᠲᠠᠮᠠᠬᠢ ᠲᠠᠲᠠᠭᠠᠳ ᠯᠡ ᠁ ᠤᠯᠠᠮ ᠠᠴᠠ ᠤᠯᠠᠮ ᠲᠠᠲᠠᠭᠠᠳ ᠯᠡ ᠁ ᠰᠣᠷᠣᠭᠠᠳ ᠯᠡ ᠁ | ᠭᠤᠨᠢᠭ ᠤᠨ ᠮᠠᠨᠠᠨ ᠰᠢᠭ᠋ ᠰᠤᠭᠤᠨᠠᠭᠯᠠᠭᠠᠳ ᠯᠡ ᠁︾ ᠭᠡᠵᠤ ᠰᠡᠳᠬᠢᠯ ᠤᠨ ᠶᠠᠮᠠᠷ ᠨᠢᠭᠡᠨ ᠭᠤᠨᠢᠭᠲᠠᠢ ᠪᠠᠶᠢᠳᠠᠯ | ᠢ ᠲᠠᠮᠠᠬᠢ ᠲᠠᠲᠠᠵᠤ ᠪᠠᠶᠢᠭ᠎ᠠ ᠪᠠᠶᠢᠳᠠᠯ ᠢᠶᠠᠷ ᠢᠯᠡᠷᠬᠡᠶᠢᠯᠡᠵᠦ᠂ ᠵᠠᠯᠭᠠᠭᠠᠳ ︽᠁ ᠴᠢᠮᠠᠶᠢ ᠭᠡᠵᠤ ᠠᠳᠡᠭᠦᠷᠡᠭᠡᠳ | ᠯᠡ ᠁ ᠰᠠᠭᠤᠵᠤ ᠶᠠᠳᠠᠨ ᠬᠤᠯᠬᠢᠭᠠᠳ ᠯᠡ ᠁ ᠦᠶ᠎ᠡ ᠦᠶ᠎ᠡ ᠳᠤᠷᠠᠰᠤᠭᠠᠳ ᠯᠡ ᠁ ᠬᠥᠭᠡᠷᠦᠬᠦᠨ | ᠠᠭᠠᠰᠢ ᠶᠢ ᠴᠢᠨᠢ ᠦᠭᠡᠶᠢᠯᠡᠭᠡᠳ ᠯᠡ᠂ ᠬᠥᠩᠭᠡᠨ ᠭᠤᠨᠢᠭ ᠲᠤ ᠠᠪᠲᠠᠭᠠᠳ ᠯᠡ᠂ ᠬᠦᠷᠦᠭᠡᠳ ᠢᠷᠡᠬᠦ ᠶᠤᠮ ᠰᠢᠭ᠋ | ᠰᠣᠪᠢᠲᠠᠭᠠᠳ ᠯᠡ᠂ ᠬᠥᠮᠥᠨ ᠤ ᠬᠢ ᠪᠣᠯᠴᠢᠬᠠᠭᠰᠠᠨ ᠰᠢᠭ᠋ ᠵᠣᠪᠠᠭᠠᠳ ᠯᠡ ᠁ ᠲᠠᠮᠠᠬᠢ ᠪᠠᠨ ᠤᠯᠠᠮ ᠢᠯᠡᠭᠦᠦ | ᠲᠠᠲᠠᠭᠠᠳ ᠯᠡ︾ ᠭᠡᠵᠤ ᠲᠤᠰ ᠰᠢᠯᠦᠭ ᠲᠡᠭᠦᠰᠴᠦ ᠪᠠᠶᠢᠭ᠎ᠠ ᠨᠢ ᠨᠠᠮᠤᠷ ᠤᠨ ᠤᠯᠠᠷᠢᠯ ᠮᠡᠲᠦ ᠪᠠᠶᠢᠭᠠᠯᠢ ᠶᠢᠨ | ᠦᠵᠡᠭᠳᠡᠯ ᠢᠶᠠᠷ ᠪᠢᠰᠢ᠂ ᠬᠠᠷᠢᠨ ︽ᠲᠠᠮᠠᠬᠢ ᠲᠠᠲᠠᠬᠤ ᠦᠢᠯᠡᠳᠦᠯ︾ ᠢᠶᠠᠷ ᠳᠣᠲᠣᠭᠠᠳᠤ ᠰᠡᠳᠬᠢᠯ ᠤᠨ ᠭᠦᠨ ᠠᠴᠠ᠂ | ᠤᠷᠠᠨ ᠲᠣᠳᠣ ᠥᠪᠡᠷᠮᠢᠴᠡ ᠢᠯᠡᠷᠬᠡᠶᠢᠯᠡᠯ ᠢᠶᠠᠷ ᠳᠠᠮᠵᠢᠨ ᠳᠦᠷᠰᠦᠯᠡᠨ ᠭᠠᠷᠭᠠᠭᠰᠠᠨ ᠳᠤ ᠨᠠᠶᠢᠷᠠᠭᠴᠢ ᠶᠢᠨ | ᠥᠪᠡᠷᠮᠢᠴᠡ ᠤᠷ᠎ᠠ ᠵᠦᠢ ᠢᠯᠡᠷᠡᠵᠦ ᠪᠠᠶᠢᠨ᠎ᠠ᠃ ᠤᠴᠢᠷ ᠨᠢ ᠴᠢᠮ᠎ᠠ ᠶᠢ ᠰᠠᠨᠠᠵᠤ ᠪᠣᠳᠣᠵᠤ᠂ ᠬᠠᠶᠢᠷᠠᠯᠠᠵᠤ ᠪᠠᠶᠢᠭ᠎ᠠ | ᠨᠢ ᠲᠠᠮᠠᠬᠢ ᠲᠠᠲᠠᠬᠤ ᠶᠢᠨ ᠰᠢᠯᠲᠠᠭᠠᠨ ᠪᠣᠯᠵᠤ᠂ ︽ᠲᠠᠲᠠᠭᠠᠳ ᠪᠠᠶᠢᠳᠠᠭ ᠦᠢᠯᠡ︾ ᠨᠢ ᠲᠡᠷᠡ ᠬᠦ ᠬᠠᠶᠢᠷ᠎ᠠ ᠶᠢᠨ | ᠬᠢᠨᠢ ᠢᠯᠡᠷᠡᠯ ᠪᠣᠯᠪᠠ᠃ ᠡᠨᠡ ᠶᠠᠮᠠᠷ ᠨᠢᠭᠡᠨ ᠦᠢᠯᠡ ᠪᠠᠷ ᠰᠡᠳᠬᠢᠯ ᠢ ᠢᠯᠡᠷᠬᠡᠶᠢᠯᠡᠭᠰᠡᠨ ᠤ ᠥᠪᠡᠷᠮᠢᠴᠡ ᠵᠢᠱᠢᠶ᠎ᠡ | ᠪᠣᠯᠵᠠᠢ᠃ | ᠡᠨᠡ ᠮᠡᠲᠦ ᠪᠤᠶᠠᠨᠪᠠᠲᠤ ᠶᠢᠨ ᠰᠢᠯᠦᠭ ᠨᠢ ᠶᠠᠪᠤᠬᠤᠯᠠᠩ ᠤᠨ ᠰᠢᠯᠦᠭ ᠤᠨ ᠤᠯᠠ ᠮᠥᠷ ᠬᠠᠷᠠᠭᠳᠠᠵᠤ ᠪᠠᠶᠢᠭ᠎ᠠ | ᠪᠣᠯᠪᠠᠴᠤ᠂ ᠳᠦᠷᠰᠦᠯᠡᠯ᠂ ᠠᠭᠤᠯᠭ᠎ᠠ᠂ ᠦᠵᠡᠯ ᠰᠠᠨᠠᠭ᠎ᠠ᠂ ᠤᠷᠠᠯᠠᠬᠤ ᠡᠷᠳᠡᠮ ᠤᠨ ᠬᠤᠪᠢ ᠳᠤ ᠥᠪᠡᠷ ᠤᠨ ᠪᠡᠶ᠎ᠡ | ᠳᠠᠭᠠᠭᠠᠭᠰᠠᠨ ᠥᠪᠡᠷᠮᠢᠴᠡ ᠪᠦᠲᠦᠭᠡᠯᠴᠢ ᠰᠢᠨᠵᠢ ᠴᠢᠨᠠᠷ ᠲᠠᠢ ᠪᠣᠯᠣᠭᠰᠠᠨ ᠨᠢ ᠢᠯᠠ ᠬᠠᠷᠠᠭᠳᠠᠵᠤ ᠪᠠᠶᠢᠨ᠎ᠠ᠃ ᠡᠭᠦᠨ | ᠠᠴᠠ ᠭᠠᠳᠠᠨ᠎ᠠ᠂ ᠪᠤᠶᠠᠨᠪᠠᠲᠤ ᠶᠢᠨ ᠰᠢᠯᠦᠭ ᠲᠤ ᠪᠠᠰᠠ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ | ᠢᠷᠠᠭᠤ ᠨᠠᠶᠢᠷᠠᠭ ᠤᠨ ᠨᠥᠯᠥᠭᠡ ᠲᠤᠰᠬᠠᠯ ᠬᠠᠷᠠᠭᠳᠠᠳᠠᠭ᠃ | ᠨᠠᠶᠢᠷᠠᠭᠴᠢ ᠪᠤᠶᠠᠨᠪᠠᠲᠤ ᠶᠢᠨ ︽ᠰᠢᠯᠦᠭ ᠪᠢᠴᠢᠬᠦ ᠶᠢᠨ ᠰᠢᠯᠲᠠᠭᠠᠨ︾ ᠭᠡᠬᠦ ᠰᠢᠯᠦᠭ ᠲᠤ ᠡᠶᠢᠮᠦ ᠳᠥᠷᠪᠡᠨ ᠮᠥᠷ | ᠪᠤᠢ᠃ | ᠡᠷ᠎ᠡ ᠬᠥᠮᠥᠨ ᠤ ᠳᠣᠲᠣᠭᠰᠢ ᠪᠠᠨ ᠤᠷᠤᠰᠤᠭᠰᠠᠨ ᠨᠢᠯᠪᠤᠰᠤᠨ ᠳᠤ ᠵᠢᠪᠴᠦ ᠪᠢ ᠰᠢᠯᠦᠭ ᠪᠢᠴᠢᠳᠡᠭ | ᠡᠬᠡ ᠪᠠᠨ ᠰᠠᠨᠠᠭᠰᠠᠨ ᠦᠷ᠎ᠡ ᠶᠢᠨ ᠮᠥᠷᠥᠭᠡᠳᠦᠯ ᠳᠤ ᠣᠩᠭᠤᠨ ᠢᠶᠠᠨ ᠡᠭᠰᠢᠭᠡᠵᠦ ᠪᠢ ᠰᠢᠯᠦᠭ ᠪᠢᠴᠢᠳᠡᠭ | ᠡᠷᠲᠡ ᠳᠡᠭᠡᠳᠦ ᠶᠢᠨ ᠳᠠᠭᠤᠰᠤᠭ᠎ᠠ ᠦᠭᠡᠢ ᠦᠯᠢᠭᠡᠷ ᠲᠤ ᠥᠪᠡᠷ ᠢ ᠪᠠᠨ ᠢᠷᠯᠡᠵᠦ ᠪᠢ ᠰᠢᠯᠦᠭ ᠪᠢᠴᠢᠳᠡᠭ | ᠡᠬᠢᠯᠡᠬᠦ ᠭᠡᠵᠤ ᠲᠡᠭᠦᠰᠦᠭᠰᠡᠨ ᠰᠢᠯᠦᠭ ᠪᠢᠴᠢᠬᠦ ᠶᠢᠨ ᠰᠢᠯᠲᠠᠭᠠᠨ ᠳᠠᠭᠠᠨ ᠰᠢᠨᠠᠯᠵᠤ ᠪᠢ ᠰᠢᠯᠦᠭ ᠪᠢᠴᠢᠳᠡᠭ᠃ | ᠡᠨᠡ ᠰᠢᠯᠦᠭ ᠠᠴᠠ ᠢᠷᠠᠭᠤ ᠨᠠᠶᠢᠷᠠᠭᠴᠢ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ ᠬᠥᠭ ᠠᠶᠠᠰ | ᠰᠣᠨᠣᠰᠳᠠᠵᠤ ᠪᠠᠶᠢᠳᠠᠭ᠃ ᠵᠢᠱᠢᠶ᠎ᠡ ᠨᠢ ᠪ᠊ · ᠯᠾᠠᠬᠠᠪᠠᠰᠦ᠋ᠷᠦᠩ ᠨᠢᠭᠡᠨ ᠰᠢᠯᠦᠭ ᠲᠤ ᠪᠠᠨ ︽ᠥᠪᠡᠷ ᠢ ᠪᠠᠨ ᠡᠯᠡᠭᠡᠵᠦ | ᠥᠷᠥᠭᠡᠯ ᠢ ᠢᠷᠯᠡᠵᠦ ᠳᠠᠭᠤᠰᠬᠤ ᠥᠨᠵᠢᠭᠦᠯ ᠤᠨ ᠴᠡᠩᠬᠡᠷ ᠪᠢᠯᠡᠭᠦᠦ ᠶᠢᠨ ᠬᠡᠯᠲᠡᠷᠬᠡᠢ ᠪᠢ︾ ᠭᠡᠵᠤ ᠰᠢᠯᠦᠭᠯᠡᠭᠰᠡᠨ | ᠪᠠᠶᠢᠳᠠᠭ᠃ ᠲᠤᠰ ᠰᠢᠯᠦᠭ ᠲᠤ ᠭᠠᠷᠬᠤ ︽ᠥᠪᠡᠷ ᠢ ᠢᠷᠯᠡᠬᠦ︾᠂ ︽ᠡᠷ᠎ᠡ ᠬᠥᠮᠥᠨ ᠤ ᠳᠣᠲᠣᠭᠰᠢ ᠪᠠᠨ | ᠤᠷᠤᠰᠤᠭᠰᠠᠨ ᠨᠢᠯᠪᠤᠰᠤ︾ ᠭᠡᠬᠦ ᠮᠡᠲᠦ ᠦᠭᠡ ᠨᠢ ᠪ᠊ · ᠯᠾᠠᠬᠠᠪᠠᠰᠦ᠋ᠷᠦᠩ ᠤᠨ ᠰᠢᠯᠦᠭ ᠠᠳᠠᠯᠢ ᠬᠤᠷᠴᠠ | ᠳᠦᠷᠰᠦᠯᠡᠯ᠂ ᠥᠪᠡᠷᠮᠢᠴᠡ ᠢᠯᠡᠷᠬᠡᠶᠢᠯᠡᠯ ᠪᠠᠶᠢᠭ᠎ᠠ ᠪᠣᠯ ᠲᠤᠰ ᠰᠢᠯᠦᠭ ᠤᠨ ︽ᠡᠬᠢᠯᠡᠬᠦ ᠭᠡᠭᠡᠳ ᠲᠡᠭᠦᠰᠦᠭᠰᠡᠨ | ᠰᠢᠯᠦᠭ ᠪᠢᠴᠢᠬᠦ ᠶᠢᠨ ᠰᠢᠯᠲᠠᠭᠠᠨ ᠳᠤ ᠪᠠᠨ ᠰᠢᠨᠠᠯᠵᠤ︾ ᠭᠡᠬᠦ ᠬᠢᠭᠡᠳ ᠮᠥᠨ ᠰᠢᠯᠦᠭ ᠤᠨ ᠪᠤᠰᠤᠳ ᠮᠥᠷ ᠪᠠᠳᠠᠭ | ᠲᠤ ᠪᠠᠶᠢᠭ᠎ᠠ ᠰᠠᠶᠢᠨ ᠢ ᠨᠢ ᠰᠢᠯᠢᠭᠡᠳ ᠦᠯᠡᠳᠡᠭᠡᠭᠰᠡᠨ ᠡᠮᠵᠡᠭ ᠠᠰᠠᠭᠤᠳᠠᠯ ᠪᠣᠯᠬᠤ ︽ᠵᠣᠪᠠᠯᠠᠩ︾᠂ ︽ᠨᠢᠯᠪᠤᠰᠤ︾ | ᠂ ︽ᠤᠶᠢᠳᠬᠠᠷ︾᠂ ︽ᠮᠥᠬᠦᠯ︾᠂ ︽ᠬᠠᠷᠠᠩᠭᠤᠢ︾ ᠪᠠᠷ ᠨᠢ ︽ᠪᠢ ᠁ ᠰᠢᠯᠦᠭ ᠪᠢᠴᠢᠭᠰᠡᠨ︾᠂ ᠮᠥᠨ | ︽ᠪᠦᠲᠦᠨ ᠪᠣᠯᠵᠤ ᠴᠢᠳᠠᠭ᠎ᠠ ᠦᠭᠡᠢ ᠬᠤᠷᠸ᠎ᠠ ᠶᠢᠨ ᠳᠤᠲᠠᠭᠤ ᠶᠢ ᠨᠥᠬᠦᠵᠦ︾᠂ ︽ᠪᠦᠰᠡᠭᠦᠢ ᠬᠥᠮᠥᠨ ᠤ ᠲᠦᠮᠡᠨ | ᠨᠢᠭᠤᠴᠠ ᠳᠤ ᠨᠡᠪᠲᠡᠷᠡᠵᠦ︾᠂ ︽ᠪᠦᠬᠦᠶᠢᠯᠡ ᠣᠷᠴᠢᠯᠠᠩ ᠤᠨ ᠰᠣᠩᠭᠤᠳᠠᠭ ᠭᠤᠨᠢᠭ ᠢ ᠮᠡᠳᠡᠷᠡᠵᠦ︾᠂ ︽ᠪᠤᠷᠬᠠᠨ | ᠪᠤᠭ ᠬᠤᠶᠠᠷ ᠤᠨ ᠠᠭᠤᠯᠵᠠᠪᠤᠷᠢ ᠳᠡᠭᠡᠷ᠎ᠡ ᠁︾ ᠪᠢ ︽ᠰᠢᠯᠦᠭ ᠪᠢᠴᠢᠳᠡᠭ︾ ᠭᠡᠰᠡᠨ ᠮᠥᠷ ᠪᠠᠶᠢᠳᠠᠭ ᠨᠢ ᠳ᠋᠊ · | ᠤᠷᠢᠶᠠᠩᠬᠠᠢ᠂ ᠣ᠂ ᠳᠠᠰᠢᠪᠠᠯᠪᠠᠷ ᠤᠨ ᠠᠳᠠᠯᠢ ᠮᠠᠰᠢ ᠡᠷᠡᠮᠡᠬᠡᠢ᠂ ᠬᠤᠷᠴᠠ᠂ ᠰᠣᠳᠣᠨ ᠪᠥᠭᠡᠳ ᠭᠦᠨ ᠪᠢᠰᠢᠯᠭᠠᠯ | ᠤᠨ ᠠᠶᠠᠰ ᠲᠠᠢ ᠰᠢᠯᠦᠭ ᠪᠣᠯᠣᠭᠰᠠᠨ ᠨᠢ ᠨᠠᠶᠢᠷᠠᠭᠴᠢ ᠪᠤᠶᠠᠨᠪᠠᠲᠤ ᠶᠢᠨ ᠤᠷᠠᠯᠠᠬᠤ ᠮᠡᠷᠭᠡᠵᠢᠯ᠂ ᠠᠪᠢᠶᠠᠰ ᠪᠢᠯᠢᠭ ᠤᠨ | ᠨᠢᠭᠡᠨ ᠥᠪᠡᠷᠮᠢᠴᠡ ᠲᠠᠯ᠎ᠠ ᠢᠯᠡᠷᠡᠭᠰᠡᠨ ᠪᠠᠶᠢᠭ᠎ᠠ ᠶᠤᠮ᠃ ᠰᠠᠶᠢᠨ ᠰᠢᠯᠦᠭ ᠭᠡᠭᠴᠢ ᠢᠷᠠᠭᠤ ᠨᠠᠶᠢᠷᠠᠭᠴᠢ ᠪ᠊ · | ᠶᠠᠪᠤᠬᠤᠯᠠᠩ ᠤᠨ ᠬᠡᠯᠡᠭᠰᠡᠨ ᠮᠡᠲᠦ ︽ᠭᠠᠵᠢ ᠣᠨᠳᠣᠣ ᠪᠠᠷ ᠪᠢᠰᠢ᠂ ᠭᠠᠷᠴᠠᠭ᠎ᠠ ᠦᠭᠡᠢ ᠨᠣᠮ ᠢᠶᠠᠷ ᠨᠢ ᠤᠷᠠᠯᠠᠵᠤ︾ | ᠪᠦᠲᠦᠭᠡᠭᠰᠡᠨ ᠭᠡᠳᠡᠭ ᠶᠣᠰᠣ ᠡᠭᠦᠨ ᠢ ᠬᠠᠷᠠᠭᠤᠯᠵᠤ ᠪᠠᠶᠢᠨ᠎ᠠ᠃ ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠳᠡᠭᠡᠷ᠎ᠡ | ᠳᠤᠷᠠᠳᠤᠭᠰᠠᠨ ᠪ᠊ · ᠶᠠᠪᠤᠬᠤᠯᠠᠩ᠂ ᠪ᠊ · ᠯᠾᠠᠬᠠᠪᠠᠰᠦ᠋ᠷᠦᠩ᠂ ᠳ᠋᠊ · ᠤᠷᠢᠶᠠᠩᠬᠠᠢ ᠨᠠᠷ ᠤᠨ ᠠᠳᠠᠯᠢ ᠨᠢᠭᠡᠨ ᠰᠢᠨ᠎ᠡ | ᠣᠳᠣ ᠲᠡᠭᠷᠢ ᠳᠡᠭᠡᠷ᠎ᠡ ᠵᠡᠷᠭᠡᠴᠡᠨ ᠭᠢᠯᠠᠯᠵᠠᠵᠤ ᠪᠠᠶᠢᠬᠤ ᠰᠢᠭ᠋ ᠲᠥᠷᠥᠭᠳᠡᠯ ᠢ ᠥᠭᠴᠦ ᠪᠠᠶᠢᠨ᠎ᠠ᠃ | ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠳᠡᠭᠡᠷ᠎ᠡ ᠥᠭᠦᠯᠡᠭᠰᠡᠨ ᠤᠷ᠎ᠠ ᠤᠬᠠᠭᠠᠨ ᠤ ᠡᠷᠳᠡᠮ ᠢ ᠢᠷᠯᠡᠵᠦ | ᠪᠦᠲᠦᠭᠡᠭᠳᠡᠭᠰᠡᠨ ᠰᠢᠨᠵᠢ ᠪᠠᠶᠢᠬᠤ ᠶᠢᠨ ᠵᠡᠷᠭᠡᠴᠡᠭᠡ ᠪᠢ ᠲᠡᠭᠦᠨ ᠢ ᠪᠠᠰᠠ ᠬᠤᠷᠴᠠ ᠬᠦᠨᠳᠦ ᠠᠰᠠᠭᠤᠳᠠᠯ ᠢ ᠬᠥᠨᠳᠡᠵᠦ | ᠂ ᠷᠢ᠊ · ᠴᠣᠶᠢᠨᠣᠮ ᠠᠳᠠᠯᠢ ᠰᠢᠭᠦᠮᠵᠢᠯᠡᠬᠦ ᠰᠡᠳᠬᠢᠯᠭᠡ ᠲᠠᠢ᠂ ᠣ᠂ ᠳᠠᠰᠢᠪᠠᠯᠪᠠᠷ ᠠᠳᠠᠯᠢ ᠬᠡᠷᠡᠭ ᠶᠠᠭᠤᠮ᠎ᠠ ᠶᠢ | ᠤᠴᠢᠷᠯᠠᠨ ᠲᠠᠶᠢᠯᠪᠤᠷᠢᠯᠠᠵᠤ ᠳᠦᠷᠰᠦᠯᠡᠬᠦ ᠶᠠᠩᠵᠤ ᠪᠦᠷᠢ ᠶᠢᠨ ᠠᠶᠠᠰ ᠪᠦᠬᠦ ᠰᠢᠯᠦᠭ ᠵᠣᠬᠢᠶᠠᠯ ᠳᠤᠨᠢ ᠠᠭᠤᠰᠤᠨ | ᠰᠢᠩᠭᠡᠭᠰᠡᠨ ᠪᠠᠶᠢᠳᠠᠭ᠃ ᠲᠡᠶᠢᠮᠦ ᠤᠴᠢᠷ ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠳᠤ ᠨᠢ ᠬᠥᠮᠥᠨ ᠠᠷᠠᠳ ᠢ | ᠤᠬᠠᠭᠠᠷᠠᠭᠤᠯᠬᠤ ᠭᠡᠰᠡᠨ᠂ ᠨᠡᠶᠢᠭᠡᠮ ᠢ ᠶᠢᠨ ᠮᠠᠭᠤ ᠮᠠᠭᠤᠬᠠᠢ ᠶᠢ ᠶᠠᠰᠤᠨ ᠳᠤ ᠪᠠᠨ ᠣᠷᠣᠲᠠᠯ᠎ᠠ ᠬᠤᠷᠣᠰᠤᠭᠰᠠᠨ | ᠵᠠᠨᠤᠯᠬᠢᠯᠠᠭᠰᠠᠨ ᠪᠠᠶᠢᠳᠠᠭ᠃ ᠭᠡᠬᠦ ᠳᠡᠭᠡᠨ ᠰᠢᠭᠤᠳ ᠪᠤᠰᠤ ᠪᠢᠲᠡᠭᠦᠦ᠂ ᠳᠠᠯᠳᠠ᠂ ᠤᠷᠠᠨ ᠳᠦᠷᠰᠦᠯᠡᠯ ᠢᠶᠠᠷ | ᠢᠯᠡᠷᠬᠡᠶᠢᠯᠡᠭᠰᠡᠨ ᠨᠢ ᠭᠠᠶᠢᠬᠠᠮᠰᠢᠭ ᠶᠤᠮ᠃ ᠵᠢᠱᠢᠶ᠎ᠡ ᠨᠢ ︽ᠰᠠᠭᠠᠷᠠᠯ ᠬᠤᠲᠠ ᠶᠢᠨ ᠬᠥᠮᠥᠰ︾ ᠭᠡᠳᠡᠭ ᠪᠣᠯ ᠬᠥᠮᠥᠨ | ᠤ ᠮᠥᠨ ᠴᠢᠨᠠᠷ ᠰᠠᠭᠠᠷᠠᠯᠳᠤᠵᠤ ᠪᠠᠶᠢᠭ᠎ᠠ ᠶᠢ ᠲᠤᠰᠬᠠᠵᠤ᠂ ᠪᠠᠰᠠ ᠬᠥᠮᠥᠨ ᠬᠥᠮᠥᠨ ᠢᠶᠠᠨ ᠢᠳᠡᠬᠦ᠂ ᠬᠥᠮᠥᠨ ᠬᠥᠮᠥᠨ | ᠢᠶᠠᠨ ᠮᠥᠬᠦᠭᠡᠬᠦ ᠮᠡᠲᠦ ᠬᠠᠷᠠᠩᠭᠤᠢ ᠶᠢᠨ ᠲᠤᠰᠬᠠᠯ ᠪᠠᠶᠢᠭ᠎ᠠ ᠶᠤᠮ᠃ ᠲᠡᠷᠡ ︽ᠬᠥᠮᠥᠨ ᠲᠥᠷᠥᠯᠬᠢᠲᠡᠨ᠂ ᠮᠥᠨ | ᠴᠢᠨᠠᠷ᠂ ᠮᠥᠬᠦᠯ ᠰᠤᠶᠢᠷᠠᠯ︾ ᠰᠢᠯᠦᠭ ᠲᠤ ᠪᠠᠨ᠂ | ᠣᠷᠴᠢᠯᠠᠩ ᠬᠤᠷᠸ᠎ᠠ ᠶᠢᠨ ᠪᠦᠬᠦ ᠶᠠᠭᠤᠮ᠎ᠠ ᠬᠥᠮᠥᠨ ᠲᠥᠷᠥᠯᠬᠢᠲᠡᠨ ᠤ ᠬᠢ ᠪᠠᠶᠢᠬᠤ ᠤᠴᠢᠷᠲᠠᠢ | ᠣᠪᠣᠶᠢᠵᠤ ᠱᠣᠪᠣᠶᠢᠭᠰᠠᠨ ᠪᠦᠬᠦ ᠵᠦᠢᠯ ᠬᠥᠮᠥᠨ ᠲᠥᠷᠥᠯᠬᠢᠲᠡᠨ ᠳᠤ ᠨᠣᠮᠣᠬᠠᠨ ᠭᠦᠯᠢᠴᠠᠩᠭᠦᠢ ᠦᠢᠯᠡᠴᠢᠯᠡᠬᠦ | ᠶᠣᠰᠣᠲᠠᠢ | ᠰᠢᠷᠭᠤᠯᠵᠢ ᠡᠭᠦᠷ ᠢᠶᠠᠨ ᠣᠩᠭᠤᠶᠢᠯᠭᠠᠬᠤ ᠳᠤ ᠬᠥᠮᠥᠨ ᠠᠴᠠ ᠵᠥᠪᠰᠢᠶᠡᠷᠡᠯ ᠠᠪᠤᠭᠰᠠᠨ ᠪᠠᠶᠢᠬᠤ ᠬᠡᠷᠡᠭᠲᠡᠢ | ᠰᠢᠪᠠᠭᠤᠳ ᠳᠠᠭᠤᠤ ᠪᠠᠨ ᠳᠠᠭᠤᠯᠠᠬᠤ ᠳᠤ ᠬᠥᠮᠥᠨ ᠠᠴᠠ ᠠᠯᠪᠠᠨ ᠭᠡᠷᠡᠴᠢᠯᠡᠭᠡ ᠬᠢᠯᠭᠡᠭᠰᠡᠨ ᠪᠠᠶᠢᠬᠤ ᠬᠡᠷᠡᠭᠲᠡᠢ | ᠵᠡᠭᠡᠷ᠎ᠡ ᠬᠡᠳᠦᠢ ᠬᠦᠷᠲᠡᠯ᠎ᠡ ᠦᠷᠡᠵᠢᠬᠦ ᠪᠠᠨ ᠰᠤᠮᠤ ᠳᠠᠷᠢ ᠠᠴᠠ ᠥᠷᠥᠰᠢᠶᠡᠯ ᠭᠤᠶᠤᠭᠰᠠᠨ ᠪᠠᠶᠢᠬᠤ ᠬᠡᠷᠡᠭᠲᠡᠢ | ᠢᠮᠠᠭ᠎ᠠ ᠬᠠᠮᠢᠭᠠᠭᠤᠷ ᠬᠡᠵᠢᠶ᠎ᠡ ᠪᠣᠯᠲᠠᠯ᠎ᠠ ᠪᠡᠯᠴᠢᠬᠦ ᠪᠠᠨ ᠵᠠᠰᠠᠭ ᠲᠥᠷᠥ ᠠᠴᠠ ᠴᠢᠷᠠᠶᠢᠴᠢᠯᠠᠭᠰᠠᠨ ᠪᠠᠶᠢᠬᠤ ᠬᠡᠷᠡᠭᠲᠡᠢ ᠁ | | ︵ᠬᠡᠷᠢᠶ᠎ᠡ ᠬᠥᠮᠥᠨ ᠬᠤᠶᠠᠷ ᠤᠨ ᠬᠡᠨ ᠨᠢ ᠴᠣᠬᠤᠮ ᠬᠠᠷ᠎ᠠ ᠶᠤᠮ ᠪᠣᠯ ᠡ⁉︶ | ᠬᠡᠷᠢᠶ᠎ᠡ ᠬᠠᠷ᠎ᠠ ᠪᠣᠯᠪᠠᠴᠤ ᠦᠷ᠎ᠡ ᠳᠡᠭᠡᠨ᠂ ᠪᠠᠶᠢᠭᠠᠯᠢ ᠳᠡᠯᠡᠬᠡᠢ ᠳᠡᠭᠡᠨ ᠴᠠᠭᠠᠨ ᠪᠦᠯᠦᠭᠡ᠃ | ᠬᠡᠷᠢᠶ᠎ᠡ ᠬᠠᠷ᠎ᠠ ᠪᠣᠯᠪᠠᠴᠤ ᠮᠡᠳᠡᠭᠡᠯᠡᠯ ᠤᠨ ᠴᠠᠭᠠᠨ ᠰᠢᠪᠠᠭᠤ ᠪᠦᠯᠦᠭᠡ᠃ | ᠭᠡᠲᠡᠯ᠎ᠡ ᠬᠥᠮᠥᠨ ᠥᠪᠡᠷ ᠢᠶᠠᠨ ᠬᠡᠷᠢᠶ᠎ᠡ ᠳᠤ ᠴᠦ ᠶᠤᠮ ᠦᠦ ᠬᠢᠯᠭᠠᠨ᠎ᠠ ᠳᠤ ᠴᠦ ᠶᠤᠮ ᠦᠦ ᠭᠡᠭᠡᠨ ᠴᠠᠭᠠᠨ | ᠬᠠᠷᠠᠭᠳᠠᠳᠠᠭ ᠭᠡᠵᠢ ᠦᠦ⁉ | ᠭᠠᠭ᠋ᠠᠢ ᠳᠤᠷᠠᠲᠠᠢ ᠳᠠᠭᠠᠨ ᠲᠠᠷᠭᠤᠯᠠᠵᠤ ᠪᠠᠶᠢᠭ᠎ᠠ ᠶᠤᠮ ᠪᠢᠰᠢ ᠡ ᠁ ᠴᠤᠯᠴᠠᠯᠵᠠᠭᠰᠠᠨ ᠥᠭᠡᠬᠦ ᠶᠢ ᠠᠮᠠ ᠬᠠᠮᠠᠷ | ᠢᠶᠠᠨ ᠣᠯᠬᠤ ᠦᠭᠡᠢ ᠭᠤᠯᠭᠤᠭᠤᠯᠵᠤ ᠰᠠᠭᠤᠬᠤ ᠳᠠᠭᠠᠨ ᠵᠦᠭᠡᠷ ᠪᠠᠶᠢᠬᠤ ᠦᠭᠡᠢ ᠪᠠᠰᠠ ᠵᠠᠯᠬᠠᠭᠤ ᠬᠥᠯᠴᠥᠭᠦᠦ᠂ | ᠵᠠᠪᠠᠭᠠᠨ ᠮᠠᠭᠤᠬᠠᠢ᠂ ᠲᠠᠷᠢᠬᠢ ᠳᠤᠨᠳᠠᠭᠤᠷ᠂ ᠲᠠᠪᠢᠯᠠᠩ ᠪᠠᠷᠤᠭᠲᠠᠢ ᠁ ᠪᠠᠨ ︽ᠭᠠᠭ᠋ᠠᠢ ᠰᠢᠭ᠋︾ ᠭᠡᠵᠤ | ᠳᠣᠷᠣᠮᠵᠢᠯᠠᠬᠤ ᠳᠤᠷᠠᠲᠠᠢ ᠶᠢ ᠶᠠᠭᠠᠬᠢᠨ᠎ᠠ᠃ ᠮᠥᠨ ᠠᠳᠠᠯᠢ ᠪᠠᠷ ᠲᠠᠬᠢᠶ᠎ᠠ ᠨᠣᠬᠠᠢ ᠮᠤᠤᠷ ᠨᠤᠭᠤᠰᠤ ᠁ ᠮᠡᠲᠦ | ᠶᠢᠨ ᠭᠠᠷᠰᠢᠭᠤᠯᠤᠭᠰᠠᠨ ᠠᠮᠢᠲᠠᠳ ᠤᠨ ᠪᠠᠶᠢᠭᠠᠯᠢᠯᠢᠭ ᠴᠢᠳᠠᠪᠤᠷᠢ ᠶᠢ ᠨᠢ ᠪᠠᠯᠠᠯᠵᠤ ᠪᠠᠷᠠᠭᠳᠠᠭᠤᠯᠴᠢᠬᠠᠭᠠᠳ᠂ ᠮᠠᠭᠤ | ᠪᠦᠬᠦᠨ ᠢᠶᠠᠨ ᠲᠡᠳ᠋ᠨ ᠨᠠᠷ ᠢᠶᠠᠷ ᠵᠦᠢᠷᠯᠡᠵᠦ᠂ ᠲᠠᠪᠠ ᠲᠤᠬ᠎ᠠ ᠪᠠᠨ ᠳᠡᠪᠲᠦᠭᠡᠨ ᠳᠦᠪᠴᠢᠭᠡᠨᠡᠬᠦ ᠨᠢ ᠭᠠᠶᠢᠬᠠᠮᠠᠷ ᠵᠦᠢᠯ | ᠪᠢᠰᠢ᠃ | ᠡᠨᠡ ᠪᠣᠯ ᠬᠥᠮᠥᠨ ᠲᠥᠷᠥᠯᠬᠢᠲᠡᠨ ᠤ ᠭᠡᠮ ᠪᠢᠰᠢ ᠵᠠᠩ᠂ ᠪᠦᠷ ᠲᠣᠳᠣᠷᠠᠭᠤᠯᠵᠤ ᠬᠡᠯᠡᠪᠡᠯ ᠢᠯᠠᠨ ᠳᠠᠯᠠᠨ ᠦᠭᠡᠢ | ᠮᠥᠨ ᠴᠢᠨᠠᠷ ᠨᠢ ︵︽ᠬᠥᠮᠥᠨ ᠲᠥᠷᠥᠯᠬᠢᠲᠡᠨ᠂ ᠮᠥᠨ ᠴᠢᠨᠠᠷ᠂ ᠮᠥᠬᠦᠯ ᠰᠤᠶᠢᠷᠠᠯ︾︶᠃ | ᠡᠨᠡ ᠰᠢᠯᠦᠭ ᠲᠤ ᠬᠥᠮᠥᠨ ᠲᠥᠷᠥᠯᠬᠢᠲᠡᠨ ᠢ ︽ᠡᠨᠡ ᠶᠢᠷᠲᠢᠨᠴᠦ ᠶᠢᠨ ᠴᠣᠷ ᠭᠠᠭᠴᠠ ᠁ ᠭᠠᠷᠴᠠᠭ᠎ᠠ ᠦᠭᠡᠢ | ︵ᠮᠠᠷᠭᠤᠰᠢ ᠦᠭᠡᠢ︶ ᠡᠵᠡᠨ ᠨᠢ ᠪᠠᠶᠢᠬᠤ ᠶᠣᠰᠣᠲᠠᠢ︾ ᠭᠡᠵᠤ ᠥᠭᠦᠯᠡᠭᠰᠡᠨ ᠪᠣᠯᠪᠠᠴᠤ᠂ ᠴᠠᠭᠠᠨᠠᠬᠢ ᠤᠳᠬ᠎ᠠ ᠨᠢ | ᠡᠵᠡᠨ ᠪᠠᠶᠢᠬᠤ ᠶᠢᠨ ᠤᠴᠢᠷ᠂ ᠶᠢᠷᠲᠢᠨᠴᠦ ᠶᠢ ᠬᠠᠶᠢᠷᠠᠯᠠᠬᠤ᠂ ᠬᠠᠷᠢᠭᠤᠴᠠᠬᠤ᠂ ᠶᠢᠷᠲᠢᠨᠴᠦ ᠶᠢᠨ ᠪᠦᠬᠦ ᠶᠠᠭᠤᠮ᠎ᠠ ᠶᠢ | ᠵᠢᠮ᠎ᠡ ᠬᠠᠤᠯᠢ ᠪᠠᠷ ᠨᠢ᠂ ᠪᠠᠶᠠᠷ ᠪᠠᠶᠠᠰᠬᠤᠯᠠᠩ ᠢᠶᠠᠷ ᠤᠳᠤᠷᠢᠳᠬᠤ ᠬᠡᠷᠡᠭᠲᠡᠢ ᠭᠡᠰᠡᠨ ᠰᠠᠨᠠᠭ᠎ᠠ ᠶᠢ ᠢᠯᠡᠷᠬᠡᠶᠢᠯᠡᠵᠡᠢ᠃ | ᠬᠥᠮᠥᠨ ᠨᠢ ᠬᠡᠷᠢᠶ᠎ᠡ ᠠᠴᠠ ᠬᠠᠷ᠎ᠠ᠂ ᠬᠠᠷᠠᠩᠭᠤᠢ ᠪᠠᠶᠢᠵᠤ ᠶᠠᠭᠠᠬᠢᠵᠤ ᠡᠵᠡᠨ ᠪᠣᠯᠬᠤ ᠪᠤᠢ︖ ᠬᠥᠮᠥᠨ ᠤ ᠲᠥᠯᠥᠭᠡ | ᠨᠠᠶᠢᠷᠠᠭᠴᠢ ᠢᠴᠢᠵᠦ ᠰᠢᠷᠪᠢᠭᠰᠡᠨ ᠪᠠᠶᠢᠨ᠎ᠠ᠃ ᠬᠥᠮᠥᠨ ᠬᠥᠮᠥᠨ ᠳᠤ ᠪᠠᠨ ᠬᠡᠷᠬᠢᠨ ᠬᠠᠨᠳᠤᠬᠤ ᠶᠢ ᠨᠠᠶᠢᠷᠠᠭᠴᠢ | ᠰᠢᠭᠤᠳ ᠬᠡᠯᠡᠭᠡ ᠦᠭᠡᠢ ᠪᠣᠯᠪᠠᠴᠤ᠂ ᠠᠮᠢᠲᠠᠨ ᠳᠤ᠂ ᠪᠠᠶᠢᠭᠠᠯᠢ ᠶᠢᠷᠲᠢᠨᠴᠦ ᠳᠤ ︽ᠨᠢᠳᠦ ᠦᠭᠡᠢ︾᠂ ︽ᠰᠡᠳᠬᠢᠯ | ᠦᠭᠡᠢ︾ ᠬᠠᠷᠭᠢᠰ ᠢᠶᠠᠷ ᠬᠠᠨᠳᠤᠵᠤ ᠪᠠᠶᠢᠭ᠎ᠠ ᠲᠤᠯᠠ ᠭᠠᠷᠴᠠᠭ᠎ᠠ ᠦᠭᠡᠢ ᠠᠴᠢ ᠲᠤᠰᠠ ᠬᠢᠵᠦ ᠪᠠᠶᠢᠭ᠎ᠠ᠂ ᠰᠠᠶᠢᠨ ᠤ | ᠲᠥᠯᠥᠭᠡ ᠵᠢᠳᠬᠦᠵᠦ ᠪᠠᠶᠢᠭ᠎ᠠ ᠦᠨᠡᠨ ᠵᠢᠷᠦᠬᠡᠲᠡᠨ ᠳᠤ ᠬᠥᠮᠥᠨ ᠪᠤᠰᠤ ᠪᠠᠷ ᠬᠠᠨᠳᠤᠬᠤ ᠨᠢ ᠭᠠᠷᠴᠠᠭ᠎ᠠ ᠦᠭᠡᠢ᠃ | ᠡᠶᠢᠮᠦ ᠠᠴᠠ ︽ᠬᠥᠮᠥᠨ ᠲᠥᠷᠥᠯᠬᠢᠲᠡᠨ᠂ ᠮᠥᠨ ᠴᠢᠨᠠᠷ᠂ ᠮᠥᠬᠦᠯ ᠰᠤᠶᠢᠷᠠᠯ︾ ᠭᠡᠵᠤ ᠰᠢᠯᠦᠭ ᠢᠶᠠᠨ ᠨᠡᠷᠡᠯᠡᠭᠰᠡᠨ | ᠨᠢ ᠤᠴᠢᠷᠲᠠᠢ ᠶᠤᠮ᠃ ᠮᠥᠨ ᠪᠠᠶᠢᠭᠠᠯᠢ ᠶᠢᠷᠲᠢᠨᠴᠦ ᠭᠡᠭᠴᠢ ᠪᠠᠰᠠ ᠥᠪᠡᠷ ᠤᠨ ᠵᠢᠮ᠎ᠡ ᠲᠠᠢ ᠶᠤᠮ᠃ ᠨᠠᠶᠢᠷᠠᠭᠴᠢ ︽ | ᠡᠬᠢᠯᠡᠯ ᠪᠤᠰᠤ ᠲᠡᠭᠦᠰᠬᠡᠯ ᠪᠤᠰᠤ︾ ᠰᠢᠯᠦᠭ ᠲᠤ ᠪᠠᠨ᠄ | ᠬᠥᠮᠥᠨ ᠦᠬᠦᠬᠦ ᠶᠢᠨ ᠲᠥᠯᠥᠭᠡ ᠮᠡᠨᠳᠦᠯᠡᠳᠡᠭ ᠪᠤᠰᠤ | ᠬᠦᠢᠲᠡᠨ ᠬᠠᠯᠠᠭ᠋ᠳ ᠰᠡᠯᠭᠦᠬᠦ ᠬᠤᠷᠸ᠎ᠠ ᠳᠤ | ᠣᠯᠳᠠᠭᠰᠠᠨ ᠭᠠᠭᠴᠠ ᠨᠠᠰᠤᠨ ᠳᠠᠭᠠᠨ ᠵᠢᠷᠭᠠᠬᠤ ᠭᠡᠵᠤ | ᠣᠨᠣᠭᠳᠠᠭᠰᠠᠨ ᠵᠣᠪᠠᠯᠠᠩ ᠲᠠᠢ ᠪᠠᠨ ᠳᠡᠷᠰᠡᠯᠳᠤᠵᠤ ᠠᠮᠢᠳᠤᠷᠠᠳᠠᠭ | ᠬᠤᠨᠢ ᠥᠷᠥᠴᠡᠯᠡᠭᠦᠯᠬᠦ ᠶᠢᠨ ᠲᠥᠯᠥᠭᠡ ᠦᠷᠡᠵᠢᠳᠡᠭ ᠪᠤᠰᠤ | ᠬᠤᠷᠣᠭᠳᠠᠬᠤ ᠨᠡᠮᠡᠭᠳᠡᠬᠦ ᠢᠬᠡᠷᠡᠯᠡᠬᠦ ᠰᠢᠯᠲᠠᠭᠠᠨ ᠳᠤ | ᠬᠤᠷᠢᠶ᠎ᠠ ᠬᠠᠰᠢᠶ᠎ᠠ ᠪᠠᠨ ᠰᠦᠯᠡᠬᠦ ᠭᠡᠵᠤ | ᠬᠢᠲᠤᠭᠠᠨ ᠤ ᠢᠷ ᠲᠠᠢ ᠵᠣᠷᠢᠵᠤ ᠪᠡᠯᠴᠢᠳᠡᠭ ᠭᠡᠬᠦ ᠮᠡᠲᠦ ᠮᠠᠰᠢ ᠭᠦᠨ ᠤᠬᠠᠭᠠᠯᠢᠭ ᠰᠢᠯᠦᠭ ᠮᠥᠷ ᠢ ᠪᠢᠴᠢᠭᠰᠡᠨ | ᠪᠠᠶᠢᠨ᠎ᠠ᠃ ᠶᠠᠮᠠᠷ ᠴᠦ ᠶᠠᠭᠤᠮ᠎ᠠ ᠠᠮᠢᠳᠤᠷᠠᠨ ᠣᠷᠣᠰᠢᠬᠤ ᠶᠢᠨ ᠲᠤᠯᠠ ᠬᠠᠷᠰᠢ ᠵᠦᠢᠯ ᠲᠠᠢ ᠲᠡᠮᠡᠴᠡᠵᠦ᠂ ᠬᠤᠪᠢ | ᠣᠷᠣᠰᠢᠬᠤᠢ ᠶᠢ ᠪᠠᠲᠤᠯᠠᠬᠤ ᠨᠢ ᠵᠦᠢᠲᠡᠢ ᠭᠡᠳᠡᠭ ᠢ ᠥᠭᠦᠯᠡᠭᠰᠡᠨ ᠪᠠᠶᠢᠨ᠎ᠠ᠃ ᠲᠡᠷᠡᠴᠢᠯᠡᠨ ᠡᠨᠡ ᠰᠢᠯᠦᠭ ᠤᠨ | ᠳᠠᠷᠠᠭ᠎ᠠ ᠶᠢᠨ ᠪᠠᠳᠠᠭ ᠲᠤ ︽ᠴᠡᠴᠡᠭ ᠵᠤᠯᠭᠠᠷᠠᠬᠤ ᠶᠢᠨ ᠲᠥᠯᠥᠭᠡ ᠳᠡᠯᠭᠡᠷᠡᠳᠡᠭ ᠪᠤᠰᠤ︾᠂ ᠬᠠᠷᠢᠨ ︽ᠤᠯᠠᠷᠢᠯ ᠤᠨ | ᠪᠣᠭᠤᠨᠢ ᠲᠠᠢ ᠥᠷᠢᠰᠴᠦ ᠤᠷᠭᠤᠳᠠᠭ︾᠂ ︽ᠨᠠᠷᠠ ᠵᠢᠷᠭᠠᠬᠤ ᠶᠢᠨ ᠲᠥᠯᠥᠭᠡ ᠮᠠᠨᠳᠤᠳᠠᠭ ᠪᠤᠰᠤ︾᠂ ︽ᠤᠴᠢᠭ | ᠬᠠᠷᠠᠩᠭᠤᠢ ᠲᠠᠢ ᠤᠷᠠᠯᠴᠠᠵᠤ ᠡᠷᠭᠢᠳᠡᠭ︾ ᠭᠡᠬᠦ ᠮᠡᠲᠦᠴᠢᠯᠡᠨ᠂ ᠬᠥᠮᠥᠨ ᠠᠮᠢᠲᠠᠨ᠂ ᠤᠷᠭᠤᠮᠠᠯ᠂ ᠪᠠᠶᠢᠭᠠᠯᠢ ᠶᠢᠨ ︽ | ᠡᠬᠢᠯᠡᠯ ᠲᠡᠭᠦᠰᠬᠡᠯ︾ ᠨᠢ ᠬᠢᠵᠠᠭᠠᠷ ᠦᠭᠡᠢ ᠲᠡᠮᠡᠦᠯᠵᠦ᠂ ᠥᠰᠦᠨ ᠥᠭᠡᠳᠡᠯᠡᠬᠦ ᠶᠢᠨ ᠪᠡᠯᠭᠡᠳᠡᠯ ᠪᠣᠯᠵᠤ ᠪᠠᠶᠢᠳᠠᠭ ᠢ | ᠳᠦᠷᠰᠦᠯᠡᠨ ᠢᠯᠡᠷᠬᠡᠶᠢᠯᠡᠪᠡ᠃ ᠡᠨᠡ ᠨᠢ ᠶᠢᠷᠲᠢᠨᠴᠦ ᠶᠢᠨ ᠬᠡᠷᠡᠭ ᠶᠠᠭᠤᠮ᠎ᠠ ᠶᠢᠨ ᠡᠭᠦᠰᠦᠯ ᠲᠡᠭᠦᠰᠬᠡᠯ ᠤᠨ ᠲᠤᠬᠠᠢ | ᠨᠠᠶᠢᠷᠠᠭᠴᠢ ᠶᠢᠨ ᠨᠢᠭᠡᠨ ᠥᠪᠡᠷᠮᠢᠴᠡ ᠲᠠᠨᠢᠯᠲᠠ᠂ ᠠᠮᠢᠳᠤᠷᠠᠨ ᠣᠷᠣᠰᠢᠬᠤᠢ ᠶᠢᠨ ᠬᠠᠤᠯᠢ ᠵᠦᠢ ᠪᠣᠯᠬᠤ ᠭᠦᠨ | ᠤᠳᠬ᠎ᠠ ᠶᠢ ᠢᠯᠡᠷᠬᠡᠶᠢᠯᠡᠭᠰᠡᠨ ᠶᠤᠮ᠃ | ᠨᠠᠶᠢᠷᠠᠭᠴᠢ ᠪᠤᠶᠠᠨᠪᠠᠲᠤ ᠶᠢᠨ ᠰᠢᠨᠠᠯᠤᠯ ᠨᠢ ᠬᠥᠮᠥᠨ ᠲᠥᠷᠥᠯᠬᠢᠲᠡᠨ ᠤ ᠣᠷᠣᠰᠢᠨ ᠲᠣᠭᠲᠠᠨᠢᠬᠤ ᠶᠢᠨ ᠭᠦᠨ | ᠠᠰᠠᠭᠤᠳᠠᠯ ᠢ ᠬᠥᠨᠳᠡᠵᠦ᠂ ᠮᠥᠬᠦᠯ ᠤᠨ ᠢᠷᠮᠡᠭ ᠲᠤ ᠲᠤᠯᠵᠤ ᠪᠠᠶᠢᠭ᠎ᠠ ᠬᠥᠮᠥᠨ ᠴᠢᠨᠠᠷ ᠢ ᠠᠪᠤᠷᠠᠬᠤ ᠭᠡᠰᠡᠨ ᠠᠭᠤᠤ | ᠬᠦᠰᠡᠯᠡᠩ ᠪᠠᠶᠢᠭ᠎ᠠ ᠶᠤᠮ᠃ ᠡᠶᠢᠮᠦ ᠤᠴᠢᠷ ᠪᠤᠰᠤᠳ ᠨᠠᠶᠢᠷᠠᠭᠴᠢ ᠶᠢᠨ ᠬᠡᠳᠦᠢ ᠦᠶ᠎ᠡ ᠠᠴᠠ ᠳᠠᠭᠤᠯᠠᠭᠠᠳ | ᠢᠷᠡᠭᠰᠡᠨ ︽ᠪᠢ︾᠂ ︽ᠣᠷᠣᠰᠢᠬᠤᠢ ᠶᠢᠨ ᠬᠤᠪᠢ ᠵᠠᠶᠠᠭᠠᠨ︾ ᠤ ᠠᠰᠠᠭᠤᠳᠠᠯ ᠢ ᠨᠠᠶᠢᠷᠠᠭᠴᠢ ᠥᠨᠥ ᠶᠢᠨ ᠬᠥᠮᠥᠨ | ᠤ ᠨᠢᠳᠦ ᠴᠢᠬᠢ ᠪᠠᠷ᠂ ᠳᠠᠭᠤ ᠬᠤᠭᠤᠯᠠᠢ ᠪᠠᠷ ᠦᠷᠭᠦᠯᠵᠢᠯᠡᠨ᠂ ᠬᠦᠴᠦᠲᠡᠢ ᠳᠠᠭᠤᠯᠠᠭᠴᠢ ᠶᠢᠨ ᠨᠢᠭᠡ ᠶᠤᠮ᠃ | ᠲᠡᠭᠦᠨ ᠤ ᠰᠢᠯᠦᠭ ᠵᠣᠬᠢᠶᠠᠯ ᠳᠤ ᠪᠢᠳᠠᠨ ᠤ ᠣᠷᠣᠰᠢᠬᠤ ᠡᠰᠡᠬᠦ ᠶᠢᠨ ︽ᠪᠢ︾ ᠶᠢᠨ ᠬᠤᠪᠢ ᠲᠠᠪᠢᠯᠠᠩ ᠢ | ᠳᠣᠷᠪᠢᠲᠠᠢ ᠢᠯᠡᠷᠡᠭᠦᠯᠦᠭᠰᠡᠨ ᠪᠢᠯᠡ᠃ ᠡᠨᠡ ᠲᠠᠯ᠎ᠠ ᠪᠠᠷ ᠪᠢ ᠨᠠᠶᠢᠷᠠᠭᠴᠢ ᠶᠢᠨ ᠲᠤᠬᠠᠢ ᠥᠭᠡᠷ᠎ᠡ ᠨᠢᠭᠡ ᠰᠢᠭᠦᠮᠵᠢ ᠳᠤ | ᠵᠢᠱᠢᠶ᠎ᠡ ᠲᠠᠢ ᠥᠭᠦᠯᠡᠭᠰᠡᠨ ᠪᠣᠯᠬᠤᠷ ᠠᠳᠡ ᠨᠤᠷᠰᠢᠬᠤ ᠶᠢ ᠪᠣᠯᠢᠶ᠎ᠠ᠃ ᠬᠠᠷᠢᠨ ᠨᠠᠶᠢᠷᠠᠭᠴᠢ ᠶᠢᠨ ᠰᠢᠯᠦᠭ ᠨᠢ ᠪᠢᠳᠠᠨ | ᠳᠤ ᠶᠡᠭᠡ ᠣᠶᠢᠷ᠎ᠠ᠂ ᠬᠥᠭ ᠠᠶᠠᠰ ᠨᠢ ᠢᠯᠡᠭᠦᠦ ᠳᠣᠲᠣᠨᠣ᠂ ᠥᠪᠡᠷ ᠤᠨ ᠬᠢ ᠭᠡᠵᠤ ᠪᠣᠳᠣᠭᠤᠯᠬᠤ ᠲᠠᠯ᠎ᠠ ᠪᠠᠷ | ᠨᠠᠶᠢᠷᠠᠭᠴᠢ ᠪᠤᠶᠠᠨᠪᠠᠲᠤ ᠶᠢ ︽ᠥᠨᠥ ᠴᠠᠭ ᠦᠶ᠎ᠡ ᠶᠢᠨ ᠳᠠᠭᠤᠴᠢ︾ ᠭᠡᠵᠤ ᠨᠡᠷᠡᠯᠡᠮᠡᠷ ᠪᠠᠶᠢᠭ᠎ᠠ ᠶᠤᠮ᠃ ᠲᠡᠷᠡ | ᠨᠢᠭᠡᠨ ᠨᠠᠶᠢᠷᠠᠭᠴᠢ ᠳᠤ ᠵᠣᠷᠢᠭᠤᠯᠵᠤ ᠪᠢᠴᠢᠭᠰᠡᠨ ᠰᠢᠯᠦᠭ ᠲᠤ ᠪᠠᠨ᠂ | ᠪᠢ ᠴᠢᠮ᠎ᠠ ᠳᠤ ᠶᠠᠭᠠᠬᠢᠭᠰᠠᠨ ᠣᠶᠢᠷᠠᠬᠠᠨ ᠪᠠᠶᠢᠨ᠎ᠠ ᠪᠤᠢ | ᠰᠢᠯᠦᠭ ᠤᠨ ᠨᠣᠮ ᠤᠨ ᠴᠢᠨᠢ ᠨᠥᠭᠦᠭᠡ ᠨᠢᠭᠤᠷ ᠳᠡᠭᠡᠷ᠎ᠡ ᠪᠢ ᠶᠠᠪᠤᠵᠤ ᠪᠠᠶᠢᠨ᠎ᠠ | ᠰᠢᠯ ᠴᠣᠩᠬᠤᠨ ᠤ ᠴᠢᠨᠢ ᠨᠠᠭᠠᠳᠤ ᠲᠠᠯ᠎ᠠ ᠳᠡᠭᠡᠷ᠎ᠡ ᠪᠢ ᠡᠷᠭᠢᠴᠡᠵᠦ ᠪᠠᠶᠢᠨ᠎ᠠ | ᠰᠢᠲᠠᠭᠰᠠᠨ ᠲᠠᠮᠠᠬᠢᠨ ᠤ ᠴᠢᠨᠢ ᠴᠤᠭ ᠤᠨ ᠭᠡᠷᠡᠯ ᠳᠤ ᠪᠢ ᠵᠣᠭᠰᠣᠵᠤ ᠪᠠᠶᠢᠨ᠎ᠠ | ᠰᠢᠨᠠᠯᠤᠭᠰᠠᠨ ᠰᠡᠳᠬᠢᠯ ᠤᠨ ᠴᠢᠨᠢ ᠭᠦᠨ ᠮᠡᠳᠡᠷᠡᠬᠦᠢ ᠶᠢ ᠪᠢ ᠰᠣᠨᠣᠰᠴᠤ ᠪᠠᠶᠢᠨ᠎ᠠ ︵︽ᠮᠥᠷᠥᠭᠡᠳᠦᠯ ᠤᠨ ᠡᠭᠦᠳᠡᠨ | ᠳᠡᠭᠡᠷ᠎ᠡ ᠮᠥᠩᠬᠡ ᠶᠢᠨ ᠷᠠᠰᠢᠶᠠᠨ ᠠᠮᠰᠠᠬᠤ ᠮᠡᠲᠦ︾︶ ᠭᠡᠵᠤ ᠰᠢᠯᠦᠭᠴᠢ ᠠᠴᠠ ᠳᠤᠯᠠᠮᠵᠠᠪ ᠨᠠᠶᠢᠷᠠᠭᠴᠢ ᠳᠡᠭᠦᠦ | ᠳᠡᠭᠡᠨ ᠪᠢᠴᠢᠭᠰᠡᠨ ᠪᠣᠯ ᠡᠨᠡ ᠰᠢᠯᠦᠭ ᠤᠨ ᠤᠩᠰᠢᠭᠴᠢ ᠳᠤ ᠥᠭᠬᠦ ᠲᠥᠷᠥᠭᠳᠡᠯ ᠨᠢ ᠥᠭᠡᠷ᠎ᠡ ᠪᠠᠶᠢᠳᠠᠭ᠃ ᠶᠠᠭ ᠯᠡ | ᠤᠩᠰᠢᠭᠴᠢ ᠪᠢᠳᠠ ᠪᠤᠶᠠᠨᠪᠠᠲᠤ ᠨᠠᠶᠢᠷᠠᠭᠴᠢ ᠳᠤ ᠵᠣᠷᠢᠭᠤᠯᠵᠤ ᠪᠢᠴᠢᠭᠰᠡᠨ ᠮᠡᠲᠦ ᠰᠡᠳᠬᠢᠭᠳᠡᠯ ᠢ ᠥᠭᠴᠦ ᠪᠠᠶᠢᠨ᠎ᠠ᠃ | ᠰᠢᠯᠦᠭ ᠲᠤ ᠵᠠᠯᠭᠠᠭᠠᠳ᠂ | ︽ᠴᠢ ᠪᠢᠳᠠ ᠬᠤᠶᠠᠷ ᠤᠨ ᠳᠤᠮᠳᠠᠭᠤᠷ | ᠡᠭᠦᠯᠡ ᠤᠷᠭᠤᠬᠤ ᠦᠭᠡᠢ ᠪᠣᠷᠣᠭᠠᠨ ᠠᠰᠭᠭᠷᠭᠠᠳ ᠯᠡ ᠁ | ᠴᠢ ᠪᠢᠳᠠ ᠬᠤᠶᠠᠷ ᠤᠨ ᠳᠤᠮᠳᠠᠭᠤᠷ | ᠰᠡᠭᠦᠳᠡᠷ ᠲᠠᠲᠠᠬᠤ ᠦᠭᠡᠢ ᠰᠣᠯᠣᠩᠭ᠎ᠠ ᠲᠠᠲᠠᠭᠠᠳ ᠯᠡ ᠁ | ᠴᠢ ᠪᠢᠳᠠ ᠬᠤᠶᠠᠷ ᠤᠨ ᠳᠤᠮᠳᠠᠭᠤᠷ | ᠵᠢᠪᠠᠷ ᠰᠢᠷᠭᠤᠬᠤ ᠦᠭᠡᠢ ᠵᠢᠷᠭᠠᠯ ᠭᠡᠷᠡᠯᠲᠦᠭᠡᠳ ᠯᠡ ᠁ | ᠴᠢ ᠪᠢᠳᠠ ᠬᠤᠶᠠᠷ ᠤᠨ ᠳᠤᠮᠳᠠᠭᠤᠷ | ᠴᠠᠭ ᠬᠤᠭᠤᠴᠠᠭ᠎ᠠ ᠤᠷᠤᠰᠬᠤ ᠦᠭᠡᠢ ᠢᠨᠢᠶᠡᠳᠦ ᠤᠷᠤᠰᠤᠭᠠᠳ ᠯᠡ ᠁︾ ︵︽ᠮᠥᠷᠥᠭᠡᠳᠦᠯ ᠤᠨ ᠡᠭᠦᠳᠡᠨ | ᠳᠡᠭᠡᠷ᠎ᠡ ᠮᠥᠩᠬᠡ ᠶᠢᠨ ᠷᠠᠰᠢᠶᠠᠨ ᠠᠮᠰᠠᠬᠤ ᠮᠡᠲᠦ︾︶ ᠭᠡᠵᠤ ᠪᠠᠶᠢᠭ᠎ᠠ ᠶᠢᠨ ︽ᠴᠢ︾ ᠪᠣᠯ ᠨᠠᠶᠢᠷᠠᠭᠴᠢ ᠪᠤᠶᠠᠨᠪᠠᠲᠤ᠂ | ︽ᠪᠢᠳᠠ︾ ᠭᠡᠳᠡᠭ ᠨᠢ ᠪᠤᠰᠤᠳ ᠨᠠᠶᠢᠷᠠᠭᠴᠢ ᠬᠢᠭᠡᠳ ᠤᠩᠰᠢᠭᠴᠢ ᠪᠢᠳᠠ ᠶᠢ ᠵᠢᠭᠠᠵᠤ ᠪᠠᠶᠢᠭ᠎ᠠ ᠭᠡᠬᠦ ᠳᠤ ᠪᠣᠯᠬᠤ | ᠦᠭᠡᠢ ᠵᠦᠢᠯ ᠦᠭᠡᠢ ᠮᠡᠲᠦ ᠰᠠᠨᠠᠭᠳᠠᠨ᠎ᠠ᠃ ᠲᠡᠶᠢᠮᠦ ᠤᠴᠢᠷ ᠨᠠᠶᠢᠷᠠᠭᠴᠢ ᠪᠤᠶᠠᠨᠪᠠᠲᠤ ᠨᠢ ᠪᠢᠳ᠋ᠨ ᠳᠤ ︽ᠣᠶᠢᠷᠠᠬᠠᠨ | ᠪᠠᠶᠢᠨ᠎ᠠ︾᠂ ᠪᠢᠳᠠᠨ ᠤ ︽ᠵᠢᠷᠦᠬᠡᠨ ᠤ ᠳᠠᠭᠤᠯᠠᠭᠴᠢ ᠪᠣᠯ ᠨᠠᠶᠢᠷᠠᠭᠴᠢ ᠲᠡᠷᠡ ᠪᠠᠶᠢᠨ᠎ᠠ︾ ᠭᠡᠵᠤ ᠬᠡᠯᠡᠵᠦ ᠪᠦᠷᠢᠨ | ᠪᠣᠯᠬᠤ ᠮᠡᠲᠦ ᠰᠠᠨᠠᠭᠳᠠᠵᠤ᠂ ᠲᠡᠷᠡ ᠪᠢᠳᠡᠨ ᠬᠤᠶᠠᠷ ᠤᠨ ᠳᠤᠮᠳᠠᠭᠤᠷ ︽ᠪᠣᠷᠣᠭᠠᠨ ᠠᠰᠠᠭᠠᠬᠤ︾᠂ ︽ᠰᠣᠯᠣᠩᠭ᠎ᠠ | ᠲᠠᠲᠠᠬᠤ︾᠂ ︽ᠵᠢᠷᠭᠠᠯ ᠭᠡᠷᠡᠯᠲᠦᠬᠦ︾᠂ ︽ᠢᠨᠢᠶᠡᠳᠦ ᠤᠷᠤᠰᠬᠤ︾ ᠨᠢ ︽ᠡᠭᠦᠯᠡ᠂ ᠰᠡᠭᠦᠳᠡᠷ᠂ ᠵᠢᠪᠠᠷ᠂ ᠴᠠᠭ | ᠬᠤᠭᠤᠴᠠᠭ᠎ᠠ︾ ᠭᠡᠬᠦ ᠨᠥᠬᠦᠴᠡᠯ ᠰᠢᠯᠲᠠᠭᠠᠨ ᠢᠶᠠᠷ ᠪᠤᠰᠤ᠂ ᠬᠠᠷᠢᠨ ᠳᠣᠲᠣᠭᠠᠳᠤ ᠮᠡᠳᠡᠷᠡᠮᠵᠢ ᠪᠠᠷ ᠰᠢᠭᠤᠳ | ᠬᠤᠯᠪᠣᠭᠳᠠᠵᠤ ᠪᠠᠶᠢᠭ᠎ᠠ ᠶᠤᠮ᠃ | ᠨᠠᠶᠢᠷᠠᠭᠴᠢ ᠪᠤᠶᠠᠨᠪᠠᠲᠤ ᠶᠢᠨ ᠰᠢᠯᠦᠭ ᠵᠣᠬᠢᠶᠠᠯ ᠨᠢ ᠮᠣᠩᠭᠤᠯ ᠤᠨ ᠣᠷᠴᠢᠨ ᠦᠶ᠎ᠡ ᠶᠢᠨ ᠢᠷᠠᠭᠤ ᠨᠠᠶᠢᠷᠠᠭ ᠤᠨ | ᠰᠢᠯᠢᠳᠡᠭ ᠪᠦᠲᠦᠭᠡᠯ ᠠᠴᠠ ᠰᠢᠮ᠎ᠡ ᠲᠡᠵᠢᠭᠡᠯ ᠠᠪᠴᠤ᠂ ᠮᠣᠩᠭᠤᠯ ᠢᠷᠠᠭᠤ ᠨᠠᠶᠢᠷᠠᠭ ᠤᠨ ᠰᠢᠨ᠎ᠡ ᠬᠠᠭᠤᠳᠠᠰᠤ ᠶᠢ | ᠥᠪᠡᠷᠮᠢᠴᠡ ᠪᠠᠷ ᠨᠡᠭᠡᠭᠡᠵᠦ᠂ ᠠᠮᠵᠢᠯᠲᠠ ᠣᠯᠵᠤ ᠪᠠᠶᠢᠭ᠎ᠠ ᠨᠢᠭᠡᠨ ᠪᠢᠯᠡ᠃ ᠲᠡᠭᠦᠨ ᠤ ᠢᠷᠠᠭᠤ ᠨᠠᠶᠢᠷᠠᠭ ᠤᠨ | ᠥᠪᠡᠷᠮᠢᠴᠡ ᠢᠯᠡᠷᠬᠡᠶᠢᠯᠡᠯ᠂ ᠠᠪᠢᠶᠠᠰ᠂ ᠤᠷ᠎ᠠ ᠮᠡᠷᠭᠡᠵᠢᠯ ᠨᠢ ᠥᠪᠥᠷ ᠮᠣᠩᠭᠤᠯ ᠤᠨ ᠰᠢᠨ᠎ᠡ ᠦᠶ᠎ᠡ ᠶᠢᠨ ᠢᠷᠠᠭᠤ | ᠨᠠᠶᠢᠷᠠᠭ ᠤᠨ ᠨᠢᠭᠡᠨ ᠣᠷᠭᠢᠯ᠂ ᠤᠩᠰᠢᠭᠴᠢ ᠰᠣᠨᠢᠷᠬᠠᠭᠴᠢ ᠶᠢᠨ ᠤᠷᠠᠯᠢᠭ ᠤᠨ ᠶᠢᠷᠲᠢᠨᠴᠦ ᠶᠢ ᠭᠡᠷᠡᠯᠲᠦᠭᠦᠯᠦᠭᠴᠢ | ᠨᠢᠭᠡᠨ ᠴᠠᠮᠬᠠᠭ᠂ ᠰᠢᠨ᠎ᠡ ᠰᠡᠳᠬᠢᠮᠵᠢ᠂ ᠰᠢᠨ᠎ᠡ ᠰᠠᠨᠠᠭ᠎ᠠ᠂ ᠰᠢᠨ᠎ᠡ ᠬᠡᠯᠪᠡᠷᠢ᠂ ᠰᠢᠨ᠎ᠡ ᠡᠷᠢᠯᠬᠢᠯᠡᠯ ᠪᠣᠯᠣᠭᠰᠠᠨ ᠢᠶᠠᠷ | ᠢᠶᠠᠨ ᠮᠣᠩᠭᠤᠯ ᠢᠷᠠᠭᠤ ᠨᠠᠶᠢᠷᠠᠭ ᠤᠨ ᠨᠢᠭᠡᠨ ᠰᠢᠨ᠎ᠡ ᠬᠥᠭᠵᠢᠯ᠂ ᠮᠥᠨ ᠰᠢᠨ᠎ᠡ ᠢᠷᠡᠭᠡᠳᠦᠢ ᠳᠤ ᠲᠡᠮᠡᠦᠯᠵᠦ ᠪᠠᠶᠢᠭ᠎ᠠ | ᠂ ᠰᠢᠨ᠎ᠡ ᠣᠷᠣᠯᠳᠣᠯᠭ᠎ᠠ᠂ ᠰᠢᠨ᠎ᠡ ᠠᠮᠵᠢᠯᠲᠠ ᠪᠠᠶᠢᠭ᠎ᠠ ᠶᠤᠮ᠃ ᠲᠡᠶᠢᠮᠦ ᠤᠴᠢᠷ ᠠᠳᠡ ᠬᠡᠳᠦᠨ ᠵᠦᠢᠯ ᠢ | ᠲᠣᠳᠣᠷᠠᠭᠤᠯᠤᠨ ᠬᠡᠯᠡᠬᠦ ᠨᠢ ᠵᠦᠢᠲᠡᠢ ᠪᠠᠶᠢᠬ᠎ᠠ᠃ ᠨᠢᠭᠡᠳᠦᠭᠡᠷ ᠲᠤ᠂ ᠦᠨᠳᠦᠰᠦᠲᠡᠨ ᠤ ᠤᠷᠠᠨ ᠵᠣᠬᠢᠶᠠᠯ ᠤᠨ ᠵᠦᠢ | ᠲᠣᠭᠲᠠᠭᠠᠯ ᠳᠤ ᠬᠡᠳᠦᠶᠢᠪᠡᠷ ᠵᠣᠬᠢᠶᠠᠯᠴᠢ ᠪᠦᠷᠢ ᠨᠢ ᠥᠪᠡᠷ ᠤᠨ ᠣᠨᠴᠠᠯᠢᠭ ᠪᠤᠢ ᠪᠣᠯᠪᠠᠴᠤ᠂ ᠨᠢᠭᠡ ᠦᠨᠳᠦᠰᠦᠲᠡᠨ | ᠤ ᠨᠡᠶᠢᠲᠡ ᠤᠬᠠᠮᠰᠠᠷ᠂ ︽ᠨᠡᠶᠢᠲᠡ ᠶᠢᠨ ᠤᠬᠠᠮᠰᠠᠷᠠᠬᠤᠢ ᠶᠢᠨ ᠳᠠᠯᠳᠠ ᠴᠣᠭᠴᠠ︾ ᠭᠡᠳᠡᠭ ᠵᠦᠢᠯ ᠨᠢ | ᠦᠨᠳᠦᠰᠦᠲᠡᠨ ᠤ ᠨᠢᠳᠦ ᠴᠢᠬᠢ ᠪᠣᠯᠵᠤ ᠪᠠᠶᠢᠭ᠎ᠠ ᠵᠢᠩᠬᠢᠨᠢ ᠵᠣᠬᠢᠶᠠᠯᠴᠢᠳ ᠢ ᠵᠠᠬᠢᠷᠴᠤ ᠪᠠᠶᠢᠳᠠᠭ᠃ ᠲᠡᠶᠢᠮᠦ ᠤᠴᠢᠷ | ᠦᠨᠳᠦᠰᠦᠲᠡᠨ ᠤ ᠤᠷᠠᠨ ᠵᠣᠬᠢᠶᠠᠯ ᠤᠨ ᠤᠯᠠᠮᠵᠢᠯᠠᠯ ᠰᠢᠨᠡᠴᠢᠯᠡᠯ ᠤᠨ ᠠᠰᠠᠭᠤᠳᠠᠯ ᠪᠣᠯ ᠦᠨᠳᠦᠰᠦᠲᠡᠨ ᠤ ᠤᠷᠠᠨ | ᠵᠣᠬᠢᠶᠠᠯ ᠤᠨ ᠨᠢᠭᠡᠨ ᠠᠮᠢᠨ ᠰᠦᠨᠡᠰᠦ ᠪᠣᠯᠵᠤ ᠪᠠᠶᠢᠳᠠᠭ ᠶᠤᠮ᠃ ᠨᠠᠶᠢᠷᠠᠭᠴᠢ ᠪᠤᠶᠠᠨᠪᠠᠲᠤ ᠶᠢ ᠰᠢᠯᠦᠭ ᠨᠢ ᠡᠨᠡ | ᠲᠠᠯ᠎ᠠ ᠳᠤ ᠡᠷᠢᠯ ᠬᠠᠶᠢᠭᠤᠯ ᠬᠢᠵᠦ᠂ ᠪᠦᠲᠦᠭᠡᠯᠴᠢ ᠤᠷᠠᠨ ᠰᠠᠶᠢᠬᠠᠨ ᠤ ᠲᠤᠷᠰᠢᠯᠭ᠎ᠠ ᠶᠢ ᠴᠣᠭᠴᠠᠯᠠᠵᠤ᠂ ᠠᠮᠵᠢᠯᠲᠠ | ᠣᠯᠣᠭᠰᠠᠨ ᠨᠢᠭᠡᠨ ᠭᠡᠵᠤ ᠣᠨᠴᠠᠯᠠᠨ ᠲᠡᠮᠳᠡᠭᠯᠡᠬᠦ ᠶᠢ ᠵᠣᠷᠢᠪᠠ ︵ᠲᠤᠰ ᠰᠢᠭᠦᠮᠵᠢ ᠥᠭᠦᠯᠡᠯ ᠳᠤ︶᠃ ᠬᠤᠶᠠᠳᠤᠭᠠᠷ | ᠲᠤ᠂ ᠡᠳᠦᠭᠡ ᠶᠢᠨ ᠥᠪᠥᠷ ᠮᠣᠩᠭᠤᠯ ᠤᠨ ᠤᠷᠠᠨ ᠵᠣᠬᠢᠶᠠᠯ ᠳᠤ ᠵᠢᠩᠬᠢᠨᠢ ᠤᠳᠬ᠎ᠠ ᠶᠢᠨ ᠪᠣᠯᠪᠠᠰᠤᠷᠠᠵᠤ | ᠴᠠᠭᠠᠷᠠᠭᠰᠠᠨ ᠢᠷᠠᠭᠤ ᠨᠠᠶᠢᠷᠠᠭᠴᠢ ᠭᠡᠭᠴᠢ ᠦᠨᠡᠬᠡᠷ ᠡᠳᠦᠷ ᠤᠨ ᠣᠳᠣ ᠰᠢᠭ᠋ ᠬᠤᠪᠣᠷ ᠪᠠᠶᠢᠨ᠎ᠠ᠃ ᠭᠡᠷᠡᠴᠢ ᠨᠢ | ᠡᠳᠦᠭᠡ ᠶᠢᠨ ᠵᠠᠯᠠᠭᠤ ᠢᠷᠠᠭᠤ ᠨᠠᠶᠢᠷᠠᠭᠴᠢᠳ ᠢ ᠬᠤᠰᠢᠭᠤᠷᠠᠨ ᠳᠠᠭᠠᠯᠭᠠᠬᠤ ᠪᠠᠷ᠂ ᠪᠠᠰᠠ ᠲᠤᠭ᠂ ᠰᠢᠲᠦᠭᠡᠨ ᠪᠣᠯᠣᠨ | ᠲᠡᠳᠡᠨ ᠢ ᠳᠡᠷᠪᠡᠭᠦᠯᠵᠦ ᠬᠥᠳᠡᠯᠭᠡᠬᠦ᠂ ᠴᠤᠯᠭᠤᠶᠢᠷᠠᠨ ᠭᠠᠷᠤᠭᠰᠠᠨ ᠨᠢ ᠬᠠᠷᠠᠬᠠᠨ ᠬᠠᠷᠠᠭᠳᠠᠬᠤ ᠦᠭᠡᠢ ᠪᠠᠶᠢᠨ᠎ᠠ᠃ | ᠶᠠᠭᠠᠬᠢᠭᠠᠳ ᠭᠡᠪᠡᠯ ᠪᠢᠳᠠᠨ ᠳᠤ ᠰᠠᠶᠢᠨ ᠵᠣᠬᠢᠶᠠᠯ ᠦᠭᠡᠢ ᠭᠡᠰᠡᠨ ᠪᠢᠰᠢ᠂ ᠬᠠᠷᠢᠨ ᠰᠢᠭᠦᠮᠵᠢᠯᠡᠭᠴᠢ᠂ ᠰᠤᠳᠤᠯᠤᠭᠴᠢ᠂ | ᠰᠢᠨᠵᠢᠯᠡᠭᠴᠢ᠂ ᠡᠷᠢᠵᠦ ᠬᠠᠶᠢᠭᠴᠢ ᠨᠠᠷ ᠳᠤᠲᠠᠭᠤ ᠪᠠᠶᠢᠨ᠎ᠠ᠃ ᠲᠡᠶᠢᠮᠦ ᠠᠴᠠ ᠨᠠᠶᠢᠷᠠᠭᠴᠢ ᠪᠤᠶᠠᠨᠪᠠᠲᠤ ᠶᠢᠨ ᠵᠠᠮᠨᠠᠯ᠂ | ᠠᠪᠢᠶᠠᠰ᠂ ᠴᠢᠳᠠᠪᠤᠷᠢ᠂ ᠮᠥᠨ ᠲᠤᠭᠤᠷᠪᠢᠭᠰᠠᠨ ᠰᠢᠯᠦᠭ ᠵᠣᠬᠢᠶᠠᠯ ᠳᠤ ᠬᠤᠵᠢᠮ ᠤᠨ ᠵᠠᠯᠠᠭᠤ ᠨᠠᠶᠢᠷᠠᠭᠴᠢ ᠳᠤ | ᠳᠠᠭᠤᠷᠢᠶᠠᠯ ᠪᠣᠯᠬᠤ ᠵᠦᠢᠯ ᠶᠡᠭᠡ ᠪᠠᠶᠢᠭ᠎ᠠ ᠲᠤᠯᠠ ᠠᠷᠠᠳ ᠣᠯᠠᠨ ᠳᠤ ᠲᠤᠰᠠ ᠨᠡᠮᠡᠷᠢ ᠪᠣᠯᠬᠤ ᠶᠢ ᠪᠣᠳᠣᠯᠬᠢᠯᠠᠵᠤ | ᠡᠨᠡ ᠬᠦ ᠰᠢᠭᠦᠮᠵᠢ ᠥᠭᠦᠯᠡᠯ ᠢ ᠪᠢᠴᠢᠭᠰᠡᠨ ᠶᠤᠮ᠃ᠭᠤᠷᠪᠠᠳᠤᠭᠠᠷ ᠲᠤ᠂ ᠰᠢᠨ᠎ᠡ ᠤᠷᠠᠨ ᠵᠣᠬᠢᠶᠠᠯ ᠨᠢ ᠤᠯᠠᠮᠵᠢᠯᠠᠯ | ᠤᠨ ᠰᠠᠭᠤᠷᠢ ᠳᠡᠭᠡᠷ᠎ᠡ ᠪᠤᠢ ᠪᠣᠯᠳᠠᠭ ᠵᠢᠮ᠎ᠡ ᠲᠠᠢ ᠲᠤᠯᠠ ᠨᠠᠶᠢᠷᠠᠭᠴᠢ ᠪᠤᠶᠠᠨᠪᠠᠲᠤ ᠶᠢᠨ ᠰᠢᠯᠦᠭ ᠨᠢ ᠲᠡᠷᠡ ᠬᠦ ᠵᠢᠮ᠎ᠡ | ᠶᠢ ᠵᠥᠪ ᠠᠯᠬᠤᠵᠤ ᠵᠥᠪ ᠵᠠᠮᠨᠠᠭᠰᠠᠨ ᠤ ᠤᠴᠢᠷ᠂ ᠲᠡᠭᠦᠨ ᠤ ᠲᠤᠭᠤᠷᠪᠢᠭᠰᠠᠨ ᠥᠪᠡᠷᠮᠢᠴᠡ ᠵᠣᠬᠢᠶᠠᠯ ᠪᠦᠲᠦᠭᠡᠯ ᠨᠢ | ᠪᠦᠲᠦᠭᠡᠯᠴᠢ ᠲᠤᠷᠰᠢᠯᠭ᠎ᠠ ᠪᠣᠯᠵᠤ᠂ ᠡᠨᠡ ᠬᠦ ᠥᠴᠥᠭᠡᠨ ᠥᠭᠦᠯᠡᠯ ᠪᠢᠴᠢᠬᠦ ᠳᠤ ᠤᠷᠢᠳᠠᠯ ᠨᠥᠬᠦᠴᠡᠯ ᠪᠣᠯᠣᠭᠰᠠᠨ | ᠶᠤᠮ᠃ ᠲᠡᠷᠡᠴᠢᠯᠡᠨ ᠨᠠᠶᠢᠷᠠᠭᠴᠢ ᠪᠤᠶᠠᠨᠪᠠᠲᠤ ᠶᠢᠨ ᠢᠷᠠᠭᠤ ᠨᠠᠶᠢᠷᠠᠭ ᠨᠢ ᠥᠭᠡᠷ᠎ᠡ ᠬᠡᠨ ᠲᠠᠢ ᠴᠦ ᠳᠠᠪᠬᠤᠴᠠᠬᠤ | ᠦᠭᠡᠢ᠂ ᠥᠪᠡᠷ ᠤᠨ ᠲᠥᠷᠬᠦ ᠨᠠᠮᠪᠠ ᠶᠢ ᠣᠯᠵᠤ᠂ ᠮᠥᠨ ᠰᠢᠨ᠎ᠡ ᠪᠠᠷ ᠡᠷᠴᠢᠮ ᠲᠠᠢ ᠥᠰᠴᠦ ᠪᠠᠶᠢᠭ᠎ᠠ ᠦᠵᠡᠭᠳᠡᠯ | ᠪᠣᠯᠬᠤ ᠪᠥᠭᠡᠳ ᠲᠡᠭᠦᠨ ᠢ ᠰᠢᠨ᠎ᠡ ᠡᠷᠡᠨ ᠤ ᠢᠷᠠᠭᠤ ᠨᠠᠶᠢᠷᠠᠭ ᠤᠨ ᠨᠢᠭᠡᠨ ᠭᠤᠣᠯ ᠲᠥᠯᠥᠭᠡᠯᠡᠭᠴᠢ᠂ ᠰᠢᠨᠡᠴᠢᠯᠡᠭᠴᠢ | ᠭᠡᠵᠤ ᠪᠦᠷᠢᠨ ᠬᠡᠯᠡᠵᠦ ᠪᠣᠯᠣᠨ᠎ᠠ᠃ ᠡᠶᠢᠮᠦ ᠶᠢᠨ ᠲᠤᠯᠠ ᠨᠠᠶᠢᠷᠠᠭᠴᠢ ᠶᠢᠨ ᠰᠠᠶᠢᠬᠠᠨ ᠦᠢᠯᠡᠰ ᠲᠤ ᠢᠷᠡᠭᠡᠳᠦᠢ ᠶᠢᠨ | ᠠᠤᠭ᠎ᠠ ᠠᠮᠵᠢᠯᠲᠠ ᠶᠢ ᠬᠦᠰᠡᠨ ᠢᠷᠦᠭᠡᠯ ᠤᠨ ᠬᠠᠳᠠᠭ᠂ ᠰᠦᠨ ᠰᠠᠴᠤᠯᠢ ᠲᠠᠢ ᠡᠷᠭᠦᠨ ᠳᠡᠪᠰᠢᠭᠦᠯᠵᠦ ᠪᠠᠶᠢᠨ᠎ᠠ᠃ |