ᠡᠬᠡ ᠬᠦᠮᠦᠨ᠂ ᠡᠬᠡ ᠮᠠᠯ ᠠᠮᠢᠲᠠᠨ ᠢ ᠬᠠᠶᠢᠷᠠᠯᠠᠵᠦ ᠬᠦᠨᠳᠦᠳᠭᠡᠬᠦ  ᠶᠤᠰᠤᠨ
ᠨᠡᠶᠢᠲᠡᠯᠡᠭᠰᠡᠨ ᠴᠠᠭ᠄
2019/10/17
ᠦᠷᠡᠲᠦ ᠬᠦᠮᠦᠨ᠂ ᠲᠡᠷᠡ ᠲᠤᠰᠤᠮ ᠢᠶᠠᠨ ᠡᠬᠡ ᠬᠦᠮᠦᠨ ᠭᠡᠳᠡᠭ ᠴᠠᠭᠠᠨ ᠰᠦ ᠪᠠᠷ ᠢᠶᠠᠨ ᠬᠦᠮᠦᠨ ᠪᠤᠯᠭᠠᠵᠤ᠂ ᠴᠠᠶᠢᠯᠭᠠᠨ ᠰᠡᠳᠭᠢᠯ᠂ ᠦᠨᠡᠲᠣ ᠰᠣᠷᠭᠠᠯ ᠢᠶᠠᠷ ᠢᠶᠠᠨ ᠦᠷ᠎ᠠ ᠬᠡᠣᠬᠡᠳ ᠢᠶᠠᠨ ᠬᠦᠮᠦᠵᠢᠭᠦᠯᠳᠡᠭ ᠪᠤᠯᠬᠤᠷ ᠡᠬᠡ ᠬᠦᠮᠦᠨ  ᠢ ᠬᠠᠶᠢᠷᠠᠯᠠᠨ ᠬᠦᠨᠳᠦᠳᠭᠡᠳᠡᠭ ᠣᠯᠠᠨ ᠵᠠᠭᠤᠨ ᠤ ᠰᠠᠶᠢᠬᠠᠨ ᠣᠯᠠᠮᠵᠢᠯᠠᠯ ᠮᠠᠨ ᠤ ᠳᠤ ᠪᠤᠢ᠃ ᠵᠠᠷᠢᠮ ᠠᠴᠠ ᠨᠢ ᠦᠭᠦᠯᠡᠶ᠎ᠡ᠃ ᠳᠤᠣᠷᠠᠬᠢ ᠶᠣᠰᠣ ᠶᠢ ᠬᠡᠨ ᠪᠦᠬᠦᠨ ᠴᠢᠩᠳᠠᠯᠠᠨ ᠰᠠᠬᠢᠵᠤ ᠶᠠᠪᠤᠬᠤ ᠠᠴᠠ ᠪᠢᠳᠡᠨ ᠤ ᠠᠮᠢᠳᠤᠷᠠᠯ ᠦᠩᠭᠡ ᠲᠠᠢ ᠦᠭᠡᠳᠡᠷᠡᠭ᠂ ᠦᠯᠵᠡᠶᠢᠲᠠᠢ ᠪᠠᠶᠢᠬᠤ ᠪᠤᠯᠤᠨ᠎ᠠ᠃ — ᠡᠬᠡ ᠬᠦᠮᠦᠨ ᠠᠯᠢᠪᠠ ᠠᠮᠢᠳᠠᠨ ᠪ᠊ ᠦᠷ᠎ᠠ ᠲᠦᠯ ᠢ ᠵᠢᠭᠰᠢᠬᠦ᠂ ᠠᠮᠢ ᠬᠤᠬᠢᠷᠠᠭᠤᠯᠵᠤ ᠪᠤᠯᠬᠤ ᠦᠭᠡᠢ᠃ — ᠡᠬᠡ ᠬᠦᠮᠦᠨ ᠢ ᠮᠠᠯ ᠲᠥᠬᠦᠭᠡᠷᠬᠦ᠂ ᠡᠯᠳᠡᠪ ᠬᠠᠳᠠᠭᠤ ᠦᠢᠯᠡ ᠳᠤ ᠣᠷᠤᠯᠴᠠᠭᠤᠯᠳᠠᠭ ᠦᠬᠡᠢ᠃ ᠦᠷ᠎ᠠ ᠠᠴᠢᠰ ᠂ ᠰᠠᠳᠣᠨ ᠲᠦᠷᠦᠯ ᠳᠤ ᠨᠢ ᠭᠠᠢ ᠵᠡᠳᠬᠡᠷ ᠪᠤᠯᠤᠨ᠎ᠠ ᠭᠡᠮᠡᠳᠡᠭ᠃ — ᠣᠪᠣᠭ᠎ᠠ᠂ ᠠᠭᠤᠯᠠ ᠶᠢᠨ ᠣᠷᠭᠢᠯ ᠲᠡᠭᠡᠷ᠎ᠡ ᠭᠠᠷᠬᠤ ᠶᠢ ᠬᠤᠷᠢᠭᠯᠠᠨ᠎ᠠ᠃ ᠠᠭᠤᠯᠠ ᠣᠪᠤᠭᠠᠨ ᠳᠤ ᠴᠢᠭᠤᠯᠣᠭᠰᠠᠨ ᠰᠤᠷᠢᠨᠵᠢᠨ ᠣᠷᠤᠨ ᠵᠡᠷᠭᠡ ᠡᠯᠳᠡᠪ ᠨᠦᠯᠦᠭᠡᠨ ᠠᠴᠠ ᠬᠠᠮᠠᠭᠠᠯᠠᠵᠣ ᠪᠤᠢ ᠬᠡᠷᠡᠭ᠃ ᠭᠠᠢ ᠳᠠᠭᠠᠷᠢᠯᠭ᠎ᠠ  ᠳᠤ ᠦᠷᠲᠦᠬᠦ ᠪᠤᠢ ᠭᠡᠰᠡᠨ ᠪᠤᠯᠭᠤᠮᠵᠢᠯᠠᠯ ᠶᠤᠮ᠃ ᠲᠡᠭᠦᠨ ᠠᠴᠠ ᠪᠢᠰᠢ ᠲᠣᠣᠷᠠᠳᠣ ᠦᠵᠡᠵᠦ᠂ ᠭᠠᠳᠠᠭᠤᠷᠬᠠᠨ ᠢᠯᠭᠠᠪᠤᠷᠢᠯᠠᠵᠦ ᠪᠤᠢ ᠶᠠᠪᠣᠳᠠᠯ ᠪᠢᠰᠢ ᠶᠤᠮ᠃ ᠦᠨᠦ ᠦᠶ᠎ᠡ ᠳᠤ ᠡᠭᠦᠨ ᠢ ᠲᠡᠭᠡᠷ᠎ᠡ ᠳᠤᠣᠷ᠎ᠠ ᠦᠭᠡᠢ ᠵᠦᠷᠢᠴᠡᠳᠡᠭ ᠪᠣᠯᠣᠭᠰᠠᠨ ᠨᠢ ᠬᠠᠴᠢᠷᠬᠠᠯᠲᠠᠢ ᠠᠴᠠ ᠭᠠᠳᠠᠨ᠎ᠠ ᠶᠣᠰᠣ ᠵᠦᠢ ᠪᠠᠨ ᠣᠮᠠᠷᠲᠠᠭᠰᠠᠨ ᠪᠤᠰᠤᠴᠢᠷ ᠶᠠᠪᠣᠳᠠᠯ ᠪᠣᠯᠠᠢ᠃ — ᠵᠢᠷᠮᠦᠰᠦᠨ ᠡᠬᠡ ᠳᠤ ᠲᠡᠮᠡᠭᠡᠨ ᠤ ᠮᠢᠬ ‍ᠠ᠋ ᠢᠳᠡᠭᠦᠯᠳᠡᠭ ᠦᠭᠡᠢ ᠨᠢ ᠬᠡᠣᠬᠡᠳ ᠲᠡᠭᠡᠭᠡᠬᠦ ᠬᠤᠭᠤᠴᠠᠭ᠋ ‍ᠠ᠋ ᠣᠷᠲᠣᠰᠣᠨ᠎ᠠ ᠭᠡᠳᠡᠭ ᠲᠠᠢ ᠬᠤᠯᠪᠤᠭᠠᠲᠠᠢ᠃ ᠮᠦᠨ ᠲᠡᠳᠡᠨ ᠢ ᠭᠤᠮᠤᠳᠠᠭᠠᠬᠤ᠂ ᠠᠶᠤᠯᠭᠠᠬᠤ᠂ ᠣᠷᠢᠳᠠᠭᠤᠷ ᠨᠢ ᠬᠦᠨᠳᠡᠯᠡᠨ ᠭᠠᠷᠬᠤ ᠶᠢ ᠴᠡᠭᠡᠷᠯᠡᠳᠡᠭ᠃ — ᠰᠠᠶ᠋ᠢᠪᠳᠤᠷ ᠲᠦᠷᠦᠭᠰᠡᠨ ᠡᠮᠡᠭᠲᠠᠢ ᠳᠤ ᠬᠠᠯᠠᠭᠤᠨ ᠰᠦ᠂ ᠲᠠᠪᠣᠰᠤ᠂ ᠬᠤᠵᠢᠷ ᠬᠡᠷᠡᠭᠯᠡᠭᠦᠯᠳᠡᠭ ᠦᠭᠡᠢ ᠨᠢ ᠣᠨᠠᠳᠠᠭ ᠡᠪᠡᠳᠴᠢᠨ ᠣᠯᠤᠨ᠎ᠠ᠂ ᠦᠶ᠎ᠡ ᠮᠦᠴᠢ᠂ ᠰᠢᠷᠮᠦᠰᠣᠨ ᠤ ᠡᠪᠡᠳᠴᠢᠨ ᠳᠤᠰᠤᠨ᠎ᠠ ᠭᠡᠨ᠎ᠡ᠃ — ᠡᠮᠡᠭᠲᠠᠢ ᠬᠦᠮᠦᠨ ᠦᠰᠦ ᠭᠡᠵᠢᠭᠡ ᠪᠠᠨ ᠰᠣᠯᠠ ᠵᠠᠳᠠᠭᠠᠢ ᠲᠠᠯᠪᠢᠬᠤ᠂ ᠴᠠᠭᠠᠨ ᠡᠳ᠋ ᠢᠶᠠᠷ ᠦᠰᠦ ᠪᠠᠨ ᠪᠤᠭᠤᠬᠤ᠂ ᠦᠰᠦᠨ ᠤ ᠪᠠᠨ ᠰᠡᠪ ᠢ ᠬᠠᠮᠢᠭ᠎ᠠ ᠬᠠᠮᠢᠶ᠎ᠠ ᠦᠭᠡᠢ ᠬᠠᠶᠠᠬᠤ ᠶᠢ ᠬᠤᠷᠢᠭᠯᠠᠳᠠᠭ᠃ ᠣᠢ ᠭᠠᠰᠢᠭᠤ᠂ ᠮᠠᠭᠤ ᠢᠷᠸ᠎ᠠ  ᠶᠢᠨ ᠰᠢᠨᠵᠢ ᠲᠠᠢ ᠭᠡᠵᠦ ᠦᠵᠡᠨ᠎ᠠ᠃ — ᠡᠬᠡ ᠬᠦᠮᠦᠨ ᠬᠡᠣᠬᠡᠳ ᠢᠶᠠᠨ ᠰᠤᠭᠤᠨ ᠳᠤᠣᠭᠤᠷ ᠢᠶᠠᠨ ᠭᠠᠷᠭᠠᠬᠤ᠂ ᠬᠡᠪᠲᠡᠵᠦ ᠬᠦᠬᠢᠭᠦᠯᠬᠦ᠂ ᠰᠦ ᠪᠠᠨ ᠬᠠᠮᠢᠶ᠎ᠠ ᠦᠭᠡᠢ ᠠᠰᠬᠠᠬᠤ ᠶᠢ ᠴᠡᠭᠡᠷᠯᠡᠨ᠎ᠡ᠃ — ᠬᠠᠳᠠᠮ ᠡᠬᠡ ᠪᠡᠷᠢ ᠳᠡᠭᠡᠨ ᠬᠤᠭᠤᠰᠣᠨ ᠰᠢᠨᠠᠭ᠎ᠠ ᠲᠣᠰᠢᠶᠠᠳᠠᠭ ᠦᠭᠡᠢ᠂ ᠵᠠᠪᠠᠯ ᠲᠤᠳᠤᠷ᠎ᠠ ᠨᠢ ᠰᠦ ᠲᠠᠢ᠂ ᠪᠠᠰᠠ ᠡᠰᠢᠨ ᠠᠴᠠ ᠨᠢ ᠬᠠᠳᠠᠭ ᠣᠶᠠᠵᠣ ᠦᠭᠳᠡᠭ ᠶᠣᠰᠣ ᠪᠤᠢ᠃ — ᠲᠦᠷᠦᠭᠰᠡᠨ ᠭᠡᠷ ᠲᠡᠭᠡᠨ ᠲᠦᠷᠦᠬᠦ ᠶᠢ ᠶᠤᠰᠤ ᠦᠭᠡᠢ ᠶᠠᠪᠣᠳᠠᠯ ᠭᠡᠯᠴᠡᠳᠡᠭ ᠨᠢ ᠣᠴᠢᠷᠳᠠᠢ᠃ — ᠡᠬᠡ ᠬᠦᠮᠦᠨ ᠢ ᠭᠤᠮᠤᠳᠠᠭᠠᠵᠤ ᠪᠤᠯᠬᠤ ᠦᠭᠡᠢ᠃ ᠦᠪᠡᠷ ᠤᠨ ᠦᠷ᠎ᠠ ᠬᠡᠦᠬᠡᠳ ᠲᠤ ᠬᠠᠷ᠎ᠠ ᠬᠡᠯᠡ ᠠᠮᠠ ᠲᠣᠰᠴᠦ᠂ ᠢᠷᠸ᠎ᠠ ᠣᠳᠣᠨ᠎ᠠ ᠭᠡᠳᠡᠭ᠃ — ᠴᠠᠢ ᠶᠢᠨ ᠳᠡᠭᠡᠵᠢ ᠪᠠᠨ ᠡᠷᠭᠦᠬᠦ᠂ ᠢᠳᠡᠭᠡ ᠪᠣᠳᠠᠭ᠋ ‍ᠠ᠋ ᠵᠠᠰᠠᠬᠤ᠂ ᠴᠠᠢ ᠪᠠᠷᠢᠬᠤ᠂ ᠪᠡᠯᠡᠭ ᠰᠡᠯᠲᠡ ᠦᠭᠬᠦ ᠳᠡᠭᠡᠨ ᠡᠬᠡ ᠬᠦᠮᠦᠨ ᠵᠠᠪᠠᠯ ᠮᠠᠯᠠᠭᠠᠢ ᠡᠮᠤᠰᠤᠭ᠍ᠰᠠᠨ ᠪᠠᠶᠢᠬᠤ ᠣᠴᠢᠷᠳᠠᠢ᠃ — ᠪᠡᠯᠪᠡᠰᠤᠨ ᠡᠬᠡ ᠨᠠᠶᠢᠷ ᠬᠤᠷᠢᠮ᠂ ᠪᠡᠷᠢ ᠶᠢᠨ ᠦᠢᠯᠡ ᠠᠵᠢᠯ᠂ ᠠᠯᠢᠪᠠ ᠬᠦᠨᠳᠣᠯᠡᠯ ᠪᠦᠬᠦᠢ ᠦᠢᠯᠡ ᠳᠤ ᠲᠡᠷᠢᠬᠦᠯᠡᠨ ᠣᠷᠤᠯᠴᠠᠳᠠᠭ ᠦᠭᠡᠢ᠃ ᠡᠬᠡᠴᠣᠳ ᠢ ᠬᠦᠮᠦᠰ ᠬᠦᠨᠳᠦᠯᠡᠬᠦ ᠠᠴᠠ ᠭᠠᠳᠠᠨ᠎ᠠ ᠲᠡᠳᠡ ᠴᠦ ᠦᠪᠡᠷᠰᠡᠳ ᠢᠶᠠᠨ ᠵᠢᠷᠤᠮ ᠶᠣᠰᠣ ᠶᠢ ᠪᠠᠷᠢᠮᠲᠠᠯᠠᠵᠣ᠂ ᠦᠷ᠎ᠠ ᠬᠡᠣᠬᠡᠳ ᠢᠶᠠᠨ᠂ ᠢᠯᠠᠩᠭᠤᠶ᠎ᠠ ᠦᠬᠢᠳ ᠢᠶᠠᠨ ᠮᠣᠩᠭᠤᠯ ᠶᠣᠰᠣᠨ ᠤ ᠵᠠᠩ ᠦᠢᠯᠡ ᠳᠤ ᠬᠢᠴᠢᠶᠡᠩᠭᠦᠶᠢᠯᠡᠨ ᠰᠤᠷᠭᠠᠪᠠᠯ ᠵᠤᠬᠢᠯᠲᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号