ᠬᠡᠦᠬᠡᠳ ᠦᠨᠦᠰᠬᠦ ᠶᠢᠨ ᠴᠡᠬᠡᠷ
ᠨᠡᠶᠢᠲᠡᠯᠡᠭᠰᠡᠨ ᠴᠠᠭ᠄
2019/10/9
ᠠᠪᠤ ᠡᠵᠢ ᠪᠤᠯᠤᠭᠰᠠᠳ ᠬᠡᠦᠬᠡᠳ ᠢᠶᠠᠨ ᠦᠨᠦᠰᠴᠦ ᠬᠠᠶᠢᠷᠠᠯᠠᠬᠤ ᠪᠤᠯ ᠬᠠᠶᠢᠷ᠎ᠠ ᠡᠨᠡᠷᠢᠯ ᠢᠶᠠᠨ ᠢᠯᠡᠳᠬᠡᠬᠦ ᠬᠠᠮᠤᠭ ᠤᠨ ᠦᠨᠳᠦᠰᠦᠨ ᠬᠡᠯᠪᠡᠷᠢ᠃ ᠬᠡᠳᠡᠯ᠎ᠡ ᠬᠡᠦᠬᠡᠳ ᠢᠶᠠᠨ ᠦᠨᠦᠰᠬᠦ ᠳᠤ ᠴᠦ ᠬᠡᠰᠡᠨ ᠴᠡᠬᠡᠷ ᠶᠤᠰᠤᠨ ᠪᠠᠶᠢᠳᠠᠭ᠃ ᠬᠡᠦᠬᠡᠳ  ᠢᠶᠠᠨ ᠵᠤᠯᠠᠢ ᠲᠡᠭᠡᠷ᠎ᠡ ᠨᠢ᠂ ᠮᠠᠩᠨᠠᠢ ᠲᠡᠭᠡᠷ᠎ᠡ ᠨᠢ ᠬᠠᠴᠠᠷ ᠲᠡᠭᠡᠷ᠎ᠡ ᠨᠢ ᠦᠨᠦᠰᠬᠦ ᠠᠴᠠ ᠪᠢᠰᠢ ᠤᠷᠤᠭᠤᠯ ᠢ ᠨᠢ᠂ ᠨᠢᠳᠦ ᠶᠢ ᠨᠢ᠂ ᠭᠠᠷ ᠢ ᠨᠢ ᠦᠨᠦᠰᠴᠦ ᠪᠤᠯᠳᠠᠭ ᠦᠬᠡᠢ᠃ ᠤᠷᠤᠭᠤᠯ ᠢ ᠨᠢ ᠦᠨᠦᠰᠪᠠᠯ ᠱᠠᠯᠢᠭ ᠵᠠᠪᠬᠠᠢ ᠪᠤᠯᠤᠨ᠎ᠠ ᠬᠡᠵᠦ ᠴᠡᠬᠡᠷᠯᠡᠳᠡᠭ᠃ ᠨᠢᠳᠦ ᠶᠢ ᠨᠢ ᠦᠨᠦᠰᠪᠠᠯ ᠵᠤᠯᠪᠢᠩ ᠪᠤᠯᠤᠨ᠎ᠠ ᠬᠡᠵᠦ ᠴᠡᠬᠡᠷᠯᠡᠳᠡᠭ᠃ ᠭᠠᠷ ᠢ ᠨᠢ ᠦᠨᠦᠰᠪᠠᠯ ᠬᠤᠯᠠᠭᠠᠶᠢᠴᠢ ᠪᠤᠯᠤᠨ᠎ᠠ ᠬᠡᠵᠦ ᠴᠡᠬᠡᠷᠯᠡᠳᠡᠭ᠃ ᠬᠡᠦᠬᠡᠳ ᠢ ᠤᠨᠳᠠᠭ᠎ᠠ ᠲᠡᠭᠡᠷ᠎ᠡ ᠨᠢ ᠦᠨᠦᠰᠴᠦ ᠪᠤᠯᠳᠠᠭ ᠦᠬᠡᠢ᠃ ᠠᠭᠤᠷ ᠲᠠᠢ ᠪᠤᠯᠤᠨ᠎ᠠ ᠬᠡᠵᠦ ᠴᠡᠬᠡᠷᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号