ᠵᠢᠯ ᠤᠷᠤᠭᠤᠯᠬᠤ ᠬᠢᠭᠡᠳ ᠨᠠᠰᠤᠨ ᠪᠠᠶᠠᠷ
ᠨᠡᠶᠢᠲᠡᠯᠡᠭᠰᠡᠨ ᠴᠠᠭ᠄
2019/10/9
      ᠵᠢᠯ ᠤᠷᠤᠭᠤᠯᠬᠤ ᠪᠠ ᠨᠠᠰᠤᠨ ᠪᠠᠶᠠᠷ ᠲᠠᠯᠪᠢᠬᠤ ᠨᠢ ᠲᠤᠰ ᠲᠤᠰ  ᠲᠤ  ᠪᠠᠨ ᠲᠤᠭᠳᠠᠭᠰᠠᠨ ᠶᠤᠰᠤ ᠭᠤᠷᠢᠮ  ᠲᠠᠢ ᠪᠠᠶᠢᠳᠠᠭ᠃ ᠵᠢᠯ ᠤᠷᠤᠭᠤᠯᠬᠤ ᠳᠤ ᠠᠷᠪᠠᠨ ᠬᠤᠶᠠᠷ ᠡᠰᠢ ᠡᠷᠬᠡᠳᠡᠨ  ᠢᠶᠠᠷ ᠲᠤᠭᠠᠯᠠᠨ ᠪᠤᠳᠤᠵᠤ᠂ ᠠᠷᠪᠠᠨ ᠬᠤᠶᠠᠷ ᠵᠢᠯ ᠪᠤᠯᠪᠠᠯ ᠨᠢᠭᠡ ᠡᠷᠭᠢᠯᠳᠡ ᠨᠢ ᠲᠡᠭᠦᠰᠴᠤ᠂ ᠠᠷᠪᠠᠨ ᠭᠤᠷᠪᠠᠨ ᠵᠢᠯ ᠪᠤᠯᠪᠠᠯ ᠰᠢᠨ᠎ᠡ ᠡᠷᠬᠢᠯᠳᠡ  ᠶᠢᠨ ᠡᠬᠢᠯᠡᠯᠳᠡ ᠪᠤᠯᠬᠤ ᠲᠤᠯᠠ ᠠᠷᠪᠠᠨ ᠭᠤᠷᠪᠠᠨ ᠨᠠᠰᠤ ᠲᠠᠢ ᠬᠥᠮᠥᠨ  ᠢ ᠠᠩᠬᠠᠨ  ᠤ ᠵᠢᠯ ᠤᠷᠤᠵᠠᠢ ᠭᠡᠵᠤ ᠬᠡᠯᠡᠳᠡᠭ᠃ ᠡᠶᠢᠮᠤ ᠠᠴᠠ  ︽ ᠮᠡᠳᠡᠭᠡ ᠲᠥᠬᠦᠭᠡ ᠤᠷᠤᠵᠤ ᠠᠷᠪᠠᠨ ᠭᠤᠷᠪᠠ ᠬᠥᠷᠪᠡᠯ ᠬᠠᠮᠤᠭ ᠠᠩᠬᠠᠨ  ᠤ ᠵᠢᠯ ᠤᠷᠤᠬᠤ  ︾᠂  ︽ ᠪᠠᠭ᠎ᠠ ᠠᠴᠠ ᠭᠠᠷᠴᠤ ᠪᠠᠷᠰ  ᠤᠨ ᠬᠥᠴᠥᠨ ᠪᠥᠷᠢᠳᠥᠭᠰᠡᠨ ᠬᠤᠷᠢᠨ ᠲᠠᠪᠤᠨ  ᠤ ᠵᠢᠯ ᠤᠷᠤᠬᠤ  ︾᠂  ︽ ᠡᠷ᠎ᠡ  ᠶᠢᠨ ᠴᠡᠭᠡᠯ  ᠳᠤ ᠲᠤᠯᠵᠤ ᠤᠬᠠᠭᠠᠨ ᠰᠠᠨᠠᠭ᠎ᠠ ᠪᠥᠷᠢᠳᠥᠭᠰᠡᠨ ᠭᠤᠴᠢᠨ ᠲᠤᠯᠤᠭᠠᠨ  ᠤ ᠵᠢᠯ ᠤᠷᠤᠬᠤ  ︾᠂  ︽ ᠬᠢᠵᠢᠶᠡᠯ ᠨᠠᠰᠤ    ᠶᠢ ᠲᠠᠪᠠᠵᠤ ᠬᠡᠷᠰᠡᠥ ᠲᠤᠮᠤᠭ᠎ᠠ ᠰᠠᠭᠤᠭᠰᠠᠨ ᠲᠥᠴᠢ ᠶᠢᠰᠥ  ᠶᠢᠨ ᠵᠢᠯ ᠤᠷᠤᠬᠤ  ︾  ᠬᠡᠬᠦ ᠮᠡᠳᠤ  ᠪᠠᠷ ᠬᠡᠯᠡᠳᠡᠭ ᠶᠤᠮ᠃ ᠵᠢᠯ ᠤᠷᠤᠬᠤ  ᠶᠢ ᠨᠠᠰᠤ ᠵᠢᠯ  ᠤᠨ ᠡᠷᠭᠢᠯᠳᠡ  ᠶᠢᠨ ᠴᠢᠨᠠᠷᠲᠠᠢ ᠨᠡᠮᠡᠭᠳᠡᠯ  ᠤᠨ ᠪᠡᠯᠭᠡ ᠲᠡᠮᠳᠡᠭ ᠪᠤᠯᠭᠠᠵᠤ᠂ ᠵᠢᠯ ᠤᠷᠤᠭᠰᠠᠳ ᠨᠢ ᠤᠯᠠᠭᠠᠨ ᠥᠩᠭᠡ  ᠶᠢᠨ ᠪᠥᠰᠡ ᠪᠥᠰᠡᠯᠡᠨ ᠨᠠᠰᠤ ᠵᠢᠯ ᠨᠡᠮᠡᠭᠳᠡᠭᠰᠡᠨ ᠪᠡᠯᠭᠡ ᠲᠡᠮᠳᠡᠭ ᠪᠤᠯᠭᠠᠬᠤ ᠠᠴᠠ ᠪᠢᠰᠢ ᠥᠨᠳᠥᠷ ᠨᠠᠰᠤᠳᠠᠨ  ᠤ ᠨᠠᠰᠤᠨ ᠪᠠᠶᠠᠷ ᠲᠠᠯᠪᠢᠬᠤ ᠮᠡᠳᠤ ᠶᠡᠭᠡ  ᠪᠠᠷ ᠨᠠᠶᠢᠷ ᠪᠠᠶᠠᠷ ᠬᠢᠳᠡᠭ ᠥᠭᠡᠢ᠃  ︽ ᠵᠠᠵᠢᠨ ᠥᠰᠥ ᠨᠢ ᠴᠠᠶᠢᠵᠤ᠂ ᠵᠢᠷᠠᠨ ᠨᠢᠭᠡ  ᠶᠢ ᠡᠯᠭᠦᠨ ᠵᠢᠯ ᠤᠷᠤᠬᠤ︾   ᠳᠤ ᠰᠠᠶ᠋ᠢ ᠵᠢᠩᠬᠢᠨᠢ  ᠪᠠᠷ ᠥᠨᠳᠥᠷ ᠨᠠᠰᠤᠨ  ᠤ ᠵᠢᠯ ᠤᠷᠤᠬᠤ ᠨᠠᠶᠢᠷ ᠬᠢᠳᠡᠭ᠃        ᠨᠠᠰᠤᠨ ᠪᠠᠶᠠᠷ ᠲᠠᠯᠪᠢᠬᠤ ᠨᠢ ᠵᠢᠯ ᠤᠷᠤᠭᠤᠯᠬᠤ ᠲᠠᠢ ᠠᠳᠠᠯᠢ ᠥᠭᠡᠢ ᠪᠠᠶᠢᠳᠠᠭ᠃ ᠲᠡᠷᠡ ᠨᠢ ᠵᠢᠯ ᠤᠷᠤᠭᠤᠯᠬᠤ ᠰᠢᠭ᠋ ᠠᠷᠪᠠᠨ ᠬᠤᠶᠠᠷ ᠡᠰᠢ ᠡᠷᠬᠡᠳᠡᠨ  ᠢᠶᠠᠷ ᠲᠤᠭᠠᠯᠠᠨ ᠪᠤᠳᠤᠳᠠᠭ ᠪᠢᠰᠢ ᠬᠠᠷᠢᠨ ᠵᠢᠷᠠᠨ ᠨᠠᠰᠤ ᠠᠴᠠ ᠡᠬᠢᠯᠡᠨ ᠲᠠᠯᠠᠨ ᠨᠠᠰᠤ᠂ ᠨᠠᠶᠠᠨ ᠨᠠᠰᠤ᠂ ᠭᠡᠬᠦ ᠮᠡᠳᠤ  ᠪᠠᠷ ᠠᠷᠪᠠᠨ ᠵᠢᠯ ᠳᠤ ᠨᠢᠭᠡ ᠤᠳᠠᠭ᠎ᠠ ᠨᠠᠰᠤᠨ ᠪᠠᠶᠠᠷ ᠬᠢᠳᠡᠭ᠃ ᠨᠠᠰᠤᠨ ᠪᠠᠶᠠᠷ  ᠢ ᠶᠡᠷᠤ ᠳᠤ  ᠪᠠᠨ ᠴᠠᠭᠠᠨ ᠰᠠᠷ᠎ᠠ  ᠶᠢᠨ ᠰᠢᠨᠡᠳ ᠠᠴᠠ ᠡᠬᠢᠯᠡᠨ ᠬᠢᠳᠡᠭ ᠠᠴᠠ ᠴᠠᠭᠠᠨ ᠰᠠᠷ᠎ᠠ ᠪᠤᠯᠬᠤ ᠠᠴᠠ ᠡᠮᠥᠨ᠎ᠡ ᠥᠷ᠎ᠡ ᠬᠡᠥᠬᠡᠳ ᠨᠢ ᠨᠢᠭᠡᠨ ᠲᠤᠣᠷ᠎ᠠ ᠴᠤᠭᠯᠠᠷᠠᠨ ᠨᠠᠰᠤᠨ ᠪᠠᠶᠠᠷ ᠲᠠᠯᠪᠢᠬᠤ ᠳᠤ ᠬᠡᠷᠡᠭᠰᠡᠬᠦ ᠤᠭᠤᠴᠠ ᠰᠢᠭᠦᠰᠥ᠂ ᠮᠢᠬ᠎ᠠ ᠨᠤᠭᠤᠭ᠎ᠠ᠂ ᠢᠳᠡᠭᠡᠨ ᠤᠮᠳᠠᠭᠠᠨ  ᠤ ᠵᠤᠶᠢᠯ᠂ ᠠᠷᠢᠬᠢ ᠲᠠᠷᠠᠰᠤ᠂ ᠨᠠᠰᠤᠳᠠᠨ  ᠤ ᠬᠤᠪᠴᠠᠰᠤ ᠬᠤᠨᠠᠷ᠂ ᠪᠠᠶᠠᠷ ᠲᠠᠯᠪᠢᠬᠤ ᠬᠡᠪᠴᠢᠶ᠎ᠠ᠂ ᠡᠳᠥᠷ ᠬᠤᠭᠤᠴᠠᠭ᠎ᠠ᠂ ᠨᠠᠶᠢᠷ ᠨᠠᠭᠠᠳᠤᠮ ᠮᠡᠳᠤ  ᠶᠢᠨ ᠵᠤᠶᠢᠯ᠂ ᠬᠠᠷᠢᠭᠤ ᠪᠡᠯᠡᠭ  ᠤᠨ ᠡᠳ᠋ ᠪᠤᠳᠠᠰ ᠪᠥᠰ ᠪᠠᠷᠠᠭ᠎ᠠ  ᠶᠢ ᠬᠡᠨ ᠨᠢ ᠶᠡᠷᠤᠩᠬᠡᠢ ᠬᠠᠮᠢᠶᠠᠷᠬᠤ᠂ ᠬᠡᠨ ᠨᠢ ᠶᠠᠮᠠᠷ ᠠᠵᠢᠯ  ᠢ ᠬᠠᠷᠢᠭᠤᠴᠠᠬᠤ ᠵᠡᠷᠭᠡ  ᠶᠢ ᠨᠠᠷᠢᠨ ᠲᠤᠳᠤᠷᠬᠠᠢ ᠶᠠᠷᠢᠯᠴᠠᠨ ᠲᠤᠭᠳᠠᠵᠤ᠂ ᠡᠯ᠎ᠡ ᠵᠤᠶᠢᠯ  ᠤᠨ ᠪᠡᠯᠡᠳᠬᠡᠯ ᠠᠵᠢᠯ  ᠢᠶᠠᠨ ᠬᠢᠵᠤ ᠡᠬᠢᠯᠡᠳᠡᠭ᠃       ᠨᠠᠰᠤᠨ ᠪᠠᠶᠠᠷ ᠲᠠᠯᠪᠢᠬᠤ  ᠪᠠᠷ ᠢᠷᠡᠭᠰᠡᠨ ᠵᠤᠴᠢᠳ ᠶᠠᠭᠤᠨ  ᠤ ᠡᠮᠥᠨ᠎ᠡ ᠪᠠᠶᠠᠷ ᠲᠠᠯᠪᠢᠬᠤ  ᠨᠠᠰᠤᠳᠠᠨ  ᠤ ᠰᠠᠭᠤᠭ᠎ᠠ ᠭᠡᠷ  ᠲᠤ ᠤᠷᠤᠨ ᠰᠢᠨ᠎ᠡ ᠵᠢᠯ  ᠤᠨ ᠵᠤᠯᠭᠠᠯᠳᠠ ᠬᠢᠵᠤ᠂ ᠰᠢᠨ᠎ᠡ  ᠶᠢᠨ ᠴᠠᠢ ᠤᠣᠭᠤᠭᠰᠠᠨ  ᠤ ᠲᠠᠷᠠᠭ᠎ᠠ ᠥᠨᠳᠥᠷ ᠨᠠᠰᠤᠳᠠᠨ  ᠳᠤ ᠮᠡᠨᠳᠤ ᠮᠡᠳᠡᠬᠦ ᠭᠡᠵᠤ ᠠᠷᠢᠬᠢ ᠪᠠᠷᠢᠵᠤ ᠰᠢᠭᠤᠲᠠᠢ ᠬᠠᠪᠳᠠᠭ᠎ᠠ ᠮᠥᠩᠬᠦ ᠵᠤᠭᠤᠰ ᠲᠠᠯᠪᠢᠨ ᠰᠢᠨ᠎ᠡ  ᠶᠢᠨ ᠮᠡᠨᠳᠥᠴᠢᠯᠡᠯ ᠠᠰᠠᠭᠤᠳᠠᠭ᠃ ᠡᠭᠦᠨ  ᠤ ᠲᠠᠷᠠᠭ᠎ᠠ ᠰᠠᠶ᠋ᠢ ᠨᠠᠰᠤᠨ ᠪᠠᠶᠠᠷ ᠲᠠᠯᠪᠢᠬᠤ ᠪᠡᠯᠡᠭ ᠰᠡᠯᠳᠡ  ᠪᠠᠨ ᠭᠠᠷᠭᠠᠨ ᠨᠠᠰᠤᠳᠠᠨ  ᠤ ᠨᠠᠰᠤᠨ ᠪᠤᠶᠠᠨ  ᠢ ᠤᠯᠬᠤ ᠪᠠᠶᠠᠷ  ᠤᠨ ᠪᠡᠯᠡᠭ ᠪᠠᠷᠢᠳᠠᠭ᠃          ᠵᠢᠯ ᠤᠷᠤᠬᠤ ᠨᠠᠰᠤ  ᠶᠢ ᠠᠷᠪᠠᠨ ᠬᠤᠶᠠᠷ ᠡᠰᠢ ᠡᠷᠬᠡᠳᠡᠨ  ᠢᠶᠠᠷ ᠲᠤᠭᠠᠯᠠᠨ ᠪᠤᠳᠤᠳᠠᠭ ᠤᠴᠢᠷ ᠠᠴᠠ ᠬᠥᠬᠦᠬᠦᠯ  ᠤᠨ ᠰᠥ ᠠᠴᠠ  ᠪᠠᠨ ᠰᠠᠯᠵᠤ ᠬᠥᠮᠥᠨ  ᠤ ᠲᠥᠬᠦᠭᠡ ᠤᠷᠤᠭᠰᠠᠨ ᠬᠠᠮᠤᠭ ᠠᠩᠬᠠᠨ  ᠤ ᠠᠷᠪᠠᠨ ᠭᠤᠷᠪᠠᠨ ᠨᠠᠰᠤᠨ  ᠤ ᠵᠢᠯ ᠤᠷᠤᠬᠤ  ᠳᠤ ᠠᠪᠤ ᠡᠵᠢ ᠨᠢ ᠵᠢᠯ ᠤᠷᠤᠬᠤ ᠬᠡᠥᠬᠡᠳ  ᠢᠶᠠᠨ ᠰᠢᠨ᠎ᠡ  ᠪᠠᠷ ᠥᠪᠴᠢ ᠬᠤᠪᠴᠠᠯᠠᠵᠤ ᠴᠠᠭᠠᠨ ᠰᠠᠷ᠎ᠠ  ᠶᠢᠨ ᠰᠢᠨ᠎ᠡ  ᠶᠢᠨ ᠰᠠᠶᠢᠨ ᠡᠳᠥᠷ  ᠢ ᠲᠠᠭᠠᠷᠠᠭᠤᠯᠤᠨ ᠬᠡᠥᠬᠡᠳ  ᠤᠨ  ᠢᠶᠠᠨ ᠡᠷᠡᠭᠦᠯ  ᠢᠶᠠᠷ ᠥᠰᠥᠨ ᠪᠤᠶᠢᠵᠢᠵᠤ᠂ ᠨᠠᠰᠤᠨ ᠲᠤᠷᠰᠢᠳᠠ ᠥᠭᠡᠳᠡ ᠡᠰᠡᠷᠡᠭ ᠥᠯᠵᠡᠢ ᠮᠥᠷ ᠲᠠᠢ᠂ ᠪᠠᠶᠠᠨ ᠡᠯᠪᠡᠭ ᠬᠥᠷᠥᠩᠭᠡ ᠵᠤᠵᠠᠭᠠᠨ ᠶᠠᠪᠤᠬᠤ  ᠶᠢ ᠪᠡᠯᠭᠡᠳᠡᠵᠤ᠂ ᠢᠰᠢᠭᠡ ᠬᠤᠷᠠᠭ᠎ᠠ᠂ ᠲᠤᠭᠤᠯ ᠤᠨᠠᠭ᠎ᠠ ᠱᠠᠩᠨᠠᠳᠠᠭ᠃ ᠪᠤᠰᠤᠳ ᠬᠥᠮᠥᠨ ᠵᠢᠯ ᠤᠷᠤᠭᠤᠯᠬᠤ ᠭᠡᠵᠤ ᠪᠡᠯᠡᠭ ᠰᠡᠯᠳᠡ ᠬᠥᠷᠭᠡᠳᠡᠭ ᠥᠭᠡᠢ᠃       ᠬᠤᠷᠢᠨ ᠲᠠᠪᠤᠨ ᠨᠠᠰᠤᠨ  ᠤ ᠵᠢᠯ ᠤᠷᠤᠬᠤ ᠳᠤ ᠴᠠᠭᠠᠨ ᠰᠠᠷ᠎ᠠ  ᠶᠢᠨ ᠰᠢᠨ᠎ᠡ  ᠶᠢᠨ ᠨᠢᠭᠡᠨ ᠳᠤ ᠵᠢᠯ ᠤᠷᠤᠭᠰᠠᠨ ᠥᠷ᠎ᠡ ᠬᠡᠥᠬᠡᠳ  ᠲᠤ  ᠪᠠᠨ ᠠᠪᠤ ᠡᠵᠢ ᠨᠢ ᠬᠤᠨᠳᠠᠭ᠎ᠠ ᠲᠠᠢ ᠠᠷᠢᠬᠢ ᠱᠠᠩᠨᠠᠵᠤ  ︽ ᠬᠡᠥᠬᠡᠳ  ᠤᠨ ᠥᠶ᠎ᠡ ᠬᠡᠳᠥᠷᠡᠭᠡᠳ ᠬᠥᠯᠥᠭ  ᠤᠨ ᠲᠥᠷᠥᠭᠡ ᠢᠰᠭᠦᠯᠵᠠᠢ᠂ ᠪᠠᠭ᠎ᠠ  ᠶᠢᠨ ᠨᠠᠰᠤ ᠴᠢᠨᠢ ᠪᠤᠶᠢᠵᠢᠭᠠᠳ ᠪᠠᠷᠰ  ᠤᠨ ᠬᠥᠴᠥᠨ ᠪᠥᠷᠢᠳᠴᠠᠢ᠂ ᠠᠪᠤ ᠲᠡᠭᠡᠳᠤ  ᠶᠢᠨ ᠠᠯᠳᠠᠷ ᠴᠤᠯᠠ  ᠶᠢ ᠮᠠᠨᠳᠤᠭᠤᠯᠤᠨ ᠠᠯᠢᠪᠠ ᠥᠢᠯᠡᠰ ᠴᠢᠨᠢ ᠥᠭᠡᠳᠡ ᠡᠰᠡᠷᠡᠭ ᠪᠤᠯᠳᠤᠭᠠᠢ︾  ᠭᠡᠵᠤ ᠢᠷᠥᠭᠡᠬᠦ ᠳᠤ ᠵᠢᠯ ᠤᠷᠤᠭᠰᠠᠨ ᠬᠡᠥᠬᠡᠳ ᠨᠢ ᠠᠯᠠᠭ᠎ᠠ  ᠪᠠᠨ ᠲᠡᠯᠭᠡᠨ ᠰᠥᠬᠦᠷᠡᠨ ᠲᠤᠰᠴᠤ᠂ ᠠᠪᠤ ᠡᠵᠢ ᠳᠤ  ᠪᠠᠨ ᠮᠥᠷᠭᠦᠭᠡᠳ ︽ ᠢᠷᠥᠭᠡᠯ ᠰᠢᠩᠭᠡᠬᠦ ᠪᠤᠯᠳᠤᠭᠠᠢ  ︾  ᠭᠡᠵᠤ ᠠᠷᠢᠬᠢ  ᠶᠢ ᠪᠤᠴᠠᠭᠠᠳᠠᠭ᠃ ᠬᠤᠷᠢᠨ ᠲᠠᠪᠤᠨ ᠨᠠᠰᠤᠨ  ᠤ ᠵᠢᠯ ᠤᠷᠤᠬᠤ ᠳᠤ ᠪᠡᠯᠡᠭ ᠰᠡᠯᠳᠡ ᠠᠪᠴᠤ ᠪᠠᠶᠠᠷ ᠨᠠᠶᠢᠷ ᠬᠢᠳᠡᠭ ᠥᠭᠡᠢ᠃ ᠰᠢᠨ᠎ᠡ ᠬᠤᠪᠴᠠᠰᠤ ᠬᠤᠨᠠᠷ ᠪᠤᠶᠤ ᠪᠤᠰᠤᠳ ᠵᠤᠶᠢᠯ  ᠢᠶᠠᠷ ᠵᠢᠯ ᠤᠷᠤᠭᠰᠠᠨ ᠪᠡᠯᠡᠭ ᠲᠡᠮᠳᠡᠭ ᠢᠯᠡᠷᠡᠭᠦᠯᠳᠡᠭ᠃        ᠭᠤᠴᠢᠨ ᠲᠤᠯᠤᠭᠠᠨ ᠨᠠᠰᠤᠨ  ᠤ ᠵᠢᠯ ᠤᠷᠤᠬᠤ ᠳᠤ ᠥᠶ᠎ᠡ ᠵᠡᠷᠭᠡ  ᠶᠢᠨ ᠬᠢᠨᠢ ᠬᠥᠮᠥᠰ ᠪᠠ ᠲᠡᠭᠦᠤ ᠨᠠᠷ ᠬᠡᠥᠬᠡᠳ ᠨᠢ ᠡᠷ᠎ᠡ  ᠶᠢᠨ ᠴᠡᠭᠡᠯ ᠳᠤ ᠬᠥᠷᠥᠭᠰᠡᠨ  ᠢ ᠪᠡᠯᠭᠡᠳᠡᠵᠤ ᠵᠢᠯ ᠤᠷᠤᠭᠤᠯᠬᠤ ᠪᠤᠯᠪᠠᠴᠤ ᠪᠠᠶᠠᠷ ᠨᠠᠶᠢᠷ ᠬᠢᠳᠡᠭ ᠥᠭᠡᠢ᠃ ᠨᠡᠩ ᠠᠬᠠᠮᠠᠳ ᠨᠠᠰᠤᠨ  ᠤ ᠬᠥᠮᠥᠨ ᠪᠡᠯᠭᠡ ᠰᠡᠯᠳᠡ ᠬᠥᠷᠭᠡᠵᠤ ᠵᠢᠯ ᠤᠷᠤᠭᠤᠯᠵᠤ ᠪᠠᠶᠠᠷ ᠲᠠᠯᠪᠢᠳᠠᠭ ᠥᠭᠡᠢ᠃ ᠠᠪᠤ ᠡᠵᠢ ᠨᠢ ᠵᠢᠯ ᠤᠷᠤᠭᠰᠠᠨ ᠬᠡᠥᠬᠡᠳ  ᠲᠤ  ᠪᠠᠨ ︽ ᠡᠷ᠎ᠡ  ᠶᠢᠨ ᠴᠡᠭᠡᠯ ᠳᠤ ᠬᠥᠷᠴᠤ ᠢᠳᠡ ᠬᠥᠴᠥ ᠪᠥᠷᠢᠳᠥᠭᠰᠡᠨ ᠢᠳᠡᠷ ᠨᠠᠰᠤᠨ ᠳᠤ ᠤᠷᠤᠯ᠎ᠠ︾  ᠭᠡᠵᠤ ᠬᠤᠨᠳᠠᠭ᠎ᠠ ᠲᠠᠢ ᠠᠷᠢᠬᠢ ᠱᠠᠩᠨᠠᠵᠤ ︽ ᠬᠤᠷᠸ᠎ᠠ ᠳᠤ ᠨᠤᠶᠠᠨ ᠰᠠᠭᠤᠨ ᠬᠤᠷᠢᠮ  ᠤᠨ ᠲᠥᠷᠥᠭᠦᠤ ᠪᠤᠯᠵᠤ᠂ ᠬᠤᠶᠢᠮᠤᠷ ᠨᠢ ᠰᠠᠭᠠᠳᠠᠨ ᠬᠤᠨᠢᠨ ᠰᠢᠭᠦᠰᠥ ᠢᠳᠡᠵᠤ᠂ ᠠᠷᠢᠬᠢ ᠲᠠᠷᠠᠰᠤ  ᠶᠢᠨ ᠲᠡᠭᠡᠵᠢ  ᠶᠢ ᠠᠮᠰᠠᠵᠤ ᠶᠠᠪᠤᠭᠠᠷᠠᠢ  ︾  ᠭᠡᠵᠤ ᠠᠷᠢᠬᠢ ᠤᠣᠭᠤᠬᠤ  ᠶᠢ ᠵᠥᠪᠰᠢᠶᠡᠷᠡᠳᠡᠭ ᠪᠤᠯᠪᠠᠴᠤ ᠠᠬᠠᠮᠠᠳ ᠨᠠᠰᠤᠳᠠᠨ ᠲᠠᠢ ᠨᠢᠭᠡ ᠰᠢᠷᠡᠭᠡᠨ ᠳᠤ ᠰᠠᠭᠤᠵᠤ ᠠᠷᠢᠬᠢ ᠤᠣᠭᠤᠬᠤ  ᠶᠢ ᠴᠡᠭᠡᠷᠯᠡᠬᠦ ᠪᠥᠭᠡᠳ ᠰᠤᠭᠳᠤᠳᠠᠯ᠎ᠠ ᠤᠣᠭᠤᠵᠤ ᠬᠥᠯᠴᠥᠭᠦᠷᠡᠵᠤ ᠶᠠᠪᠤᠬᠤ  ᠶᠢ ᠲᠤᠩ ᠡᠰᠡᠷᠭᠦᠴᠡᠳᠡᠭ᠃        ᠲᠥᠴᠢ ᠶᠢᠰᠥᠨ ᠨᠠᠰᠤᠨ  ᠤ ᠵᠢᠯ ᠤᠷᠤᠬᠤ ᠳᠤ ︽ ᠬᠢᠵᠢᠶᠡᠯ ᠴᠡᠭᠡᠷ  ᠤᠨ ᠨᠠᠰᠤ  ᠶᠢ ᠲᠠᠪᠠᠵᠤ᠂ ᠬᠡᠷᠰᠡᠥ ᠲᠤᠮᠤᠭᠠᠳᠠᠨ  ᠤ ᠲᠤᠭᠠᠨ ᠳᠤ ᠤᠷᠤᠵᠠᠢ︾  ᠭᠡᠵᠤ ᠠᠷᠢᠬᠢ ᠤᠣᠭᠤᠬᠤ᠂ ᠰᠠᠬᠠᠯ ᠲᠠᠯᠪᠢᠬᠤ ᠴᠡᠭᠡᠷ ᠲᠠᠶᠢᠯᠵᠤ᠂ ᠠᠬᠠᠮᠠᠳ ᠨᠠᠰᠤᠳᠠᠨ ᠨᠠᠷ ᠲᠠᠢ ᠡᠷᠡᠭᠡ ᠥᠭᠡᠢ ᠥᠭᠡ ᠵᠤᠭᠤᠭ ᠶᠠᠷᠢᠯᠴᠠᠵᠤ ᠪᠤᠯᠳᠠᠭ᠃ ᠲᠥᠴᠢ ᠶᠢᠰᠥᠨ ᠨᠠᠰᠤᠨ  ᠤ ᠵᠢᠯ ᠤᠷᠤᠭᠤᠯᠬᠤ ᠳᠤ ᠲᠡᠭᠦᠨ  ᠤ ᠥᠶ᠎ᠡ ᠬᠤᠷᠠᠭ  ᠤᠨ ᠬᠥᠮᠥᠰ ᠲᠡᠭᠦᠤ ᠨᠠᠷ ᠬᠡᠥᠬᠡᠳ ᠨᠢ ᠬᠤᠪᠴᠠᠰᠤ ᠬᠤᠨᠠᠷ᠂ ᠪᠥᠰ ᠪᠠᠷᠠᠭ᠎ᠠ  ᠶᠢᠨ ᠪᠡᠯᠭᠡ ᠰᠡᠯᠳᠡ ᠲᠠᠢ ᠤᠴᠢᠵᠤ ᠵᠢᠯ ᠤᠷᠤᠭᠤᠯᠳᠠᠭ᠃ ᠵᠢᠯ ᠤᠷᠤᠭᠰᠠᠨ ᠬᠥᠮᠥᠨ ᠠᠴᠠ ᠠᠬᠠᠮᠠᠳ ᠪᠤᠯᠬᠤ ᠬᠥᠮᠥᠨ ᠵᠢᠯ ᠤᠷᠤᠭᠤᠯᠳᠠᠭ ᠥᠭᠡᠢ᠃ ᠶᠡᠭᠡ  ᠪᠠᠷ ᠪᠠᠶᠠᠷ ᠨᠠᠶᠢᠷ ᠬᠢᠳᠡᠭ ᠥᠭᠡᠢ᠃        ᠵᠢᠷᠠᠨ ᠨᠢᠭᠡ  ᠶᠢᠨ ᠵᠢᠯ ᠤᠷᠤᠬᠤ ᠳᠤ ᠨᠠᠰᠤᠨ ᠪᠠᠶᠠᠷ ᠲᠠᠯᠪᠢᠬᠤ ᠮᠡᠳᠤ ᠶᠡᠭᠡ  ᠪᠠᠷ ᠪᠠᠶᠠᠷ ᠲᠠᠯᠪᠢᠵᠤ᠂ ᠵᠢᠷᠠᠨ ᠨᠢᠭᠡᠨ ᠨᠠᠰᠤᠨ  ᠤ ᠵᠢᠯ ᠤᠷᠤᠭᠰᠠᠨ ᠬᠥᠮᠥᠨ  ᠤ ᠥᠷ᠎ᠡ ᠬᠡᠥᠬᠡᠳ ᠲᠥᠷᠥᠯ ᠰᠠᠳᠤᠨ ᠨᠢ ᠬᠥᠨᠳᠤ ᠪᠡᠯᠡᠭ ᠰᠡᠯᠳᠡ ᠬᠥᠷᠭᠡᠵᠤ ᠪᠡᠯᠡᠭᠯᠡᠬᠦ  ᠪᠠᠷ ᠥᠯᠥ ᠪᠠᠷᠠᠨ ᠲᠡᠭᠦᠨ ᠠᠴᠠ ᠠᠬᠠᠮᠠᠳ ᠨᠠᠰᠤᠨ  ᠤ ᠬᠥᠮᠥᠨ ᠴᠦ ᠵᠢᠯ ᠤᠷᠤᠭᠤᠯᠬᠤ ᠪᠠᠶᠠᠷ ᠨᠠᠶᠢᠷ  ᠲᠤ ᠨᠢ ᠤᠷᠤᠯᠴᠠᠵᠤ᠂ ᠤᠷᠳᠤ ᠨᠠᠰᠤᠯᠠᠵᠤ ᠤᠳᠠᠭᠠᠨ ᠵᠢᠷᠭᠠᠬᠤ  ᠶᠢ ᠨᠢ ᠵᠥᠩᠨᠡᠨ ᠪᠡᠯᠡᠭᠯᠡᠳᠡᠭ᠃ ᠵᠢᠷᠠᠨ ᠨᠢᠭᠡᠨ ᠨᠠᠰᠤᠨ ᠠᠴᠠ ᠥᠨᠳᠥᠷ ᠨᠠᠰᠤᠨ  ᠤ ᠪᠠᠶᠠᠷ ᠨᠠᠶᠢᠷ ᠬᠢᠬᠦ ᠡᠬᠢᠯᠡᠯᠳᠡ ᠪᠤᠯᠭᠠᠳᠠᠭ ᠴᠦ ᠭᠠᠵᠠᠷ ᠤᠷᠤᠨ  ᠤ ᠵᠠᠩᠰᠢᠯ ᠠᠴᠠ ᠪᠤᠯᠵᠤ ᠲᠠᠯᠠᠨ ᠭᠤᠷᠪᠠ᠂ ᠨᠠᠶᠠᠨ ᠲᠠᠪᠤ᠂ ᠶᠡᠷᠡᠨ ᠲᠤᠯᠤᠭᠠᠨ ᠨᠠᠰᠤᠨ  ᠤ ᠵᠢᠯ ᠤᠷᠤᠬᠤ ᠪᠠᠶᠠᠷ ᠭᠡᠵᠤ ᠲᠠᠯᠪᠢᠳᠠᠭ ᠥᠭᠡᠢ᠃ ᠬᠠᠷᠢᠨ ᠲᠠᠯᠠᠨ ᠨᠠᠰᠤ᠂ ᠨᠠᠶᠠᠨ ᠨᠠᠰᠤ᠂ ᠶᠡᠷᠡᠨ ᠨᠠᠰᠤᠨ  ᠤ ᠥᠨᠳᠥᠷ ᠨᠠᠰᠤᠳᠠᠨ  ᠤ ᠪᠠᠶᠠᠷ ᠭᠡᠵᠤ ᠲᠠᠯᠪᠢᠳᠠᠭ᠃        ᠥᠨᠳᠥᠷ ᠨᠠᠰᠤᠳᠠᠨ  ᠤ ᠨᠠᠰᠤᠨ ᠪᠠᠶᠠᠷ  ᠢ ᠥᠷ᠎ᠡ ᠬᠡᠥᠬᠡᠳ ᠰᠠᠳᠤᠨ ᠲᠥᠷᠥᠯ ᠪᠤᠯᠤᠭᠰᠠᠳ ᠨᠢ ᠬᠥᠭᠵᠢᠶᠡᠨ ᠨᠠᠷᠭᠢᠶᠠᠨ ᠲᠠᠢ ᠥᠷᠭᠡᠨ ᠲᠡᠯᠭᠡᠷ ᠬᠢᠳᠡᠭ᠃ ᠨᠠᠰᠤᠨ ᠪᠠᠶᠠᠷ ᠲᠠᠯᠪᠢᠬᠤ ᠳᠤ ᠬᠥᠷᠭᠡᠬᠦ ᠪᠡᠯᠡᠭ ᠰᠡᠯᠳᠡ  ᠶᠢ ᠪᠤᠰᠤᠳ ᠬᠤᠷᠢᠮ ᠨᠠᠶᠢᠷ  ᠲᠤ ᠬᠥᠷᠭᠡᠬᠦ ᠪᠡᠯᠡᠭ ᠰᠡᠯᠳᠡ ᠠᠴᠠ ᠢᠯᠡᠭᠦᠤ ᠬᠥᠨᠳᠥᠳᠬᠡᠨ ᠥᠵᠡᠳᠡᠭ᠃ ᠥᠷ᠎ᠡ ᠬᠡᠥᠬᠡᠳ ᠰᠠᠳᠤᠨ ᠲᠥᠷᠥᠯ ᠠᠶᠢᠯ ᠠᠶᠢᠮᠠᠭ  ᠤᠨ ᠬᠢᠨᠢ ᠠᠮᠢᠳᠤᠷᠠᠯ  ᠤᠨ ᠪᠠᠶᠢᠳᠠᠯ  ᠢᠶᠠᠨ ᠥᠨᠳᠥᠰᠥᠯᠡᠨ ᠬᠠᠳᠠᠭ᠂ ᠠᠷᠢᠬᠢ᠂ ᠮᠥᠩᠬᠦ ᠵᠤᠭᠤᠰ᠂ ᠤᠨᠤᠬᠤ ᠮᠤᠷᠢ᠂ ᠬᠥᠯᠥᠬᠦ ᠥᠬᠡᠷ᠂ ᠬᠠᠯᠠᠭᠤᠨ ᠬᠤᠰᠢᠭᠤᠳᠤ ᠬᠤᠨᠢ᠂ ᠬᠤᠪᠴᠠᠰᠤ ᠬᠤᠨᠠᠷ᠂ ᠡᠳ᠋ᠯᠡᠵᠤ ᠬᠡᠷᠡᠭᠯᠡᠬᠦ ᠭᠤᠳᠤᠯ ᠱᠠᠬᠠᠢ᠂ ᠵᠡᠷᠭᠡ  ᠶᠢ ᠬᠥᠷᠭᠡᠳᠡᠭ᠃ ᠨᠠᠰᠤᠳᠠᠨ ᠨᠠᠰᠤᠨ ᠪᠠᠶᠠᠷ ᠲᠠᠯᠪᠢᠬᠤ  ᠪᠠᠷ ᠢᠷᠡᠭᠰᠡᠨ ᠬᠤᠯᠠ ᠤᠶᠢᠷ᠎ᠠ  ᠶᠢᠨ ᠵᠤᠴᠢᠳ  ᠢ ᠡᠭᠡᠭᠡ ᠠᠳᠠᠯᠢ ᠬᠠᠯᠠᠭᠤᠨ  ᠢᠶᠠᠷ ᠤᠭᠳᠤᠵᠤ᠂ ᠬᠠᠯᠠᠭᠤᠮᠰᠤᠭ  ᠢᠶᠠᠷ ᠵᠤᠴᠢᠯᠠᠳᠠᠭ᠃ ᠨᠠᠰᠤᠨ ᠪᠠᠶᠠᠷ  ᠤᠨ ᠲᠠᠶᠢᠯᠠᠯᠭ᠎ᠠ ᠡᠬᠢᠯᠡᠭᠰᠡᠨ ᠠᠴᠠ ᠠᠪᠤᠭᠠᠳ ᠲᠠᠭᠤᠰᠳᠠᠯ᠎ᠠ ᠰᠢᠷᠡᠭᠡ ᠲᠥᠭᠦᠷᠡᠩ ᠰᠢᠭᠦᠰᠥ ᠵᠠᠭᠤᠰᠢ ᠥᠷᠥᠨ ᠲᠠᠯᠪᠢᠵᠤ᠂ ᠪᠠᠶᠠᠷ  ᠤᠨ ᠰᠠᠷᠬᠤᠳ ᠬᠤᠣᠰ ᠵᠥᠢᠷᠡᠢ ᠲᠥᠷᠪᠡᠨ ᠠᠶᠠᠭ᠎ᠠ᠂ ᠲᠥᠷᠪᠡᠨ ᠬᠤᠣᠰ ᠨᠠᠶᠢᠮᠠᠨ ᠠᠶᠠᠭ᠎ᠠ ᠬᠡᠮᠨᠡᠨ᠂ ᠰᠠᠶᠢᠨ  ᠤ ᠢᠷᠥᠭᠡᠯ ᠰᠠᠷᠬᠤᠳ  ᠤᠨ ᠲᠠᠭᠤᠣ᠂ ᠪᠠᠶᠠᠷ  ᠤᠨ ᠬᠥᠭᠵᠢᠮ ᠪᠠᠰᠠ ᠴᠠᠭᠠᠨ᠎ᠠ ᠨᠢ ᠰᠢᠯᠥᠭ ᠤᠶᠠᠩᠭ᠎ᠠ ᠬᠥᠭ ᠨᠡᠶᠢᠯᠡᠨ ᠠᠶᠢᠵᠢᠮ ᠲᠠᠭᠠᠷᠠᠭᠠᠳ ᠴᠠᠭᠠᠨ ᠰᠠᠷ᠎ᠠ  ᠶᠢᠨ ᠴᠠᠭᠯᠠᠰᠢ ᠥᠭᠡᠢ ᠥᠪᠳᠡᠭᠰᠢ ᠨᠠᠶᠢᠷ ᠡᠨᠡ ᠭᠡᠷ ᠲᠤᠷ ᠪᠥᠷᠢᠳᠳᠡᠭ ᠠᠵᠤᠭᠤ᠃       ᠨᠠᠶᠢᠷ  ᠤᠨ ᠰᠢᠷᠡᠭᠡ ᠥᠨᠳᠥᠷᠯᠡᠵᠤ ᠨᠠᠰᠤᠨ ᠪᠠᠶᠠᠷ ᠲᠠᠯᠪᠢᠬᠤ  ᠪᠠᠷ ᠢᠷᠡᠭᠰᠡᠨ ᠰᠠᠳᠤᠨ ᠲᠥᠷᠥᠯ ᠰᠠᠭᠠᠬᠠᠯᠳᠠ ᠠᠶᠢᠯ  ᠤᠨ ᠬᠢᠨ ᠪᠤᠴᠠᠵᠤ ᠮᠤᠷᠳᠠᠬᠤ ᠥᠶ᠎ᠡ ᠳᠤ ᠨᠠᠰᠤᠨ ᠪᠠᠶᠠᠷ ᠲᠠᠯᠪᠢᠭᠰᠠᠨ ᠥᠨᠳᠥᠷ ᠨᠠᠰᠤᠳᠠᠨ ᠬᠤᠪᠴᠠᠰᠤ ᠬᠤᠨᠠᠷ᠂ ᠰᠢᠭᠤᠳᠠᠢ ᠬᠠᠪᠳᠠᠭ᠎ᠠ᠂ ᠪᠥᠰ ᠪᠠᠷᠠᠭ᠎ᠠ᠂ ᠵᠡᠷᠭᠡ  ᠪᠠᠷ ᠬᠠᠷᠢᠭᠤ ᠰᠡᠳᠬᠢᠯ ᠪᠤᠯᠭᠠᠨ ᠭᠠᠷ ᠴᠠᠶᠢᠯᠭᠠᠳᠠᠭ ᠪᠢᠯᠡ᠃                       ︿︿ᠮᠤᠩᠭᠤᠯ ᠵᠠᠩ ᠥᠢᠯᠡ︶︶ ᠭᠡᠬᠦ ᠨᠤᠮ ᠠᠴᠠ ᠪᠠᠭᠤᠯᠭᠠᠪᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号