ᠴᠢᠩᠭᠢᠰ ᠬᠠᠭᠠᠨ ᠤ ᠲᠤᠪᠴᠢ ᠨᠠᠮᠳᠠᠷ ︵ᠬᠤᠶᠠᠷ︶
ᠨᠡᠶᠢᠲᠡᠯᠡᠭᠰᠡᠨ ᠴᠠᠭ᠄
2019/11/14
ᠬᠤᠳᠠᠯᠠ ᠬᠠᠨ ᠨᠠᠰᠤᠨ ᠡᠴᠦᠰᠯᠡᠭᠰᠡᠨ ᠤ ᠬᠤᠶᠢᠨ᠎ᠠ ᠮᠤᠩᠭᠤᠯᠴᠤᠳ ᠤᠨ ᠵᠤᠩᠭᠢ ᠨᠢ ᠵᠠᠮᠤᠬ᠎ᠠ ᠶᠢ ᠲᠠᠭᠠᠯᠳᠤᠨ ᠠᠵᠤᠬᠤᠢ᠃ ᠲᠡᠮᠦᠵᠢᠨ ᠮᠥᠨ ᠪᠠᠰᠠ ᠵᠠᠮᠤᠬ᠎ᠠ ᠶᠢ ᠲᠠᠭᠠᠨ ᠨᠡᠭᠦᠳᠡᠯᠯᠡᠨ ᠪᠠᠶᠢᠪᠠᠢ᠃ ᠲᠡᠮᠦᠵᠢᠨ ᠢᠳᠡᠭ ᠢᠳᠡᠭ ᠢᠶᠠᠷ ᠭᠦᠮᠦᠨ ᠤ ᠰᠡᠳᠭᠢᠯ ᠢ ᠤᠯᠵᠤ᠂ ᠶᠠᠪᠤᠭ᠎ᠠ ᠳᠤ ᠪᠠᠨ ᠵᠠᠮᠤᠬ᠎ᠠ ᠠᠴᠠ ᠰᠠᠯᠵᠤ ᠠᠰᠳᠠᠭᠠᠨ ᠤᠷᠳᠤ ᠪᠠᠶᠢᠭᠤᠯᠤᠭᠰᠠᠨ ᠪᠠᠶᠢᠨ᠎ᠠ᠃ 12 ᠳ᠋ᠤᠭᠠᠷ ᠵᠠᠭᠤᠨ ᠤ ᠨᠠᠶᠠᠭᠠᠳ ᠤᠨ ᠢᠶᠠᠷ ᠲᠡᠮᠦᠵᠢᠨ ᠮᠤᠩᠭᠤᠯ ᠭᠢᠶᠠᠳ ᠤᠨ ᠬᠠᠭᠠᠨ ᠪᠤᠯᠤᠭᠰᠠᠨ ᠎ ᠳᠤ ᠵᠠᠮᠤᠬ᠎ᠠ ᠵᠠᠳᠠᠷᠠᠨ᠂ ᠲᠠᠶᠢᠴᠢᠭᠤᠳ ᠵᠡᠷᠭᠡ 13 ᠠᠶᠢᠮᠠᠭ ᠤᠨ ᠴᠡᠷᠢᠭ ᠢ ᠤᠳᠤᠷᠢᠳᠴᠤ ᠴᠡᠷᠢᠭᠯᠡᠭᠰᠡᠨ ᠳᠤᠷ᠂ ᠲᠡᠮᠦᠵᠢᠨ ᠠᠷᠪᠠᠨ ᠭᠤᠷᠪᠠᠨ ᠭᠦᠷᠢᠶ᠎ᠡ ᠪᠠᠷ ᠤᠭᠳᠤᠨ ᠪᠠᠶᠢᠯᠳᠤᠭᠠᠳ ᠲᠡᠶᠢᠯᠳᠠᠪᠠᠢ᠃ ᠲᠡᠭᠦᠨ ᠢ ᠲᠡᠤᠭᠡᠨ᠎ᠠ ᠠᠷᠪᠠᠨ ᠭᠤᠷᠪᠠ ᠭᠦᠷᠢᠶ᠎ᠠ ᠶᠢᠨ ᠲᠠᠶᠢᠨ ᠭᠡᠮᠡᠭᠦ᠃ ᠲᠡᠭᠦᠨᠴᠡ ᠲᠡᠮᠦᠵᠢᠨ ᠲᠤᠭᠤᠷᠢᠯ ᠬᠠᠨ ᠳᠤ ᠲᠦᠰᠢᠵᠤ᠂ ᠭᠦᠴᠦᠨ ᠶᠦᠭᠡᠨ ᠪᠤᠵᠠᠭᠠᠶᠢᠷᠠᠭᠤᠯᠵᠤ ᠪᠠᠶᠢᠭᠰᠠᠨ ᠠᠵᠤᠬᠤᠢ᠃ 1196 ᠤᠨ ᠳᠤ ᠠᠯᠳᠠᠨ ᠤᠯᠤᠰ ᠲᠠᠲ᠋ᠠᠷ ᠲᠤ ᠴᠡᠷᠢᠭᠯᠡᠭᠦ ᠦᠶ᠎ᠡ ᠲᠡᠮᠦᠵᠢᠨ ᠪᠠ ᠭᠡᠷᠡᠶᠢᠳ ᠤᠨ ᠲᠤᠭᠤᠷᠢᠯ ᠬᠠᠨ ᠮᠥᠨ ᠴᠡᠷᠢᠭ ᠭᠠᠷᠭᠠᠵᠤ ᠠᠯᠳᠠᠨ ᠤᠯᠤᠰ ᠯᠤᠭ᠎ᠠ ᠬᠠᠮᠰᠠᠵᠤ ᠤᠯᠵᠠ ᠭᠤᠤᠯ ︵ᠤᠳᠤ ᠶᠢᠨ ᠮᠤᠩᠭᠤᠯ ᠤᠯᠤᠰ ᠤᠨ ᠲᠤᠷᠤᠨᠠᠳᠤ ᠠᠶᠢᠮᠠᠭ ᠤᠨ ᠤᠯᠵᠠ ᠭᠤᠤᠯ︶᠎ ᠳᠤ ᠢᠯᠡᠪᠡᠢ᠃ ᠲᠡᠨᠳᠡᠴᠡ ᠠᠯᠳᠠᠨ ᠤᠯᠤᠰ ᠤᠨ ᠪᠠᠷᠠᠭᠤᠨ ᠭᠠᠷ ᠤᠨ ᠴᠢᠩᠰᠠᠩ ᠸᠠᠨᠶᠠᠨ ᠰᠢᠶᠠᠩ ᠭᠡᠮᠡᠭᠴᠢ ᠲᠡᠮᠦᠵᠢᠨ ᠳᠤ ᠵᠠᠬᠤᠳᠬᠤᠷᠢ ︵ᠠᠶᠢᠮᠠᠭ ᠤᠨ ᠠᠬᠠᠯᠠᠭᠴᠢ︶ ᠨᠤᠶᠠᠨ ᠱᠠᠩᠨᠠᠵᠤ᠂ ᠲᠤᠭᠤᠷᠢᠯ ᠬᠠᠨ ᠢ ᠤᠩ ᠬᠠᠨ ᠡᠷᠭᠦᠮᠵᠢᠯᠡᠪᠡᠢ᠃ ᠲᠤᠭᠤᠷᠢᠯ ᠬᠠᠨ ᠲᠡᠨᠳᠠᠴᠡ ᠤᠩ ᠬᠠᠨ ᠭᠡᠮᠡᠭᠳᠡᠪᠡᠢ᠃ ᠲᠡᠮᠦᠵᠢᠨ᠂ ᠤᠩ ᠬᠠᠨ ᠤᠨ ᠡᠰᠡᠷᠭᠦ ᠲᠠᠲ᠋ᠠᠷ᠂ ᠨᠠᠢᠮᠠᠨ᠂ ᠤᠶᠢᠷᠠᠳ᠂ ᠲᠠᠶᠢᠴᠢᠭᠤᠳ᠂ ᠵᠠᠳᠠᠷᠠᠨ᠂ ᠬᠠᠳᠠᠭᠢᠨ᠂ ᠰᠠᠯᠵᠢᠭᠤᠳ ᠵᠡᠷᠭᠡ ᠠᠷᠪᠠᠭᠠᠳ ᠠᠶᠢᠮᠠᠭ ᠬᠤᠯᠪᠤᠭᠠᠯᠠᠨ ᠭᠡᠨ ᠭᠤᠤᠯ ︵ᠤᠳᠤ ᠶᠢᠨ ᠡᠷᠭᠦᠨ᠎ᠡ ᠭᠤᠤᠯ ᠤᠨ ᠰᠠᠯᠪᠤᠷᠢ ᠭᠧᠨ ᠭᠤᠤᠯ︶᠎ ᠤᠨ ᠭᠠᠵᠠᠷ᠎ᠠ ᠵᠠᠮᠤᠬ᠎ᠠ ᠶᠢ ᠭᠦᠷ ᠬᠠᠨ ︵ᠬᠠᠮᠤᠭ ᠤᠨ ᠡᠵᠡᠨ︶ ᠭᠡᠮᠡᠨ ᠡᠷᠭᠦᠮᠵᠢᠯᠡᠪᠠᠢ᠃ 1201 — — 1202 ᠤᠨ ᠳᠤ ᠲᠡᠮᠦᠵᠢᠨ ᠪᠤᠯᠤᠨ ᠤᠩ ᠬᠠᠨ ᠤ ᠴᠡᠷᠢᠭ ᠬᠠᠶᠢᠯᠠᠷ ᠭᠤᠤᠯ ᠤᠨ ᠤᠷᠴᠢᠮ ᠳᠤ ᠵᠠᠮᠤᠬ᠎ᠠ ᠶᠢᠨ ᠬᠤᠯᠪᠤᠭᠠᠳᠠᠳ ᠲᠠᠢ ᠶᠡᠭᠡᠪᠡᠷ ᠢᠯᠠᠭᠰᠠᠨ᠎ᠠ᠂ ᠵᠠᠮᠤᠬ᠎ᠠ ᠨᠠᠷ ᠤᠩ ᠬᠠᠨ ᠳᠤᠷ ᠲᠠᠭᠠᠵᠤᠬᠤᠢ᠃ 1206 ᠤᠨ ᠳᠤ ᠲᠡᠮᠦᠵᠢᠨ ᠲᠦᠷᠪᠡᠨ ᠲᠠᠲ᠋ᠠᠷ ᠶᠢ ᠮᠦᠭᠦᠭᠡᠵᠤ᠂ ᠦᠨᠢᠷ ᠪᠠᠶᠠᠯᠢᠭ ᠭᠦᠯᠦᠨ ᠪᠤᠶᠢᠷ ᠢ ᠡᠵᠡᠮᠰᠢᠭᠰᠡᠨ ᠠᠴᠠ ᠭᠦᠴᠦᠨ ᠴᠢᠳᠠᠯ ᠠᠨᠦ ᠲᠤᠩ ᠮᠠᠨᠳᠤᠵᠤᠬᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号