| ᠯᠠᠪᠷᠤᠩ ᠭᠡᠶᠢᠳ ᠨᠢ ᠭᠠᠨᠰᠤ ᠮᠤᠵᠢ ᠶᠢᠨ ᠰᠢᠶᠠ ᠾᠧ ᠰᠢᠶᠡᠨ ᠳᠤ ᠪᠠᠶᠢᠷᠢᠰᠢᠵᠤ ᠪᠤᠢ᠃ ᠲᠤᠰ ᠭᠡᠶᠢᠳ ᠢ | ᠬᠤᠱᠤᠳ ᠠᠶᠢᠮᠠᠭ ᠤᠨ ᠬᠠᠳᠤᠨ ᠭᠤᠤᠯ ᠤᠨ ᠡᠮᠦᠨᠡᠳᠤ ᠲᠡᠷᠢᠭᠦᠨ ᠬᠤᠰᠢᠭᠤᠨ ᠤ ᠾᠧᠨᠠᠨ ᠴᠢᠨ ᠸᠠᠩ | ᠴᠠᠭᠠᠨᠳᠠᠨᠵᠢᠨ ᠪᠦᠳᠦᠭᠡᠨ ᠪᠠᠶᠢᠭᠤᠯᠤᠭᠰᠠᠨ ᠶᠤᠮ᠃ ᠡᠨᠡ ᠭᠡᠶᠢᠳ ᠤᠨ ᠦᠨᠳᠦᠰᠦᠨ ᠦᠭᠯᠢᠭᠡ ᠶᠢᠨ ᠡᠵᠡᠨ ᠪᠤᠯ | ᠾᠧᠨᠠᠨ ᠮᠤᠩᠭᠤᠯ ᠴᠢᠨ ᠸᠠᠩ ᠤᠨ ᠬᠤᠰᠢᠭᠤ ᠪᠤᠯᠤᠨ᠎ᠠ᠃ 1701 ᠤᠨ ︵ᠡᠩᠭᠡ ᠠᠮᠤᠭᠤᠯᠠᠩ ᠤᠨ ᠲᠦᠴᠢᠳᠦᠭᠡᠷ | ᠤᠨ︶ ᠳᠤ ᠴᠠᠭᠠᠨᠳᠠᠨᠵᠢᠨ ᠪᠡᠭᠡᠵᠢᠩ ᠤᠷᠤᠵᠤ ᠬᠠᠭᠠᠨ ᠢ ᠪᠠᠷᠠᠯᠠᠵᠤ ᠪᠡᠶᠢᠯᠡ ᠡᠷᠭᠦᠮᠵᠢᠯᠡᠭᠳᠡᠪᠡ᠃ ᠱᠠᠰᠢᠨ ᠤ ᠲᠠᠯ᠎ᠠ | ᠪᠠᠷ ᠴᠠᠭᠠᠨᠳᠠᠨᠵᠢᠨ ᠦᠪᠡᠷ ᠤᠨ ᠵᠠᠭᠢᠷᠦᠯ ᠳᠠᠬᠢ ᠭᠡᠯᠦᠭᠪᠡ ᠶᠢᠨ ᠪᠦᠯᠦᠭ ᠤᠨ ᠨᠢᠭᠡ ᠭᠡᠶᠢᠳ ᠪᠠᠶᠢᠭᠤᠯᠬᠤ ᠪᠠᠷ | ᠤᠷᠤᠯᠳᠤᠵᠠᠢ᠃ ᠢᠩᠭᠢᠭᠡᠳ ᠲᠤᠰ ᠵᠢᠯ ᠲᠡᠷᠡ ᠠᠱᠤᠤ · ᠭᠡᠯᠡᠭᠴᠢᠩᠯᠧ ᠵᠡᠷᠭᠡ ᠭᠦᠮᠦᠰ ᠢ ᠲᠦᠪᠡᠳ ᠲᠤ | ᠶᠠᠪᠤᠭᠤᠯᠤᠨ ᠠᠯᠳᠠᠷᠳᠤ ᠭᠡᠭᠡᠨ ᠡᠷᠢᠭᠦᠯᠵᠡᠢ᠃ ᠲᠡᠳᠡ ᠬᠠᠶᠢᠭᠰᠠᠭᠠᠷ ᠶᠠᠪᠤᠭᠠᠳ ᠱᠠᠳᠪᠠᠨ ᠠᠭᠸᠠᠩᠽᠤᠩᠷᠤᠢ ︵ᠰᠢᠶᠠ | ᠾᠧ ᠭᠠᠵᠠᠷ ᠲᠤ ᠲᠦᠷᠦᠭᠰᠡᠨ︶ ᠢ ᠤᠯᠵᠤ᠂ ᠲᠡᠭᠦᠨ ᠢ ᠨᠤᠳᠤᠭ ᠲᠠᠭᠠᠨ ᠬᠠᠷᠢᠵᠤ ᠰᠦᠮ᠎ᠡ ᠪᠠᠶᠢᠭᠤᠯᠤᠭᠳᠤᠨ | ᠭᠡᠵᠤ ᠭᠡᠯᠡᠭᠰᠡᠨ ᠳᠤ ᠠᠭᠸᠠᠩᠽᠤᠩᠷᠤᠢ ᠵᠦᠪᠰᠢᠶᠡᠷᠡᠭᠰᠡᠨ ᠦᠭᠡᠢ᠃ 1702 ᠤᠨ ᠳᠤ ᠴᠠᠭᠠᠨᠳᠠᠨᠵᠢᠨ ᠮᠦᠷᠭᠦᠯ | ᠭᠢᠭᠦ ᠪᠠᠷ ᠲᠦᠪᠡᠳ ᠲᠤ ᠤᠴᠢᠭᠠᠳ ᠲᠡᠭᠦᠨ ᠢ ᠨᠤᠳᠤᠭ ᠲᠠᠭᠠᠨ ᠬᠠᠷᠢᠵᠤ ᠰᠦᠮ᠎ᠡ ᠭᠡᠶᠢᠳ ᠪᠠᠶᠢᠭᠤᠯᠤᠭᠳᠤᠨ ᠭᠡᠵᠤ | ᠲᠡᠭᠢᠨ ᠨᠢᠭᠡᠨ ᠤᠳᠠᠭ᠎ᠠ ᠭᠡᠯᠡᠭᠰᠡᠨ ᠳᠤ ᠲᠡᠷᠡ ᠪᠠᠰᠠ ᠯᠠ ᠵᠦᠪᠰᠢᠶᠡᠷᠡᠭᠰᠡᠨ ᠦᠭᠡᠢ᠃ ᠤᠳᠠᠯ ᠦᠭᠡᠢ ᠲᠦᠪᠡᠳ ᠤᠨ | ᠲᠦᠷᠦ ᠱᠠᠰᠢᠨ ᠤ ᠪᠠᠶᠢᠳᠠᠯ ᠳᠤ ᠭᠡᠨᠡᠳᠳᠡ ᠶᠢᠨ ᠬᠤᠪᠢᠷᠠᠯᠳᠠ ᠭᠠᠷᠴᠤ᠂ ᠲᠧᠰᠢᠷᠢᠳ ᠰᠠᠩᠵᠠᠶᠢᠵᠠᠮᠰᠤ ᠠᠯᠠᠭᠳᠠᠵᠤ᠂ | ᠵᠢᠷᠭᠤᠳᠤᠭᠠᠷ ᠲᠦᠷᠢ ᠶᠢᠨ ᠲᠠᠯᠠᠢ ᠯᠠᠮᠠ ᠽᠠᠩᠶᠠᠩᠵᠠᠮᠰᠤ ᠴᠦᠯᠡᠭᠳᠡᠵᠡᠢ᠃ ᠠᠭᠸᠠᠩᠽᠤᠩᠷᠤᠢ ᠲᠤᠬᠠᠢ ᠶᠢᠨ ᠦᠶ᠎ᠡ | ᠳᠤ ᠲᠦᠷᠦ ᠱᠠᠰᠢᠨ ᠤ ᠲᠡᠭᠡᠳᠤ ᠲᠠᠪᠬᠤᠷᠭᠠᠳᠠᠨ ᠤ ᠲᠤᠳᠤᠷ᠎ᠠ ᠶᠠᠪᠤᠭᠰᠠᠨ ᠪᠤᠯᠬᠤᠷ ᠡᠨᠡ ᠭᠦ ᠲᠡᠮᠡᠴᠡᠯ ᠳᠤ | ᠲᠠᠭᠠᠷᠢᠭᠳᠠᠵᠤ ᠡᠳᠤᠢ ᠲᠡᠳᠤᠢ ᠵᠢᠮᠠᠯᠠᠯ ᠪᠤᠷᠤᠭᠤᠰᠢᠶᠠᠯ ᠳᠤ ᠤᠴᠠᠷᠠᠪᠠ᠂ ᠪᠠᠰᠠ ᠲᠡᠭᠡᠷ᠎ᠡ ᠨᠢ ᠨᠠᠰᠤ ᠠᠭᠢᠵᠤ ᠨᠤᠳᠤᠭ | ᠤᠰᠤ ᠪᠠᠨ ᠰᠠᠨᠠᠵᠤ ᠪᠠᠶᠢᠪᠠ᠃ 1709 ᠤᠨ ᠤ 6 ᠰᠠᠷ᠎ᠠ ᠳᠤ ᠲᠡᠷᠡ ᠲᠦᠪᠡᠳ ᠠᠴᠠ ᠰᠢᠶᠠ ᠾᠧ ᠵᠦᠭ | ᠮᠤᠷᠳᠠᠪᠠ᠃ ᠴᠠᠭᠠᠨᠳᠠᠨᠵᠢᠨ ᠤᠤᠭᠠᠨ ᠭᠦᠪᠡᠭᠦᠨ ᠭᠢᠨᠳᠤᠨᠸᠠᠩᠵᠢᠯ ᠢ ᠭᠤᠷᠪᠠᠨ ᠮᠤᠷᠢᠳᠤ ᠴᠡᠷᠢᠭ ᠲᠠᠢ ᠲᠤᠮᠢᠯᠠᠵᠤ᠂ | 9 ᠰᠠᠷ᠎ᠠ ᠳᠤ ᠾᠧᠨᠠᠨ ᠤ ᠮᠤᠩᠭᠤᠯ ᠬᠤᠰᠢᠭᠤᠨ ᠳᠤ ᠭᠦᠷᠴᠤ ᠢᠷᠡᠵᠡᠢ᠃ ᠴᠠᠭᠠᠨᠳᠠᠨᠵᠢᠨ ᠰᠦᠷ ᠭᠦᠨᠳᠦᠳᠠᠢ | ᠤᠭᠳᠤᠨ ᠠᠪᠬᠤ ᠶᠤᠰᠤᠯᠠᠯ ᠭᠢᠵᠤ᠂ ᠨᠢᠭᠡᠨ ᠠᠯᠳᠠᠨ ᠮᠠᠨᠳᠠ᠂ 500 ᠦᠭᠡᠷ ᠮᠤᠷᠢ᠂ 4000 ᠭᠠᠷᠤᠢ ᠬᠤᠨᠢ᠂ | 500 ᠭᠭᠢᠪ ᠲᠤᠷᠭ᠎ᠠ ᠪᠤᠯᠤᠨ ᠡᠳ᠋ ᠡᠷᠳᠡᠨᠢᠰ ᠤᠯᠠᠨ ᠵᠦᠢᠯ ᠢ ᠪᠡᠯᠭᠡᠯᠡᠨ ᠪᠠᠷᠢᠴᠠ ᠪᠤᠯᠭᠠᠵᠠᠢ᠃ 1709 ᠤᠨ ᠪᠤᠯ | ᠽᠦᠩᠺᠠᠸ᠎ᠠ ᠪᠤᠭᠳᠠ ᠭᠠᠯᠳᠠᠨ ᠭᠡᠶᠢᠳ ᠢ ᠪᠠᠶᠢᠭᠤᠯᠤᠭᠰᠠᠨ 300 ᠵᠢᠯ ᠤᠨ ᠤᠢ ᠲᠤᠯᠠ ᠵᠠᠮᠢᠶᠠᠨ ᠠᠭᠸᠠᠩᠽᠤᠩᠷᠤᠢ | ᠭᠡᠳᠤᠨ ᠱᠠᠪᠢ ᠳᠠᠭᠠᠨ ᠵᠠᠷᠯᠢᠭ ᠪᠠᠭᠤᠯᠭᠠᠨ ᠠᠭᠤᠯᠠ ᠶᠢᠨ ᠬᠤᠷᠮᠤᠢ ᠳᠤ ᠦᠯᠵᠡᠢ ᠠᠷᠢᠭᠤᠨ ᠪᠠᠶᠢᠷᠢ ᠰᠤᠩᠭᠤᠨ | ᠦᠯᠵᠡᠢ ᠤᠷᠤᠰᠢᠬᠤ ᠶᠤᠰᠤᠯᠠᠯ ᠭᠢᠵᠡᠢ᠃ ᠲᠡᠶᠢᠮᠦ ᠠᠴᠠ ᠶᠡᠷᠤ ᠳᠡᠭᠡᠨ 1709 ᠤᠨ ᠢ ᠯᠠᠪᠷᠤᠩ ᠭᠡᠶᠢᠳ ᠢ | ᠪᠠᠶᠢᠭᠤᠯᠵᠤ ᠡᠭᠢᠯᠡᠭᠰᠡᠨ ᠴᠠᠭ ᠭᠡᠵᠤ ᠦᠵᠡᠳᠡᠭ ᠶᠤᠮ᠃ 1710 ᠤᠨ ᠳᠤ ᠵᠠᠮᠢᠶᠠᠩ ᠴᠠᠭᠠᠨᠳᠠᠨᠵᠢᠨ ᠡᠴᠢᠭᠡ | ᠭᠦᠪᠡᠭᠦᠨ ᠬᠤᠶᠠᠷ ᠤᠨ ᠲᠠᠭᠠᠭᠤᠯᠭ᠎ᠠ ᠪᠠᠷ ᠷᠠᠰᠢᠵᠢ ᠶᠢ ᠰᠦᠮ᠎ᠡ ᠪᠠᠶᠢᠭᠤᠯᠬᠤ ᠤᠷᠤᠨ ᠭᠡᠵᠤ ᠰᠢᠨᠵᠢᠨ ᠲᠤᠭᠳᠠᠭᠠᠵᠠᠢ | ᠃ ᠴᠠᠭᠠᠨᠳᠠᠨᠵᠢᠨ 80 ᠭᠠᠷᠤᠢ ᠬᠤᠸᠠᠷᠠᠭ ᠪᠠᠭᠳᠠᠳᠠᠭ ᠲᠦᠷᠪᠡᠯᠵᠢᠨ ᠭᠡᠯᠪᠡᠷᠢᠳᠡᠢ ᠮᠤᠩᠭᠤᠯ ᠭᠡᠷ ᠭᠠᠷᠭᠠᠨ ᠦᠭᠴᠦ᠂ | ᠲᠦᠷ ᠴᠠᠭ ᠤᠨ ᠲᠤᠭᠠᠩ ᠪᠤᠯᠭᠠᠵᠠᠢ᠃ ᠴᠠᠭᠠᠨᠳᠠᠨᠵᠢᠨ ᠬᠠᠳᠤᠨ ᠨᠠᠵᠠᠵᠤᠮᠠ ᠨᠠᠷ ᠲᠤᠰ ᠲᠤᠰ 100 ᠬᠤᠸᠠᠷᠠᠭ | ᠡᠷᠭᠦᠭᠰᠡᠨ ᠪᠠᠶᠢᠨ᠎ᠠ᠃ ᠬᠠᠮᠪᠤ ᠨᠤᠮ ᠤᠨ ᠬᠠᠭᠠᠨ ᠲᠠᠶᠢᠵᠢ ᠨᠠᠷ ᠴᠦ ᠡᠳᠤᠢ ᠲᠡᠳᠤᠢ ᠬᠤᠸᠠᠷᠠᠭ ᠡᠷᠭᠦᠵᠡᠢ᠃ | ᠢᠩᠭᠢᠭᠡᠳ ᠪᠦᠭᠦᠳᠡ 300 ᠬᠤᠸᠠᠷᠠᠭ ᠲᠠᠢ ᠪᠤᠯᠵᠤ᠂ ᠭᠡᠪᠭᠦᠢ᠂ ᠤᠮᠵᠠᠳ ᠲᠤᠮᠢᠯᠠᠵᠤ᠂ ᠬᠤᠷᠠᠯ ᠨᠤᠮ | ᠰᠦᠭᠯᠡᠭᠰᠡᠨ ᠪᠠᠶᠢᠨ᠎ᠠ᠃ 1711 ᠤᠨ ᠳᠤ᠂ ᠴᠠᠭᠠᠨᠳᠠᠨᠵᠢᠨ ᠵᠠᠷᠯᠢᠭ ᠪᠠᠭᠤᠯᠭᠠᠨ ᠺᠠᠵᠠ ᠶᠢᠨ ᠵᠢᠷᠭᠤᠭᠠᠨ | ᠤᠪᠤᠭᠳᠠᠨ ᠢᠶᠠᠷ ᠮᠤᠳᠤᠨ ᠮᠠᠲ᠋ᠧᠷᠢᠶᠠᠯ ᠵᠦᠭᠡᠭᠡᠯᠭᠡᠵᠤ᠂ ᠴᠢᠤᠺᠠᠨ᠂ ᠰᠠᠬᠠᠮᠤᠵᠠ᠂ ᠷᠤᠩᠴᠤᠴᠢᠨ ᠮᠡᠳᠤ ᠠᠷᠪᠠᠨ | ᠨᠠᠢᠮᠠᠨ ᠲᠤᠮᠤ ᠠᠶᠢᠮᠠᠭ ᠠᠴᠠ ᠤᠯᠠᠭᠠᠴᠢ ᠴᠤᠭᠯᠠᠭᠤᠯᠵᠤ᠂ ᠠᠷᠪᠠᠨ ᠨᠠᠢᠮᠠᠨ ᠲᠤᠯᠭᠠᠭᠤᠷᠢ ᠲᠠᠢ ᠲᠤᠮᠤ ᠲᠤᠭᠠᠩ | ᠪᠤᠯᠬᠤ ᠲᠤᠳᠤᠭᠠᠳᠤ ᠬᠠᠷᠰᠢ ᠪᠠᠶᠢᠭᠤᠯᠵᠠᠢ᠃ ᠴᠠᠭᠠᠨᠳᠠᠨᠵᠢᠨ ᠪᠠᠰᠠ ᠤᠳᠤ ᠶᠢᠨ ᠭᠦᠭᠡᠨᠠᠭᠤᠷ ᠤᠨ ᠾᠧᠨᠠᠨ ᠤ | ᠮᠤᠩᠭᠤᠯ ᠦᠪᠡᠷᠳᠡᠭᠡᠨ ᠵᠠᠰᠠᠬᠤ ᠰᠢᠶᠡᠨ ᠭᠢᠭᠡᠳ ᠤᠳᠤ ᠶᠢᠨ ᠰᠧᠴᠤᠸᠠᠨ ᠤ ᠿᠤᠷᠭᠡᠢ ᠰᠢᠶᠡᠨ ᠤ 500 ᠡᠷᠦᠭᠡ ᠶᠢ | ᠱᠠᠰᠢᠨ ᠤ ᠢᠷᠭᠡᠨ ᠪᠤᠯᠭᠠᠨ ᠦᠭᠴᠤ᠂ ᠪᠠᠰᠠ ᠡᠳᠤᠢ ᠲᠡᠳᠤᠢ ᠭᠠᠵᠠᠷ ᠢ ᠰᠦᠮ᠎ᠡ ᠶᠢᠨ ᠲᠠᠷᠢᠶᠠᠯᠠᠩ ᠤᠨ ᠭᠠᠵᠠᠷ | ᠪᠤᠯᠭᠠᠨ ᠪᠠᠷᠢᠪᠠ᠃ 1720 ᠤᠨ ᠳᠤ᠂ ᠴᠠᠭᠠᠨᠳᠠᠨᠵᠢᠨ ᠤ ᠭᠤᠶᠤᠴᠢᠯᠠᠯᠳᠠ ᠪᠠᠷ ᠡᠩᠭᠡ ᠠᠮᠤᠭᠤᠯᠠᠩ ᠬᠠᠭᠠᠨ | ᠵᠠᠮᠢᠶᠠᠨ ᠠᠭᠸᠠᠩᠽᠤᠩᠷᠤᠢ ᠳᠤ ︽ᠨᠤᠮ ᠢ ᠲᠡᠳᠭᠦᠭᠴᠢ ᠲᠢᠶᠠᠨᠴᠢ ᠪᠠᠭᠰᠢ ᠪᠠᠨᠳᠢᠳᠠ ᠡᠷᠳᠡᠨᠢ ᠨᠤᠮ ᠤᠨ ᠬᠠᠭᠠᠨ︾ | ᠭᠡᠳᠡᠭ ᠴᠤᠯᠠ ᠦᠭᠴᠠᠢ᠃ ᠬᠠᠭᠠᠨ ᠠᠴᠠ ᠠᠯᠳᠠᠨ ᠲᠠᠮᠠᠭ᠎ᠠ ᠪᠢᠴᠢᠭ ᠬᠠᠶᠢᠷᠠᠯᠠᠵᠤ᠂ ᠠᠯᠳᠠᠨ ᠰᠢᠷ᠎ᠠ ᠭᠦᠷᠮ᠎ᠡ | ᠡᠮᠦᠰᠴᠤ ᠪᠤᠯᠤᠨ᠎ᠠ ᠭᠡᠵᠤ ᠵᠦᠪᠰᠢᠶᠡᠷᠡᠵᠡᠢ᠃ |