ᠮᠣᠩᠭᠤᠯᠴᠣᠳ ᠤᠨ ᠶᠠᠰᠣᠨ ᠫᠠᠢ ᠨᠠᠭᠠᠳᠬᠤ ᠲᠤᠬᠠᠢ
ᠨᠡᠶᠢᠲᠡᠯᠡᠭᠰᠡᠨ ᠴᠠᠭ᠄
2019/11/18
           ᠨᠢᠭᠡ᠂ ᠶᠠᠰᠣᠨ ᠫᠠᠢ ᠶᠢᠨ ᠢᠷᠡᠯᠳᠡ ᠬᠢᠭᠡᠳ ᠨᠡᠷᠡᠶᠢᠳᠦᠯ᠄ ᠶᠠᠰᠣᠨ ᠫᠠᠢ ᠭᠡᠭᠴᠢ ᠬᠢᠳᠠᠳ ᠤᠨ ᠲᠢᠶᠠᠨ ᠵᠢᠦ ᠫᠠᠢ ᠠᠴᠠ ᠣᠯᠠᠷᠢᠨ ᠢᠷᠡᠭᠰᠡᠨ ᠮᠣᠩᠭᠤᠯᠵᠢᠭᠤᠨ ᠨᠠᠭᠠᠳᠤᠮ ᠪᠣᠯᠬᠤ ᠶᠤᠮ᠂ ᠲᠠᠷᠣᠢ ᠲᠢᠶᠠᠨ ᠵᠢᠣ ᠬᠡᠮᠡᠬᠦ ᠫᠠᠢ ᠶᠢᠨ 32 ᠫᠠᠢ ᠠᠴᠠ 24 ᠫᠠᠢ ᠶᠢ ᠨᠢ ᠰᠣᠩᠭᠤᠨ ᠠᠪᠣᠭᠠᠳ ᠰᠢᠨ᠎ᠡ ᠨᠢᠭᠡᠨ ︽ᠮᠣᠩᠭᠤᠯ ᠨᠠᠭᠠᠳᠣᠮ︾ ᠵᠣᠬᠢᠶᠠᠭᠰᠠᠨ ᠣᠴᠢᠷ ᠪᠣᠯᠬᠤ ᠶᠤᠮ᠃ ᠣᠷᠢᠳᠦ ᠶᠢᠨ ᠴᠠᠭ ᠲᠤ ᠫᠠᠢ ᠶᠢ ᠨᠢ ᠣᠯᠠᠩᠬᠢ ᠳᠠᠭᠠᠨ ᠮᠠᠯ ᠤᠨ ᠶᠠᠰᠣ ᠪᠠᠷ ᠬᠢᠳᠡᠭ ᠪᠣᠯᠬᠤᠯᠠᠷ ︽ᠶᠠᠰᠣᠨ ᠫᠠᠢ︾ ᠭᠡᠳᠡᠭ ᠶᠤᠮ ᠪᠠᠶᠢᠨ᠎ᠠ᠃ ᠡᠭᠦᠨ ᠳᠤ ᠵᠠᠷᠢᠮ ᠠᠶᠢᠯ ᠤᠨ ᠬᠢᠨᠢ ᠵᠠᠭᠠᠨ ᠤ ᠶᠠᠰᠣ ᠪᠠᠷ ᠬᠢᠭᠰᠡᠨ ᠫᠠᠢ ᠪᠠᠶᠢᠬᠤ ᠳᠤ ᠵᠠᠷᠢᠮ ᠤᠨ ᠬᠢᠨᠢ ᠪᠣᠰᠣᠳ ᠠᠮᠢᠳᠠᠨ ᠤ ᠶᠠᠰᠣ ᠪᠠᠷ ᠬᠢᠭᠰᠡᠨ ᠫᠠᠢ ᠪᠠᠶᠢᠳᠠᠭ︔ ᠵᠠᠷᠢᠮ ᠤᠨ ᠬᠢᠨᠢ ᠭᠠᠤᠯᠢ ᠪᠠᠷ ᠬᠢᠭᠰᠡᠨ ᠫᠠᠢ ᠪᠠᠶᠢᠬᠤ ᠳᠤ ᠵᠠᠷᠢᠮ ᠤᠨ ᠬᠢᠨᠢ ᠦᠮᠦ ᠮᠣᠳᠣ ᠪᠣᠶᠣ ᠬᠤᠯᠣᠰᠣ ᠪᠠᠷ ᠬᠢᠭᠰᠡᠨ ᠫᠠᠢ ᠪᠠᠶᠢᠳᠠᠭ ᠶᠤᠮ᠃ ᠲᠡᠭᠡᠷ᠎ᠡ ᠵᠠᠭᠤᠨ ᠤ ᠶᠡᠷᠡᠭᠡᠳ ᠣᠨ ᠪᠣᠯᠬᠤ ᠳᠤ  ᠰᠦᠯᠢᠶᠣᠣ ᠪᠠᠷ ᠬᠢᠬᠦ ᠮᠡᠷᠭᠡᠵᠢᠯ ᠭᠠᠷᠣᠭᠰᠠᠨ ᠠᠴᠠ ᠡᠨᠡᠬᠦ ᠫᠠᠢ ᠶᠢ ᠰᠦᠯᠢᠶᠣᠣ ᠪᠠᠷ ᠬᠢᠬᠦ ᠪᠣᠯᠵᠠᠢ᠃ ᠶᠠᠰᠣᠨ ᠫᠠᠢ ᠶᠢᠨ ᠨᠡᠷᠡᠶᠢᠳᠦᠯ ᠬᠢᠭᠡᠳ ᠲᠡᠳᠡᠭᠡᠷ ᠤᠨ ᠲᠤᠭ᠎ᠠ᠄ ᠲᠠᠩ ᠶᠣᠣ᠂ ᠪᠠᠨᠳᠧᠩ᠂ ᠴᠠᠩᠰᠠᠨ᠂ ᠬᠤᠸᠠᠩ᠂ ᠳ᠋ᠠ ᠡᠤ᠂ ᠳ᠋ᠠ ᠲᠢᠶᠠᠨ ᠲᠣᠰ ᠲᠣᠰ 2 ᠫᠠᠢ ᠪᠠᠶᠢᠵᠦ ᠨᠡᠶᠢᠳᠡ 12 ᠫᠠᠢ ᠪᠠᠶᠢᠳᠠᠭ︔ ᠶᠣᠣ ᠰᠠᠨ᠂ ᠶᠣᠣ ᠡᠤ᠂ ᠶᠣᠣ ᠯᠢᠤ᠂ ᠶᠢᠨ ᠫᠢᠩ᠂ ᠬᠤ᠋ ᠲᠤ ᠡᠤ ᠲᠣᠰ ᠲᠣᠰ 2 ᠫᠠᠢ ᠪᠠᠶᠢᠵᠦ᠂ ᠡᠯ ᠯᠢᠤ᠂ ᠰᠠᠨ ᠯᠢᠤ ᠲᠣᠰ ᠲᠣᠰ 1 ᠫᠠᠢ ᠪᠠᠶᠢᠵᠦ ᠡᠳᠡᠭᠡᠷ ᠨᠢ ᠨᠡᠶᠢᠯᠡᠭᠡᠳ ᠪᠠᠰᠠ 12 ᠫᠠᠢ ᠪᠠᠶᠢᠳᠠᠭ᠃ ᠪᠦᠭᠦᠳᠡ ᠶᠢ ᠨᠡᠶᠢᠯᠡᠭᠦᠯᠪᠡᠯ 24 ᠫᠠᠢ ᠪᠣᠯᠳᠠᠭ᠃ ᠡᠳᠡᠭᠡᠷ 24 ᠫᠠᠢ ᠪᠠᠨ ᠪᠠᠰᠠ ᠬᠦᠨᠳᠡᠯᠡᠨ ᠫᠠᠢ ᠪᠠ ᠭᠤᠯᠳᠦ ᠫᠠᠢ ᠭᠡᠵᠦ ᠬᠤᠶᠠᠷ ᠶᠡᠭᠡ ᠲᠦᠷᠦᠯ ᠳᠤ ᠬᠤᠪᠢᠶᠠᠳᠠᠭ᠂ ᠲᠦᠷᠦᠭᠦᠴᠢ ᠶᠢᠨ 12 ᠫᠠᠢ ᠶᠢ ᠬᠦᠨᠳᠡᠯᠡᠨ ᠫᠠᠢ ᠭᠡᠵᠦ᠂ ᠰᠡᠭᠦᠯᠴᠢ ᠶᠢᠨ 12 ᠫᠠᠢ ᠶᠢ ᠭᠤᠯᠳᠦ ᠫᠠᠢ  ᠭᠡᠳᠡᠭ᠃ ᠡᠳᠡᠭᠡᠷ 24 ᠫᠠᠢ ᠪᠠᠨ ᠨᠦᠬᠡᠨ ᠤ ᠲᠤᠭ᠎ᠠ ᠪᠠᠷ ᠨᠢ ᠴᠢᠨᠠᠭᠰᠢᠳᠠ ᠪᠠᠰᠠ ᠵᠢᠷᠭᠤᠭᠠᠨ ᠲᠦᠷᠦᠯ ᠬᠤᠪᠢᠶᠠᠳᠠᠭ᠄ 1᠂ ᠶᠣᠣ ᠶᠢᠨ ᠲᠦᠷᠦᠯ ᠤᠨ ᠫᠠᠢ ︵ᠶᠣᠣ ᠭᠡᠳᠡᠭ ᠨᠢ ᠨᠢᠭᠡ ᠭᠡᠰᠡᠨ ᠦᠭᠡ︶᠂ ᠲᠠᠩ ᠶᠣᠣ᠂ ᠶᠣᠣ ᠰᠠᠨ᠂ ᠶᠣᠣ ᠡᠣ᠂ ᠶᠣᠣ ᠯᠢᠤ ᠵᠡᠷᠭᠡ 8 ᠫᠠᠢ ᠶᠢ ᠶᠣᠣ ᠶᠢᠨ ᠲᠦᠷᠦᠯ ᠤᠨ ᠫᠠᠢ ᠭᠡᠳᠡᠭ᠃ 2᠂ ᠡᠯᠵᠢᠭᠡᠨ ᠤ ᠲᠦᠷᠦᠯ ᠤᠨ ᠫᠠᠢ᠂ ᠡᠯ ᠯᠢᠤ᠂ ᠪᠠᠨᠳᠧᠩ ᠤᠨ 3 ᠫᠠᠢ ᠶᠢ ᠡᠯᠵᠢᠭᠡ ᠭᠡᠳᠡᠭ᠃ 3᠂ ᠰᠠᠨ ᠤ ᠲᠦᠷᠦᠯ ᠤᠨ ᠫᠠᠢ᠂ ᠶᠣᠣ ᠰᠠᠨ ᠤ 2 ᠫᠠᠢ᠂ ᠴᠠᠩ ᠰᠠᠨ ᠤ 2 ᠫᠠᠢ ᠪᠠ ᠰᠠᠨ ᠯᠢᠤ ᠶᠢᠨ 1 ᠫᠠᠢ ᠵᠡᠷᠭᠡ 5 ᠫᠠᠢ ᠶᠢ ᠰᠠᠨ ᠤ ᠲᠦᠷᠦᠯ ᠤᠨ ᠫᠠᠢ ᠭᠡᠳᠡᠭ᠃ 4᠂ ᠴᠢᠪᠠᠭᠠᠨᠴᠠ ᠶᠢᠨ ᠲᠦᠷᠦᠯ ᠤᠨ ᠫᠠᠢ᠂ ᠬᠤᠸᠠᠩ ᠤᠨ 2 ᠫᠠᠢ᠂ ᠶᠢᠨ ᠫᠢᠩ ᠤᠨ 2 ᠫᠠᠢ ᠵᠡᠷᠭᠡ 4 ᠫᠠᠢ ᠶᠢ ᠴᠢᠪᠠᠭᠠᠨᠴᠠ ᠭᠡᠳᠡᠭ᠃ 5᠂ ᠡᠤ ᠶᠢᠨ ᠲᠦᠷᠦᠯ ᠤᠨ ᠫᠠᠢ᠂ ᠶᠣᠣ ᠡᠤ ᠶᠢᠨ 2 ᠫᠠᠢ᠂ ᠳ᠋ᠠ ᠡᠤ ᠶᠢᠨ 2 ᠫᠠᠢ ᠪᠠ ᠬᠤ᠋ ᠲᠤ ᠡᠤ ᠶᠢᠨ 2 ᠫᠠᠢ ᠵᠡᠷᠭᠡ 6 ᠫᠠᠢ ᠶᠢ ᠡᠣ ᠶᠢᠨ ᠲᠦᠷᠦᠯ ᠤᠨ ᠫᠠᠢ ᠭᠡᠳᠡᠭ᠃ 6᠂ ᠯᠢᠤ ᠶᠢᠨ ᠲᠦᠷᠦᠯ ᠤᠨ ᠫᠠᠢ᠂ ᠶᠣᠣ ᠯᠢᠤ ᠶᠢᠨ 2 ᠫᠠᠢ᠂ ᠶᠢᠨ ᠫᠢᠩ ᠤᠨ 2 ᠫᠠᠢ᠂ ᠬᠤ᠋ ᠲᠤ ᠡᠣ ᠶᠢᠨ 2 ᠫᠠᠢ᠂ ᠳ᠋ᠠ ᠲᠢᠶᠠᠨ ᠤ 2 ᠫᠠᠢ᠂ ᠡᠯ ᠯᠢᠣ ᠶᠢᠨ 1 ᠫᠠᠢ ᠪᠠ ᠰᠠᠨ ᠯᠢᠤ ᠶᠢᠨ 1 ᠫᠠᠢ ᠵᠡᠷᠭᠡ 10 ᠫᠠᠢ ᠶᠢ ᠯᠢᠤ ᠶᠢᠨ ᠲᠦᠷᠦᠯ ᠤᠨ ᠫᠠᠢ ᠭᠡᠳᠡᠭ᠃ ᠲᠡᠭᠡᠷᠡᠬᠢ ᠵᠢᠷᠭᠤᠭᠠᠨ ᠲᠦᠷᠦᠯ ᠤᠨ ᠫᠠᠢ ᠠᠴᠠ ᠦᠵᠡᠨ ᠭᠠᠷᠬᠤ ᠨᠢ᠄ ᠬᠦᠨᠳᠡᠯᠡᠨ ᠫᠠᠢ ᠨᠢ ᠲᠣᠰ ᠲᠣᠰ ᠨᠢᠭᠡ ᠯᠠ ᠲᠦᠷᠦᠯ ᠳᠤ ᠬᠠᠷᠢᠶᠠᠯᠠᠭᠳᠠᠭᠰᠠᠨ ᠪᠠᠶᠢᠬᠤ ᠳᠤ ᠭᠤᠯᠳᠦ ᠫᠠᠢ ᠨᠢ ᠬᠠᠷᠢᠨ ᠲᠣᠰ ᠲᠣᠰ ᠲᠠᠭᠠᠨ ᠬᠤᠶᠠᠷ ᠲᠦᠷᠦᠯ ᠳᠤ ᠬᠠᠷᠢᠶᠠᠯᠠᠭᠳᠠᠵᠦ ᠪᠠᠶᠢᠳᠠᠭ᠃ ᠢᠩᠬᠢᠬᠦ ᠪᠠᠷ ᠭᠤᠯᠳᠦ ᠫᠠᠢ ᠶᠢ ︽ᠬᠤᠶᠠᠷ ᠦᠵᠦᠭᠦᠷ ᠲᠠᠢ ᠫᠠᠢ︾ ᠭᠡᠳᠡᠭ᠃ ᠶᠠᠰᠣᠨ ᠫᠠᠢ ᠶᠢᠨ ᠨᠡᠷᠡᠶᠢᠳᠦᠯ ᠢ ᠨᠢ ᠬᠡᠳᠦ᠋ᠢᠪᠡᠷ ᠬᠢᠳᠠᠳ ᠢᠶᠠᠷ ᠬᠡᠯᠡᠳᠡᠭ ᠪᠣᠯᠪᠠᠴᠦ ᠨᠠᠭᠠᠳᠬᠤ ᠠᠷᠭ᠎ᠠ ᠨᠢ ᠬᠠᠷᠢᠨ ᠦᠰᠦᠳ ᠦᠭᠡᠷ᠎ᠡ ᠪᠠᠶᠢᠳᠠᠭ᠃             ᠬᠤᠶᠠᠷ᠂ ᠶᠠᠰᠣᠨ ᠫᠠᠢ ᠨᠠᠭᠠᠳᠬᠤ ᠠᠷᠭ᠎ᠠ᠄ ᠮᠣᠩᠭᠤᠯᠴᠣᠳ ᠶᠠᠰᠣᠨ ᠫᠠᠢ ᠶᠢ ︽ᠬᠡᠭᠡᠷ᠎ᠡ ᠲᠣᠭᠠᠯᠠᠬᠤ︾ ᠪᠠ ︽ᠳ᠋ᠢᠩ ᠨᠢᠦ ᠨᠠᠭᠠᠳᠬᠤ︾ ᠭᠡᠵᠦ ᠬᠤᠶᠠᠷ ᠵᠦᠢᠯ ᠤᠨ ᠠᠷᠭ᠎ᠠ ᠪᠠᠷ ᠨᠠᠭᠠᠳᠴᠠᠭᠠᠳᠠᠭ ᠶᠤᠮ᠃ ︵ᠨᠢᠭᠡ︶ ᠬᠡᠭᠡᠷ᠎ᠡ ᠲᠣᠭᠠᠯᠠᠬᠤ᠄ ︵1︶ ᠣᠷᠣᠯᠴᠠᠬᠤ ᠬᠦᠮᠦᠨ ᠤ ᠲᠤᠭ᠎ᠠ᠄ 3 ᠬᠦᠮᠦᠨ︔ ︵2︶ ᠫᠠᠢ ᠪᠠᠨ ᠬᠦᠮᠦᠷᠢᠨ ᠰᠠᠶᠢᠳᠣᠷ ᠬᠤᠳᠬᠤᠨ ︽ᠣᠭᠢᠶᠠᠭᠠᠳ︾ ᠬᠦᠮᠦᠨ ᠪᠦᠷᠢ 8 ᠫᠠᠢ ᠠᠪᠣᠨ᠎ᠠ︔ ︵3︶ ᠡᠬᠢᠯᠡᠵᠦ ᠫᠠᠢ ᠲᠠᠯᠪᠢᠬᠤ ᠬᠦᠮᠦᠨ ᠢ ᠲᠣᠭᠳᠠᠭᠠᠬᠤ᠄  ᠡᠭᠦᠨ ᠳᠤ ᠬᠤᠶᠠᠷ ᠵᠦᠢᠯ ᠤᠨ ᠠᠷᠭ᠎ᠠ ᠪᠠᠶᠢᠳᠠᠭ᠄ ᠨᠢᠭᠡ ᠨᠢ ᠬᠦᠮᠦᠨ ᠪᠦᠷᠢ ᠨᠠᠢᠮᠠᠨ ᠫᠠᠢ ᠠᠪᠣᠭᠰᠠᠨ ᠤ ᠲᠠᠷᠠᠭ᠎ᠠ ᠬᠡᠨ ᠤ ᠭᠠᠷ ᠲᠤ ᠰᠠᠨ ᠯᠢᠤ ᠣᠷᠣᠭᠰᠠᠨ ᠪᠣᠯ ᠲᠡᠷᠡ ᠬᠦᠮᠦᠨ ᠨᠢ ᠡᠬᠢᠯᠡᠵᠦ ᠫᠠᠢ ᠲᠠᠯᠪᠢᠨ᠎ᠠ᠃ ᠬᠠᠮᠤᠭ ᠲᠦᠷᠦᠭᠦᠨ ᠤ ᠬᠦᠮᠦᠨ ᠡᠬᠢᠯᠡᠵᠦ ᠲᠠᠯᠪᠢᠭᠰᠠᠨ ᠤ ᠲᠠᠷᠠᠭ᠎ᠠ ᠲᠠᠷᠠᠭᠠᠴᠢ ᠶᠢᠨ ᠡᠭᠡᠯᠵᠢ ᠳᠤ ᠭᠠᠷ ᠲᠠᠷᠠᠭᠠᠯᠠᠨ ᠡᠭᠡᠯᠵᠢᠯᠡᠨ ᠡᠬᠢᠯᠡᠵᠦ ᠲᠠᠯᠪᠢᠳᠠᠭ᠃ ᠨᠦᠭᠦᠭᠡ ᠨᠢ ᠱᠤ᠋ ᠬᠠᠶᠠᠵᠦ ᠡᠬᠢᠯᠡᠵᠦ ᠲᠠᠯᠪᠢᠬᠤ ᠶᠢ ᠲᠣᠭᠳᠠᠭᠠᠬᠤ᠃ ᠡᠬᠢᠨ ᠤ ᠠᠳᠬᠤ ᠳᠤ ᠮᠦᠨ ᠰᠠᠨ ᠯᠢᠤ ᠠᠪᠣᠭᠰᠠᠨ ᠬᠦᠮᠦᠨ ᠡᠬᠢᠯᠡᠵᠦ ᠭᠠᠷᠭᠠᠭᠠᠳ ᠲᠠᠷᠠᠭ᠎ᠠ ᠣᠳᠠᠭ᠎ᠠ ᠨᠢ ᠨᠢᠭᠡᠳᠦᠭᠡᠷ ᠣᠳᠠᠭ᠎ᠠ ᠳᠤ  ᠲᠡᠶᠢᠯᠦᠭᠰᠡᠨ ᠬᠦᠮᠦᠨ ᠤ ᠭᠠᠷ ᠤᠨ ᠲᠠᠷᠠᠭᠠᠬᠢ ᠬᠦᠮᠦᠨ ᠱᠤ᠋ ᠬᠠᠶᠠᠵᠦ ᠡᠬᠢᠯᠡᠵᠦ ᠫᠠᠢ ᠭᠠᠷᠭᠠᠬᠤ ᠪᠠᠨ ᠲᠣᠭᠳᠠᠭᠠᠨ᠎ᠠ᠂ ᠲᠡᠭᠡᠬᠦ ᠳᠤ ᠭᠤᠷᠪᠠᠨ ᠬᠦᠮᠦᠨ ᠲᠣᠰ ᠲᠣᠰ ᠨᠠᠢᠮᠠᠨ ᠫᠠᠢ ᠪᠠᠨ ᠬᠤᠪᠢᠶᠠᠨ ᠠᠪᠣᠭᠠᠳ ᠰᠡᠬᠦᠨ ᠦᠵᠡᠬᠦ ᠦᠭᠡᠢ ᠪᠠᠷ ᠡᠮᠦᠨ᠎ᠡ ᠪᠠᠨ ᠬᠦᠮᠦᠷᠢᠨ ᠲᠠᠯᠪᠢᠠ᠂ ᠬᠡᠷᠪᠡ ᠱᠤ᠋ ᠬᠠᠶᠠᠭᠰᠠᠨ ᠬᠦᠮᠦᠨ 1 ᠪᠣᠶᠣ 4 ᠲᠣᠰᠬᠠᠭᠰᠠᠨ ᠪᠣᠯ ᠡᠮᠦᠨᠡᠬᠢ ᠫᠠᠢ ᠪᠠᠨ ᠦᠪᠡᠷ ᠦᠪᠡᠷ ᠢᠶᠠᠨ ᠠᠪᠴᠦ ᠱᠦ ᠬᠠᠶᠠᠭᠰᠠᠨ ᠬᠦᠮᠦᠨ ᠡᠬᠢᠯᠡᠵᠦ ᠫᠠᠢ ᠲᠠᠯᠪᠢᠨ᠎ᠠ᠃ ᠬᠡᠷᠪᠡ 2 ᠪᠣᠶᠣ 5 ᠶᠢᠨ ᠲᠤᠭ᠎ᠠ ᠲᠣᠰᠣᠭᠰᠠᠨ ᠪᠣᠯ ᠫᠠᠢ ᠪᠠᠨ ᠨᠠᠷᠠ ᠡᠰᠡᠷᠭᠦ ᠡᠷᠭᠢᠭᠦᠯᠵᠦ ᠭᠠᠷ ᠤᠨ ᠲᠠᠷᠠᠭᠠᠬᠢ ᠬᠦᠮᠦᠨ ᠨᠢ ᠡᠬᠢᠯᠡᠵᠦ ᠫᠠᠢ ᠲᠠᠯᠪᠢᠨ᠎ᠠ᠃ ᠬᠡᠷᠪᠡ 3 ᠪᠣᠶᠣ 6 ᠲᠣᠰᠣᠭᠰᠠᠨ ᠪᠣᠯ ᠨᠠᠷᠠ ᠵᠦᠪ ᠡᠷᠭᠢᠭᠦᠯᠵᠦ ᠭᠠᠷ ᠤᠨ ᠲᠡᠭᠡᠷᠡᠬᠢ ᠬᠦᠮᠦᠨ ᠡᠬᠢᠯᠡᠵᠦ ᠫᠠᠢ ᠲᠠᠯᠪᠢᠳᠠᠭ᠃ ᠲᠠᠷᠠᠭ᠎ᠠ ᠪᠠᠷ ᠬᠡᠨ ᠨᠢ ᠲᠡᠶᠢᠯᠦᠭᠰᠡᠨ ᠪᠣᠯ ᠬᠡᠨ ᠨᠢ ᠱᠤ᠋ ᠬᠠᠶᠠᠵᠦ ᠲᠡᠭᠡᠷᠡᠬᠢ ᠮᠡᠳᠦ ᠪᠠᠷ ᠡᠬᠢᠯᠡᠵᠦ ᠫᠠᠢ ᠲᠠᠯᠪᠢᠬᠤ ᠶᠢ ᠲᠣᠭᠳᠠᠭᠠᠳᠠᠭ᠃           ᠨᠠᠭᠠᠳᠬᠤ ᠠᠷᠭ᠎ᠠ᠄ ᠬᠡᠭᠡᠷ᠎ᠡ ᠲᠣᠭᠠᠯᠠᠬᠤ ᠳᠤ ᠨᠠᠭᠠᠳᠬᠤ ᠡᠳᠡᠭᠡᠳ ᠨᠢ ᠶᠠᠰᠣᠨ ᠫᠠᠢ ᠶᠢᠨ ᠢᠶᠠᠨ ᠨᠦᠬᠡ ᠶᠢ ᠲᠠᠭᠠᠷᠠᠭᠤᠯᠣᠨ ᠲᠠᠯᠪᠢᠳᠠᠭ᠂ ᠵᠢᠱᠢᠶᠠᠯᠠᠪᠠᠯ ᠲᠡᠭᠡᠷ᠎ᠡ ᠲᠠᠯ᠎ᠠ ᠶᠢᠨ ᠬᠦᠮᠦᠨ ᠤ ᠲᠠᠯᠪᠢᠭᠰᠠᠨ ᠫᠠᠢ ᠶᠢᠨ ᠵᠢᠷᠭᠤᠭᠠᠨ ᠨᠦᠬᠡ ᠲᠠᠢ ᠯᠢᠤ ᠲᠠᠢ ᠲᠠᠯ᠎ᠠ ᠳᠤᠨᠢ ᠲᠠᠷᠠᠭᠠᠴᠢ ᠶᠢᠨ ᠬᠦᠮᠦᠨ ᠨᠢ ᠵᠢᠷᠭᠤᠭᠠᠨ ᠨᠦᠬᠡ ᠲᠠᠢ ᠫᠠᠢ ᠶᠢᠨ ᠯᠢᠣ ᠶᠢ ᠲᠠᠭᠠᠷᠠᠭᠤᠯᠵᠦ ᠲᠠᠯᠪᠢᠳᠠᠭ᠃ ᠡᠬᠢᠯᠡᠨ ᠨᠠᠭᠠᠳᠣᠭᠠᠳ ᠠᠯᠢ ᠨᠢᠭᠡ ᠨᠢ ᠫᠠᠢ ᠪᠠᠨ ᠪᠦᠬᠦᠨ ᠢ ᠲᠠᠯᠪᠢᠵᠦ ᠪᠠᠷᠠᠭᠰᠠᠨ ᠪᠣᠯ ︽ᠵᠢᠩ︾ ᠭᠡᠵᠦ᠂ ᠨᠦᠭᠦᠭᠡ ᠬᠤᠶᠠᠷ ᠨᠢ ᠲᠠᠯᠪᠢᠵᠦ ᠪᠠᠷᠠᠭᠰᠠᠨ ᠦᠭᠡᠢ ᠪᠣᠯ ᠲᠡᠶᠢᠯᠦᠭᠳᠡᠭᠰᠡᠨ ᠢᠶᠠᠷ ᠪᠣᠳᠣᠵᠦ ︽ᠵᠢᠩ︾ ᠪᠣᠯᠣᠭᠰᠠᠨ ᠬᠦᠮᠦᠨ ᠳᠤ ᠱᠦᠭᠦᠭᠳᠡᠭᠰᠡᠨ ᠪᠠᠷᠢᠮᠵᠢᠶ᠎ᠠ ᠪᠠᠷ ︽ᠦᠬᠡᠷ︾᠂ ︽ᠬᠤᠨᠢ︾ ᠪᠣᠳᠣᠵᠦ ᠦᠭᠳᠡᠭ︔ ᠬᠡᠷᠪᠡ ᠬᠤᠶᠠᠳᠠᠭᠴᠢ ᠬᠦᠮᠦᠨ ᠨᠢ ᠪᠠᠰᠠ ᠫᠠᠢ ᠪᠠᠨ ᠲᠠᠯᠪᠢᠵᠦ ᠪᠠᠷᠠᠭᠰᠠᠨ ᠪᠣᠯ ︽ᠪᠠᠩ︾ ᠭᠡᠵᠦ᠂ ᠭᠤᠷᠪᠠᠳᠣᠭᠠᠷ ᠬᠦᠮᠦᠨ ᠨᠢ ᠲᠠᠯᠪᠢᠵᠦ ᠪᠠᠷᠠᠭᠰᠠᠨ ᠦᠭᠡᠢ ᠪᠣᠯ ᠱᠦᠭᠦᠭᠳᠡᠭᠰᠡᠨ ᠢᠶᠠᠷ ᠪᠣᠳᠣᠵᠦ ᠨᠦᠭᠦᠭᠡ ᠬᠤᠶᠠᠷ ᠲᠠᠭᠠᠨ ᠮᠦᠨ ᠨᠠᠭᠠᠳᠣᠮ ᠤᠨ ᠪᠣᠳᠣᠬᠤ ᠪᠠᠷᠢᠮᠵᠢᠶ᠎ᠠ ᠪᠠᠷ ︽ᠦᠬᠡᠷ︾᠂ ︽ᠬᠤᠨᠢ︾ ᠪᠣᠳᠣᠵᠦ ᠦᠭᠳᠡᠭ᠃ ᠬᠡᠷᠪᠡ ᠭᠤᠷᠪᠠᠭᠤᠯᠠ ᠪᠠᠨ ︽ᠵᠢᠩ︾ ᠪᠣᠯᠣᠭᠰᠠᠨ ᠪᠣᠯ ᠬᠡᠨ ᠨᠢ ᠴᠦ ᠪᠣᠳᠣᠬᠤ ᠦᠭᠡᠢ ᠪᠠᠷ ᠲᠠᠬᠢᠵᠦ ᠨᠠᠭᠠᠳᠳᠠᠭ᠃ ᠬᠡᠷᠪᠡ ᠭᠤᠷᠪᠠᠭᠤᠯᠠ ᠪᠠᠨ ︽ᠵᠢᠩ︾ ᠪᠣᠯᠣᠭᠰᠠᠨ ᠦᠭᠡᠢ ᠪᠣᠯ ᠲᠠᠷᠣᠢ ᠭᠠᠷᠭᠠᠵᠦ ᠲᠡᠶᠢᠯᠦᠭᠰᠡᠨ ᠦᠭᠡᠢ ᠦᠯᠡᠳᠡᠭᠰᠡᠨ ᠫᠠᠢ ᠶᠢᠨ ᠨᠦᠬᠡ ᠶᠢ ᠲᠣᠭᠠᠯᠠᠵᠦ ᠬᠡᠨ ᠤ ᠬᠢᠨᠢ ᠦᠯᠡᠳᠡᠭᠰᠡᠨ ᠫᠠᠢ ᠶᠢᠨ ᠨᠦᠬᠡ ᠶᠢᠨ ᠲᠤᠭ᠎ᠠ ᠶᠢᠨ ᠨᠡᠶᠢᠯᠡᠪᠣᠷᠢ ᠨᠢ ᠪᠠᠭ᠎ᠠ ᠪᠣᠯ ᠲᠡᠷᠡ ᠨᠢ ᠲᠠᠷᠣᠢ ᠲᠡᠶᠢᠯᠦᠭᠰᠡᠨ ᠢᠶᠠᠷ ᠪᠣᠳᠣᠵᠦ ᠪᠣᠰᠣᠳ ᠬᠤᠶᠠᠷ ᠨᠢ ᠱᠦᠭᠦᠭᠳᠡᠭᠰᠡᠨ ᠢᠶᠠᠷ ᠪᠣᠳᠣᠳᠠᠭ᠃ ︵ᠬᠤᠶᠠᠷ︶ ᠬᠡᠭᠡᠷ᠎ᠡ ᠲᠣᠭᠠᠯᠠᠬᠤ ᠶᠢᠨ ᠣᠷ᠎ᠠ ᠮᠡᠷᠭᠡᠵᠢᠯ᠄ ︵1︶ ᠬᠠᠰᠢᠬᠤ᠄ ᠭᠠᠷ ᠤᠨ ᠲᠠᠷᠠᠭᠠᠬᠢ ᠬᠦᠮᠦᠨ ᠤ ᠭᠠᠷᠭᠠᠬᠤ ᠭᠡᠵᠦ ᠪᠠᠶᠢᠭ᠎ᠠ ᠫᠠᠢ ᠶᠢ ᠬᠢᠵᠠᠭᠠᠷᠯᠠᠬᠤ ᠪᠣᠶᠣ ᠪᠣᠯᠠᠶᠢᠯᠠᠬᠤ ᠶᠢ ᠬᠡᠯᠡᠵᠦ ᠪᠣᠢ᠃ ᠡᠭᠦᠨ ᠢ ᠪᠠᠰᠠ ︽ᠬᠤᠣᠷ᠎ᠠ ᠲᠠᠢ ᠫᠠᠢ ᠲᠠᠯᠪᠢᠵᠦ ᠪᠠᠶᠢᠨ᠎ᠠ︾ ᠭᠡᠳᠡᠭ ᠶᠤᠮ᠃ ᠵᠢᠱᠢᠶᠡᠯᠡᠪᠡᠯ᠂ ᠭᠠᠷ ᠤᠨ ᠲᠠᠷᠠᠭᠠᠬᠢ ᠬᠦᠮᠦᠨ ︵ᠴᠢᠨᠣ ᠲᠠᠷᠠᠭ᠎ᠠ ᠫᠠᠢ ᠲᠠᠯᠪᠢᠬᠤ ᠬᠦᠮᠦᠨ︶ ᠴᠢᠨᠢ ᠶᠣᠣ ᠲᠣᠭᠠᠯᠠᠵᠦ ᠪᠠᠶᠢᠪᠠᠯ ᠴᠢ ᠶᠣᠣ ᠶᠢ ᠨᠢ ᠲᠠᠯᠪᠢᠯᠭᠤᠯᠬᠤ ᠦᠭᠡᠢ ᠬᠡᠮᠡᠨ ᠵᠣᠷᠢᠭᠤᠳᠠ ᠵᠢᠷᠭᠤᠭ᠎ᠠ ᠲᠠᠯᠪᠢᠵᠦ ᠬᠠᠷᠰᠢᠯᠠᠬᠤ ᠶᠢ ᠬᠡᠯᠡᠳᠡᠭ ᠃ ᠵᠠᠷᠢᠮ ᠦᠶᠡᠰ ᠲᠤ ᠦᠪᠡᠷ ᠤᠨ ᠪᠦᠳᠦᠭᠡᠬᠦ ᠭᠡᠵᠦ ᠪᠠᠶᠢᠭ᠎ᠠ ᠫᠠᠢ ᠪᠠᠨ ᠡᠪᠳᠡᠵᠦ ᠪᠠᠶᠢᠭᠠᠳ ᠴᠦ ᠭᠡᠰᠡᠨ ᠪᠣᠰᠣᠳ ᠤᠨ ᠫᠠᠢ ᠶᠢ ᠬᠠᠰᠢᠳᠠᠭ ᠶᠤᠮ᠂ ᠣᠴᠢᠷ ᠨᠢ ᠲᠠᠷᠠᠭᠠᠬᠢ ᠬᠦᠮᠦᠨ ᠤ ᠲᠣᠭᠠᠯᠠᠵᠦ ᠪᠠᠶᠢᠭ᠎ᠠ ᠬᠡᠭᠡᠷ᠎ᠡ ᠶᠢ ᠬᠠᠰᠢᠬᠤ ᠦᠭᠡᠢ ᠪᠠᠷ ᠢᠯᠭᠤᠮ ᠪᠦᠳᠦᠭᠡᠪᠡᠯ ᠬᠠᠷᠢᠨ ᠲᠦᠯᠦᠭᠡᠰᠦᠨ ᠳᠤ ᠣᠷᠣᠳᠠᠭ ᠶᠤᠮ᠃ ᠲᠠᠬᠢᠭᠠᠳ ᠬᠡᠯᠡᠪᠡᠯ  ᠦᠪᠡᠷ ᠤᠨ ᠫᠠᠢ ᠪᠠᠨ ᠡᠪᠳᠡᠵᠦ ᠪᠠᠶᠢᠭᠠᠳ ᠲᠠᠷᠠᠭᠠᠬᠢ ᠬᠦᠮᠦᠨ ᠤ ᠬᠡᠭᠡᠷ᠎ᠡ ᠶᠢ ᠪᠦᠳᠦᠭᠡᠬᠦ ᠦᠭᠡᠢ ᠪᠣᠯ ᠱᠦᠭᠦᠭᠳᠡᠭᠰᠡᠨ ᠴᠦ ᠲᠡᠳᠦᠢ ᠶᠡᠭᠡ ᠱᠦᠭᠦᠭᠳᠡᠬᠦ ᠦᠭᠡᠢ ᠶᠤᠮ᠃ ᠫᠠᠢ ᠬᠠᠰᠢᠬᠤ ᠳᠤ ᠬᠡᠭᠡᠷ᠎ᠡ ᠲᠣᠭᠠᠯᠠᠵᠦ ᠪᠠᠶᠢᠭ᠎ᠠ ᠬᠦᠮᠦᠨ ᠢ ᠨᠦᠭᠦᠭᠡ ᠬᠤᠶᠠᠷ ᠨᠢ ᠬᠠᠮᠵᠢᠨ ᠬᠠᠰᠢᠬᠤ ᠣᠴᠢᠷ ᠴᠦ ᠭᠠᠷᠳᠠᠭ᠂ ᠣᠴᠢᠷ ᠨᠢ ᠫᠠᠢ ᠬᠠᠰᠢᠵᠦ ᠪᠠᠶᠢᠭ᠎ᠠ ᠬᠦᠮᠦᠨ ᠤ ᠭᠠᠷ ᠤᠨ ᠲᠡᠭᠡᠷ᠎ᠡ ᠪᠠᠶᠢᠭ᠎ᠠ ᠡᠳᠡᠭᠡᠳ ᠫᠠᠢ ᠬᠠᠰᠢᠬᠤ ᠵᠦᠭ ᠲᠤᠨᠢ ᠲᠠᠯᠪᠢᠵᠦ ᠦᠭᠬᠦ ᠦᠭᠡᠢ ᠪᠣᠯ ᠬᠡᠭᠡᠷ᠎ᠡ ᠲᠣᠭᠠᠯᠠᠵᠦ ᠪᠠᠶᠢᠭ᠎ᠠ ᠬᠦᠮᠦᠨ ᠪᠦᠳᠦᠭᠡᠴᠢᠬᠡᠪᠠᠯ ᠭᠠᠷ ᠤᠨ ᠲᠡᠭᠡᠷᠡᠬᠢ ᠬᠦᠮᠦᠨ ᠨᠢ ᠲᠡᠶᠢᠯᠳᠡᠭ ᠶᠤᠮ᠃            ᠶᠡᠷᠦᠳᠡ ᠶᠢᠨ ᠫᠠᠢ ᠬᠠᠰᠢᠬᠤ ᠠᠷᠭ᠎ᠠ ᠭᠡᠪᠡᠯ᠄ ᠡᠤ ᠪᠠᠷ ᠰᠠᠨ ᠢ ᠬᠠᠰᠢᠬᠤ ᠪᠣᠶᠣ ᠰᠠᠨ ᠢᠶᠠᠷ ᠡᠤ ᠶᠢ ᠬᠠᠰᠢᠬᠤ᠃ ︽ᠡᠣ᠂ ᠰᠠᠨ ᠦᠬᠦᠯ ᠤᠨ ᠬᠠᠷᠰᠢ︾ ᠭᠡᠳᠡᠭ᠂ ᠡᠶᠢᠮᠤ ᠠᠴᠠ ᠭᠠᠷ ᠤᠨ ᠲᠠᠷᠠᠭᠠᠬᠢ ᠬᠦᠮᠦᠨ ᠴᠢᠨᠢ ᠡᠤ ᠲᠣᠭᠠᠯᠠᠵᠦ ᠪᠠᠶᠢᠪᠠᠯ ᠴᠢ ᠲᠠᠷᠣᠢ ᠵᠤᠷᠢᠭᠤᠳᠠ ᠰᠠᠨ ᠲᠠᠯᠪᠢᠵᠦ ᠬᠠᠰᠢᠨ ᠲᠠᠷᠠᠭᠠᠬᠢ ᠬᠦᠮᠦᠨ ᠤ ᠡᠤ ᠲᠣᠭᠠᠯᠠᠬᠤ ᠶᠢ ᠬᠠᠷᠰᠢᠯᠠᠬᠤ ᠪᠠᠷ ᠴᠢᠷᠮᠠᠶᠢᠳᠠᠭ︔ ᠠᠳᠠᠯᠢ ᠪᠠᠷ ᠲᠠᠷᠠᠭᠠᠬᠢ ᠬᠦᠮᠦᠨ ᠴᠢᠨᠢ ᠰᠠᠨ ᠲᠣᠭᠠᠯᠠᠵᠦ ᠪᠠᠶᠢᠪᠠᠯ ᠴᠢ ᠲᠠᠷᠣᠢ ᠵᠤᠷᠢᠭᠤᠳᠠ ᠡᠤ ᠭᠠᠷᠭᠠᠨ ᠬᠠᠷᠰᠢᠯᠠᠳᠠᠭ᠃ ᠶᠣᠣ ᠪᠠᠷ ᠯᠢᠦ ᠶᠢ ᠬᠠᠰᠢᠬᠤ ᠪᠣᠶᠣ ᠯᠢᠦ ᠪᠠᠷ ᠶᠣᠣ ᠶᠢ ᠬᠠᠰᠢᠬᠤ᠃  ᠭᠠᠷ ᠤᠨ ᠲᠠᠷᠠᠭᠠᠬᠢ ᠬᠦᠮᠦᠨ ᠯᠢᠦ ᠲᠣᠭᠠᠯᠠᠵᠦ ᠪᠠᠶᠢᠬᠤ᠂ ᠡᠰᠡᠪᠡᠯ ᠴᠢᠪᠠᠭᠠᠨᠴᠠ ᠲᠣᠭᠠᠯᠠᠵᠦ ᠪᠠᠶᠢᠬᠤ ︵ᠴᠢᠪᠠᠭᠠᠨᠴᠠ ᠨᠢ ᠯᠢᠦ ᠣᠯᠠᠨ ᠲᠠᠢ︶ ᠡᠰᠡᠪᠡᠯ ᠡᠯᠵᠢᠭᠡ ᠲᠣᠭᠠᠯᠠᠵᠦ ᠪᠠᠶᠢᠪᠠᠯ ︵ᠡᠯᠵᠢᠭᠡ ᠶᠢᠨ ᠨᠢᠭᠡ ᠦᠵᠦᠭᠦᠷ ᠨᠢ ᠯᠢᠣ︶ ᠵᠤᠷᠢᠭᠤᠳᠠ ᠶᠣᠣ ᠲᠠᠯᠪᠢᠵᠦ ᠬᠠᠰᠢᠬᠤ ᠶᠢ ᠬᠡᠯᠡᠵᠦ ᠪᠣᠢ︔ ᠠᠳᠠᠯᠢᠬᠠᠨ ᠢᠶᠠᠷ ᠭᠠᠷ ᠤᠨ ᠲᠣᠣᠷᠠᠬᠢ ᠬᠦᠮᠦᠨ ᠴᠢᠨᠢ ᠶᠣᠣ ᠲᠣᠭᠠᠯᠠᠵᠦ ᠪᠠᠶᠢᠪᠠᠯ ᠴᠢ ᠵᠣᠷᠢᠭᠤᠳᠠ ᠯᠢᠦ ᠣᠯᠠᠨ ᠲᠠᠢ ᠫᠠᠢ ᠶᠢ ᠲᠠᠯᠪᠢᠵᠦ ᠬᠠᠰᠢᠬᠤ ᠣᠴᠢᠷ ᠪᠣᠯᠬᠤ ᠶᠤᠮ᠃ ᠬᠠᠰᠢᠬᠤ ᠶᠢᠨ ᠵᠣᠷᠢᠯᠭ᠎ᠠ ᠨᠢ ᠦᠪᠡᠷ ᠤᠨ ᠪᠡᠶ᠎ᠡ ᠳᠤ ᠴᠢᠨᠢ ᠶᠠᠮᠠᠷ ᠨᠢᠭᠡ ᠲᠦᠷᠦᠯ ᠤᠨ ᠫᠠᠢ ᠦᠭᠡᠢ᠂ ᠦᠭᠡᠷ᠎ᠡ ᠬᠦᠮᠦᠨ ᠢ ᠪᠠᠰᠠ ᠭᠠᠷᠭᠠᠯᠭᠠᠬᠤ ᠦᠭᠡᠢ ᠭᠡᠵᠦ ᠣᠷᠣᠯᠳᠣᠳᠠᠭ᠃ ᠪᠦᠵᠢᠶᠠᠨ ᠢᠳᠡᠬᠦ ᠳᠤ ᠪᠠᠰᠠ ᠬᠠᠰᠢᠬᠤ ᠶᠢ ᠠᠰᠢᠭᠯᠠᠳᠠᠭ ᠶᠤᠮ᠃ ᠬᠡᠷᠪᠡ ᠴᠢᠮ᠎ᠠ ᠳᠤ ᠬᠠᠰᠢᠬᠤ ᠫᠠᠢ ᠦᠭᠡᠢ ᠪᠣᠶᠣ ᠪᠣᠰᠣᠳ ᠢ ᠬᠠᠰᠢᠬᠤ ᠰᠠᠨᠠᠭ᠎ᠠ ᠦᠭᠡᠢ᠂ ᠪᠠᠰᠠ ᠲᠠᠷᠠᠭᠠᠬᠢ ᠬᠤᠶᠠᠷ ᠬᠦᠮᠦᠨ ᠢᠶᠠᠨ ᠫᠠᠢ ᠲᠠᠷᠣᠭᠤᠯᠬᠤ ᠰᠠᠨᠠᠭ᠎ᠠ ᠴᠦ ᠦᠭᠡᠢ ᠪᠣᠯ ︽ᠬᠡᠭᠡᠷ᠎ᠡ ᠶᠢᠨ ᠭᠠᠯᠠᠭᠤ ᠬᠡᠨ ᠳᠤ ᠴᠦ ᠬᠠᠷᠰᠢ ᠦᠭᠡᠢ︾ ᠭᠡᠵᠦ ᠬᠡᠯᠡᠭᠡᠳ ᠬᠤᠤᠷ᠂ ᠢᠷᠦ ᠎ᠠ ᠦᠭᠡᠢ ᠫᠠᠢ ᠲᠠᠯᠪᠢᠳᠠᠭ᠃ ︵2︶ ᠲᠠᠰᠣᠯᠬᠤ᠄ ᠨᠠᠭᠠᠳᠬᠤ ᠲᠣᠮᠳᠠ ᠦᠪᠡᠷ ᠤᠨ ᠭᠠᠷ ᠲᠤ ᠪᠠᠶᠢᠭ᠎ᠠ ᠫᠠᠢ ᠶᠢᠨ ᠪᠠᠶᠢᠳᠠᠯ ᠢᠶᠠᠨ ᠦᠵᠡᠵᠦ ᠪᠠᠶᠢᠭᠠᠳ ᠬᠡᠨ ᠨᠢ ᠴᠦ ᠫᠠᠢ ᠭᠠᠷᠭᠠᠵᠦ ᠴᠢᠳᠠᠬᠤ ᠦᠭᠡᠢ ᠬᠡᠮᠵᠢᠶᠡᠨ ᠳᠤ ᠬᠦᠷᠭᠡᠬᠦ ᠶᠢ ︽ᠲᠠᠰᠣᠯᠬᠤ︾ ᠭᠡᠳᠡᠭ᠃ ᠫᠠᠢ ᠶᠢ ᠲᠠᠰᠣᠯᠬᠤ ᠳᠤ ᠨᠢᠭᠡ ᠳᠤ ᠭᠠᠷ ᠲᠤ ᠦᠯᠡᠳᠡᠬᠦ ᠫᠠᠢ ᠶᠢᠨ ᠴᠢᠨᠢ ᠨᠦᠬᠡ ᠶᠢᠨ ᠲᠣᠭᠠᠨ ᠤ ᠨᠡᠶᠢᠯᠡᠪᠦᠷᠢ ᠨᠢ ᠨᠦᠭᠦᠭᠡ ᠬᠤᠶᠠᠷ ᠬᠦᠮᠦᠨ ᠤ ᠭᠠᠷ ᠲᠤ ᠦᠯᠡᠳᠡᠬᠦ ᠫᠠᠢ ᠶᠢᠨ ᠨᠦᠬᠡ ᠶᠢᠨ ᠲᠣᠭᠠᠨ ᠤ ᠨᠡᠶᠢᠯᠡᠪᠦᠷᠢ ᠠᠴᠠ ᠪᠠᠭ᠎ᠠ ᠪᠠᠶᠢᠬᠤ ᠶᠢ ᠪᠠᠳᠣᠯᠠᠭ᠎ᠠ ᠲᠠᠢ ᠵᠢᠱᠢᠵᠦ ᠲᠣᠭᠳᠠᠭᠠᠬᠤ ᠬᠡᠷᠡᠭᠳᠡᠢ᠂ ᠬᠡᠷᠪᠡ ᠪᠣᠰᠣᠳ ᠤᠨ ᠫᠠᠢ ᠶᠢᠨ ᠨᠦᠬᠡ ᠶᠢᠨ ᠲᠣᠭᠠᠨ ᠤ ᠨᠡᠶᠢᠯᠡᠪᠦᠷᠢ ᠠᠴᠠ ᠪᠠᠭ᠎ᠠ ᠪᠣᠯᠪᠠᠯ ᠱᠦᠭᠦᠭᠳᠡᠭᠰᠡᠨ ᠢᠶᠠᠷ ᠪᠣᠳᠣᠵᠦ ᠨᠦᠭᠦᠭᠡ ᠬᠤᠶᠠᠷ ᠲᠠᠭᠠᠨ ᠶᠠᠭᠤ ᠪᠠᠷ ᠣᠯᠬᠤ ᠭᠡᠵᠦ ᠲᠠᠰᠣᠯᠣᠭᠰᠠᠨ ᠪᠣᠯ ᠲᠡᠷᠡ ᠶᠣᠰᠣᠭᠠᠷ ᠲᠦᠯᠦᠪᠦᠷᠢ ᠦᠭᠳᠡᠭ᠃ ᠬᠤᠶᠠᠷ ᠲᠤ᠂ ᠭᠠᠷ ᠲᠤ ᠪᠠᠶᠢᠭ᠎ᠠ ᠫᠠᠢ ᠴᠢᠨᠢ ︽ᠵᠢᠩ︾ ᠪᠣᠯᠬᠤ ᠪᠣᠯᠣᠯᠴᠠᠭ᠎ᠠ ᠦᠭᠡᠢ ᠦᠶᠡᠰ ᠲᠤ ᠫᠠᠢ ᠶᠢ ᠲᠠᠰᠣᠯᠵᠦ ᠪᠣᠯᠣᠨ᠎ᠠ᠃           ᠡᠯᠵᠢᠭᠡ ᠪᠠᠷ ᠲᠠᠰᠣᠯᠬᠤ᠄ ᠲᠠᠯᠪᠢᠵᠦ ᠪᠠᠶᠢᠭ᠎ᠠ ᠫᠠᠢ ᠶᠢᠨ ᠨᠢᠭᠡ ᠦᠵᠦᠭᠦᠷ ᠨᠢ ᠰᠠᠨ ᠲᠠᠯᠪᠢᠵᠦ ᠮᠣᠬᠤᠷᠳᠠᠭᠰᠠᠨ ᠪᠣᠯ ᠭᠠᠷ ᠲᠤ ᠪᠠᠶᠢᠭ᠎ᠠ ᠫᠠᠢ ᠶᠢᠨ ᠴᠢᠨᠢ ᠨᠦᠬᠡ ᠶᠢᠨ ᠲᠤᠭ᠎ᠠ ᠨᠢ ᠪᠠᠭ᠎ᠠ ᠪᠠᠶᠢᠵᠦ ᠪᠣᠰᠣᠳ ᠢ ᠲᠡᠶᠢᠯᠵᠦ ᠪᠣᠯᠬᠤ ᠪᠣᠯᠣᠯᠴᠠᠭ᠎ᠠ ᠲᠠᠢ ᠪᠣᠯ ᠨᠦᠭᠦᠭᠡ ᠦᠵᠦᠭᠦᠷ ᠲᠤᠨᠢ ᠡᠯᠵᠢᠭᠡ ᠲᠠᠯᠪᠢᠵᠦ ᠫᠠᠢ ᠶᠢ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠰᠠᠨ ᠢᠶᠠᠷ ᠲᠠᠰᠣᠯᠬᠤ᠄ ᠲᠠᠯᠪᠢᠵᠦ ᠪᠠᠶᠢᠭ᠎ᠠ ᠫᠠᠢ ᠶᠢᠨ ᠨᠢᠭᠡ ᠦᠵᠦᠭᠦᠷ ᠨᠢ ᠡᠯᠵᠢᠭᠡ ᠲᠠᠯᠪᠢᠵᠦ  ᠮᠣᠬᠤᠷᠳᠠᠭᠰᠠᠨ ᠪᠣᠯ ᠭᠠᠷ ᠲᠤ ᠪᠠᠶᠢᠭ᠎ᠠ ᠫᠠᠢ ᠶᠢᠨ ᠴᠢᠨᠢ ᠨᠦᠬᠡ ᠶᠢᠨ ᠲᠤᠭ᠎ᠠ ᠨᠢ ᠪᠠᠭ᠎ᠠ ᠪᠠᠶᠢᠵᠦ ᠪᠣᠰᠣᠳ ᠢ ᠲᠡᠶᠢᠯᠵᠦ ᠪᠣᠯᠬᠤ ᠪᠣᠯᠣᠯᠴᠠᠭ᠎ᠠ ᠲᠠᠢ ᠪᠣᠯ ᠨᠦᠭᠦᠭᠡ ᠦᠵᠦᠭᠦᠷ ᠲᠤᠨᠢ ᠰᠠᠨ ᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠬᠦᠷᠭᠡᠨ᠎ᠡ᠃ ᠴᠢᠪᠠᠭᠠᠨᠴᠠ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠶᠢᠨ ᠫᠢᠩ ᠤᠨ ᠣᠯᠠᠭᠠᠨ ᠨᠦᠬᠡ ᠶᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠡᠭᠦᠨ ᠳᠤ ᠬᠤᠶᠠᠷ ᠵᠦᠢᠯ ᠤᠨ ᠪᠠᠶᠢᠳᠠᠯ ᠲᠠᠢ ᠪᠠᠶᠢᠳᠠᠭ᠄ ᠨᠦᠭᠦᠭᠡ ᠶᠢᠨ ᠫᠢᠩ ᠨᠢ ᠴᠢᠨᠠᠳᠦ ᠦᠵᠦᠭᠦᠷ ᠲᠤ ᠭᠠᠳᠠᠭᠰᠢ ᠬᠠᠨᠳᠣᠭᠰᠠᠨ ᠪᠠᠶᠢᠳᠠᠭ᠃ ᠨᠦᠭᠦᠭᠡ ᠶᠢᠨ ᠫᠢᠩ ᠢ ᠦᠪᠡᠷ ᠢᠶᠠᠨ ᠲᠠᠷᠣᠭᠰᠠᠨ ᠪᠣᠶᠣ ᠪᠣᠰᠣᠳ ᠬᠦᠮᠦᠨ ᠲᠠᠷᠣᠭᠰᠠᠨ ᠪᠠᠶᠢᠬᠤ ᠶᠢ ᠵᠢᠱᠢᠵᠦ ᠮᠡᠳᠡᠬᠦ ᠬᠡᠷᠡᠭᠳᠡᠢ᠃ ᠡᠣ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠬᠤ᠋ ᠲᠤ ᠡᠣ ︵ᠪᠣᠶᠣ ᠶᠣᠣ ᠡᠣ︶ ᠶᠢᠨ ᠡᠤ ᠶᠢ ᠨᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠲᠡᠭᠡᠬᠦ ᠳᠤ ᠡᠣ ᠪᠠᠷ ᠲᠠᠰᠣᠯᠬᠤ ᠬᠦᠮᠦᠨ ᠦᠪᠡᠷ ᠢᠶᠠᠨ ᠡᠣ ᠶᠢᠨ ᠪᠣᠰᠣᠳ ᠬᠤᠶᠠᠷ ᠦᠵᠦᠭᠦᠷ ᠲᠠᠢ ᠫᠠᠢ ᠶᠢ ᠲᠠᠷᠣᠭᠰᠠᠨ ᠪᠣᠶᠣ ᠠᠯᠢ ᠨᠢ ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ᠶᠣᠣ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠶᠣᠣ ᠶᠢᠨ ᠲᠦᠷᠦᠯ ᠤᠨ ᠬᠤᠶᠠᠷ ᠦᠵᠦᠭᠦᠷ ᠲᠠᠢ ᠫᠠᠢ ᠶᠢᠨ ᠶᠣᠣ ᠶᠢ ᠨᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠤ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠲᠡᠭᠡᠬᠦ ᠳᠤ ᠶᠣᠣ ᠲᠠᠷᠣᠬᠤ ᠬᠦᠮᠦᠨ ᠦᠪᠡᠷ ᠢᠶᠠᠨ ᠶᠣᠣ ᠶᠢᠨ ᠪᠣᠰᠣᠳ ᠬᠤᠶᠠᠷ ᠦᠵᠦᠭᠦᠷ ᠲᠠᠢ ᠫᠠᠢ ᠶᠢ ᠲᠠᠷᠣᠭᠰᠠᠨ ᠪᠣᠶᠣ ᠠᠯᠢ ᠨᠢ ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ᠯᠢᠣ ᠪᠠᠷ ᠲᠠᠰᠣᠯᠬᠤ᠄ ᠨᠢᠭᠡ ᠦᠵᠦᠭᠦᠷ ᠨᠢ ᠮᠤᠬᠤᠷᠳᠠᠭᠰᠠᠨ ᠫᠠᠢ ᠶᠢᠨ ᠨᠦᠭᠦᠭᠡ ᠦᠵᠦᠭᠦᠷ ᠲᠤᠨᠢ ᠯᠢᠤ ᠶᠢᠨ ᠲᠦᠷᠦᠯ ᠤᠨ ᠫᠠᠢ ᠶᠢᠨ ᠬᠤᠶᠠᠷ ᠦᠵᠦᠭᠦᠷ ᠲᠠᠢ ᠫᠠᠢ ᠶᠢᠨ ᠯᠢᠤ ᠶᠢ ᠨᠢ ᠭᠠᠳᠠᠭᠰᠢ ᠬᠠᠷᠠᠭᠤᠯᠣᠨ ᠲᠠᠯᠪᠢᠵᠦ ᠫᠠᠢ ᠶᠢ ᠬᠡᠨ ᠴᠦ ᠴᠢᠨᠠᠭᠰᠢ ᠲᠠᠯᠪᠢᠵᠦ ᠪᠣᠯᠬᠤ ᠦᠭᠡᠢ ᠬᠡᠮᠵᠢᠶᠡᠨ ᠳᠤ ᠬᠦᠷᠭᠡᠨ᠎ᠡ᠃ ᠲᠡᠭᠡᠬᠦ ᠳᠤ ᠯᠢᠤ ᠲᠠᠷᠣᠬᠤ ᠬᠦᠮᠦᠨ ᠦᠪᠡᠷ ᠢᠶᠠᠨ ᠯᠢᠤ ᠶᠢᠨ ᠪᠣᠰᠣᠳ ᠬᠤᠶᠠᠷ ᠦᠵᠦᠭᠦᠷ ᠲᠠᠢ ᠫᠠᠢ ᠶᠢ ᠲᠠᠷᠣᠭᠰᠠᠨ ᠪᠣᠶᠣ ᠠᠯᠢ ᠨᠢ ᠭᠠᠷᠣᠭᠰᠠᠨ ᠢ ᠰᠠᠶᠢᠬᠠᠨ ᠡᠵᠡᠮᠳᠡᠬᠦ ᠬᠡᠷᠡᠭᠳᠡᠢ᠃ ︵3︶ ᠲᠠᠷᠣᠬᠤ᠄ ᠲᠠᠷᠣᠢ ᠫᠠᠢ ᠲᠠᠷᠣᠬᠤ᠃ ᠴᠢᠨᠣ ᠫᠠᠢ ᠲᠠᠯᠪᠢᠬᠤ ᠡᠭᠡᠯᠵᠢ ᠳᠤ ᠲᠡᠭᠡᠷ᠎ᠡ ᠲᠠᠯ᠎ᠠ ᠶᠢᠨ ᠬᠦᠮᠦᠨ ᠤ ᠬᠠᠶᠠᠭᠰᠠᠨ ᠫᠠᠢ ᠶᠢ ᠵᠠᠯᠭᠠᠵᠦ ᠲᠠᠯᠪᠢᠬᠤ ᠫᠠᠢ ᠦᠭᠡᠢ ᠦᠶᠡᠰ ᠲᠤ ᠪᠠᠶᠢᠳᠠᠯ ᠢᠶᠠᠨ ᠦᠵᠡᠵᠦ ᠪᠠᠶᠢᠭᠠᠳ ᠲᠣᠬᠢᠳᠠᠢ ᠨᠢᠭᠡᠨ ᠫᠠᠢ ᠶᠢ ᠲᠠᠷᠣᠵᠦ ᠦᠩᠭᠡᠷᠡᠭᠦᠯᠳᠡᠭ᠂ ᠲᠠᠷᠣᠭᠰᠠᠨ ᠫᠠᠢ ᠶᠢ ᠲᠠᠬᠢᠵᠦ ᠠᠪᠴᠦ ᠲᠠᠯᠪᠢᠵᠦ ᠪᠣᠯᠳᠠᠭ ᠦᠭᠡᠢ ᠶᠣᠰᠣ ᠲᠠᠢ᠃ ᠬᠠᠮᠤᠭ ᠰᠡᠭᠦᠯ ᠳᠤ ᠨᠦᠬᠡ ᠲᠣᠭᠠᠯᠠᠬᠤ ᠬᠡᠮᠵᠢᠶᠡᠨ ᠳᠤ ᠬᠦᠷᠪᠡᠯ ᠲᠠᠷᠣᠭᠰᠠᠨ ᠫᠠᠢ ᠶᠢᠨ ᠨᠦᠬᠡ ᠶᠢᠨ ᠲᠤᠭ᠎ᠠ ᠶᠢ ᠴᠤ ᠲᠣᠭᠠᠨ ᠳᠤ ᠣᠷᠣᠭᠤᠯᠳᠠᠭ ᠶᠤᠮ᠃ ᠡᠶᠢᠮᠤ ᠠᠴᠠ ᠫᠠᠢ ᠲᠠᠷᠣᠬᠤ ᠳᠤ ᠲᠣᠷ᠎ᠠ ᠪᠠᠷ ᠢᠶᠠᠨ ᠲᠠᠷᠣᠵᠦ ᠪᠣᠯᠬᠤ ᠦᠭᠡᠢ᠂ ᠰᠠᠶᠢᠳᠣᠷ ᠪᠣᠳᠣᠯᠬᠢᠯᠠᠬᠤ ᠬᠡᠷᠡᠭᠳᠡᠢ᠂ ᠨᠢᠭᠡ ᠳᠤ ᠦᠪᠡᠷ ᠤᠨ ᠢᠶᠠᠨ ︽ᠣᠯᠬᠤ︾ ᠶᠢ ᠪᠣᠳᠣᠯᠬᠢᠯᠠᠬᠤ ᠬᠡᠷᠡᠭᠳᠡᠢ︔ ᠬᠤᠶᠠᠷ ᠲᠤ ᠪᠣᠰᠣᠳ ᠢ ᠶᠣᠷᠯᠠᠬᠤ ᠬᠡᠷᠡᠭᠳᠡᠢ᠂ ᠪᠣᠰᠣᠳ ᠢ ᠴᠦ ᠭᠠᠷᠭᠠᠵᠦ ᠴᠢᠳᠠᠬᠤ ᠦᠭᠡᠢ ᠲᠠᠷᠣᠬᠤ ᠬᠡᠮᠵᠢᠶᠡᠨ ᠳᠤ ᠬᠦᠷᠭᠡᠬᠦ ᠶᠢ ᠪᠣᠳᠣᠯᠬᠢᠯᠠᠬᠤ ᠬᠡᠷᠡᠭᠳᠡᠢ ᠶᠤᠮ᠃ ᠭᠡᠳᠡᠯ᠎ᠡ ᠨᠦᠭᠦᠭᠡ ᠬᠤᠶᠠᠷ ᠤᠨ ᠢᠶᠠᠨ ᠨᠢᠭᠡ ᠶᠢ ᠯᠠ ᠶᠣᠷᠯᠠᠭᠠᠳ ᠨᠦᠭᠦᠭᠡ ᠶᠢ ᠨᠢ ︽ᠵᠢᠩ︾ ᠪᠣᠯᠭᠠᠪᠠᠯ ᠬᠠᠷᠢᠨ ᠲᠦᠯᠦᠪᠦᠷᠢ ᠳᠤ ᠣᠷᠣᠳᠠᠭ᠃ ︵4︶ ᠪᠦᠵᠢᠶᠠᠨ᠄ ᠨᠢᠭᠡ ᠲᠠᠯᠠᠪᠣᠷ ᠫᠠᠢ ᠪᠠᠷᠠᠳᠠᠯ᠎ᠠ ᠡᠣ᠂ ᠰᠠᠨ᠂ ᠴᠢᠪᠠᠭᠠᠨᠴᠠ᠂ ᠡᠯᠵᠢᠭᠡ᠂ ᠯᠢᠦ᠂ ᠶᠣᠣ ᠵᠡᠷᠭᠡ ᠫᠠᠢ ᠶᠠᠭ ᠬᠠᠷᠠᠭᠳᠠᠭᠰᠠᠨ ᠦᠭᠡᠢ ᠪᠣᠯ ᠠᠯᠢ ᠨᠢᠭᠡ ᠶᠢ ᠨᠢ ᠲᠠᠯᠪᠢᠪᠠᠰᠦ ᠵᠣᠬᠢᠬᠤ ᠬᠦᠮᠦᠨ ᠨᠢ ᠭᠠᠷᠭᠠᠭᠰᠠᠨ ᠦᠭᠡᠢ ᠪᠣᠯ ᠲᠡᠷᠡ ᠬᠦᠮᠦᠨ ᠲᠡᠳᠡᠭᠡᠷ ᠤᠨ ᠲᠤᠭ᠎ᠠ ᠪᠠᠷ ᠲᠦᠯᠦᠳᠡᠭ ᠶᠤᠮ᠃ ᠵᠢᠱᠢᠶᠡᠯᠡᠪᠡᠯ᠂ ᠨᠢᠭᠡ  ᠲᠠᠯᠠᠪᠣᠷ ᠫᠠᠢ ᠲᠠᠭᠤᠰᠳᠠᠯ᠎ᠠ ᠴᠢᠪᠠᠭᠠᠨᠴᠠ ᠬᠠᠷᠠᠭᠳᠠᠭᠰᠠᠨ ᠦᠭᠡᠢ ᠪᠣᠯ ᠯᠢᠦ ᠬᠡᠳᠦ ᠣᠳᠠᠭ᠎ᠠ ᠭᠠᠷᠴᠦ ᠪᠠᠶᠢᠳᠠᠯ᠎ᠠ ︵ᠴᠢᠪᠠᠭᠠᠨᠴᠠ ᠭᠠᠷᠭᠠᠬᠤ ᠲᠣᠬᠢᠶᠠᠯ ᠲᠠᠭᠠᠷᠠᠵᠦ ᠪᠠᠶᠢᠳᠠᠯ᠎ᠠ︶ ᠶᠢᠨ ᠫᠢᠩ ᠢ ᠲᠠᠯᠪᠢᠭᠰᠠᠨ ᠦᠭᠡᠢ ᠬᠦᠮᠦᠨ ᠨᠢ ︽ᠴᠢᠪᠠᠭᠠᠨᠴᠠ ᠶᠢᠨ ᠪᠦᠵᠢᠶᠠᠨ︾ ᠲᠦᠯᠦᠳᠡᠭ ᠶᠤᠮ᠃          ᠭᠤᠷᠪᠠ᠂ . ᠬᠡᠭᠡᠷ᠎ᠡ ᠲᠣᠭᠠᠯᠠᠬᠤ ᠨᠠᠭᠠᠳᠤᠮ ᠤᠨ ᠱᠦᠭᠦᠯᠴᠡᠭᠡᠨ ᠢᠶᠠᠨ ᠪᠣᠳᠣᠬᠤ ᠠᠷᠭ᠎ᠠ᠄ ᠵᠠᠷᠢᠮ ᠬᠦᠮᠦᠨ ︽ᠶᠠᠰᠣᠨ ᠫᠠᠢ ᠬᠡᠭᠡᠷ᠎ᠡ ᠲᠣᠭᠠᠯᠠᠬᠤ ᠭᠡᠭᠴᠢ ᠵᠣᠭᠤᠰ ᠮᠦᠷᠦ᠋ᠢᠬᠦ ᠯᠠ ᠨᠠᠭᠠᠳᠣᠮ︾ ᠭᠡᠳᠡᠭ᠂ ᠭᠡᠳᠡᠯ᠎ᠡ ᠣᠩᠨᠢᠭᠤᠳ ᠮᠣᠩᠭᠤᠯᠴᠣᠳ ᠤᠨ ᠶᠠᠰᠣᠨ ᠫᠠᠢ ᠨᠠᠭᠠᠳᠣᠮ ᠤᠨ ᠱᠦᠭᠦᠯᠴᠡᠭᠡᠨ ᠳᠤ ᠬᠡᠳᠦ᠋ᠢᠪᠡᠷ ᠪᠣᠳᠠ ᠪᠣᠭ ᠢᠶᠠᠷ ᠢᠯᠠᠭᠳᠠᠭᠰᠠᠨ ᠢᠶᠠᠨ ᠲᠣᠷᠭᠠᠳᠠᠭ ᠪᠣᠯᠪᠠᠴᠦ ᠲᠡᠭᠦᠨ ᠢ ᠴᠦᠮ ᠭᠦᠢᠯᠡᠰᠦᠨ ᠦᠷ᠎ᠡ ᠪᠣᠷᠴᠠᠭ ᠤᠨ ᠦᠷ᠎ᠡ ᠪᠣᠶᠣ ᠱᠠᠭ᠎ᠠ ᠪᠠᠷ ᠣᠷᠣᠯᠠᠭᠤᠯᠳᠠᠭ ᠶᠤᠮ᠃ ᠲᠡᠭᠡᠬᠦ ᠳᠤ ᠬᠦᠮᠦᠨ ᠪᠦᠷᠢ ᠠᠳᠠᠯᠢᠬᠠᠨ 10 ︽ᠦᠬᠡᠷ︾ ︵ᠱᠠᠭ᠎ᠠ ᠪᠠᠷ ᠣᠷᠣᠯᠠᠭᠤᠯᠳᠠᠭ︶ ᠪᠠ ᠨᠢᠵᠡᠭᠡᠳ ︽ᠬᠤᠨᠢ︾ ︵ᠪᠣᠷᠴᠠᠭ ᠪᠣᠶᠣ ᠰᠢᠰᠢ ᠶᠢᠨ ᠦᠷ᠎ᠡ ᠪᠠᠷ ᠣᠷᠣᠯᠠᠭᠤᠯᠳᠠᠭ︶ ᠠᠪᠴᠦ᠂ ᠬᠡᠨ ᠨᠢ ᠪᠦᠬᠦᠨ ᠢ ᠱᠦᠭᠦᠭᠳᠡᠵᠦ ᠪᠠᠷᠠᠪᠠᠯ ᠣᠯᠵᠦ ᠪᠠᠶᠢᠭ᠎ᠠ ᠬᠦᠮᠦᠨ ᠠᠴᠠ ᠪᠠᠨ ︽ᠵᠢᠭᠡᠯᠡᠯᠭᠡ ᠲᠠᠯᠪᠢᠵᠦ︾ ᠨᠠᠭᠠᠳᠬᠤ ᠲᠣᠮᠳᠠ ᠢᠯᠠᠭᠰᠠᠨ ᠪᠣᠯ ︽ᠵᠢᠭᠡᠯᠡᠯᠭᠡ︾ ᠪᠠᠨ ᠲᠦᠯᠦᠳᠡᠭ ᠶᠤᠮ᠃ 1 ᠦᠬᠡᠷ  ︵ᠪᠣᠳᠠ︶ = 10 ᠬᠤᠨᠢ ︵ᠪᠣᠭ︶ ᠨᠢᠭᠡ ᠬᠡᠭᠡᠷ᠎ᠡ ᠶᠢ 5 ᠬᠤᠨᠢ ᠪᠠᠷ ᠪᠣᠳᠣᠳᠠᠭ᠃ ᠵᠢᠱᠢᠶᠡᠯᠡᠪᠡᠯ ᠭᠤᠷᠪᠠᠨ ᠡᠯᠵᠢᠭᠡ ᠪᠦᠳᠦᠪᠡᠯ 3 × 5 = 15 ᠬᠤᠨᠢ ᠪᠠᠷ ᠪᠣᠳᠣᠳᠠᠭ᠂ ᠲᠠᠷᠣᠢ ᠨᠢᠭᠡ ᠦᠬᠡᠷ 5 ᠬᠤᠨᠢ ᠪᠣᠳᠣᠵᠦ ᠠᠪᠳᠠᠭ᠃ ᠵᠢᠩ ᠵᠤᠸᠠᠩ᠄ ᠨᠢᠭᠡ ᠦᠬᠡᠷ ᠢᠶᠠᠷ ᠪᠣᠳᠣᠵᠦ ᠠᠪᠳᠠᠭ᠂ ᠲᠠᠷᠣᠢ 10 ᠬᠤᠨᠢ ᠪᠣᠳᠣᠵᠦ ᠠᠪᠳᠠᠭ᠃ ᠡᠩ ᠤᠨ ᠵᠣᠸᠠᠩ᠄ 5 ᠬᠤᠨᠢ ᠪᠠᠷ ᠪᠣᠳᠣᠵᠦ ᠠᠪᠳᠠᠭ᠃          ᠲᠦᠷᠪᠡ᠂ ᠬᠡᠭᠡᠷ᠎ᠡ ᠲᠣᠭᠠᠯᠠᠬᠤ ᠨᠠᠭᠠᠳᠣᠮ ᠤᠨ ᠲᠦᠷᠢᠮ᠄ ︵1︶ ᠬᠡᠨ ᠨᠢᠭᠡ ᠨᠢ ᠪᠠᠰᠢᠶᠠᠷ ᠪᠦᠳᠦᠭᠡᠪᠡᠯ ᠬᠡᠳᠦᠢ ᠱᠦᠭᠦᠭᠳᠡᠭᠰᠡᠨ ᠴᠤ ︽ᠰᠢᠷᠡᠭᠡ ᠪᠠᠶᠠᠰᠣᠨ᠎ᠠ︾ ᠭᠡᠵᠦ ᠪᠦᠭᠦᠳᠡᠭᠡᠷ ᠢᠶᠠᠨ ᠪᠠᠶᠠᠷᠯᠠᠳᠠᠭ︔ ︵2︶ ᠭᠤᠷᠪᠠᠭᠤᠯᠠ ᠪᠠᠨ ᠵᠢᠩ ᠪᠣᠯᠪᠠᠯ ᠮᠦᠨ ︽ᠰᠢᠷᠡᠭᠡ ᠪᠠᠶᠠᠰᠣᠨ᠎ᠠ︾ ᠭᠡᠵᠦ ᠪᠦᠭᠦᠳᠡᠭᠡᠷ ᠢᠶᠠᠨ ᠪᠠᠶᠠᠷᠯᠠᠳᠠᠭ︔ ︵3︶ ᠬᠡᠭᠡᠷ᠎ᠡ ᠲᠣᠭᠠᠯᠠᠬᠤ ᠳᠤ ᠶᠡᠷᠦᠨᠢ ᠵᠣᠭᠤᠰ ᠨᠠᠭᠠᠳᠬᠤ ᠶᠢ ᠲᠠᠰᠣ ᠴᠡᠭᠡᠷᠯᠡᠳᠡᠭ︔ ︵4︶ ᠡᠭᠡᠯᠵᠢ ᠪᠦᠷᠢ ᠶᠢ ᠡᠬᠢᠯᠡᠨ ᠨᠠᠭᠠᠳᠬᠤ ᠳᠤ ᠫᠠᠢ ᠪᠠᠨ ᠬᠤᠪᠢᠶᠠᠨ ᠠᠪᠣᠭᠰᠠᠨ ᠤ ᠲᠠᠷᠠᠭ᠎ᠠ ᠬᠡᠨ ᠤ ᠬᠢᠨᠢ ᠣᠯᠣᠭᠰᠠᠨ ᠫᠠᠢ ᠳᠤ ᠭᠤᠷᠪᠠᠨ ᠬᠤᠣᠰ ᠬᠦᠨᠳᠡᠯᠡᠨ ᠫᠠᠢ ᠪᠣᠶᠣ ᠨᠠᠢᠮᠠᠨ ᠬᠦᠨᠳᠡᠯᠡᠨ ᠫᠠᠢ ᠪᠠᠶᠢᠬᠤ ᠡᠰᠡᠬᠦᠯ᠎ᠡ ᠯᠢᠣ ᠶᠢᠨ ᠲᠦᠷᠦᠯ ᠤᠨ ᠫᠠᠢ ᠦᠭᠡᠢ ᠪᠣᠯ ᠨᠠᠭᠠᠳᠬᠤ ᠦᠭᠡᠢ ᠲᠠᠬᠢᠵᠦ ᠫᠠᠢ ᠣᠭᠢᠶᠠᠨ ᠠᠪᠣᠨ᠎ᠠ︔ ︵5︶ ᠲᠦᠯᠦᠬᠦ᠂ ᠭᠠᠷᠭᠠᠬᠤ ᠴᠢᠬᠤᠯᠠ ᠲᠠᠢ ᠫᠠᠢ ᠪᠠᠨ ᠭᠠᠷᠭᠠᠭᠰᠠᠨ ᠦᠭᠡᠢ᠂ ᠬᠠᠰᠢᠬᠤ ᠴᠢᠬᠤᠯᠠ ᠲᠠᠢ ᠦᠶᠡᠰ ᠲᠤ  ᠬᠠᠰᠢᠭᠰᠠᠨ ᠦᠭᠡᠢ᠂ ᠲᠠᠷᠣᠬᠤ ᠴᠢᠬᠤᠯᠠ ᠦᠭᠡᠢ ᠫᠠᠢ ᠶᠢ ᠲᠠᠷᠣᠭᠠᠳ ᠪᠣᠰᠣᠳ ᠲᠤ ᠢᠳᠡᠭᠳᠡᠭᠰᠡᠨ ᠪᠣᠯ ᠢᠳᠡᠭᠰᠡᠨ ᠲᠤᠭ᠎ᠠ ᠪᠠᠷ ᠲᠦᠯᠦᠬᠦ ᠬᠡᠷᠡᠭᠳᠡᠢ︔ ︵6︶ ᠱᠦᠭᠦᠭᠳᠡᠪᠡᠯ ᠯᠠᠶᠢᠮᠣᠷᠳᠠᠵᠦ ᠪᠣᠯᠬᠤ ᠦᠭᠡᠢ᠂ ᠨᠡᠩ ᠴᠦ ᠬᠡᠷᠡᠭᠦᠯ ᠴᠣᠣᠭᠢᠶᠠᠨ ᠡᠭᠦᠰᠭᠡᠵᠦ ᠪᠣᠯᠬᠤ ᠦᠭᠡᠢ︔ ︵7︶ ᠡᠬᠢᠯᠡᠵᠦ ᠫᠠᠢ ᠲᠠᠯᠪᠢᠬᠤ ᠬᠦᠮᠦᠨ ᠣᠨᠴᠠᠭᠠᠢ ᠪᠠᠶᠢᠳᠠᠯ ᠦᠭᠡᠢ ᠪᠣᠯ ᠭᠠᠷ ᠤᠨ ᠲᠠᠷᠠᠭᠠᠬᠢ ᠬᠦᠮᠦᠨ ᠢ ᠪᠠᠷᠢᠨ ᠲᠠᠷᠣᠭᠤᠯᠬᠤ ᠦᠭᠡᠢ ᠵᠡᠷᠭᠡ ᠪᠠᠶᠢᠳᠠᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号