ᠪᠦᠰᠡ ᠪᠦᠰᠡᠯᠡᠬᠦ ᠲᠦᠷᠢᠮ ᠭᠤᠷᠢᠮ
ᠨᠡᠶᠢᠲᠡᠯᠡᠭᠰᠡᠨ ᠴᠠᠭ᠄
2019/11/18
︵1︶ ᠮᠠᠨ ᠤ ᠮᠤᠩᠭᠤᠯᠴᠤᠳ ᠨᠠᠷᠠ ᠵᠦᠪ ᠡᠷᠬᠢᠬᠦ ᠵᠦᠭ ᠢ ᠮᠠᠰᠢ ᠡᠷᠬᠢᠮᠯᠡᠵᠦ᠂ ᠢᠯᠭᠤᠮ ᠰᠠᠭᠠᠳ ᠦᠬᠡᠢ ᠪᠡᠯᠬᠡ ᠲᠡᠮᠪᠡᠷᠡᠯ ᠲᠠᠢ ᠬᠡᠮᠡᠨ ᠦᠵᠡᠳᠡᠭ ᠤᠴᠢᠷ ᠠᠴᠠ ᠲᠡᠷᠯᠢᠭ ᠲᠡᠪᠡᠯ ᠤᠨ ᠪᠦᠰᠡ ᠪᠠᠨ ᠴᠤ ᠨᠠᠷᠠ ᠡᠷᠬᠢᠬᠦ ᠵᠦᠭ ᠤᠷᠢᠶᠠᠨ ᠪᠦᠰᠡᠯᠡᠳᠡᠭ᠃ ᠭᠡᠪᠡᠴᠤ ᠤᠳᠤ ᠬᠠᠷᠢᠨ ᠡᠬᠦᠨ ᠤ ᠡᠰᠡᠷᠬᠦ ᠲᠠᠯ᠎ᠠ ᠤᠷᠤᠭᠤ ᠪᠦᠰᠡᠯᠡᠬᠦ ᠦᠵᠡᠭᠳᠡᠯ ᠴᠤ ᠬᠠᠶᠠ ᠬᠠᠷᠠᠬᠳᠠᠳᠠᠭ᠂ ᠡᠬᠦᠨ ᠢ ᠬᠢᠴᠢᠶᠡᠬᠦ ᠴᠢᠬᠤᠯᠠ ᠲᠠᠢ᠃ ︵2︶ ᠤᠷᠤᠨ ᠪᠠᠶᠢᠷᠢ ᠶᠢᠨ ᠬᠤᠪᠢ ᠳᠤ ᠴᠤ ᠠᠩᠬᠠᠷᠬᠤ ᠴᠢᠬᠤᠯᠠ ᠲᠠᠢ ᠵᠦᠢᠯ ᠪᠤᠢ᠃  ᠬᠦᠢᠰᠦᠨ ᠲᠤᠤᠭᠤᠷ ᠲᠠᠪᠤᠰᠠᠩ ᠤᠨ ᠲᠡᠬᠡᠬᠦᠷ ᠪᠦᠰᠡᠯᠡᠵᠦ ᠮᠤᠷᠢ ᠤᠨᠤᠭᠠᠨ ᠲᠡᠭᠡᠷ᠎ᠠ ᠶᠠᠪᠤᠬᠤ ᠳᠤ ᠬᠤᠳᠤᠭᠤᠳᠤ ᠬᠡᠳᠡᠰᠤ ᠰᠢᠭᠯᠡᠭᠳᠡᠨ ᠡᠪᠡᠳᠬᠦ ᠪᠠ ᠤᠨᠠᠬᠤ ᠠᠴᠠ ᠰᠡᠷᠬᠡᠶᠢᠯᠡᠵᠦ ᠴᠢᠳᠠᠳᠠᠭ ᠪᠠᠶᠢᠨ᠎ᠠ᠃ ︵3︶ ᠴᠢᠩᠭ᠎ᠠ ᠰᠤᠯᠠ ᠶᠢᠨ ᠬᠤᠪᠢ ᠳᠤ ᠡᠷᠬᠡᠪᠰᠢ ᠴᠢᠩᠭ᠎ᠠ ᠪᠦᠰᠡᠯᠡᠬᠦ ᠬᠡᠷᠡᠭᠳᠡᠢ᠃  ᠪᠦᠰᠡ ᠲᠠᠯᠠᠢ ᠪᠠᠨ ᠴᠢᠩᠭ᠎ᠠ ᠪᠦᠰᠡᠯᠡᠪᠡᠯ ᠲᠠᠪᠤᠰᠠᠩ ᠴᠢᠩᠭ᠎ᠠ ᠪᠤᠯᠤᠨ᠎ᠠ ᠬᠡᠵᠦ ᠶᠠᠷᠢᠵᠦ ᠪᠠᠶᠢᠳᠠᠭ ᠪᠢᠰᠢᠤ︕ ︵4︶ ᠴᠢᠩᠭ᠎ᠠ ᠪᠦᠰᠡᠯᠡᠬᠦ ᠮᠦᠷᠳᠡᠬᠡᠨ ᠲᠡᠷᠯᠢᠭ ᠲᠡᠪᠡᠯ ᠢᠶᠠᠨ ᠵᠤᠬᠢᠬᠤ ᠬᠡᠮᠵᠢᠶ᠎ᠠ ᠪᠠᠷ ᠠᠬᠰᠠᠵᠦ ᠬᠦᠬᠡᠷᠦᠭᠯᠡᠵᠦ ᠪᠦᠰᠡᠯᠡᠳᠡᠭ ᠪᠠᠶᠢᠨ᠎ᠠ᠃ ᠠᠬᠰᠠᠵᠦ ᠪᠦᠰᠡᠯᠡᠳᠡᠭ ᠨᠢ ᠬᠦᠯ ᠤᠷᠢᠶᠠᠬᠤ ᠦᠬᠡᠢ᠂ ᠬᠦᠳᠡᠯᠵᠦ ᠪᠠᠷᠢᠬᠤ ᠳᠤ ᠲᠦᠬᠦᠮ ᠮᠦᠷᠳᠡᠬᠡᠨ ᠡᠪᠤᠷ ᠲᠤ ᠪᠠᠨ ᠶᠠᠭᠤᠮ᠎ᠠ ᠬᠡᠤᠮ᠎ᠠ ᠪᠠᠨ ᠡᠪᠦᠷᠯᠡᠬᠦ ᠳᠤ ᠲᠤᠰᠠᠳᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号