ᠮᠤᠷᠢᠨ ᠴᠤᠯᠠ ᠲᠠᠭᠤᠳᠠᠬᠤ ᠶᠤᠰᠤ
ᠨᠡᠶᠢᠲᠡᠯᠡᠭᠰᠡᠨ ᠴᠠᠭ᠄
2019/11/18
         ᠮᠤᠩᠭᠤᠯ ᠦᠨᠳᠤᠰᠤᠳᠡᠨ ᠤ ᠲᠤᠮᠳᠠ ᠮᠤᠷᠢᠨ ᠴᠤᠯᠠ ᠲᠠᠭᠤᠳᠠᠬᠤ ᠶᠤᠰᠤ ᠲᠡᠯᠭᠡᠷᠡᠭᠡᠳ ᠬᠡᠳᠤᠨ ᠵᠠᠭᠤᠨ ᠵᠢᠯ ᠤᠨ ᠲᠡᠤᠭᠡ ᠲᠠᠢ ᠪᠤᠯᠪᠠ᠃ ᠲᠡᠷᠡ ᠨᠢ ᠢᠷᠦᠭᠡᠯ ᠮᠠᠬᠳᠠᠭᠠᠯ ᠬᠢᠬᠡᠳ ᠠᠷᠠᠳ ᠤᠨ ᠲᠠᠭᠤᠤ ᠲᠠᠢ ᠨᠦᠭᠦᠴᠡᠯᠳᠤᠨ ᠬᠦᠭᠵᠢᠨ ᠲᠡᠯᠭᠡᠷᠡᠭᠡᠳ᠂ ᠮᠤᠩᠭᠤᠯ ᠤᠨ ᠤᠳᠬ᠎ᠠ ᠰᠤᠶᠤᠯ ᠤᠨ ᠨᠢᠭᠡ ᠴᠢᠬᠤᠯᠠ ᠪᠦᠷᠢᠯᠳᠦᠭᠦᠨ ᠬᠡᠰᠡᠭ ᠪᠤᠯᠪᠠ᠃ ᠨᠠᠭᠠᠳᠤᠮ ᠳᠤ ᠲᠡᠷᠢᠭᠦᠯᠡᠭᠰᠡᠨ ᠪᠤᠶᠤ ᠪᠠᠷᠢᠭᠠᠨ ᠳᠤ ᠤᠷᠤᠬᠰᠠᠨ ᠮᠤᠷᠢᠳ ᠢ ᠬᠠᠮᠤᠭ ᠶᠡᠭᠡ ᠪᠡᠯᠭᠡᠳᠡᠢ ᠰᠠᠶᠢᠬᠠᠨ ᠦᠭᠡᠰ ᠢᠶᠠᠷ ᠢᠷᠦᠭᠡᠵᠤ ᠮᠠᠬᠳᠠᠨ ᠲᠠᠭᠤᠯᠠᠬᠤ ᠶᠢ ᠮᠤᠷᠢᠨ ᠴᠤᠯᠠ ᠲᠠᠭᠤᠳᠠᠬᠤ ᠬᠡᠨ᠎ᠠ᠃       ᠴᠤᠯᠠ ᠲᠠᠭᠤᠳᠠᠵᠤ ᠱᠠᠩᠨᠠᠯ ᠤᠯᠭᠤᠬᠤ ᠦᠶ᠎ᠠ ᠳᠤ᠂ ᠱᠠᠩᠨᠠᠯ ᠬᠦᠷᠳᠡᠭᠦ ᠮᠤᠷᠢᠳ ᠢ ᠤᠨᠤᠬᠰᠠᠨ ᠬᠡᠤᠭᠡᠳ ᠳ᠋ᠤᠭᠠᠷ ᠤᠨ ᠲᠠᠰ ᠲᠠᠷᠠᠭᠠᠯᠠᠯ ᠢᠶᠠᠷ ᠢᠶᠠᠨ ᠳ᠋ᠠᠩ ᠮᠦᠷ ᠢᠶᠠᠷ ᠵᠢᠬᠰᠠᠵᠤ ᠤᠶᠠᠭᠠᠴᠢᠨ ᠨᠢ ᠬᠦᠳᠤᠯᠦᠭᠡᠳ ᠨᠠᠶᠢᠷ ᠤᠨ ᠶᠤᠰᠤᠯᠠᠯ ᠤᠨ ᠴᠡᠴᠡᠷ ᠢ ᠡᠷᠬᠢᠭᠦ ᠳᠤ ᠤᠶᠠᠭᠠᠴᠢᠨ ᠠᠴᠠ ᠮᠤᠷᠢ ᠤᠨᠤᠬᠰᠠᠨ ᠬᠡᠤᠭᠡᠳ ᠤᠨ ᠨᠤᠳᠤᠭ ᠤᠷᠤᠨ᠂ ᠮᠤᠷᠢᠨ ᠤ ᠵᠢᠰᠤ᠂ ᠲᠦᠷᠰᠤ ᠪᠠᠶᠢᠳᠠᠯ ᠵᠡᠷᠭᠡ ᠠᠭᠤᠯᠭ᠎ᠠ ᠶᠢ ᠪᠠᠭᠳᠠᠭᠠᠵᠤ ᠲᠡᠷᠢᠭᠦᠯᠡᠭᠰᠡᠨ ᠮᠤᠷᠢ ᠪᠠᠨ ᠬᠤᠷᠳᠤᠨ ᠬᠦᠯᠳᠡᠨ᠂ ᠨᠢᠰᠭᠦ ᠵᠢᠭᠦᠷᠳᠡᠨ᠂ ᠠᠪᠤᠷᠭᠤ ᠬᠦᠴᠦᠳᠠᠨ᠂ ᠠᠯᠮᠠᠰ ᠵᠤᠷᠢᠬᠳᠠᠨ ᠬᠡᠭᠦ ᠮᠡᠳᠤ ᠪᠠᠷ ᠵᠦᠢᠷᠯᠡᠨ ᠮᠠᠬᠳᠠᠵᠤ ᠤᠷᠠᠯᠢᠭ ᠲᠦᠷᠰᠦᠯᠢᠭ ᠠᠷᠠᠳ ᠤᠨ ᠠᠮᠠᠨ ᠶᠠᠷᠢᠶᠠᠨ ᠤ ᠬᠡᠯᠪᠠᠷᠢ ᠪᠠᠷ ᠰᠢᠯᠦᠭᠯᠡᠵᠤ᠂ ᠮᠤᠷᠢᠨ ᠬᠤᠭᠤᠷ᠂ ᠱᠠᠡᠵᠠ᠂ ᠯᠢᠩᠪᠤ ᠮᠠᠳᠤ ᠮᠤᠩᠭᠤᠯ ᠬᠦᠭᠵᠢᠮ ᠢᠶᠠᠷ ︽ᠠᠳᠤᠭᠤᠴᠢᠨ ᠠᠰᠠᠷ︾᠂ ︽ᠰᠦᠷᠦᠭ ᠠᠰᠠᠷ︾᠂ ︽ᠨᠠᠢᠮᠠᠨ ᠠᠶᠠᠯᠭᠤ ︾ ᠶᠢ ᠬᠦᠭᠵᠢᠮᠳᠡᠵᠤ ᠮᠤᠷᠢᠨ ᠤ ᠮᠠᠬᠳᠠᠭᠠᠯ ᠤᠨ ᠤᠷᠳᠤ ᠶᠢᠨ ᠲᠠᠭᠤᠤ ᠶᠢᠨ ᠡᠭᠡᠰᠢᠭ ᠲᠤᠮᠳᠠ ᠮᠤᠷᠢᠨ ᠴᠤᠯᠠ ᠪᠠᠨ ᠤᠷᠠᠨ ᠲᠤᠳᠤ ᠠᠶᠠᠯᠭᠤ ᠪᠠᠷ ᠤᠶᠠᠩᠭᠠᠯᠠᠨ ᠲᠠᠭᠤᠳᠠᠨ᠎ᠠ᠃ ᠡᠯ᠎ᠠ ᠭᠠᠵᠠᠷ ᠤᠨ ᠮᠤᠷᠢᠨ ᠴᠤᠯᠠ ᠲᠠᠭᠤᠳᠠᠬᠤ ᠬᠡᠯᠪᠠᠷᠢ ᠪᠠ ᠠᠭᠤᠯᠭ᠎ᠠ ᠨᠢ ᠶᠡᠭᠡ ᠲᠦᠯᠦᠪ ᠠᠳᠠᠯᠢ ᠪᠤᠯᠪᠠᠴᠤ ᠠᠭᠤᠯᠭ᠎ᠠ ᠪᠠ ᠠᠶᠠᠯᠭᠤ ᠨᠢ ᠪᠠᠰᠠ ᠲᠤᠰ ᠲᠤᠰ ᠤᠨ ᠤᠨᠴᠠᠯᠢᠭ ᠲᠠᠢ ᠪᠠᠶᠢᠳᠠᠭ᠃  ᠵᠠᠷᠢᠮ ᠭᠠᠵᠠᠷ ᠲᠤ ᠮᠤᠷᠢᠨ ᠴᠤᠯᠠ ᠲᠠᠭᠤᠳᠠᠬᠤ ᠳᠤ ᠲᠡᠷᠢᠭᠦᠯᠡᠭᠰᠡᠨ ᠮᠤᠷᠢᠨ ᠤ ᠡᠵᠡᠨ ᠳᠤ ᠴᠡᠭᠡ ᠪᠠᠷᠢᠵᠤ᠂ ᠲᠤᠰ ᠮᠤᠷᠢᠨ ᠤ ᠲᠠᠯ᠂ ᠰᠡᠭᠦᠯ᠂ ᠬᠤᠨᠳᠤᠯᠠᠢ ᠳᠤ ᠴᠡᠭᠡ ᠰᠠᠴᠤᠵᠤ ᠮᠢᠯᠢᠶᠠᠳᠠᠭ᠃ ᠵᠠᠷᠢᠮ ᠭᠠᠵᠠᠷ ᠲᠤ  ᠲᠠᠪᠤᠳᠤᠭᠠᠷ ᠲᠤ ᠬᠦᠷᠴᠤ ᠢᠷᠡᠭᠰᠡᠨ ᠮᠤᠷᠢ ᠶᠢ ︽ᠠᠶᠢᠷᠠᠭ ᠤᠨ ᠲᠠᠪᠤ︾ ᠬᠡᠵᠤ ᠲᠤᠰᠬᠠᠢᠢᠯᠠᠨ ᠴᠤᠯᠠ ᠲᠠᠭᠤᠳᠠᠬᠤ ᠴᠤ ᠪᠤᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号