ᠦᠰᠤ ᠭᠡᠵᠢᠭᠡ ᠵᠠᠰᠠᠬᠤ ᠦᠢᠯᠠ
ᠨᠡᠶᠢᠲᠡᠯᠡᠭᠰᠡᠨ ᠴᠠᠭ᠄
2019/11/20
ᠦᠬᠢᠨ ᠬᠦᠮᠦᠨ ᠢ ᠪᠠᠭ᠎ᠠ ᠪᠠᠯᠴᠢᠷ ᠲᠤ ᠨᠢ ᠵᠤᠯᠠᠢ ᠲᠡᠭᠡᠷ᠎ᠡ ᠨᠢ ᠭᠡᠵᠢᠭᠡ ᠦᠯᠡᠳᠡᠭᠡᠵᠤ ᠤᠯᠠᠭᠠᠨ ᠨᠤᠭᠤᠭᠠᠨ ᠫᠠᠩᠰᠠ ᠪᠠᠷ ᠤᠶᠠᠵᠤ ᠦᠭᠳᠡᠭ᠃ ᠠᠷᠪᠠᠭᠠᠳ ᠨᠠᠰᠤᠯᠠᠳᠠᠯ᠎ᠠ ᠪᠤᠶᠤ ᠪᠦᠬᠦᠯᠢ ᠦᠰᠤ ᠲᠠᠯᠪᠢᠬᠤ ᠪᠤᠯᠳᠠᠯ᠎ᠠ ᠪᠠᠨ ᠰᠠᠯᠠᠭᠠᠯᠠᠵᠤ ᠤᠶᠠᠵᠤ ᠪᠠᠰᠠ ᠪᠤᠯᠳᠠᠭ᠃ ᠵᠠᠷᠢᠮ ᠨᠢ ᠲᠡᠪᠡᠭ ᠭᠡᠵᠢᠭᠡ ᠠᠪᠤᠭᠠᠳ ᠤᠷᠤᠢ ᠲᠡᠭᠡᠷ᠎ᠡ ᠨᠢ ᠤᠳᠦ᠋ᠢᠯᠠᠭᠠᠵᠤ ᠭᠠᠭᠴᠠᠬᠠᠨ ᠤᠶᠠᠬᠤ ᠪᠤᠶᠤ ᠡᠰᠡᠬᠦᠯ᠎ᠡ ᠢᠰᠢᠭᠡᠨ ᠤ ᠡᠪᠡᠷ ᠰᠢᠭ ᠬᠤᠤᠰ ᠤᠶᠠᠬᠤ ᠴᠤ ᠪᠤᠢ᠃ 14 — 15 ᠨᠠᠰᠤᠯᠠᠪᠠᠯ ᠤᠷᠳᠤ ᠦᠰᠤ ᠪᠠᠨ ᠭᠠᠭᠴᠠ ᠭᠡᠵᠢᠭᠡ ᠬᠦᠷᠦᠵᠤ ᠤᠭ ᠪᠤᠶᠤ ᠦᠵᠦᠬᠦᠷ ᠲᠤ ᠨᠢ ᠱᠢᠷᠤ ᠰᠤᠪᠤᠳ ᠤᠨ ᠵᠦᠢᠯ ᠢ ᠤᠶᠠᠵᠤ ᠲᠠᠯᠤ ᠤᠷᠤᠭᠤ ᠪᠠᠨ ᠲᠠᠯᠪᠢᠳᠠᠭ᠃ ᠡᠶᠢᠮᠤ ᠦᠬᠢᠨ ᠢ ᠦᠰᠤ ᠲᠠᠯᠪᠢᠬᠰᠠᠨ ᠦᠬᠢᠨ ᠪᠤᠶᠤ ᠪᠤᠰᠤᠭ᠎ᠠ ᠦᠬᠢᠨ ᠭᠡᠳᠡᠭ᠃ ᠦᠰᠤ ᠲᠠᠯᠪᠢᠬᠰᠠᠨ ᠦᠬᠢᠨ ᠬᠤᠷᠢᠮᠯᠠᠬᠤ ᠠᠴᠠ ᠪᠠᠨ ᠡᠮᠦᠨ᠎ᠡ ᠰᠠᠯᠠᠭ᠎ᠠ ᠭᠡᠵᠢᠭᠡ ᠬᠦᠷᠦᠵᠤ ᠪᠤᠯᠬᠤ ᠦᠭᠡᠢ᠃ ᠬᠤᠷᠢᠮᠯᠠᠬᠰᠠᠨ ᠤ ᠲᠠᠷᠠᠭ᠎ᠠ ᠰᠠᠶ᠋ᠢ ᠭᠡᠵᠢᠭᠡ ᠪᠠᠨ ᠲᠡᠭᠡᠭᠰᠢ ᠱᠠᠩᠬᠤᠯᠠᠵᠤ ᠬᠤᠶᠠᠷ ᠬᠦᠷᠦᠵᠤ ᠪᠤᠭᠤᠳᠠᠭ᠃ ᠦᠬᠢᠨ ᠬᠦᠮᠦᠨ ᠭᠡᠵᠢᠭᠡ ᠪᠠᠨ ᠭᠠᠭᠴᠠ ᠬᠦᠷᠦᠳᠡᠭ ᠨᠢ ᠬᠤᠷᠢᠮᠯᠠᠬᠤ ᠠᠴᠠ ᠡᠮᠦᠨ᠎ᠡ ᠪᠤᠯ ᠭᠠᠭᠴᠠ ᠪᠡᠶ᠎ᠡ ᠪᠠᠷ ᠢᠶᠠᠨ ᠭᠡᠰᠡᠨ ᠰᠠᠨᠠᠭ᠎ᠠ᠃ ᠦᠬᠢᠳ ᠨᠢ ᠨᠢᠯᠬ᠎ᠠ ᠠᠴᠠ ᠪᠠᠨ ᠠᠪᠤᠭᠠᠳ ᠦᠰᠤ ᠬᠢᠷᠭᠠᠬᠤ ᠦᠭᠡᠢ ᠪᠠᠶᠢᠬᠰᠠᠭᠠᠷ ᠬᠦᠷᠦᠮᠡᠷ ᠤᠷᠳᠤ ᠪᠤᠯᠪᠠᠯ ᠠᠷᠪᠠᠭᠠᠳ ᠨᠠᠷᠢᠨ ᠭᠡᠵᠢᠭᠡ ᠬᠦᠷᠦᠵᠤ ᠠᠷᠤ ᠦᠪᠤᠷ ᠬᠤᠶᠠᠷ ᠮᠦᠷᠤ ᠤᠷᠤᠭᠤ ᠪᠠᠨ ᠲᠠᠯᠪᠢᠭᠠᠳ ᠯᠠ ᠶᠠᠪᠤᠳᠠᠭ᠃ ᠡᠷᠳᠡ ᠦᠶ᠎ᠡ ᠳᠤ ᠭᠡᠤᠭᠡᠨᠴᠤᠳ ᠭᠡᠵᠢᠭᠡᠨ ᠤ ᠭᠡᠯᠪᠡᠷᠢ ᠶᠢ ᠡᠷᠬᠢᠮᠯᠡᠵᠤ ᠪᠠᠶᠢᠵᠠᠢ᠃ ᠬᠤᠵᠢᠮ ᠨᠢ ᠬᠤᠷᠴᠢᠨ ᠭᠡᠤᠭᠡᠨᠴᠤᠳ ᠤᠨ ᠬᠢ ᠰᠢᠭ ᠠᠷᠤᠨᠰᠢ ᠪᠠᠨ ᠭᠠᠭᠴᠠ ᠬᠦᠷᠦᠮᠡᠯ ᠪᠢᠳᠡᠬᠦᠤ ᠭᠡᠵᠢᠭᠡ ᠲᠠᠯᠪᠢᠳᠠᠭ ᠪᠤᠯᠵᠠᠢ᠃ ᠦᠬᠢᠨ ᠬᠦᠮᠦᠨ ᠢ ᠪᠠᠭ᠎ᠠ ᠳᠤ ᠨᠢ ᠲᠤᠬᠤ ᠭᠡᠵᠢᠭᠡ ᠲᠠᠯᠪᠢᠭᠤᠯᠵᠤ᠂ 13 ᠨᠠᠰᠤᠨ ᠤ ᠦᠶ᠎ᠡ ᠳᠤ ᠨᠢ ᠪᠢᠳᠡᠬᠦᠤ ᠭᠡᠵᠢᠭᠡ ᠲᠠᠯᠪᠢᠭᠤᠯᠤᠨ᠎ᠠ᠃ ᠭᠡᠤᠭᠡᠨ ᠬᠦᠮᠦᠨ 13 ᠨᠠᠰᠤᠳᠠᠢ ᠳᠤ ᠪᠠᠨ ᠪᠦᠬᠦᠯᠢ ᠭᠡᠵᠢᠭᠡ ᠦᠯᠡᠳᠡᠭᠡᠵᠤ᠂ ᠠᠮᠢᠨᠳᠠᠢ ᠵᠡᠬᠦᠵᠤ᠂ 16 — 17 ᠨᠠᠰᠤᠨ ᠤ ᠦᠶ᠎ᠡ ᠳᠤ ᠪᠠᠨ ᠭᠤᠷᠪᠠᠨ ᠨᠠᠷᠢᠨ ᠭᠡᠵᠢᠭᠡ ᠬᠦᠷᠦᠵᠤ ᠭᠤᠴᠢᠨ ᠬᠤᠶᠠᠷ ᠭᠡᠯᠬᠢᠶ᠎ᠡ ᠲᠠᠢ ᠭᠡᠵᠢᠭᠡᠨ ᠲᠤᠤᠷ ᠵᠡᠬᠦᠳᠡᠭ ᠪᠠᠶᠢᠬᠰᠠᠨ ᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号