ᠮᠤᠩᠭᠤᠯᠴᠤᠳ ᠤᠨ ᠠᠵᠢᠯ ᠬᠢᠳᠡᠯ ᠤᠨ ᠪᠡᠯᠭᠡᠰᠢᠶᠠᠯ ᠤᠨ ᠶᠤᠰᠤ
ᠨᠡᠶᠢᠲᠡᠯᠡᠭᠰᠡᠨ ᠴᠠᠭ᠄
2019/11/20
ᠮᠤᠩᠭᠤᠯᠴᠤᠳ ᠶᠠᠮᠠᠷ ᠴᠤ ᠲᠠᠨᠢᠬᠤ᠂ ᠲᠠᠨᠢᠬᠤ ᠦᠭᠡᠢ ᠬᠦᠮᠤᠰ ᠲᠠᠢ ᠤᠴᠠᠷᠠᠭᠰᠠᠠ ᠤ ᠲᠠᠷᠠᠭ᠎ᠠ ᠠᠮᠤᠷ ᠮᠠᠨᠳᠤ ᠶᠢᠨ ᠶᠤᠰᠤ ᠪᠠᠷ ᠵᠤᠯᠭᠠᠯᠴᠠᠳᠠᠭ ᠢᠶᠠᠷ ᠪᠠᠷᠠᠬᠤ ᠦᠭᠡᠢ ᠠᠮᠤᠷ ᠮᠠᠨᠳᠤ ᠪᠠᠨ ᠮᠡᠳᠡᠯᠴᠡᠭᠰᠡᠨ ᠤ ᠲᠠᠷᠠᠭ᠎ᠠ ᠲᠠᠷᠨ ᠬᠦᠮᠤᠨ ᠶᠠᠭᠤ ᠬᠢᠵᠤ ᠪᠠᠶᠢᠪᠡᠯ ᠬᠢᠭᠰᠡᠨ ᠵᠦᠢᠯ ᠢ ᠪᠡᠯᠭᠡᠰᠢᠶᠠᠨ ᠬᠡᠯᠡᠯᠴᠡᠳᠡᠭ ᠶᠤᠰᠤ ᠲᠠᠢ᠃ ᠵᠢᠱᠢᠶᠡᠯᠡᠪᠡᠯ᠄ ᠨᠦᠬᠦᠭᠡ ᠬᠦᠮᠤᠨ ᠬᠡᠷᠪᠡ ᠴᠠᠢ ᠤᠤᠭᠤᠵᠤ ᠪᠠᠶᠢᠬᠰᠡᠨ ᠪᠤᠯ ︿ᠴᠠᠢ ᠠᠷᠪᠢᠨ︖﹀ ᠭᠡᠳᠡᠭ᠃ ᠨᠦᠬᠦᠭᠡ ᠬᠦᠮᠤᠨ ᠬᠡᠷᠪᠡ ᠪᠤᠳᠠᠭ᠎ᠠ ᠢᠳᠡᠵᠤ ᠪᠠᠶᠢᠬᠰᠡᠨ ᠪᠤᠯ ︿ᠵᠠ᠂ ᠪᠤᠳᠠᠭ᠎ᠠ ᠠᠷᠪᠢᠨ︖﹀ ᠭᠡᠳᠡᠭ᠃ ᠠᠰᠠᠭᠤᠬᠳᠠᠬᠰᠡᠨ ᠬᠦᠮᠤᠨ ᠤ ᠬᠠᠷᠢᠭᠤᠯᠳᠡ ᠪᠤᠯ᠄ ︿ᠵᠠ᠂ ᠲᠡᠷᠨ ᠪᠡᠯᠭᠡ ᠪᠠᠷ ᠪᠤᠯ︕﹀ ᠭᠡᠳᠡᠭ᠃ ᠨᠦᠬᠦᠭᠡ ᠬᠦᠮᠤᠨ ᠨᠢ ᠬᠡᠷᠪᠡ ᠬᠤᠷᠢᠶ᠎ᠠ ᠪᠠᠷᠢᠵᠤ ᠪᠠᠶᠢᠬᠰᠡᠨ ᠪᠤᠯ ︿ᠵᠠ᠂ ᠬᠤᠷᠢᠶ᠎ᠠ ᠵᠤᠬᠢᠷᠠ︕﹀ ᠭᠡᠳᠡᠭ᠃ ᠬᠠᠷᠢᠭᠤᠯᠳᠡ ᠨᠢ ︿ᠪᠡᠯᠭᠡ ᠪᠠᠷ ᠪᠤᠯ︕﹀ ᠭᠡᠬᠦ ᠪᠤᠶᠤ ︿ᠵᠤᠷᠢᠭ ᠵᠤᠬᠢᠷᠠ︕﹀ ᠭᠡᠳᠡᠭ᠃ ᠬᠤᠨᠢ᠂ ᠢᠮᠠᠭ᠎ᠠ᠂ ᠦᠨᠢᠶ᠎ᠡ ᠰᠠᠭᠠᠵᠤ ᠪᠠᠶᠢᠬᠰᠡᠨ ᠪᠤᠯ ︿ᠵᠠ᠂ ᠦᠰᠦ᠋ ︵ᠰᠦ︶ ᠠᠷᠪᠢᠨ︶ ᠭᠡᠬᠦ ᠪᠤᠶᠤ ︿ᠰᠠᠭᠠᠯᠢ ᠰᠠᠶᠢᠨ﹀ ᠭᠡᠳᠡᠭ᠃ ᠬᠠᠷᠢᠭᠤ ᠨᠢ᠄ ︿ᠪᠡᠯᠭᠡ ᠪᠠᠷ ᠪᠤᠯ︕﹀ ᠭᠡᠳᠡᠭ᠃ ᠴᠤᠯᠪᠤᠭᠤᠷ᠂ ᠪᠤᠷᠠᠨᠳᠠᠭ ᠲᠠᠮᠤᠵᠤ ᠪᠠᠶᠢᠭ᠎ᠠ ᠪᠤᠯ ︿ᠡᠷᠴᠢ ᠴᠢᠩᠭᠠᠷᠨ︕﹀ ᠭᠡᠳᠡᠭ᠃ ᠴᠢᠳᠤᠷ᠂ ᠲᠤᠰᠢᠶ᠎ᠠ ᠮᠤᠰᠬᠢᠵᠤ ᠪᠠᠶᠢᠭ᠎ᠠ ᠪᠤᠯ ︿ᠦᠢᠯᠨ ᠵᠤᠬᠢᠷᠨ︕﹀ ᠭᠡᠳᠡᠭ᠃ ᠬᠠᠷᠢᠭᠤ ᠨᠢ ︿ᠵᠤᠷᠢᠭ ᠵᠤᠬᠢᠷᠨ︕﹀ ᠭᠡᠳᠡᠭ᠃ ᠦᠢᠯᠨ ᠤᠳᠠᠰᠤ ᠤᠶᠤᠵᠤ ᠪᠠᠶᠢᠭ᠎ᠠ ᠪᠤᠯ᠄ ︿ᠦᠢᠯᠨ ᠵᠤᠬᠢᠷᠨ︕﹀ ᠭᠡᠳᠡᠭ᠃ ᠬᠠᠷᠢᠭᠤ ᠨᠢ ︿ᠵᠤᠷᠢᠭ ᠵᠤᠬᠢᠷᠨ︕﹀ ᠭᠡᠳᠡᠭ᠃ ᠮᠤᠷᠢ ᠤᠨᠤᠭ᠎ᠠ ᠲᠠᠢ ᠤᠷᠤᠯᠳᠤᠵᠤ ᠪᠠᠶᠢᠭ᠎ᠠ ᠪᠤᠯ᠄ ︿ᠮᠤᠷᠢ ᠬᠤᠷᠳᠤᠨ ᠪᠤᠯ︕﹀ ᠭᠡᠳᠡᠭ᠃ ᠬᠠᠷᠢᠭᠤ ᠨᠢ᠄ ︿ᠪᠡᠯᠭᠡ ᠪᠠᠷ ᠪᠤᠯ︕﹀ ᠭᠡᠬᠦ ᠪᠤᠶᠤ ︿ᠠᠮᠠᠨ ᠪᠡᠯᠭᠡ ᠪᠠᠷ ᠴᠢᠨᠢ ᠪᠤᠯ︕﹀ ᠭᠡᠳᠡᠭ᠃ ᠬᠤᠨᠢ ᠬᠠᠶᠢᠴᠢᠯᠠᠵᠤ ᠪᠠᠶᠢᠭ᠎ᠠ ᠪᠤᠯ᠄ ︿ᠬᠠᠶᠢᠴᠢ ᠬᠤᠷᠴᠨ︕﹀ ᠭᠡᠬᠦ ᠪᠤᠶᠤ ︿ᠠᠬᠤᠷ ᠠᠷᠪᠢᠨ︕﹀ ᠭᠡᠬᠦ ᠪᠤᠶᠤ ︿ᠭᠠᠷ ᠬᠤᠷᠳᠤᠨ︕﹀ ᠭᠡᠳᠡᠭ᠃ ᠬᠠᠷᠢᠭᠤ ᠨᠢ᠄ ︿ᠲᠠᠨ ᠤ ᠪᠡᠯᠭᠡ ᠪᠠᠷ︕﹀ ᠭᠡᠬᠦ ᠪᠤᠶᠤ ︿ᠬᠤᠷᠴᠨ︕﹀ ᠭᠡᠳᠡᠭ᠃ ᠬᠤᠳᠳᠤᠭ ᠤᠰᠤ ᠲᠠᠢ ᠤᠷᠤᠯᠳᠤᠵᠤ ᠪᠠᠶᠢᠪᠠᠯ᠄ ︿ᠤᠰᠤ ᠡᠯᠪᠡᠭ﹀ ᠭᠡᠬᠦ ᠪᠤᠶᠤ ︿ᠤᠨᠳᠤᠷᠤᠭ᠎ᠠ ᠰᠠᠶᠢᠨ︕﹀ ᠭᠡᠵᠤ ᠪᠡᠯᠭᠡᠳᠡᠳᠡᠭ᠃ ᠬᠠᠷᠢᠭᠤ ᠨᠢ᠄ ︿ᠲᠡᠷᠨ ᠪᠡᠯᠭᠡ  ᠪᠠᠷ ᠪᠤᠯᠳᠤᠭᠠᠢ︕﹀ ᠭᠡᠳᠡᠭ᠃ ᠦᠬᠦᠴᠨ ᠨᠦᠬᠡᠴᠨ ᠭᠠᠷᠭᠠᠬᠤ ᠪᠤᠶᠤ ᠱᠦᠯᠦ ᠤᠰᠤ ᠤᠤᠭᠤᠬᠤ ᠭᠡᠵᠤ ᠮᠠᠯ ᠵᠠᠷᠤᠵᠤ ᠪᠠᠶᠢᠭ᠎ᠠ ᠪᠤᠯ᠄ ︿ᠵᠠ᠂ ᠲᠠᠷᠭᠤ ᠡᠯᠪᠡᠭ︕﹀ ᠭᠡᠬᠦ ᠪᠤᠶᠤ ︿ᠮᠢᠬ᠎ᠠ ᠠᠷᠪᠢᠨ︕﹀ ᠭᠡᠳᠡᠭ᠃ ᠬᠠᠷᠢᠭᠤ ᠨᠢ ︿ᠪᠡᠯᠭᠡ ᠪᠠᠷ ᠪᠤᠯ︕﹀ ᠭᠡᠳᠡᠭ᠃ ᠪᠡᠯᠴᠢᠭᠡᠷ ᠲᠤ ᠮᠠᠯ ᠳᠤ ᠶᠠᠪᠤᠵᠤ ᠪᠠᠶᠢᠪᠠᠯ᠄ ︿ᠬᠤᠨᠢ ᠲᠤᠬᠳᠠᠵᠤ ᠪᠠᠶᠢᠨ᠎ᠠ ᠤᠤ︖﹀᠂ ︿ᠠᠳᠤᠭᠤ ᠲᠤᠬᠳᠠᠭᠤᠨ︕﹀᠂ ︿ᠪᠡᠯᠴᠢᠭᠡᠷᠰᠢᠵᠤ ᠪᠠᠶᠢᠨ᠎ᠠ﹀ ᠡᠰᠡᠭᠦᠯ᠎ᠡ ︿ᠲᠠᠨ ᠤ ᠪᠡᠯᠭᠡ ᠪᠠᠷ ᠰᠠᠶᠢᠬᠠᠨ ᠲᠤᠬᠳᠠᠵᠤ ᠪᠠᠶᠢᠨ᠎ᠠ ︕᠃ ᠭᠡᠬᠦ ᠮᠡᠳᠤ ᠪᠠᠷ ᠬᠠᠷᠢᠭᠤᠯᠳᠠᠭ᠃ ᠠᠬᠤᠷ ᠤᠳᠠᠰᠤ ᠡᠭᠡᠷᠡᠵᠤ ᠪᠠᠶᠢᠬᠤ᠂ ᠡᠰᠡᠭᠦᠯ᠎ᠡ ᠤᠯᠤᠰᠤ ᠤᠳᠠᠰᠤ ᠲᠠᠮᠤᠵᠤ ᠪᠠᠶᠢᠭ᠎ᠠ ᠪᠤᠯ᠄ ︿ᠤᠳᠠᠰᠤ ᠪᠦᠭᠡ ᠲᠠᠢ︕﹀ ᠭᠡᠬᠦ ᠪᠤᠶᠤ ︿ᠡᠷᠴᠢᠮ ᠲᠡᠩᠴᠨ︕﹀ ᠭᠡᠬᠦ ᠮᠡᠳᠤ ᠪᠠᠷ ᠬᠡᠯᠡᠳᠡᠭ᠃ ᠬᠠᠷᠢᠭᠤ ᠨᠢ᠄ ︿ᠲᠡᠷᠨ ᠪᠡᠯᠭᠡ ᠪᠠᠷ ᠪᠤᠯᠳᠤᠭᠠᠢ︕﹀ ᠭᠡᠳᠡᠭ᠃ ᠡᠶᠢᠮᠤ ᠵᠢᠱᠢᠶ᠎ᠡ ᠶᠢ ᠬᠡᠯᠡᠭᠡᠳ ᠪᠠᠷᠠᠬᠤ ᠦᠭᠡᠢ᠃ ᠶᠠᠷᠤ ᠨᠢ ᠮᠤᠩᠭᠤᠯ ᠬᠦᠮᠤᠨ᠂ ᠠᠭᠤᠯᠵᠠᠬᠰᠡᠨ ᠨᠦᠬᠦᠭᠡ ᠬᠦᠮᠤᠨ ᠤ ᠪᠠᠨ ᠠᠵᠢᠯ ᠬᠢᠳᠡᠯ ᠬᠢᠵᠤ ᠪᠠᠶᠢᠬᠤ ᠲᠡᠭᠡᠷ᠎ᠡ ᠵᠤᠯᠭᠠᠪᠠᠯ ᠠᠯᠢ ᠰᠠᠶᠢᠨ ᠪᠡᠯᠭᠡ ᠲᠠᠢ ᠦᠭᠡ ᠪᠠᠷ ᠵᠤᠬᠢᠷᠠᠭᠠᠨ ᠪᠡᠯᠭᠡᠳᠡᠵᠤ ᠴᠢᠳᠠᠳᠠᠭ᠃ ᠲᠡᠷᠨ ᠮᠦᠷᠳᠡᠭᠡᠨ ᠠᠵᠢᠯ ᠬᠢᠵᠤ ᠪᠠᠶᠢᠭ᠎ᠠ ᠬᠦᠮᠤᠨ ᠲᠠᠢ ᠠᠮᠤᠷ ᠮᠠᠨᠳᠤ ᠪᠠᠷ ᠮᠡᠳᠡᠯᠴᠡᠵᠤ᠂ ᠲᠡᠭᠦᠨ ᠤ ᠠᠵᠢᠯ ᠤᠷᠤᠬᠰᠢ ᠲᠠᠢ ᠪᠠᠶᠢᠭ᠎ᠠ  ᠶᠢ ᠪᠡᠯᠭᠡᠰᠢᠶᠠᠨ ᠵᠤᠷᠢᠬᠵᠢᠭᠤᠯᠵᠤ ᠪᠠᠶᠢᠳᠠᠭ ᠢᠶᠠᠷ ᠪᠠᠷᠠᠬᠤ ᠦᠭᠡᠢ ᠵᠠᠪᠡᠯ ᠭᠠᠷ ᠤᠷᠤᠵᠤ ᠲᠡᠷᠨ ᠬᠢᠳᠡᠯ ᠠᠵᠢᠯ ᠳᠤ ᠨᠢ ᠵᠢᠭᠠᠬᠠᠨ ᠴᠤ ᠪᠤᠯᠳᠤᠭᠠᠢ ᠬᠠᠪᠰᠤᠷᠴᠤ ᠦᠭᠳᠡᠭ᠃ ᠨᠡᠩ ᠲᠡᠭᠡᠷ᠎ᠡ ᠦᠶ᠎ᠡ ᠶᠢᠨ ᠨᠠᠰᠤᠳᠠᠢ ᠬᠦᠮᠤᠰ ᠠᠵᠢᠯ ᠬᠢᠵᠤ ᠪᠠᠶᠢᠪᠠᠯ᠄ ︿ᠲᠠ ᠵᠢᠭᠠᠬᠠᠨ ᠠᠮᠠᠷᠠᠵᠤ ᠪᠠᠢ᠂ ᠪᠢ ᠬᠢᠭᠡᠳ ᠦᠭᠭᠦᠶ᠎ᠡ︕﹀ ᠭᠡᠵᠤ ᠬᠢᠵᠤ ᠦᠭᠳᠡᠭ᠃ ᠨᠠᠰᠤᠳᠠᠢ ᠬᠦᠮᠤᠰ ᠨᠢ᠄ ︿ᠠᠱᠢ ᠵᠠᠯᠠᠭᠤ ᠮᠢᠨᠢ︕ ᠶᠠᠮᠠᠷ ᠰᠠᠶᠢᠬᠠᠨ ᠶᠤᠮ ᠪᠢᠯᠨ ᠳ᠋ᠠ᠂ ᠵᠠ᠂ ᠵᠠᠭᠤᠨ ᠨᠠᠰᠤᠯᠨ︕ ᠵᠠᠭᠤᠨ ᠨᠠᠮᠤᠷ ᠤᠨ ᠪᠠᠷ᠎ᠠ ᠦᠵᠡ︕﹀ ᠭᠡᠵᠤ ᠪᠡᠯᠭᠡᠰᠢᠶᠠᠨ ᠢᠷᠦᠭᠡᠵᠤ᠂ ᠬᠢᠳᠡᠯ ᠢᠶᠠᠨ ᠦᠭᠴᠤ ᠠᠮᠠᠷᠠᠳᠠᠭ᠃ ᠭᠡᠪᠡᠴᠤ ᠲᠦᠰᠢᠭᠦᠯᠦᠭᠡᠳ ᠨᠢᠭᠡᠮᠤᠰᠤᠨ ᠵᠠᠷᠤᠭᠠᠳ ᠤᠷᠤᠬᠤ ᠪᠢᠰᠢ ᠬᠠᠷᠢᠨ ᠵᠢᠭᠠᠬᠠᠨ ᠬᠢᠯᠭᠡᠴᠢᠭᠡᠭᠡᠳ᠄ ︿ᠵᠠ᠂ ᠬᠦᠤ ᠮᠢᠨᠢ ︵ᠭᠡᠤᠭᠡᠨ ᠮᠢᠨᠢ ᠭᠡᠳᠡᠭ ᠶᠤᠮ ᠤᠤ︶᠂ ᠤᠳᠤ ᠪᠤᠯᠤᠬᠰᠡᠨ ᠪᠤᠯᠤᠬᠰᠡᠨ︕ ᠴᠠᠭᠠᠨ᠎ᠠ ᠴᠢᠨᠢ ᠬᠢᠳᠡᠯ ᠶᠠᠪᠤᠳᠠᠯ ᠴᠢᠨᠢ ᠬᠦᠯᠢᠶᠠᠵᠤ ᠪᠠᠢ ᠯᠨ ᠦᠭᠡᠢ᠂ ᠤᠳᠤ ᠬᠢᠳᠡᠯ ᠶᠠᠪᠤᠳᠠᠯ ᠳᠤ ᠪᠠᠨ ᠶᠠᠪᠤ︕﹀ ᠭᠡᠵᠤ ᠬᠡᠯᠡᠳᠡᠭ᠃ ᠬᠠᠷᠢᠨ ᠨᠠᠰᠤᠳᠠᠢ ᠠᠬᠠᠮᠡᠳ ᠨᠢ ᠵᠠᠯᠠᠭᠤ ᠬᠦᠮᠤᠰ ᠤᠨ ᠬᠢᠳᠡᠯ ᠠᠵᠢᠯ ᠬᠢᠵᠤ ᠪᠠᠶᠢᠬᠤ ᠲᠠᠢ ᠲᠠᠭᠠᠷᠠᠪᠠᠯ ᠪᠡᠯᠭᠡᠰᠢᠶᠠᠨ ᠵᠤᠷᠢᠬᠵᠢᠭᠤᠯᠤᠬᠰᠡᠨ ᠤ ᠲᠠᠷᠠᠭ᠎ᠠ ᠪᠠᠷᠠᠳᠠᠨ ᠰᠠᠭᠤᠵᠤ᠂ ᠲᠡᠩᠭᠡᠭᠡ ᠰᠠᠶᠢᠳᠠᠢ ᠪᠤᠯ ᠪᠠᠰᠨ ᠪᠠᠭ᠎ᠠ ᠰᠠᠭ᠎ᠠ ᠦᠮᠤᠰᠢᠨ ︵ᠬᠠᠪᠰᠤᠷᠤᠨ ᠬᠢᠵᠤ︶᠂ ᠡᠰᠡᠭᠦᠯ᠎ᠡ ᠡᠭᠦᠨ ᠢ ᠨᠢ ᠢᠡᠭᠬᠢᠪᠡᠯ ᠪᠦᠭᠡ ᠲᠠᠢ ᠪᠠᠶᠢᠳᠠᠭ ᠶᠤᠮ᠃ ᠲᠡᠭᠦᠨ ᠢ ᠨᠢ ᠲᠡᠭᠡᠪᠡᠯ ᠵᠤᠬᠢᠷᠠᠬᠤ ᠨᠢ ᠲᠡᠭᠡᠷ᠎ᠡ ᠁ ᠭᠡᠬᠦ ᠮᠡᠳᠤᠴᠢᠯᠡᠨ ᠦᠪᠡᠷ ᠤᠨ ᠠᠷᠭ᠎ᠠ ᠲᠤᠷᠰᠢᠯᠭ᠎ᠠ ᠦᠡᠭᠭᠡᠷᠡᠭᠡᠭᠰᠡᠨ ᠢᠶᠠᠨ ᠬᠡᠯᠡᠵᠤ ᠦᠭᠳᠡᠭ᠃ ᠲᠡᠭᠡᠭᠰᠡᠨ ᠳᠤ ᠪᠠᠨ ᠠᠷᠠᠳ ᠤᠨ ᠦᠭᠡᠨ ᠳᠤ᠄ ︿ᠵᠠᠯᠠᠭᠤ ᠬᠦᠮᠤᠨ ᠢᠷᠡᠪᠡᠯ ᠬᠦᠴᠤ ᠨᠡᠮᠡᠨ᠎ᠡ᠂ ᠡᠪᠤᠭᠡᠨ ᠬᠦᠮᠤᠨ ᠢᠷᠡᠪᠡᠯ ᠦᠭᠡ ᠨᠡᠮᠡᠨ᠎ᠡ﹀ ᠭᠡᠳᠡᠭ ᠪᠠᠶᠢᠨ᠎ᠠ᠃ ᠮᠠᠯᠴᠢᠨ ᠮᠤᠩᠭᠤᠯ ᠬᠦᠮᠤᠨ ᠬᠢᠳᠡᠯ ᠠᠵᠢᠯ ᠬᠢᠵᠤ ᠪᠠᠶᠢᠭ᠎ᠠ ᠬᠦᠮᠤᠨ  ᠲᠠᠢ ᠲᠠᠭᠠᠷᠠᠬᠰᠡᠨ ᠠᠳᠠᠯ᠎ᠠ ᠵᠤᠯᠭᠠᠯ ᠦᠭᠡᠢ ᠴᠠᠭᠠᠭᠤᠷ ᠶᠠᠪᠤᠬᠰᠡᠨ ᠬᠦᠮᠤᠨ ᠢ ᠠᠮᠢ ᠪᠠᠨ ᠵᠦᠡᠭᠨᠡᠭᠰᠡᠨ ︵ᠪᠤᠳᠤᠬᠰᠡᠨ ︶᠂ ᠰᠦᠷᠦᠭ ᠨᠡᠶᠢᠯᠡᠳᠡᠭ ᠦᠭᠡᠢ᠂ ᠵᠠᠯᠬᠠᠭᠤ ᠁ ᠭᠡᠬᠦ ᠮᠡᠳᠤ ᠪᠠᠷ ᠵᠢᠭᠰᠢᠨ ᠬᠡᠯᠡᠯᠴᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号