ᠴᠠᠭᠠᠨ ᠰᠠᠷ᠎ᠠ ᠶᠢᠨ ᠭᠡᠶᠢᠴᠢᠨ ᠳᠠᠶᠢᠯᠠᠬᠤ ᠶᠣᠰᠣᠨ
ᠨᠡᠶᠢᠲᠡᠯᠡᠭᠰᠡᠨ ᠴᠠᠭ᠄
2019/11/20
    ᠭᠡᠶᠢᠴᠢᠨ ᠢᠷᠠᠪᠡᠯ ᠣᠶᠠᠭᠠᠨ ᠳᠡᠭᠡᠷ᠎ᠡ ᠣᠭᠳᠣᠵᠣ ᠶᠡᠭᠡ ᠪᠠᠭ᠎ᠠ ᠶᠢᠨ ᠶᠣᠰᠣ ᠪᠠᠷ ᠬᠠᠷᠢᠯᠴᠠᠨ ᠰᠢᠨ᠎ᠡ ᠶᠢᠨ ᠴᠠᠭ᠎ᠠ ᠮᠡᠨᠳᠣ ᠡᠷᠢᠵᠤ᠂ ᠮᠤᠷᠢ ᠤᠨᠤᠭ᠎ᠠ ᠶᠢ ᠨᠢ ᠣᠶᠠᠭᠠᠳ ᠭᠡᠷ ᠲᠤ ᠵᠠᠯᠠᠨ ᠣᠷᠣᠭᠤᠯᠣᠨ᠎ᠠ᠃ ᠭᠡᠷ ᠲᠤ ᠬᠠᠷᠢᠯᠴᠠᠨ ᠬᠦᠬᠦᠦᠷ ᠰᠣᠯᠢᠯᠴᠠᠨ ᠳᠠᠮᠠᠬᠢᠯᠠᠵᠤ ︽ᠪᠣᠣ ᠶᠢᠨ ᠳᠠᠭᠤᠨ ᠰᠠᠶᠢᠨ᠂ ᠪᠣᠣᠵᠠ ᠶᠢᠨ ᠠᠮᠳᠠ ᠰᠠᠶᠢᠨ᠂ ᠪᠣᠣᠷ᠎ᠠ ᠶᠢᠨ ᠵᠠᠩ ᠰᠠᠶᠢᠨ︾ ᠭᠡᠬᠦ ᠮᠡᠳᠣ ︽ᠰᠠᠶᠢᠨ︾ ᠭᠡᠮᠡᠬᠦ ᠦᠭᠡ ᠶᠢ ᠶᠡᠭᠡᠳᠡ ᠡᠷᠬᠢᠮᠯᠠᠨ ᠭᠡᠯᠡᠯᠴᠡᠳᠡᠭ᠃ ᠢᠩᠭᠢᠭᠡᠳ ᠪᠠᠷᠠᠪᠠᠯ ᠭᠡᠷ ᠤᠨ ᠡᠵᠡᠨ ᠴᠠᠭᠠᠨ ᠢᠳᠡᠭᠡ ᠪᠤᠤᠪᠤ ᠪᠠᠨ ᠳᠠᠯᠪᠢᠵᠤ᠂ ᠰᠢᠨ᠎ᠡ ᠶᠢᠨ ᠴᠠᠢ ᠪᠠᠨ ᠠᠶᠠᠭᠠᠯᠠᠳᠠᠭ ᠃ ᠳᠠᠪᠠᠭ ᠤᠨ ᠦᠩᠭᠡᠨ ᠳᠤ ᠦᠷᠦᠮ᠎ᠡ᠂ ᠱᠦᠬᠦᠷᠡᠮᠡᠭ᠂ ᠡᠭᠡᠵᠡᠭᠡᠢ ᠵᠡᠷᠭᠡ ᠶᠢ ᠳᠠᠯᠪᠢᠳᠠᠭ᠃ ᠴᠠᠢ ᠣᠣᠭᠤᠭᠰᠠᠨ ᠤ ᠳᠠᠷᠠᠭ᠎ᠠ ᠢᠷᠡᠭᠰᠡᠨ ᠭᠡᠶᠢᠴᠢᠨ ᠪᠡᠯᠡᠭ ᠢᠶᠠᠨ ᠪᠠᠷᠢᠨ᠎ᠠ᠃ ᠦᠩᠭᠡᠷᠡᠭᠰᠡᠨ ᠳᠤ ᠣᠯᠠᠩᠭᠢ ᠨᠢ ᠬᠠᠳᠠᠭ ᠢᠶᠠᠷ ᠪᠡᠯᠡᠭ ᠪᠠᠷᠢᠳᠠᠭ᠃ ᠠᠪᠤ ᠡᠵᠢ ᠶᠢᠨ ᠳᠡᠭᠡᠨ ᠴᠠᠭᠠᠯᠠᠵᠤ ᠣᠴᠢᠬᠤ ᠳᠠᠭᠠᠨ ᠳᠠᠪᠠᠭ ᠢᠳᠡᠭᠡ᠂ ᠠᠷᠢᠬᠢ ᠳᠡᠷᠡᠰᠣ ᠪᠠᠷ ᠪᠡᠯᠡᠭ ᠪᠠᠷᠢᠨ᠎ᠠ᠃ ᠭᠡᠷ ᠤᠨ ᠡᠵᠡᠨ ᠬᠠᠳᠠᠭ ᠪᠠᠷᠢᠭᠰᠠᠨ ᠭᠡᠶᠢᠴᠢᠨ ᠳᠤ ᠬᠠᠷᠢᠭᠤ ᠬᠠᠳᠠᠭ ᠪᠠᠷᠢᠨ᠎ᠠ᠂ ᠭᠡᠤᠭᠡᠳ ᠲᠤ ᠰᠢᠬᠢᠷ ᠠᠳᠬᠤᠵᠣ ᠦᠭᠬᠦᠨ᠎ᠡ᠃ ᠦᠢᠷ᠎ᠠ ᠳᠦᠷᠦᠯ ᠤᠨ ᠳᠤ ᠬᠦᠷᠬᠦ ᠳᠤ ᠨᠠᠰᠣᠳᠠᠶᠢᠴᠣᠳ ᠨᠢ ᠭᠡᠤᠭᠡᠳ ᠲᠤ ᠠᠶᠠᠭᠠᠨ ᠳᠤ ᠪᠣᠣᠪᠤ ᠬᠢᠵᠤ ᠦᠭᠬᠦ ᠪᠤᠶᠤ ᠭᠠᠷ ᠠᠯᠴᠢᠭᠤᠷ ᠲᠤ ᠰᠢᠬᠢᠷ ᠪᠤᠭᠤᠵᠤ ᠦᠭᠬᠦᠨ᠎ᠡ᠃ ᠦᠬᠢᠨ ᠭᠡᠣᠭᠡᠳ ᠲᠤ ᠨᠢᠭᠡ ᠬᠤᠶᠠᠷ ᠭᠤᠭᠴᠤᠭ᠎ᠠ ᠳᠣᠷᠭᠠᠨ ᠣᠳᠠᠰᠣᠨ ᠤ ᠪᠡᠯᠡᠭ ᠦᠭᠳᠡᠭ᠃ ᠢᠩᠭᠢᠭᠡᠳ ᠳᠠᠭᠤᠰᠪᠠᠯ ᠭᠡᠷ ᠤᠨ ᠡᠵᠡᠨ ᠠᠴᠠ ︽ᠢᠳᠡᠭᠡ ᠪᠤᠭᠤᠷᠰᠤᠭ ᠠᠴᠠ ᠵᠤᠭᠤᠭᠯᠠ︾ ᠭᠡᠵᠤ ᠵᠤᠴᠢᠨ ᠢᠶᠠᠨ ᠶᠠᠩᠨᠠᠨ᠎ᠠ᠃ ᠭᠡᠶᠢᠴᠢᠨ ᠪᠤᠭᠤᠷᠰᠤᠭ ᠢᠳᠡᠭᠡ ᠠᠴᠠ ᠠᠮᠰᠠᠭᠰᠠᠨ ᠤ ᠳᠠᠷᠠᠭ᠎ᠠ ᠭᠡᠷ ᠤᠨ ᠡᠵᠡᠨ ᠠᠴᠠ ᠭᠡᠶᠢᠴᠢᠨ ᠳᠤ ᠠᠷᠢᠬᠢ ᠪᠠᠷᠢᠨ᠎ᠠ᠃ ᠠᠷᠢᠬᠢ ᠵᠠᠰᠠᠬᠤ ᠳᠠᠭᠠᠨ ᠭᠤᠷᠪᠠᠨᠳᠠ ᠡᠷᠬᠦᠳᠡᠭ ᠪᠦᠭᠡᠳ ᠭᠡᠶᠢᠴᠢ ᠬᠤᠶᠠᠷ ᠭᠠᠷ ᠢᠶᠠᠨ ᠳᠣᠰᠴᠣ ᠪᠦᠬᠦ᠋ᠢᠬᠦ ᠶᠣᠰᠣᠨ ᠢ ᠬᠦᠢᠴᠡᠳᠭᠡᠳᠡᠭ᠃ ᠭᠡᠬᠦ ᠳᠡᠭᠡᠨ ᠭᠡᠷ ᠤᠨ ᠡᠵᠡᠨ ᠭᠡᠶᠢᠴᠢᠨ ᠳᠤ ᠠᠩᠬᠠᠨ ᠤ ᠠᠷᠢᠬᠢ ᠪᠠᠨ ᠪᠠᠷᠢᠬᠤ ᠳᠠᠭᠠᠨ ᠣᠷᠢᠳ ᠢᠶᠠᠷ ᠭᠠᠯ ᠭᠤᠯᠣᠮᠳᠠ ᠳᠠᠭᠠᠨ᠂ ᠳᠠᠷᠠᠭ᠎ᠠ ᠨᠢ ᠭᠡᠷ ᠤᠨ ᠳᠣᠭᠤᠨᠣ ᠦᠭᠡᠳᠡ ᠰᠠᠴᠣᠯᠢ ᠡᠷᠬᠦᠨ᠎ᠡ᠃ ᠡᠨᠡ ᠨᠢ ᠠᠷᠢᠬᠢᠨ ᠤ ᠳᠡᠭᠡᠵᠢ ᠪᠠᠨ ᠪᠣᠷᠬᠠᠨ ᠳᠡᠭᠷᠢ ᠪᠠ ᠭᠠᠯ ᠤᠨ ᠰᠠᠬᠢᠭᠤᠯᠰᠤᠨ ᠳᠠᠭᠠᠨ ᠡᠷᠬᠦᠵᠤ ᠪᠠᠶᠢᠭ᠎ᠠ ᠣᠳᠬ᠎ᠠ ᠲᠠᠢ᠃ ᠠᠬᠠᠯᠠᠭᠴᠢ ᠭᠡᠶᠢᠴᠢᠨ ᠠᠷᠢᠬᠢ ᠶᠢ ᠳᠣᠰᠴᠣ ᠠᠪᠤᠭᠠᠳ᠂ ᠣᠣᠭᠤᠬᠤ ᠠᠴᠠ ᠡᠮᠤᠨ᠎ᠡ ᠳᠡᠬᠦᠣ ᠨᠠᠰᠣ ᠲᠠᠢ ᠣᠯᠣᠰ ᠲᠤ ᠠᠮᠰᠠᠭᠤᠯᠳᠠᠭ᠃ ᠪᠠᠭ᠎ᠠ ᠭᠡᠤᠭᠡᠳ ᠲᠤ ᠪᠤᠯ ᠮᠠᠩᠨᠠᠢ ᠳᠤᠨᠢ ᠠᠷᠢᠬᠢ ᠳᠦᠷᠬᠢᠨ᠎ᠡ᠃ ᠭᠡᠷ ᠤᠨ ᠡᠵᠡᠨ ᠠᠷᠢᠬᠢ ᠪᠠᠨ ᠪᠠᠷᠢᠭᠠᠳ ᠳᠠᠭᠤᠰᠪᠠᠯ ᠭᠡᠶᠢᠴᠢᠨ ᠠᠴᠠ ᠭᠡᠷ ᠤᠨ ᠡᠵᠡᠨ ᠳᠤ ᠬᠠᠷᠢᠭᠤ ᠠᠷᠢᠬᠢ ᠪᠠᠷᠢᠵᠤ ᠳᠠᠭᠤᠤ ᠳᠠᠭᠤᠯᠠᠨ ᠨᠠᠷᠬᠢᠵᠤ ᠡᠬᠢᠯᠡᠳᠡᠭ ᠪᠢᠯᠡ᠃  ᠶᠡᠷᠤ ᠨᠢ ᠠᠶᠢᠯ ᠤᠨ ᠨᠠᠶᠢᠷ ᠲᠤ ᠨᠢᠭᠡ ᠳᠠᠭᠤᠣ ᠪᠠᠨ ᠳᠠᠬᠢᠵᠣ ᠳᠠᠭᠤᠯᠠᠬᠤ ᠶᠣᠰᠣ ᠦᠭᠡᠢ᠃ ᠢᠩᠭᠢᠵᠤ ᠭᠡᠳᠣᠨ ᠴᠠᠭ᠂ ᠬᠠᠭᠠᠰ ᠡᠳᠣᠷ ᠢᠶᠠᠷ ᠨᠠᠶᠢᠷᠯᠠᠭᠰᠠᠨ ᠤ ᠳᠠᠷᠠᠭ᠎ᠠ ᠬᠡᠶᠢᠴᠢᠨ ᠮᠣᠷᠳᠠᠬᠤ ᠪᠣᠯᠳᠠᠭ᠃  ᠴᠠᠭᠠᠯᠠᠬᠤ ᠪᠠᠷ ᠢᠷᠡᠭᠰᠡᠨ ᠭᠡᠶᠢᠴᠢᠳ ᠲᠡᠭᠡᠨ ᠡᠷᠭᠡᠪᠰᠢ ᠴᠠᠭ᠎ᠠ ᠪᠠᠷᠢᠬᠤ ᠬᠡᠷᠡᠭᠲᠡᠢ᠃ ᠴᠠᠭ᠎ᠠ ᠪᠠᠷᠢᠨ᠎ᠠ ᠭᠡᠳᠡᠭ ᠨᠢ ᠪᠤᠤᠵᠠ ᠪᠠᠷ ᠬᠦᠨᠳᠦᠯᠡᠬᠦ ᠶᠢ ᠬᠡᠯᠡᠵᠦ ᠪᠣᠢ᠃ ᠵᠠᠯᠠᠭᠳᠠᠵᠣ ᠢᠷᠡᠭᠰᠡᠨ ᠭᠡᠶᠢᠴᠢᠨ ᠳᠤ ᠪᠤᠯ ᠳᠠᠯᠣ ᠳᠦᠷᠪᠡᠨ ᠦᠨᠳᠦᠷ ᠪᠤᠶᠤ ᠡᠪᠴᠢᠬᠦᠣ ᠴᠢᠨᠠᠵᠤ ᠬᠦᠨᠳᠦᠯᠡᠨ ᠳᠠᠶᠢᠯᠠᠳᠠᠭ᠃ ᠶᠡᠷᠤ ᠨᠢ ᠴᠠᠭᠠᠨ ᠰᠠᠷ᠎ᠠ ᠶᠢᠨ ᠭᠡᠶᠢᠴᠢᠨ ᠢ ᠬᠤᠭᠤᠰᠣᠨ ᠶᠠᠪᠤᠭᠤᠯᠬᠤ ᠶᠢ ᠴᠡᠭᠡᠷᠯᠡᠳᠡᠭ᠃ ‍ᠡᠶᠢᠴᠢᠨ ᠠᠶᠢᠯ ᠠᠴᠠ ᠶᠠᠪᠤᠬᠤ ᠪᠤᠯᠬᠤ ᠳᠤ ᠠᠶᠢᠯ ᠤᠨ ᠬᠦᠮᠦᠰ ᠪᠦᠬᠦᠳᠡᠭᠡᠷ ᠢᠶᠠᠨ ᠦᠳᠡᠨ ᠭᠠᠷᠭᠠᠵᠤ ᠣᠶᠠᠭᠠᠨ ᠳᠤᠨᠢ ᠬᠦᠷᠭᠡᠬᠦ ᠪᠦᠭᠡᠳ ᠣᠨᠤᠭ᠎ᠠ ᠶᠢ ᠨᠢ ᠳᠠᠶᠢᠯᠣᠨ ᠦᠭᠬᠦᠭᠡᠳ᠄ ︽ᠵᠠ᠂ ᠵᠠᠮ ᠵᠠᠭᠤᠷ᠎ᠠ ᠪᠠᠨ ᠰᠠᠶᠢᠨ ᠶᠠᠪᠤᠭᠠᠷᠡᠢ︕︾ ᠭᠡᠬᠦ ᠮᠡᠳᠣ ᠶᠢᠨ ᠪᠡᠯᠭᠡ ᠳᠡᠮᠪᠡᠷᠢᠯ ᠲᠠᠢ ᠦᠭᠡ ᠭᠡᠯᠡᠬᠦ ᠳᠤ ᠭᠡᠶᠢᠴᠢ ᠬᠦᠮᠦᠨ ᠠᠴᠠ ︽ᠵᠠ᠂ ᠰᠠᠶᠢᠨ ᠰᠠᠭᠤᠵᠤ ᠪᠠᠶᠢᠭᠠᠷᠡᠢ︕︾ ᠭᠡᠵᠤ ᠬᠠᠷᠢᠭᠤ ᠶᠣᠰᠣ ᠬᠦᠢᠴᠡᠳᠭᠡᠭᠡᠳ ᠠᠶᠢᠯ ᠤᠨ ᠣᠶᠠᠭᠠᠨ ᠳᠡᠭᠡᠷ᠎ᠡ ᠠᠴᠠ ᠣᠨᠤᠭ᠎ᠠ ᠣᠨᠣᠬᠤ ᠶᠣᠰᠣ ᠦᠭᠡᠢ ᠳᠣᠯᠠ ᠭᠡᠷ ᠠᠴᠠ ᠨᠡᠯᠢᠶᠡᠳ ᠬᠤᠯᠠᠳᠠᠰᠬᠢᠭᠠᠳ ᠣᠨᠣᠭᠠᠨ ᠳᠠᠭᠠᠨ ᠮᠣᠷᠳᠠᠵᠣ ᠶᠠᠪᠣᠳᠠᠭ ᠪᠢᠯᠡ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号