ᠰᠤᠷᠭᠠᠯ ᠴᠡᠭᠡᠷᠯᠡᠯ ᠤᠨ ᠦᠭᠡᠰ
ᠨᠡᠶᠢᠲᠡᠯᠡᠭᠰᠡᠨ ᠴᠠᠭ᠄
2019/11/20
1. ᠡᠷᠡᠭᠡᠢ ᠬᠤᠷᠤᠭᠤ ᠪᠠᠨ ᠪᠢᠳᠡᠭᠡᠢ ᠠᠮᠠᠨ ᠳᠠᠭᠠᠨ ᠬᠢ᠂ ᠡᠭᠡ ᠦᠬᠦᠨ᠎ᠠ᠃ 2. ᠨᠢᠰᠤ ᠪᠠᠨ ᠪᠢᠳᠡᠭᠡᠢ ᠢᠳᠡ᠂ ᠮᠠᠷᠳᠠᠮᠠᠬᠠᠢ ᠪᠤᠯᠤᠨ᠎ᠠ᠃ 3. ᠬᠦᠮᠤᠨ ᠤ ᠦᠭᠡᠳᠡ ᠪᠢᠳᠡᠭᠡᠢ ᠨᠢᠯᠪᠤ᠂ ᠠᠮᠠᠨ ᠭᠡᠰᠢᠭ ᠠᠷᠢᠯᠤᠨ᠎ᠠ᠃ 4. ᠢᠳᠡᠭᠡ ᠪᠢᠳᠡᠭᠡᠢ ᠭᠤᠯᠤ᠂ ᠠᠮᠠᠨ ᠭᠡᠰᠢᠭ ᠪᠠᠭᠤᠷᠠᠨ᠎ᠠ᠃ 5. ᠡᠪᠡᠰᠤ ᠪᠢᠳᠡᠭᠡᠢ ᠵᠠᠩᠬᠢᠳᠤ᠂ ᠦᠭᠡᠷ ᠤᠨ ᠭᠡᠳᠡᠰᠤ ᠵᠠᠩᠬᠢᠷᠠᠨ᠎ᠠ᠃ 6. ᠠᠬᠠᠮᠠᠳ ᠢ ᠪᠢᠳᠡᠭᠡᠢ ᠲᠦᠰᠢᠵᠤ ᠪᠤᠰ᠂ ᠪᠤᠶᠠᠨ ᠢᠶᠠᠨ ᠪᠠᠷᠠᠨ᠎ᠠ᠃ 7. ᠬᠦᠮᠤᠨ ᠢ ᠪᠢᠳᠡᠭᠡᠢ ᠬᠦᠯᠦ᠋ᠢᠵᠤ ᠬᠠᠷᠠ᠂ ᠬᠢᠯᠠᠷ ᠪᠤᠯᠤᠨ᠎ᠠ᠃ 8. ᠭᠠᠯ ᠪᠢᠳᠡᠭᠡᠢ ᠭᠠᠳᠠᠭᠰᠢ ᠭᠠᠷᠭ᠎ᠠ᠂ ᠭᠠᠷᠤᠵᠠ ᠭᠠᠷᠤᠨ᠎ᠠ᠃ 9. ᠪᠤᠷᠤᠭᠤ ᠡᠬᠦᠳᠡ ᠪᠠᠷ ᠪᠢᠳᠡᠭᠡᠢ ᠤᠷᠤ᠂ ᠴᠢᠳᠬᠦᠷ ᠲᠠᠭᠠᠨ᠎ᠠ᠃ 10. ᠲᠤᠯᠭ᠎ᠠ ᠲᠤᠭᠤᠭ᠎ᠠ ᠪᠢᠳᠡᠭᠡᠢ ᠴᠤᠬᠢ᠂ ᠭᠠᠯ ᠤᠨ ᠪᠤᠷᠬᠠᠨ ᠠᠭᠤᠷᠯᠠᠨ᠎ᠠ᠃ 11. ᠰᠢᠪᠠᠭᠤᠨ ᠤ ᠦᠳᠤ ᠪᠢᠳᠡᠭᠡᠢ ᠰᠢᠳᠠᠭ᠎ᠠ᠂ ᠬᠤᠵᠢᠬᠢᠷ ᠪᠤᠯᠤᠨ᠎ᠠ᠃ 12. ᠲᠠᠪᠬᠤᠷ ᠮᠠᠯᠠᠭᠠᠢ ᠪᠢᠳᠡᠭᠡᠢ ᠡᠮᠤᠰ᠂ ᠰᠢᠭᠤᠷᠭ᠎ᠠ ᠰᠢᠭᠤᠷᠤᠨ᠎ᠠ᠃ 13. ᠨᠤᠮ ᠰᠤᠳᠤᠷ ᠲᠡᠭᠡᠬᠦᠷ ᠪᠢᠳᠡᠭᠡᠢ ᠭᠠᠷᠤ᠂ ᠲᠦᠢᠷᠠᠩ ᠪᠤᠯᠤᠨ᠎ᠠ᠃ 14. ᠰᠢᠬᠢᠷ᠎ᠠ ᠶᠢᠨ ᠤᠯᠠ ᠪᠢᠳᠡᠭᠡᠢ ᠢᠳᠡ᠂ ᠭᠤᠳᠤᠯ ᠵᠠᠯᠵᠢᠬᠢ ᠪᠤᠯᠤᠨ᠎ᠠ᠃ 15. ᠵᠡᠮᠳᠡᠭ ᠬᠦᠮᠤᠨ ᠢ ᠪᠢᠳᠡᠭᠡᠢ ᠲᠠᠭᠤᠷᠢᠶᠠ᠂ ᠵᠡᠮᠳᠡᠭ ᠪᠤᠯᠤᠨ᠎ᠠ᠃ 16. ᠭᠠᠵᠠᠷ ᠭᠡᠪᠳᠡᠭᠡ ᠤᠷᠭ᠎ᠠ ᠶᠢᠨ ᠲᠡᠭᠡᠬᠦᠷ ᠪᠢᠳᠡᠭᠡᠢ ᠭᠠᠷᠤ᠂ ᠮᠠᠯ ᠤᠨ ᠪᠤᠶᠠᠨ ᠪᠠᠭᠤᠷᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号