ᠨᠡᠷ᠎ᠡ ᠥᠭᠬᠦ ᠶᠣᠰᠣ
ᠨᠡᠶᠢᠲᠡᠯᠡᠭᠰᠡᠨ ᠴᠠᠭ᠄
2019/11/20
ᠬᠡᠦᠬᠡᠳ ᠲᠤ ᠨᠡᠷ᠎ᠡ ᠥᠭᠬᠦ ᠶᠣᠰᠣ ᠨᠢ ᠲᠦᠷᠦᠭᠰᠡᠨ ᠡᠳᠦᠷ᠂ ᠭᠠᠷᠠᠭ ᠤᠨ ᠰᠠᠶᠢᠨ ᠢ ᠬᠠᠷᠠᠵᠤ᠂ ᠥᠯᠵᠡᠢ ᠤᠴᠠᠷᠠᠯ᠂ ᠡᠷᠡᠭᠦᠯ ᠡᠩᠬᠡ ᠶᠢ ᠪᠡᠯᠭᠡᠳᠡᠳᠡᠭ ᠪᠠᠶᠢᠨ᠎ᠠ᠃ ᠡᠴᠢᠭᠡ ᠨᠢ ᠡᠷᠡᠭᠲᠡᠢ ᠬᠡᠦᠬᠡᠳ ᠤᠨ ᠪᠠᠷᠠᠭᠤᠨ ᠴᠢᠬᠢᠨ ᠳᠤ᠂ ᠡᠮᠡᠭᠲᠡᠢ ᠬᠡᠦᠬᠡᠳ ᠤᠨ ᠵᠡᠭᠦᠨ ᠴᠢᠬᠢᠨ ᠳᠤ ᠨᠢ ᠭᠤᠷᠪᠠᠨ ᠤᠳᠠᠭ᠎ᠠ ᠰᠢᠪᠡᠨᠡᠵᠦ᠂ ᠨᠡᠷ᠎ᠡ ᠶᠢ ᠨᠢ ᠬᠠᠶᠢᠷᠠᠯᠠᠳᠠᠭ ᠪᠥᠭᠡᠳ ᠵᠠᠷᠢᠮ ᠲᠣᠬᠢᠶᠠᠯᠳᠤᠯ ᠳᠤ ᠡᠪᠦᠭᠡ ᠨᠢ ᠡᠨᠡ ᠵᠠᠩ ᠦᠢᠯᠡ ᠶᠢ ᠦᠢᠯᠡᠳᠦᠭᠰᠡᠨ ᠪᠠᠶᠢᠳᠠᠭ᠃ ᠨᠡᠷ᠎ᠡ ᠶᠢ ᠲᠦᠷᠦᠭᠰᠡᠨ ᠵᠢᠯ᠂ ᠰᠠᠷ᠎ᠠ᠂ ᠡᠳᠦᠷ᠂ ᠭᠠᠷᠠᠭ᠂ ᠣᠳᠣ ᠪᠠᠷ ᠬᠠᠷᠠᠭᠠᠯᠵᠠᠨ ᠥᠭᠬᠦ ᠨᠢ ᠢᠵᠠᠭᠤᠷ ᠡᠷᠲᠡᠨ ᠤ ᠤᠯᠠᠮᠵᠢᠯᠠᠯ ᠪᠠᠶᠢᠭᠰᠠᠨ ᠲᠡᠳᠦᠢ ᠦᠭᠡᠢ ᠭᠦᠨ ᠤᠳᠬ᠎ᠠ ᠠᠭᠤᠯᠭ᠎ᠠ ᠲᠠᠢ ᠪᠠᠶᠢᠵᠠᠢ᠃ ᠡᠭᠦᠨ ᠤ ᠤᠴᠢᠷ ᠨᠢ᠄ ᠨᠢᠭᠡ ᠳᠤ᠄ ᠬᠦᠮᠦᠨ ᠤ ᠨᠡᠷ᠎ᠡ ᠶᠢ ᠰᠣᠨᠣᠰᠤᠭᠠᠳ ᠲᠦᠷᠦᠭᠰᠡᠨ ᠵᠢᠯ᠂ ᠰᠠᠷ᠎ᠠ᠂ ᠡᠳᠦᠷ᠂ ᠣᠳᠣ ᠵᠡᠷᠭᠡ ᠶᠢ ᠮᠡᠳᠡᠵᠦ ᠪᠣᠯᠤᠨ᠎ᠠ᠃ ᠬᠤᠶᠠᠷ ᠲᠤ᠄ ᠡᠪᠡᠳᠴᠢᠨ ᠡᠮᠭᠡᠭ ᠲᠤᠰᠬᠤ ᠦᠶ᠎ᠡ ᠳᠤ ᠠᠨᠠᠭᠠᠬᠤ ᠠᠷᠭ᠎ᠠ ᠶᠢ ᠲᠣᠳᠣᠷᠬᠠᠶᠢᠯᠠᠬᠤ ᠨᠢᠭᠤᠴᠠ ᠤᠪᠠᠳᠢᠰ ᠪᠣᠯᠭᠠᠨ ᠠᠰᠢᠭᠯᠠᠳᠠᠭ ᠪᠠᠶᠢᠭᠰᠠᠨ ᠪᠠᠶᠢᠨ᠎ᠠ᠃ ᠮᠥᠨ ᠠᠶᠢᠯ ᠤᠨ ᠬᠡᠳᠦ ᠳᠠᠬᠢ ᠬᠡᠦᠬᠡᠳ᠂ ᠬᠡᠦᠬᠡᠳ ᠤᠨ ᠲᠣᠭᠲᠠᠴᠠ ᠵᠡᠷᠭᠡ ᠪᠡᠯᠭᠡᠳᠡᠯ ᠤᠨ ᠬᠤᠪᠢ ᠶᠢ ᠬᠠᠷᠠᠭᠠᠯᠵᠠᠵᠤ ᠨᠡᠷ᠎ᠡ ᠥᠭᠳᠡᠭ ᠪᠠᠶᠢᠵᠠᠢ᠃ ᠲᠡᠶᠢᠮᠦ ᠠᠴᠠ ᠬᠡᠦᠬᠡᠳ ᠲᠤ ᠪᠠᠨ ᠨᠡᠷ᠎ᠡ ᠥᠭᠬᠦ ᠳᠤ ᠪᠠᠨ ᠭᠤᠶᠣ ᠰᠠᠶᠢᠬᠠᠨ᠂ ᠦᠵᠡᠰᠬᠦᠯᠡᠩ ᠲᠡᠭᠦᠰ᠂ ᠢᠳᠡ ᠬᠦᠴᠦᠨ᠂ ᠢᠷᠠᠭᠤ ᠳᠤᠭᠤᠯᠳᠠᠬᠤ ᠵᠡᠷᠭᠡ ᠶᠢ ᠪᠡᠯᠭᠡᠳᠡᠬᠦ ᠠᠴᠠ ᠭᠠᠳᠠᠨ᠎ᠠ ᠳᠡᠭᠡᠷᠡᠬᠢ ᠤᠯᠠᠮᠵᠢᠯᠠᠯᠲᠤ ᠶᠣᠰᠣ ᠪᠠᠨ ᠳᠠᠭᠠᠪᠠᠯ ᠵᠣᠬᠢᠰᠲᠠᠢ ᠮᠡᠲᠦ ᠰᠠᠨᠠᠭᠳᠠᠨ᠎ᠠ᠃ ᠬᠡᠦᠬᠡᠳ ᠢ ᠬᠠᠮᠠᠭᠠᠯᠠᠬᠤ ᠵᠠᠩ ᠦᠢᠯᠡ ᠨᠦᠭᠦᠳ ᠨᠢᠯᠬ᠎ᠠ ᠬᠡᠦᠬᠡᠳ ᠤᠨ ᠳᠡᠭᠡᠷ᠎ᠡ ᠤᠯᠠᠭᠠᠨ ᠪᠤᠲᠠ ︵ᠬᠠᠷᠭᠠᠨ᠎ᠠ︶᠂ ᠦᠨᠡᠭᠡ ᠬᠠᠶᠢᠴᠢᠯᠠᠨ ᠤᠶᠠᠬᠤ ᠠᠴᠠ ᠭᠠᠳᠠᠨ᠎ᠠ ᠵᠣᠭᠤᠰ᠂ ᠴᠣᠬᠤᠷ ᠬᠤᠩᠬᠤ᠂ ᠲᠡᠭᠡᠭ ᠵᠡᠷᠭᠡ ᠶᠢ ᠤᠶᠠᠵᠤ ᠳᠡᠭᠦᠵᠢᠯᠡᠳᠡᠭ᠃ ᠲᠡᠭᠡᠭ ᠨᠢ ᠬᠡᠦᠬᠡᠳ ᠢ ᠡᠰᠡᠨ ᠮᠡᠨᠳᠦ ᠪᠠᠶᠢᠯᠭᠠᠬᠤ ᠪᠡᠯᠭᠡᠳᠡᠯ ᠤᠨ ᠤᠳᠬ᠎ᠠ ᠲᠠᠢ᠃ ᠡᠭᠦᠨ ᠢ ᠥᠩᠭᠡ ᠥᠩᠭᠡ ᠶᠢᠨ ᠳᠠᠪᠤᠤ ᠶᠢᠨ ᠥᠭᠡᠳᠡᠰᠦ ᠠᠰᠢᠭᠯᠠᠵᠤ ᠭᠤᠶᠣᠮᠰᠤᠭ ᠢᠶᠠᠷ ᠬᠢᠵᠦ ᠥᠨᠴᠥᠭ ᠪᠤᠯᠤᠩ ᠳᠤ ᠨᠢ ᠰᠠᠴᠤᠭ ᠭᠠᠷᠭᠠᠨ ᠤᠷᠠᠯᠠᠳᠠᠭ ᠪᠠ ᠲᠡᠳᠡᠭᠡᠷ ᠨᠢ ᠳᠥᠷᠪᠡᠯᠵᠢᠨ᠂ ᠭᠤᠷᠪᠠᠯᠵᠢᠨ᠂ ᠳᠤᠭᠤᠢ᠂ ᠰᠠᠷᠨ ᠭᠡᠬᠦ ᠮᠡᠲᠦ ᠳᠦᠷᠰᠦ ᠶᠢᠨ ᠬᠤᠪᠢ ᠳᠤ ᠥᠭᠡᠷ᠎ᠡ ᠥᠭᠡᠷ᠎ᠡ ᠢᠯᠭᠠᠭ᠎ᠠ ᠲᠠᠢ ᠪᠠᠶᠢᠵᠤ ᠪᠣᠯᠳᠠᠭ᠃ ᠲᠡᠭᠡᠭ ᠢ ᠲᠣᠭᠯᠠᠭᠠᠮ᠂ ᠦᠯᠤᠭᠡᠢ ᠶᠢᠨ ᠮᠣᠳᠣ᠂ ᠬᠡᠦᠬᠡᠳ ᠤᠨ ᠪᠥᠰᠡ᠂ ᠤᠬᠤᠯᠠᠳᠠᠰᠤ ᠶᠢᠨ ᠬᠠᠮᠲᠤ ᠪᠠᠷᠢᠭᠤᠪᠴᠢ ᠶᠢᠨ ᠠᠷᠤ ᠳᠤ ᠵᠡᠭᠦᠳᠡᠭ ᠶᠣᠰᠣᠲᠠᠢ᠃ ᠢᠪᠠᠤ᠂ ᠳᠤᠩ ᠢ ᠬᠡᠦᠬᠡᠳ ᠤᠨ ᠳᠡᠪᠡᠯ ᠤᠨ ᠬᠤᠶᠠᠷ ᠮᠦᠷᠦ ᠳᠤ᠂ ᠳᠡᠪᠡᠯ ᠤᠨ ᠠᠷᠤ ᠳᠤ᠂ ᠡᠩᠭᠡᠷ ᠲᠤ ᠴᠤ ᠬᠠᠳᠠᠨ᠎ᠠ᠃ ᠢᠪᠠᠤ᠂ ᠳᠤᠩ ᠤᠨ ᠶᠠᠰᠤ ᠪᠥᠭᠡᠷᠡᠩᠬᠡᠢ ᠪᠠᠶᠢᠳᠠᠭ ᠤᠴᠢᠷ ᠵᠡᠭᠦᠭᠰᠡᠨ ᠬᠦᠮᠦᠨ ᠤ ᠶᠠᠰᠤ ᠪᠡᠷᠲᠡᠬᠦ ᠦᠭᠡᠢ ᠭᠡᠳᠡᠭ᠃ ᠬᠠᠷᠢᠨ ᠬᠤᠩᠬᠤ ᠶᠢ ᠭᠤᠲᠤᠯ ᠳᠡᠭᠡᠷ᠎ᠡ ᠵᠡᠭᠦᠳᠡᠭ ᠪᠣᠯ ᠶᠢᠰᠦᠨ ᠵᠣᠭᠤᠰ ᠢ ᠳᠡᠪᠡᠯ ᠤᠨ ᠤᠬᠤᠯᠠᠳᠠᠰᠤ ᠶᠢᠨ ᠬᠠᠮᠲᠤ ᠠᠷᠤ ᠳᠤ ᠨᠢ ᠬᠠᠳᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号