ᠴᠠᠢ ᠶᠢᠨ ᠨᠡᠷᠡᠶᠢᠳᠦᠯ
ᠨᠡᠶᠢᠲᠡᠯᠡᠭᠰᠡᠨ ᠴᠠᠭ᠄
2019/11/20
ᠨᠢᠭᠡ ᠪᠦᠬᠦᠯᠢ ᠪᠠᠭᠯᠠᠭ᠎ᠠ ᠴᠠᠢ ᠳᠤ 36 ᠪᠦᠬᠦᠯᠢ ᠴᠠᠢ ᠪᠠᠶᠢᠳᠠᠭ᠃ ᠨᠢᠭᠡ ᠪᠦᠬᠦᠯᠢ ᠴᠠᠢ ᠶᠢ ᠪᠦᠬᠦᠯᠢ ᠴᠠᠢ ᠪᠤᠶᠤ ᠬᠡᠪ ᠤᠨ ᠴᠠᠢ ᠭᠡᠮᠡᠨ ᠨᠡᠷᠡᠶᠢᠳᠤᠨ᠎ᠡ᠃ ᠨᠢᠭᠡ ᠪᠦᠬᠦᠯᠢ ᠴᠠᠢ ᠶᠢ ᠬᠦᠨᠳᠡᠯᠡᠨ ᠢᠶᠠᠷ ᠭᠤᠤᠯ ᠲᠤᠮᠳᠠᠭᠤᠷ ᠨᠢ ᠠᠩᠭᠢᠯᠠᠨ ᠰᠠᠯᠭᠠᠭᠰᠠᠨ ᠴᠠᠢ ᠶᠢ ᠲᠠᠯ᠎ᠠ ᠴᠠᠢ ᠭᠡᠵᠤ ᠨᠡᠷᠡᠶᠢᠳᠤᠨ᠎ᠡ᠃ ᠨᠢᠭᠡ ᠪᠦᠬᠦᠯᠢ ᠴᠠᠢ ᠶᠢ ᠭᠤᠤᠯ ᠳᠤᠮᠳᠠᠭᠤᠷ ᠨᠢ ᠲᠤᠨᠤᠯᠵᠢᠯᠠᠨ ᠳᠦᠷᠪᠡ ᠠᠩᠭᠢᠯᠠᠭᠰᠠᠨ ᠢ ᠰᠠᠯᠠᠭ᠎ᠠ ᠴᠠᠢ ᠭᠡᠵᠤ ᠨᠡᠷᠡᠶᠢᠳᠤᠨ᠎ᠡ᠃ ᠰᠠᠯᠠᠭ᠎ᠠ ᠴᠠᠢ ᠪᠠᠨ ᠬᠦᠨᠳᠡᠯᠡᠨ ᠢᠶᠠᠷ ᠭᠤᠤᠯ ᠳᠤᠮᠳᠠᠭᠤᠷ ᠨᠢ ᠠᠩᠭᠢᠯᠠᠭᠰᠠᠨ ᠢ ᠭᠤᠤ ᠴᠠᠢ ᠭᠡᠨ᠎ᠡ᠃ ᠭᠤᠤ ᠴᠠᠢ ᠪᠠᠨ ᠬᠦᠨᠳᠡᠯᠡᠨ ᠢᠶᠠᠷ ᠭᠤᠤᠯ ᠳᠤᠮᠳᠠᠭᠤᠷ ᠨᠢ ᠨᠢᠭᠡ ᠠᠩᠭᠢᠯᠠᠭᠰᠠᠨ ᠢ ᠪᠠᠷᠢᠭᠤᠯ ᠴᠠᠢ ᠭᠡᠨ᠎ᠡ᠃ ᠪᠠᠷᠢᠭᠤᠯ ᠴᠠᠢ ᠪᠠᠨ ᠭᠤᠤᠯ ᠳᠤᠮᠳᠠᠭᠤᠷ ᠨᠢ ᠬᠦᠨᠳᠡᠯᠡᠨ ᠢᠶᠠᠷ ᠨᠢᠭᠡ ᠠᠩᠭᠢᠯᠠᠭᠰᠠᠨ ᠢ ᠱᠠᠭ᠎ᠠ ᠴᠠᠢ ︵ᠲᠤᠶᠢᠭ ᠴᠠᠢ ᠭᠡᠵᠤ ᠪᠠᠰᠠ ᠬᠡᠯᠡᠳᠡᠭ︶ ᠭᠡᠵᠤ ᠨᠡᠷᠡᠯᠡᠳᠡᠭ᠃ ᠶᠡᠷᠤᠩᠬᠡᠶᠢᠯᠡᠪᠡᠯ ᠨᠢᠭᠡ ᠪᠦᠬᠦᠯᠢ ᠴᠠᠢ ᠶᠢ 64 ᠬᠡᠰᠡᠭ ᠪᠤᠯᠲᠠᠯ᠎ᠠ ᠨᠢ ᠨᠠᠷᠢᠨ ᠨᠡᠷᠡᠶᠢᠳᠴᠤ ᠲᠤᠰᠬᠠᠢ ᠨᠡᠷ᠎ᠡ ᠲᠠᠢ ᠪᠤᠯᠭᠠᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号