ᠬᠤᠷᠢᠮ ᠤᠨ ᠪᠥᠭᠡᠵᠢ ᠶᠢ ᠬᠠᠭᠠᠨ ᠪᠠᠭᠤᠪᠴᠢ ᠬᠠᠳᠤᠨ ᠰᠦᠢᠬᠡ ᠭᠡᠵᠦ ᠨᠡᠷᠡᠯᠡᠭᠰᠡᠨ ᠤ ᠤᠴᠢᠷ
ᠨᠡᠶᠢᠲᠡᠯᠡᠭᠰᠡᠨ ᠴᠠᠭ᠄
2019/11/20
ᠮᠣᠩᠭᠤᠯ ᠬᠤᠷᠢᠮ ᠤᠨ ᠪᠥᠭᠡᠵᠢ ᠨᠢ ᠪᠤᠰᠤᠳ ᠣᠷᠣᠨ ᠨᠤᠭᠤᠳ ᠤᠨ ᠬᠤᠷᠢᠮ ᠤᠨ ᠪᠥᠭᠡᠵᠢᠨ ᠠᠴᠠ ᠥᠭᠡᠷ᠎ᠡ ᠬᠡᠯᠪᠡᠷᠢ ᠳᠦᠷᠰᠦ ᠪᠣᠯᠤᠨ ᠤᠳᠬ᠎ᠠ ᠠᠭᠤᠯᠭ᠎ᠠ ᠲᠠᠢ ᠶᠤᠮ᠃ ᠬᠤᠷᠢᠮ ᠤᠨ ᠪᠥᠭᠡᠵᠢ ᠨᠢ ᠬᠠᠲᠤᠨ ᠰᠦᠢᠬᠡ᠂ ᠬᠠᠭᠠᠨ ᠪᠠᠭᠤᠪᠴᠢ ᠭᠡᠳᠡᠭ ᠮᠣᠩᠭᠤᠯ ᠬᠡᠭᠡᠨ ᠤ ᠳᠦᠷᠰᠦ ᠠᠴᠠ ᠡᠭᠦᠳᠤᠨ ᠬᠢᠭᠰᠡᠨ᠃ ᠡᠷᠡᠭᠲᠡᠢ ᠬᠦᠮᠦᠨ ᠤ ᠪᠥᠭᠡᠵᠢ ᠶᠢ ᠬᠠᠭᠠᠨ ᠪᠠᠭᠤᠪᠴᠢ᠂ ᠡᠮᠡᠭᠲᠡᠢ ᠬᠦᠮᠦᠨ ᠤ ᠪᠥᠭᠡᠵᠢ ᠶᠢ ᠬᠠᠲᠤᠨ ᠰᠦᠢᠬᠡ ᠭᠡᠵᠦ ᠨᠡᠷᠡᠯᠡᠨ᠎ᠡ᠃ ᠬᠡ ᠤᠭᠠᠯᠵᠠ ᠨᠢ ᠡᠭᠦᠷᠢᠳᠡ ᠶᠢᠨ ᠪᠠᠲᠤ ᠪᠠᠬᠢ ᠬᠤᠯᠪᠣᠭ᠎ᠠ ᠶᠢ ᠪᠡᠯᠭᠡᠳᠡᠭᠰᠡᠨ ᠲᠡᠮᠳᠡᠭ ᠶᠤᠮ᠃ ᠬᠤᠶᠠᠷ ᠳᠦᠷᠰᠦᠲᠦ ᠬᠡ ᠬᠤᠭᠤᠷᠣᠨᠳᠣ ᠪᠠᠨ ᠬᠤᠯᠪᠣᠭᠳᠠᠭᠰᠠᠨ ᠨᠢ ᠬᠤᠣᠰ ᠵᠠᠯᠠᠭᠤᠴᠤᠳ ᠲᠤ ᠡᠭᠦᠷᠢᠳᠡ ᠬᠠᠮᠲᠤ ᠪᠠᠲᠤ ᠪᠠᠬᠢ ᠠᠵᠠ ᠵᠢᠷᠭᠠᠯ ᠲᠠᠢ ᠠᠮᠢᠳᠤᠷᠠᠬᠤ ᠶᠢᠨ ᠢᠷᠤᠭᠡᠯ ᠲᠠᠯᠪᠢᠬᠰᠠᠨ ᠪᠢᠯᠠ᠃ ᠬᠠᠭᠠᠨ ᠪᠠᠭᠤᠪᠴᠢ ᠨᠢ ᠬᠤᠶᠠᠷ ᠵᠥᠷᠢᠵᠦ ᠪᠠᠷᠢᠯᠳᠤᠭᠰᠠᠨ ᠳᠤᠭᠤᠢ ᠬᠡᠯᠪᠡᠷᠢ ᠲᠠᠢ᠃ ᠶᠠᠭᠠᠬᠢᠭᠠᠳ ᠬᠠᠭᠠᠨ ᠪᠠᠭᠤᠪᠴᠢ ᠨᠢ ᠳᠤᠭᠤᠢ ᠬᠡᠯᠪᠡᠷᠢ ᠲᠠᠢ ᠪᠤᠢ︖ ᠤᠴᠢᠷ ᠨᠢ ᠮᠣᠩᠭᠤᠯ ᠭᠡᠷ ᠤᠨ ᠲᠣᠭᠤᠨᠣ ᠶᠢᠨ ᠬᠡᠯᠪᠡᠷᠢ᠂ ᠬᠤᠶᠠᠷ ᠠᠶᠢᠯ ᠤᠨ ᠲᠣᠭᠤᠨᠣᠲᠤ ᠭᠡᠷ ᠠᠴᠠ ᠭᠠᠯ ᠭᠤᠯᠣᠮᠲᠠ ᠶᠢ ᠪᠠᠳᠠᠷᠠᠭᠠᠬᠤ ᠬᠦᠮᠦᠨ ᠨᠢ ᠨᠥᠬᠦᠷ ᠬᠦᠮᠦᠨ᠃ ᠬᠠᠲᠤᠨ ᠰᠦᠢᠬᠡ ᠨᠢ ᠲᠠᠰᠢᠭᠤ ᠬᠤᠶᠠᠷ ᠳᠥᠷᠪᠡᠯᠵᠢᠨ ᠵᠥᠷᠢᠵᠦ ᠪᠠᠷᠢᠯᠳᠤᠭᠰᠠᠨ ᠪᠠᠶᠢᠳᠠᠭ᠃ ᠶᠠᠭᠠᠬᠢᠭᠠᠳ ᠬᠠᠲᠤᠨ ᠰᠦᠢᠬᠡ ᠲᠠᠰᠢᠭᠤ ᠳᠥᠷᠪᠡᠯᠵᠢᠨ ᠬᠡᠯᠪᠡᠷᠢ ᠲᠠᠢ ᠪᠤᠢ︖ ᠲᠣᠭᠤᠨᠣᠲᠤ ᠭᠡᠷ ᠤᠨ ᠪᠠᠭᠠᠨ᠎ᠠ ᠲᠤᠯᠭᠠᠭᠤᠷᠢ ᠶᠢᠨ ᠬᠡᠯᠪᠡᠷᠢ᠂ ᠬᠤᠣᠰ ᠪᠠᠭᠠᠨ᠎ᠠ ᠰᠢᠬ ᠬᠤᠶᠠᠭᠤᠯᠠ ᠪᠠᠨ ᠬᠠᠮᠲᠤ ᠳᠤ ᠪᠠᠨ ᠶᠠᠪᠤᠶ᠎ᠠ ᠭᠡᠵᠦ ᠴᠤ ᠮᠣᠩᠭᠤᠯ ᠠᠷᠠᠳ ᠤᠨ ᠳᠠᠭᠤᠤ ᠳᠤ ᠭᠠᠷᠳᠠᠭ᠂ ᠲᠡᠭᠦᠨ ᠰᠢᠭ ᠲᠦᠰᠢᠭ ᠲᠤᠯᠭᠠᠭᠤᠷᠢ ᠨᠢ ᠡᠬᠡᠨᠡᠷ ᠬᠦᠮᠦᠨ ᠶᠤᠮ᠃ ᠪᠥᠭᠡᠵᠢ ᠶᠢᠨ ᠳᠣᠲᠣᠷᠠᠬᠢ ᠬᠤᠶᠠᠷ ᠨᠢᠳᠦ ᠴᠢ᠂ ᠪᠢ᠂ ᠭᠠᠳᠠᠨ᠎ᠠ ᠲᠠᠯ᠎ᠠ ᠶᠢᠨ ᠭᠤᠷᠪᠠᠨ ᠨᠢᠳᠦ ᠠᠪᠤ᠂ ᠡᠵᠢ᠂ ᠠᠬ᠎ᠠ᠂ ᠳᠡᠭᠦᠦ᠂ ᠬᠠᠮᠢᠶᠠᠲᠠᠨ ᠰᠠᠳᠤᠨ ᠲᠠᠢ ᠪᠠᠨ ᠦᠷᠭᠦᠯᠵᠢ ᠬᠤᠯᠪᠣᠭ᠎ᠠ ᠲᠠᠢ ᠠᠴᠠ ᠭᠠᠳᠠᠨ᠎ᠠ ᠪᠠᠰᠠ ᠳᠥᠷᠪᠡᠨ ᠵᠦᠭ ᠨᠠᠶ᠋ᠮᠠᠨ ᠵᠣᠪᠬᠢᠰ ᠲᠠᠢ ᠵᠢᠷᠭᠠᠯ ᠵᠣᠪᠠᠯᠠᠩ ᠢ ᠬᠠᠮᠲᠤ ᠳᠤ ᠪᠠᠨ ᠲᠤᠭᠤᠯᠤᠨ᠎ᠠ ᠭᠡᠰᠡᠨ ᠪᠢᠯᠢᠭ ᠲᠡᠮᠳᠡᠭ ᠶᠤᠮ᠃ ᠶᠠᠭᠠᠬᠢᠭᠠᠳ ᠬᠠᠭᠠᠨ ᠪᠠᠭᠤᠪᠴᠢ ᠭᠡᠵᠦ ᠨᠡᠷᠡᠯᠡᠪᠡ︖ ᠭᠡᠷᠭᠡᠢ ᠶᠢᠨ ᠢᠶᠠᠨ ᠴᠢᠮᠡᠭ ᠨᠢ ᠪᠣᠯᠵᠤ ᠶᠠᠪᠤᠬᠤ ᠤᠴᠢᠷ ᠬᠠᠭᠠᠨ ᠪᠠᠭᠤᠪᠴᠢ ᠭᠡᠵᠦ ᠨᠡᠷᠡᠯᠡᠵᠡᠢ᠃ ᠶᠠᠭᠠᠬᠢᠭᠠᠳ ᠬᠠᠲᠤᠨ ᠰᠦᠢᠬᠡ ᠭᠡᠵᠦ ᠨᠡᠷᠡᠯᠡᠪᠡ︖ ᠡᠷ᠎ᠡ ᠬᠦᠮᠦᠨ ᠤ ᠪᠠᠨ ᠴᠣᠮᠦᠷᠯᠢᠭ ᠪᠣᠯᠵᠤ ᠶᠠᠪᠤᠬᠤ ᠤᠴᠢᠷ ᠬᠠᠲᠤᠨ ᠰᠦᠢᠬᠡ ᠭᠡᠵᠦ ᠨᠡᠷᠡᠯᠡᠵᠡᠢ᠃ ᠬᠤᠷᠢᠮ ᠤᠨ ᠪᠥᠭᠡᠵᠢ ᠶᠢ ᠡᠷᠡᠭᠲᠡᠢ ᠬᠦᠮᠦᠨ ᠪᠠᠷᠠᠭᠤᠨ ᠭᠠᠷ ᠲᠤ ᠪᠠᠨ ︵ᠴᠢᠨᠤ ᠡᠷᠬᠢᠮ ᠭᠦᠨᠳᠤᠯᠠᠯ ᠳᠤ ᠭᠡᠰᠡᠨ ᠤᠳᠬ᠎ᠠ ᠲᠠᠢ︶ ᠡᠮᠡᠭᠲᠡᠢ ᠬᠦᠮᠦᠨ ᠵᠡᠭᠦᠨ ᠭᠠᠷ ᠲᠤ ᠪᠠᠨ ︵ᠴᠢᠨᠤ ᠵᠢᠷᠤᠭᠡᠨ ᠳᠤ ᠭᠡᠰᠡᠨ ᠤᠳᠬ᠎ᠠ ᠲᠠᠢ︶ ᠵᠡᠭᠦᠳᠡᠭ᠃ ᠮᠣᠩᠭᠤᠯ ᠬᠤᠷᠢᠮ ᠤᠨ ᠪᠥᠭᠡᠵᠢ ᠨᠢ ᠨᠢᠭᠡᠨ ᠢᠵᠢᠯ᠂ ᠡᠷᠤᠭᠡ ᠭᠡᠷ᠂ ᠪᠠᠲᠤ ᠪᠠᠬᠢ᠂ ᠲᠦᠰᠢᠭ ᠲᠤᠯᠭᠠᠭᠤᠷᠢ᠂ ᠠᠮᠢᠳᠤᠷᠠᠯ ᠤᠨ ᠬᠠᠲᠠᠭᠤ ᠵᠥᠭᠡᠯᠡᠨ ᠢ ᠬᠠᠮᠲᠤ ᠳᠤ ᠪᠠᠨ ᠳᠠᠪᠠᠨ ᠲᠤᠭᠤᠯᠵᠤ᠂ ᠠᠪᠤ ᠡᠵᠢ᠂ ᠠᠬ᠎ᠠ ᠳᠡᠭᠦᠦ᠂ ᠰᠠᠳᠤᠨ ᠲᠦᠷᠦᠯ ᠳᠤ ᠪᠠᠨ ᠠᠵᠠ ᠵᠢᠷᠭᠠᠯ᠂ ᠰᠠᠶᠢᠨ ᠰᠠᠶᠢᠬᠠᠨ ᠪᠦᠬᠦᠨ ᠢ ᠪᠡᠯᠭᠡᠰᠢᠶᠡᠭᠰᠡᠨ ᠢᠶᠠᠷ ᠢᠶᠠᠨ ᠣᠨᠴᠠᠯᠢᠭ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号